ᠮᠢᠨᠤ ᠬᠠᠶᠢᠷᠠᠳᠠᠢ ᠠᠩᠬᠢ ᠶᠢᠨ ᠡᠷᠬᠢᠯᠡᠭᠴᠢ ᠪᠠᠭᠰᠢ
ᠨᠡᠶᠢᠲᠡᠯᠡᠭᠰᠡᠨ ᠴᠠᠭ᠄
2019/12/6
                                    —— ᠰᠢᠶᠤᠤ ᠹᠠᠩ         ᠬᠦᠮᠤᠨ ᠤ ᠤᠷᠴᠢᠯᠡᠩ ᠳᠤ ᠬᠦᠮᠤᠨ ᠪᠤᠯᠵᠦ ᠲᠦᠷᠦᠭᠡᠳ᠂ ᠬᠦᠷᠦᠰᠤᠳᠤ ᠲᠡᠯᠡᠬᠡᠢ ᠳᠤ ᠬᠦᠮᠤᠨ ᠭᠡᠵᠦ ᠶᠠᠪᠤᠬᠤ ᠳᠤ ᠪᠠᠨ ᠬᠠᠶᠢᠷ᠎ᠠ ᠰᠡᠳᠬᠢᠯᠭᠡ ᠦᠭᠡᠢ ᠪᠠᠶᠢᠵᠦ ᠪᠤᠯᠬᠤ ᠦᠭᠡᠢ᠃ ᠬᠠᠶᠢᠷ᠎ᠠ ᠪᠤᠯ ᠬᠦᠮᠤᠨ ᠤ ᠤᠷᠴᠢᠯᠡᠩ ᠤᠨ ᠮᠦᠩᠭᠡ ᠶᠢᠨ ᠵᠦᠢ᠃ ᠬᠠᠶᠢᠷ᠎ᠠ ᠪᠤᠯ ᠲᠦᠷᠡᠯᠵᠡᠬᠦ ᠭᠠᠯ ᠤᠨ ᠤᠯᠠᠭᠠᠨ ᠤᠴᠢ ᠶᠤᠮ ᠡ︕          ᠪᠠᠭᠰᠢ ᠬᠦᠮᠤᠨ ᠤ ᠬᠠᠶᠢᠷ᠎ᠠ ᠪᠤᠯ ᠳᠦᠢᠯ ᠤᠨ ᠠᠭᠤᠤ ᠶᠡᠭᠡ ᠪᠢᠯᠠ᠃ ᠨᠡᠮ᠎ᠡ ᠶᠢ ᠠᠩᠬ᠎ᠠ ᠦᠨᠳᠤᠷ ᠵᠡᠷᠭᠡ ᠶᠢᠨ ᠳᠤᠮᠳᠡᠳᠤ ᠰᠤᠷᠭᠠᠭᠤᠯᠢ ᠳᠤ ᠰᠢᠯᠭᠠᠭᠤᠯᠤᠨ ᠢᠷᠡᠬᠦ ᠳᠤ ᠮᠢᠨᠦ ᠠᠩᠬᠢ ᠶᠢᠨ ᠡᠷᠬᠢᠯᠡᠭᠴᠢ ᠪᠠᠭᠰᠢ ᠨᠡᠳᠡ ᠳᠤ ᠳᠦᠢᠯ ᠤᠨ ᠶᠡᠭᠡ ᠬᠠᠶᠢᠷ᠎ᠠ ᠬᠠᠯᠠᠮᠵᠢ ᠬᠦᠷᠳᠡᠭᠡᠭᠰᠡᠨ ᠶᠤᠮ᠃ ᠪᠢ ᠦᠨᠤ ᠠᠩᠬᠢ ᠳᠤ ᠤᠷᠤᠵᠤ ᠢᠷᠡᠭᠰᠡᠨ ᠠᠴᠠ ᠨᠠᠰᠢ ᠤᠯᠠᠨ ᠠᠷᠪᠢᠨ ᠬᠡᠷᠡᠭ ᠭᠠᠷᠭᠠᠭᠠᠳ ᠪᠠᠭᠰᠢ ᠶᠢᠨ ᠢᠶᠠᠨ ᠠᠭᠤᠷ ᠢ ᠬᠦᠷᠭᠡᠭᠰᠡᠨ ᠤᠳᠠᠭ᠎ᠠ ᠪᠤᠢ᠃ ᠭᠡᠳᠡᠯ᠎ᠡ ᠪᠠᠭᠰᠢ ᠨᠠᠮ᠎ᠡ ᠶᠢ ᠨᠢᠭᠡ ᠤᠳᠠᠭ᠎ᠠ ᠴᠦ ᠬᠠᠷ᠎ᠠ ᠬᠤᠤᠷᠳᠠᠢ ᠬᠢᠯᠢᠩᠨᠠᠨ ᠵᠠᠩᠨᠠᠭᠰᠡᠨ ᠦᠭᠡᠢ᠂ ᠬᠠᠷᠢᠨ ᠤᠳᠠᠭ᠎ᠠ ᠲᠠᠷᠠᠭᠠᠯᠠᠨ ᠨᠠᠮ᠎ᠡ ᠳᠤ ᠦᠵᠡᠯ ᠰᠠᠨᠠᠭᠠᠨ ᠤ ᠬᠦᠮᠤᠵᠢᠯ ᠬᠢᠵᠦ ᠦᠪᠡᠷ ᠤᠨ ᠦᠬᠢᠨ ᠢᠶᠠᠨ ᠠᠳᠡᠯᠢ ᠰᠠᠨᠠᠵᠦ ᠪᠤᠳᠤᠭᠰᠡᠨ ᠶᠤᠮ᠃ ᠬᠠᠮᠤᠭ ᠤᠨ ᠮᠠᠷᠳᠠᠭᠳᠡᠰᠢ ᠦᠭᠡᠢ ᠨᠢᠭᠡᠨ ᠶᠠᠪᠤᠳᠡᠯ ᠭᠡᠪᠡᠯ᠂ ᠪᠢ ᠪᠠᠭᠰᠢ ᠪᠠᠨ ᠪᠤᠷᠤᠭᠤ ᠤᠶᠢᠯᠠᠭᠠᠭᠠᠳ ᠪᠠᠭᠰᠢ ᠨᠠᠮ᠎ᠡ ᠶᠢ ᠢᠯᠡᠬᠦᠦ ᠦᠵᠡᠵᠦ ᠪᠠᠶᠢᠨ᠎ᠡ ᠭᠡᠳ ᠪᠤᠳᠤᠭᠠᠳ ᠪᠠᠭᠰᠢ ᠲᠠᠢ ᠡᠰᠡᠷᠬᠦᠴᠡᠵᠦ ᠪᠠᠭᠰᠢ ᠶᠢᠨ ᠠᠭᠤᠷ ᠢ ᠳᠦᠢᠯ ᠢᠶᠠᠷ ᠬᠦᠷᠭᠡᠭᠰᠡᠨ ᠤᠴᠢᠷ ᠶᠤᠮ᠃ ᠪᠠᠭᠰᠢ ᠨᠡᠮ᠎ᠡ ᠶᠢ ᠦᠪᠡᠷ ᠤᠨ ᠠᠵᠢᠯᠯᠠᠬᠤ ᠭᠡᠷ ᠲᠤ ᠪᠠᠨ ᠲᠠᠭᠤᠳᠡᠨ ᠠᠪᠠᠴᠢᠵᠦ᠂ ᠠᠭᠤᠳᠡᠮᠴᠢ ᠰᠡᠳᠬᠢᠯᠭᠡ ᠪᠠᠷ ᠢᠶᠠᠨ ᠨᠠᠮ᠎ᠡ ᠲᠠᠢ ᠵᠤᠭᠤᠭᠳᠡᠨ ᠶᠠᠷᠢᠯᠴᠠᠵᠤ ᠮᠢᠨᠦ ᠪᠤᠷᠤᠭᠤ ᠲᠠᠯ᠎ᠠ ᠶᠢ ᠨᠢᠭᠡ ᠨᠢᠭᠡ ᠪᠠᠷ ᠵᠢᠭᠠᠨ ᠭᠠᠷᠭᠠᠭᠠᠳ ᠨᠠᠮ᠎ᠡ ᠶᠢ ᠰᠠᠶᠢᠨ ᠰᠤᠷᠭᠠᠵᠦ ᠬᠡᠯᠡᠭᠰᠡᠨ ᠶᠤᠮ᠃ ᠡᠨᠡ ᠤᠳᠠᠭ᠎ᠠ ᠪᠢ ᠪᠠᠭᠰᠢ ᠶᠢᠨ ᠢᠶᠠᠨ ᠰᠡᠳᠬᠢᠯ ᠢ ᠶᠠᠬᠡᠪᠡᠷ ᠬᠦᠷᠦᠭᠡᠭᠰᠡᠨ ᠪᠤᠯᠤᠯᠳᠡᠢ᠂ ᠭᠡᠪᠡᠴᠦ ᠪᠠᠭᠰᠢ ᠦᠭᠬᠢᠶᠠᠮᠤᠷᠴᠢ ᠬᠠᠶᠢᠷ᠎ᠠ ᠪᠠᠷ ᠢᠶᠠᠨ ᠨᠡᠮ᠎ᠡ ᠶᠢ ᠪᠦᠪᠠᠶᠢᠯᠡᠵᠦ᠂ ᠮᠢᠨᠦ ᠪᠤᠷᠤᠭᠤ ᠶᠢ ᠠᠭᠤᠴᠢᠯᠠᠪᠡ᠃ ᠡᠨᠡ ᠤᠴᠢᠷ ᠢᠶᠠᠷ ᠲᠠᠮᠵᠢᠨ ᠪᠢ ᠪᠠᠭᠰᠢ ᠶᠢᠨ ᠢᠶᠠᠨ ᠬᠠᠶᠢᠷ᠎ᠠ ᠶᠢ ᠮᠡᠳᠡᠷᠡᠵᠦ ᠳᠤᠩ ᠤᠬᠠᠭᠠᠷᠠᠭᠰᠡᠨ ᠶᠤᠮ᠃ ᠭᠡᠳᠡᠯ᠎ᠠ ᠭᠡᠳᠤᠨ ᠡᠳᠤᠷ ᠪᠤᠯᠤᠭᠠᠳ ᠮᠢᠨᠦ ᠠᠩᠬᠢ ᠶᠢᠨ ᠡᠷᠬᠢᠯᠡᠭᠴᠢ ᠪᠠᠭᠰᠢ ᠡᠪᠡᠳᠴᠢᠨ ᠲᠠᠢ ᠪᠤᠯᠵᠦ ᠪᠢᠳᠡᠨ ᠳᠤ ᠬᠢᠴᠢᠶᠠᠯ ᠤᠷᠤᠵᠦ ᠲᠠᠶᠢᠯᠬᠦ ᠦᠭᠡᠢ ᠪᠤᠯᠪᠡ᠃ ᠭᠡᠪᠡᠴᠦ ᠪᠠᠭᠰᠢ ᠶᠢᠨ ᠮᠢᠨᠢ ᠪᠢᠳᠡᠨ ᠳᠤ ︽︿ᠬᠤᠯᠠ ᠭᠡᠮᠡᠨ ᠪᠤᠤ ᠴᠦᠬᠦ ᠶᠠᠪᠤᠪᠡᠰᠤ ᠬᠦᠷᠦᠶᠤ᠂ ᠬᠦᠨᠳᠤ ᠭᠡᠮᠡᠨ ᠪᠤᠤ ᠠᠶᠤ ᠡᠷᠬᠦᠪᠡᠰᠤ ᠲᠠᠭᠠᠭᠠᠶᠤ﹀ ᠰᠤᠷᠤᠯᠭ᠎ᠠ ᠠᠮᠢᠳᠤᠷᠡᠯ ᠳᠤ ᠴᠦ ᠭᠡᠰᠡᠨ ᠦᠭᠡᠢ ᠶᠠᠮᠡᠷ ᠨᠤᠭᠤᠷᠠᠯ ᠪᠦᠳᠤᠷᠢᠯ ᠳᠤᠯᠭᠠᠷᠡᠵᠦ ᠬᠦᠴᠢᠷ ᠪᠡᠷᠭᠡᠰᠢᠶᠠᠯ ᠲᠠᠢ ᠴᠦ ᠪᠤᠤ ᠠᠶᠤ ᠵᠤᠷᠢᠭ ᠰᠦᠰᠤ ᠲᠠᠢ ᠪᠠᠶᠢᠬᠤ ᠬᠡᠷᠡᠭᠳᠡᠢ᠃ ᠰᠢᠷᠭᠠᠭᠤ ᠬᠠᠳᠡᠭᠤᠵᠢᠯᠳᠡᠢ ᠴᠢᠷᠮᠠᠶᠢᠭᠠᠷᠠᠢ︕ ᠴᠢᠷᠮᠠᠶᠢᠯᠭ᠎ᠠ ᠬᠦᠮᠤᠨ ᠢ ᠬᠦᠰᠡᠷᠳᠡᠬᠦᠯᠬᠦ ᠦᠭᠡᠢ᠂ ᠡᠴᠤᠰ ᠤᠨ ᠠᠮᠵᠢᠯᠳᠡ ᠪᠤᠯ ᠴᠢᠨᠤᠬᠢ ᠰᠢᠤ᠂ ᠬᠦᠮᠤᠨ ᠤᠯᠠᠨ ᠵᠦᠢᠯ ᠤᠨ ᠬᠦᠴᠢᠷ ᠪᠡᠷᠭᠡᠰᠢᠶᠠᠯ ᠢ ᠳᠤᠭᠤᠯᠤᠨ ᠭᠠᠷᠪᠡᠯ ᠰᠠᠶ᠋ᠢ ᠲᠠᠪᠳᠠᠭᠳᠡᠨ ᠰᠢᠯᠭᠠᠷᠡᠳᠠᠭ ᠶᠤᠮ᠃ ︿ᠬᠦᠮᠤᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ﹀ ᠭᠡᠳᠡᠭ ᠢᠶᠠᠷ᠂ ᠰᠤᠷᠤᠭᠴᠢ ᠪᠤᠯᠤᠭᠰᠡᠨ ᠤ ᠬᠤᠪᠢ ᠳᠤ ᠡᠷᠬᠡᠪᠰᠢ ᠬᠠᠷᠠᠬᠠᠨ ᠪᠠᠭ᠎ᠠ ᠠᠴᠠ ᠪᠠᠨ ᠠᠷᠪᠢᠯᠡᠨ ᠭᠠᠮᠨᠠᠬᠤ ᠤᠪᠤᠷ ᠰᠤᠷᠳᠡᠯ ᠲᠠᠢ ᠪᠠᠶᠢᠵᠦ᠂ ᠦᠪᠡᠷ ᠢ ᠪᠠᠨ ᠴᠢᠩᠭ᠎ᠠ ᠱᠠᠭᠠᠷᠳᠡᠨ ᠤᠷᠤᠭᠰᠢᠯᠠᠨ ᠲᠠᠪᠰᠢᠬᠤ ᠶᠢ ᠵᠤᠷᠢᠬᠤ ᠬᠡᠷᠡᠭᠳᠡᠢ︾ ᠭᠡᠬᠦ ᠮᠡᠳᠤ ᠪᠠᠷ ᠲᠦᠪ ᠴᠢᠩᠭ᠎ᠠ ᠨᠠᠨᠳᠢᠨ ᠰᠤᠷᠭᠠᠯ ᠢᠶᠠᠨ ᠬᠠᠶᠢᠷᠠᠯᠠᠵᠦ ᠪᠠᠶᠢᠬᠰᠡᠨ ᠨᠢ ᠪᠡᠰᠡ ᠨᠢᠳᠤᠨ ᠡᠮᠤᠨ᠎ᠡ ᠳᠤᠳᠤᠷᠡᠨ ᠳᠤᠳᠤᠷᠠᠭᠰᠠᠭᠠᠷ ᠯᠠ ᠶᠤᠮ᠃ ᠠᠮᠢᠳᠤᠷᠡᠯ  ᠰᠤᠷᠤᠯᠭ᠎ᠠ ᠶᠢᠨ ᠳᠤᠮᠳᠡ ᠪᠢᠳᠡᠨ ᠳᠤ ᠤᠯᠠᠨ ᠠᠷᠪᠢᠨ ᠬᠦᠴᠢᠷ ᠳᠤᠯᠭᠠᠷᠡᠳᠠᠭ᠃ ᠭᠡᠳᠡᠯ᠎ᠡ ᠪᠠᠭᠰᠢ ᠶᠢᠨ ᠬᠡᠯᠡᠭᠰᠡᠨ ᠲᠡᠳᠡᠭᠡᠷ ᠦᠭᠡ ᠶᠢ ᠪᠤᠳᠤᠮᠠᠭᠴᠠ ᠵᠤᠷᠢᠭ ᠬᠦᠴᠦᠨ ᠨᠡᠮᠡᠭᠳᠡᠳᠡᠭ ᠪᠢᠯᠠ᠃ ᠪᠠᠭᠰᠢ ᠬᠦᠮᠤᠨ ᠤ ᠬᠠᠶᠢᠷ᠎ᠠ ᠪᠤᠯ ᠡᠨᠡᠷᠢᠩᠬᠦᠢ ᠡᠵᠢ ᠶᠢᠨ ᠬᠠᠶᠢᠷ᠎ᠠ ᠠᠴᠠ ᠳᠤᠳᠡᠭᠤ ᠦᠭᠡᠢ᠂ ᠪᠠᠭᠰᠢ ᠬᠦᠮᠤᠨ ᠪᠤᠯ ᠡᠨᠡ ᠤᠷᠴᠢᠯᠡᠩ ᠳᠠᠬᠢ ᠬᠠᠮᠤᠭ ᠤᠨ ᠴᠠᠶᠢᠯᠭᠠᠨ ᠰᠡᠳᠬᠢᠯᠳᠤ ᠬᠦᠮᠤᠨ ᠶᠤᠮ᠃ ᠮᠢᠨᠦ ᠠᠩᠬᠢ ᠶᠢᠨ ᠡᠷᠬᠢᠯᠡᠭᠴᠢ ᠪᠠᠭᠰᠢ ᠪᠤᠯ ᠶᠠᠭ ᠡᠳᠡᠭᠡᠷ ᠪᠠᠭᠰᠢ ᠨᠠᠷ ᠤᠨ ᠲᠤᠳᠤᠷᠠᠬᠢ ᠨᠢᠭᠡ ᠨᠢ ᠶᠤᠮ᠃ ᠮᠢᠨᠦ ᠪᠠᠭᠰᠢ ᠰᠤᠷᠤᠭᠴᠢᠳ ᠤᠨ ᠢᠶᠠᠨ ᠲᠦᠯᠦᠭᠡ ᠦᠪᠡᠷ ᠤᠨ ᠠᠯᠢᠪᠡ ᠪᠠᠨ ᠡᠷᠬᠦᠵᠤ᠂ ᠦᠪᠡᠷ ᠤᠨ ᠦᠷ᠎ᠠ ᠬᠡᠤᠬᠡᠳ ᠢᠶᠠᠨ ᠰᠢᠭ ᠬᠠᠶᠢᠷᠠᠯᠠᠵᠤ᠂ ᠮᠡᠳᠡᠯᠭᠡ ᠵᠢᠭᠠᠬᠤ ᠪᠠᠷ ᠪᠠᠷᠠᠬᠤ ᠦᠭᠡᠢ ᠪᠠᠰᠠ ᠦᠪᠡᠷ ᠤᠨ ᠰᠦ᠋ ᠰᠢᠭ ᠴᠠᠶᠢᠯᠭᠠᠨ ᠰᠡᠳᠬᠢᠯ ᠢᠶᠠᠷ ᠢᠶᠠᠨ ᠰᠤᠷᠤᠭᠴᠢᠳ ᠤᠨ ᠢᠶᠠᠨ ᠬᠠᠶᠢᠷ᠎ᠠ ᠶᠢᠨ ᠦᠯᠦᠬᠡᠢ ᠪᠤᠯᠵᠦ ᠰᠤᠷᠤᠭᠴᠢᠳ ᠲᠤ ᠪᠠᠨ ᠠᠮᠢᠳᠤᠷᠡᠯ ᠤᠨ ᠤᠳᠬ᠎ᠠ ᠠᠭᠤᠯᠭ᠎ᠠ ᠶᠢ ᠮᠡᠳᠡᠬᠦᠯᠳᠡᠭ ᠶᠤᠮ᠃          ᠠᠮᠢᠳᠤᠷᠡᠯ ᠬᠠᠶᠢᠷ᠎ᠠ ᠲᠡᠭᠡᠷ᠎ᠡ ᠳᠤᠭᠳᠠᠳᠠᠭ᠃ ᠤᠷᠴᠢᠯᠡᠩ ᠲᠡᠭᠡᠷ᠎ᠡ ᠬᠠᠶᠢᠷ᠎ᠠ ᠪᠠᠶᠢᠮᠡᠨᠵᠢᠨ ᠰᠠᠶ᠋ᠢ ᠡᠨᠡ ᠵᠢᠷᠳᠢᠨᠴᠦ ᠭᠡᠭᠡᠨ ᠰᠠᠷᠠᠭᠤᠯ ᠭᠡᠷᠡᠯ ᠬᠢᠯᠪᠠᠭ᠎ᠠ ᠲᠠᠢ ᠪᠤᠯᠵᠦ ᠲᠠᠶᠢᠯᠤᠨ᠎ᠡ᠃ ᠪᠠᠭᠰᠢ ᠮᠢᠨᠢ᠂ ᠪᠢ ᠴᠢᠮ᠎ᠡ ᠪᠠᠨ ᠳᠤᠷᠡᠰᠴᠦ ᠰᠠᠨᠠᠵᠦ ᠪᠠᠶᠢᠨ᠎ᠡ︕ ᠮᠢᠨᠦ ᠬᠠᠮᠤᠭ ᠤᠨ ᠬᠠᠶᠢᠷᠡᠳᠤ ᠠᠩᠬᠢ ᠶᠢᠨ ᠡᠷᠬᠢᠯᠡᠭᠴᠢ ᠪᠠᠭᠰᠢ ᠮᠢᠨᠢ ᠡ︕ ᠪᠢ ᠲᠠᠨ ᠤ ᠪᠠᠨ ᠡᠷᠳᠡ ᠡᠳᠤᠷ ᠡᠷᠡᠬᠦᠯᠵᠢᠬᠦ ᠶᠢ ᠴᠢᠨᠢ ᠬᠦᠰᠡᠵᠦ ᠪᠠᠶᠢᠨ᠎ᠡ᠃ ᠪᠠᠭᠰᠢ ᠡ᠂ ᠲᠠᠨ ᠤ ᠰᠤᠷᠭᠠᠯ ᠢ ᠴᠢᠨᠢ ᠦᠨᠢ ᠡᠬᠦᠷᠢᠳᠡ ᠦᠷᠦᠴᠠ ᠵᠢᠷᠦᠭᠡᠨ ᠳᠤ ᠪᠠᠨ ᠬᠠᠳᠡᠩᠰᠢᠭᠤᠯᠵᠦ ᠴᠢᠷᠮᠠᠶᠢᠨ ᠰᠤᠷᠤᠯᠴᠠᠬᠤ ᠵᠤᠷᠢᠭ ᠤᠬᠠᠭᠠᠨ ᠢᠶᠠᠨ ᠬᠦᠪᠴᠢᠯᠡᠨ᠂ ᠡᠯ᠎ᠡ ᠲᠦᠷᠦᠯ ᠤᠨ ᠬᠢᠴᠢᠶᠠᠯ ᠳᠤ ᠪᠠᠨ ᠰᠢᠮᠳᠡᠨ ᠦᠪᠡᠷ ᠤᠨ ᠬᠦᠰᠡᠵᠦ ᠰᠠᠨᠠᠭᠰᠡᠨ ᠶᠡᠭᠡ ᠰᠤᠷᠭᠠᠭᠤᠯᠢ ᠳᠤ ᠰᠢᠯᠭᠠᠨ ᠤᠷᠤᠬᠤ ᠪᠠᠷ ᠮᠠᠷᠠᠶᠢᠨ ᠴᠢᠷᠮᠠᠶᠢᠨ᠎ᠡ᠃ ᠪᠠᠭᠰᠢ ᠲᠠᠨ ᠤ ᠪᠢᠳᠡᠨ ᠤ ᠲᠦᠯᠦᠭᠡ ᠬᠠᠷᠡᠮ ᠦᠭᠡᠢ ᠵᠢᠳᠬᠦᠭᠰᠡᠨ ᠬᠠᠶᠢᠷ᠎ᠠ ᠬᠠᠯᠠᠮᠵᠢᠯᠠᠯ᠂ ᠬᠦᠴᠦ ᠬᠦᠯᠦᠰᠤ ᠶᠢ ᠴᠢᠨᠢ ᠶᠠᠭᠠᠬᠢᠭᠰᠠᠨ ᠴᠤ ᠬᠦᠰᠡᠷᠳᠡᠬᠦᠯᠬᠦ ᠦᠭᠡᠢ᠃               ᠵᠢᠯᠤᠭᠤᠳᠤᠭᠰᠡᠨ ᠪᠠᠭᠰᠢ᠄ ᠬᠠᠨ ᠬᠤᠩ ᠮᠸᠢ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号