| | —— ᠲᠸ᠊᠂ ᠨᠠᠮᠤᠭᠤᠬᠠᠨ | | ᠶᠢᠷᠲᠢᠨᠴᠣ ᠳᠡᠭᠡᠷ᠎ᠡ ᠬᠡᠨ ᠴᠣ᠋ ᠪᠤᠯᠤᠭ ᠨᠢᠭᠡᠨ ᠦᠨᠳᠦᠰᠦᠳᠡᠨ ᠣᠭᠰᠠᠭᠠᠳᠠᠨ ᠳᠤ ᠬᠠᠷᠢᠶᠠᠯᠠᠭᠳᠠᠳᠠᠭ ᠶᠤᠮ | ᠃ ᠶᠠᠮᠠᠷᠪᠠ ᠬᠦᠮᠦᠨ ᠡᠬᠦᠨ ᠠᠴᠠ ᠭᠠᠳᠠᠭᠤᠷ ᠣᠷᠣᠰᠢᠵᠤ ᠴᠢᠳᠠᠬᠤ ᠦᠭᠡᠢ ᠨᠢ ᠦᠨᠡᠨ᠃ ᠦᠨᠳᠦᠰᠦᠳᠡᠨ ᠨᠢ ᠨᠢᠬᠡᠨ | ᠬᠠᠮᠳᠣ ᠶᠢᠨ ᠴᠤᠭᠴᠠ ᠪᠤᠯᠤᠭᠰᠠᠨ ᠤ ᠬᠤᠪᠢ ᠳᠤ ᠬᠤᠭᠤᠷᠤᠨᠳᠣ ᠪᠠᠨ ᠬᠠᠷᠢᠴᠠᠭ᠎ᠠ ᠬᠤᠯᠪᠤᠭ᠎ᠠ ᠭᠠᠷᠬᠤ ᠳᠤ ᠪᠠᠨ | ᠶᠠᠭᠤᠨ ᠤ ᠣᠷᠢᠳ ᠦᠭᠡ ᠬᠡᠯᠡ ᠪᠠᠷ ᠨᠡᠪᠳᠡᠷᠡᠵᠦ ᠳᠣᠲᠤᠭᠠᠳᠣ ᠰᠡᠳᠬᠢᠯᠭᠡ ᠪᠠᠨ ᠢᠯᠡᠳᠬᠡᠳᠡᠭ᠃ ᠡᠬᠦᠨ ᠠᠴᠠ | ᠦᠵᠡᠵᠦ ᠭᠠᠷᠬᠤ ᠨᠢ ᠦᠭᠡ ᠬᠡᠯᠡ ᠪᠤᠯ ᠨᠢᠭᠡᠨ ᠦᠨᠳᠦᠰᠦᠳᠡᠨ ᠪᠦᠷᠢᠯᠳᠦᠬᠦ ᠶᠢᠨ ᠴᠢᠬᠤᠯᠠ ᠨᠦᠬᠦᠴᠡᠯ ᠪᠦᠭᠡᠳ | ᠲᠡᠭᠦᠨ ᠤ ᠬᠠᠮᠤᠭ ᠤᠨ ᠳᠣᠪᠤᠶᠢᠭᠰᠠᠨ ᠤᠨᠴᠠᠯᠢᠭ ᠪᠤᠯᠬᠤ ᠨᠢ ᠶᠠᠷᠢᠶᠠᠨ ᠦᠭᠡᠢ᠃ ᠳᠠᠬᠢᠪᠠᠯ ᠮᠤᠩᠭᠤᠯ ᠦᠰᠦᠭ ᠨᠢ | ᠳᠡᠯᠡᠬᠡᠢ ᠳᠡᠭᠡᠷᠡᠬᠢ ᠴᠣᠷ ᠤᠨ ᠭᠠᠭᠴᠠ ᠪᠤᠰᠤᠭ᠎ᠠ ᠬᠡᠯᠪᠡᠷᠢ ᠲᠠᠢ ᠬᠡᠶᠢᠮᠦᠷᠯᠢᠭ ᠦᠰᠦᠭ ᠪᠠᠶᠢᠵᠤ᠂ ᠦᠭᠡᠰ ᠤᠨ ᠰᠠᠩ | ᠨᠢ ᠪᠠᠶᠠᠯᠢᠭ᠂ ᠬᠡᠯᠡ ᠶᠠᠷᠢᠶ᠎ᠠ ᠨᠢ ᠢᠷᠠᠭᠤ ᠰᠣᠨᠣᠰᠬᠤᠯᠠᠩ᠂ ᠳᠦᠷᠰᠦ ᠬᠡᠯᠪᠡᠷᠢ ᠨᠢ ᠮᠣᠩᠭᠤᠯ ᠬᠦᠮᠦᠨ ᠣᠷᠲᠤ | ᠬᠤᠷᠮᠤᠢ ᠲᠠᠢ ᠳᠡᠪᠡᠯ ᠢᠶᠠᠨ ᠡᠮᠦᠰᠴᠣ ᠬᠡᠭᠡᠮᠰᠦᠭ ᠠᠯᠬᠤᠨ ᠪᠠᠶᠢᠭ᠎ᠠ ᠪᠤᠶᠤ ᠡᠰᠡᠭᠦᠯ᠎ᠡ ᠮᠣᠷᠢ ᠤᠨᠤᠨ ᠳᠣᠪᠳᠣᠯᠵᠤ | ᠪᠠᠶᠢᠭ᠎ᠠ ᠬᠦᠮᠦᠨ ᠤ ᠰᠣᠨᠢᠨ ᠬᠠᠴᠢᠨ ᠦᠵᠡᠭᠳᠡᠯ ᠢ ᠬᠠᠷᠠᠭᠳᠠᠭᠤᠯᠵᠤ᠂ ᠦᠰᠦᠭ ᠪᠢᠴᠢᠭ ᠨᠢ ᠠᠮᠢᠳᠣ ᠬᠦᠳᠡᠯᠭᠡᠭᠡᠨ | ᠲᠠᠢ ᠬᠡᠮᠡᠷ ᠰᠠᠨᠠᠭᠳᠠᠭᠤᠯᠳᠠᠭ ᠪᠠᠶᠢᠯ᠎ᠠ᠃ | ᠭᠡᠪᠡᠴᠦ ᠦᠨᠦᠳᠦᠷ ᠪᠢ ᠠᠳᠡ ᠮᠣᠩᠭᠤᠯ ᠦᠭᠡ ᠬᠡᠯᠡ ᠦᠰᠦᠭ ᠪᠢᠴᠢᠭ ᠤᠨ ᠢᠶᠠᠨ ᠬᠡᠳᠦᠶᠢᠳᠦᠭᠰᠡᠨ᠂ | ᠰᠢᠯᠢᠳᠡᠭ ᠢ ᠨᠢ ᠮᠠᠭᠳᠠᠬᠤ ᠳᠡᠳᠦᠢ ᠪᠢᠰᠢ᠂ ᠬᠠᠷᠢᠨ ᠮᠣᠩᠭᠤᠯ ᠬᠡᠯᠡ ᠦᠰᠦᠭ ᠤᠨ ᠢᠶᠠᠨ ᠦᠨᠦᠳᠦᠷ ᠤᠨ ᠪᠠᠶᠢᠳᠠᠯ | ᠳᠤ ᠬᠡᠰᠡᠭ ᠶᠠᠭᠤᠮ᠎ᠠ ᠬᠡᠯᠡᠬᠦ ᠪᠠᠷ ᠪᠤᠯᠤᠯ᠎ᠠ᠃ | ᠮᠢᠨᠤ ᠡᠭᠡᠴᠢ ᠨᠢᠭᠡ ᠪᠠᠭ᠎ᠠ ᠰᠣᠷᠭᠠᠭᠤᠯᠢ ᠶᠢᠨ ᠰᠣᠷᠬᠤ ᠠᠴᠠ ᠡᠮᠦᠨᠡᠬᠢ ᠠᠩᠬᠢ ᠳᠤ ᠬᠢᠴᠢᠶᠡᠯᠯᠡᠳᠡᠭ | ᠪᠢᠯᠡ᠃ ᠡᠭᠡᠴᠢ ᠮᠢᠨᠢ ᠨᠠᠳᠠ ᠳᠤ᠄ ︽ᠪᠢ ᠮᠣᠩᠭᠤᠯ ᠬᠡᠦᠬᠡᠳ ᠲᠤ ᠮᠣᠩᠭᠤᠯ ᠦᠭᠡ ᠵᠢᠭᠠᠵᠤ ᠪᠤᠢ︾ ᠭᠡᠬᠦ ᠶᠤᠮ᠃ | ᠠᠰᠠᠭᠤᠬᠤ ᠳᠤ ᠮᠣᠩᠭᠤᠯ ᠬᠡᠯᠡᠨ ᠤ ᠬᠢᠴᠢᠶᠡᠯ ᠵᠢᠭᠠᠬᠤ ᠨᠢ ᠬᠢᠲᠠᠳ ᠬᠡᠯᠡᠨ ᠤ ᠬᠢᠴᠢᠶᠡᠯ ᠵᠢᠭᠠᠬᠤ ᠠᠴᠠ ᠬᠤᠯᠠ | ᠬᠦᠴᠢᠷ ᠶᠤᠮ ᠭᠡᠨ᠎ᠡ᠂ ᠤᠴᠢᠷ ᠨᠢ ᠡᠳᠦᠷ ᠳᠣᠲᠤᠮ ᠤᠨ ᠦᠭᠡ ᠶᠢ ᠲᠡᠳᠡ ᠴᠢᠨᠢ ᠪᠦᠷ ᠬᠢᠲᠠᠳ ᠢᠶᠠᠷ ᠶᠠᠷᠢᠴᠢᠬᠠᠨ᠎ᠠ᠃ | ᠬᠠᠷᠢᠨ ᠮᠣᠩᠭᠤᠯ ᠬᠡᠯᠡ ᠪᠤᠯ ᠠᠳᠠᠯᠢ ᠦᠭᠡᠢ᠃ ︽ᠠ︾ ᠠᠴᠠ ᠡᠬᠢᠯᠡᠨ ᠵᠢᠭᠠᠬᠤ ᠳᠤ ᠪᠠᠨ ︽ᠠᠯᠮᠤᠷᠠᠳ ᠤᠨ ᠠ | ︾ ᠭᠡᠬᠦᠯᠡᠷ ᠬᠡᠦᠬᠡᠳ ᠤᠳ ᠬᠠᠷᠢᠨ ᠦᠯᠦ ᠤᠶᠢᠯᠠᠭᠠᠬᠤ ᠨᠢᠳᠣ ᠪᠠᠷ ︽ᠠᠯᠮᠤᠷᠠᠳ ᠨᠢ ᠶᠠᠭᠤ ᠪᠤᠢ︖ ᠡᠨᠡ ᠴᠢᠨᠢ | ᠫᠢᠩ ᠬᠦᠸᠧ ᠪᠠᠶᠢᠨ᠎ᠠ︾ ᠬᠡᠳ ᠢᠨᠢᠶᠡᠵᠡᠭᠡᠳᠡᠭ ᠭᠡᠨ᠎ᠡ᠃ ᠪᠠᠰᠠ ᠵᠠᠷᠢᠮ ᠨᠢ ︽ᠡᠮᠡᠭᠳᠡᠢ ᠲᠡᠮᠡᠭᠡ ᠶᠢ ᠶᠠᠭᠤ ᠭᠡᠵᠦ | ᠬᠡᠯᠡᠳᠡᠭ ᠪᠤᠢ︖︾᠂ ︽ᠲᠡᠮᠡᠭᠡᠨ ᠤ ᠬᠠᠮᠠᠷ ᠳᠡᠭᠡᠷ᠎ᠡ ᠬᠠᠳᠬᠤᠳᠠᠭ ᠲᠡᠷᠡ ᠮᠤᠳᠤ ᠶᠢ ᠶᠠᠭᠤ ᠭᠡᠳᠡᠭ ᠪᠤᠢ︖︾ | ᠭᠡᠬᠦ ᠮᠡᠲᠦ ᠶᠢᠨ ᠡᠯᠳᠡᠪ ᠤᠨ ᠠᠰᠠᠭᠤᠯᠳᠠ ᠭᠠᠷᠭᠠᠨ᠎ᠠ᠃ ᠡᠬᠦᠨ ᠢ ᠰᠣᠨᠣᠰᠣᠭᠠᠳ ᠢᠨᠢᠶᠡᠬᠦ ᠴᠣ᠋ ᠪᠢᠰᠢ᠂ ᠠᠭᠤᠷᠯᠠᠬᠤ | ᠴᠣ᠋ ᠪᠢᠰᠢ᠂ ᠬᠠᠷᠢᠨ ᠭᠤᠳᠣᠷᠠᠬᠤ ᠰᠢᠭ᠋ ᠪᠤᠯᠤᠭᠰᠠᠨ ᠶᠤᠮ᠃ ᠲᠡᠶᠢᠮᠦ ᠰᠢᠤ︕ ᠲᠡᠷᠡ ᠬᠦ ᠪᠢᠳᠡᠨ ᠤ ᠤᠮᠤᠭᠰᠢᠭᠠᠳ | ᠯᠠ ᠪᠠᠶᠢᠳᠠᠭ ᠪᠤᠰᠤᠭ᠎ᠠ ᠮᠣᠩᠭᠤᠯ ᠬᠡᠯᠡ ᠮᠢᠨᠢ ᠮᠣᠳᠣ ᠲᠠᠢ ᠠᠳᠠᠯᠢ ᠳᠠᠭᠠᠷᠢᠭᠳᠠᠵᠤ᠂ ᠰᠢᠳᠣ ᠲᠠᠢ ᠠᠳᠠᠯᠢ ᠣᠨᠠᠵᠤ | ᠯᠠ ᠪᠠᠶᠢᠨ᠎ᠠ᠃ ᠠᠴᠤᠭ ᠠᠷᠠᠭ᠎ᠠ ᠨᠢ ᠠᠯᠳᠠᠭᠳᠠᠵᠤ ᠪᠠᠶᠢᠨ᠎ᠠ᠃ ᠡᠪᠡᠷ ᠬᠡᠵᠢᠭᠡ ᠠᠴᠠ ᠪᠠᠨ ᠡᠪᠳᠡᠷᠡᠵᠦ ᠪᠠᠶᠢᠨ᠎ᠠ᠃ | ᠭᠡᠳᠡᠰᠦ ᠰᠡᠭᠦᠯ ᠠᠴᠠ ᠪᠠᠨ ᠭᠡᠭᠡᠭᠳᠡᠵᠦ ᠪᠠᠶᠢᠨ᠎ᠠ᠃ | ᠨᠢᠭᠡᠨ ᠦᠨᠳᠦᠰᠦᠳᠡᠨ ᠤ ᠮᠠᠨᠳᠣᠵᠤ ᠪᠠᠭᠤᠷᠠᠬᠤ ᠨᠢ ᠲᠤᠰ ᠦᠨᠳᠦᠰᠦᠳᠡᠨ ᠤ ᠦᠭᠡ ᠬᠡᠯᠡ ᠦᠰᠦᠭ | ᠪᠢᠴᠢᠭ ᠲᠠᠢ ᠨᠢᠭᠳᠠ ᠬᠤᠯᠪᠤᠭ᠎ᠠ ᠲᠠᠢ ᠭᠡᠳᠡᠭ ᠢ ᠣᠰᠠᠳᠣᠭᠰᠠᠨ ᠮᠠᠨᠵᠤ ᠦᠨᠳᠦᠰᠦᠳᠡᠨ ᠬᠢᠭᠡᠳ ᠮᠠᠨᠳᠣᠭᠰᠠᠨ | ᠢᠪᠡᠷᠡᠶᠢᠴᠦᠳ ᠤᠨ ᠲᠡᠦᠬᠡ ᠶᠢ ᠣᠷᠪᠠᠭᠤᠯᠪᠠᠯ ᠮᠡᠳᠡᠨ᠎ᠡ᠃ | ᠡᠬᠡ ᠬᠡᠯᠡ — ᠪᠢᠳᠡᠨ ᠤ ᠰᠡᠳᠬᠢᠯ ᠤᠨ ᠪᠠᠭ᠋ᠠᠷᠬᠠᠯ᠂ ᠵᠢᠪᠬᠤᠯᠠᠩᠳᠣ ᠠᠶᠠᠯᠭᠤ | ᠡᠬᠡ ᠬᠡᠯᠡ — ᠪᠢᠳᠡᠨ ᠤ ᠮᠦᠩᠬᠡ ᠶᠢᠨ ᠷᠠᠰᠢᠶᠠᠨ᠂ ᠬᠠᠶᠢᠷ᠎ᠠ ᠶᠢᠨ ᠠᠶᠠᠯᠭᠤ | ᠡᠬᠡ ᠬᠡᠯᠡ — ᠪᠠᠭᠰᠢ ᠰᠣᠷᠣᠭᠴᠢ ᠶᠢᠨ ᠮᠢᠨᠢ ᠰᠡᠳᠬᠢᠯ ᠠᠴᠠ ᠣᠨᠳᠣᠷᠴᠣ᠂ ᠬᠠᠷᠠᠴᠠ ᠶᠢ | ᠬᠡᠷᠡᠯᠳᠦᠬᠦᠯᠬᠦ ᠢᠳᠡᠭᠡᠯ | ᠡᠬᠡ ᠬᠡᠯᠡ — ᠡᠪᠦᠭᠡᠳ ᠠᠴᠠ ᠮᠢᠨᠢ᠂ ᠠᠪᠤ ᠡᠵᠢ ᠶᠢᠨ ᠮᠢᠨᠢ ᠣᠯᠠᠮᠵᠢᠯᠠᠭᠳᠠᠭᠰᠠᠨ ᠦᠪ ᠰᠣᠶᠣᠯ | ᠡᠬᠡ ᠬᠡᠯᠡ — ᠦᠨᠦᠳᠦᠷ ᠪᠢᠳᠡᠨ ᠢ ᠠᠳᠡ ᠴᠤᠭᠯᠠᠭᠤᠯᠤᠭᠰᠠᠨ ᠡᠯᠴᠢᠨ ᠰᠠᠶᠢᠳ | ︽ᠲᠦᠷᠦᠯᠬᠢ ᠬᠡᠯᠡ ᠪᠠᠶᠢᠭᠠᠳ ᠬᠡᠯᠡᠵᠦ ᠴᠢᠳᠠᠬᠤ ᠦᠭᠡᠢ ᠬᠦᠮᠦᠨ ᠪᠤᠯ ᠬᠦᠮᠦᠨ ᠪᠤᠯᠵᠤ ᠲᠦᠷᠦᠬᠡᠳ ᠡᠬᠡ ᠪᠠᠨ | ᠲᠠᠨᠢᠬᠤ ᠦᠭᠡᠢ ᠯᠦᠭᠡ ᠠᠳᠠᠯᠢ᠂ ᠲᠦᠷᠦᠯᠬᠢ ᠦᠰᠦᠭ ᠪᠢᠴᠢᠭ ᠢᠶᠠᠨ ᠲᠠᠨᠢᠬᠤ ᠦᠭᠡᠢ ᠬᠦᠮᠦᠨ ᠪᠤᠯ ᠠᠪᠤ ᠪᠠᠨ | ᠲᠠᠨᠢᠬᠤ ᠦᠭᠡᠢ ᠦᠨᠦᠴᠢᠨ ᠬᠦᠪᠡᠭᠦᠨ ᠠᠳᠠᠯᠢ︾ ᠭᠡᠬᠦ ᠨᠢᠭᠡᠨ ᠠᠭᠤᠤ ᠬᠦᠮᠦᠨ ᠠᠭᠸᠠᠩᠳᠠᠨᠳᠠᠷ ᠪᠠᠭᠰᠢ ᠶᠢᠨ | ᠰᠣᠷᠭᠠᠯ ᠢ ᠦᠷᠦᠴᠡ ᠵᠢᠷᠦᠬᠡᠨ ᠳᠤ ᠦᠨᠢᠳᠡ ᠬᠠᠳᠠᠩᠰᠢᠭᠤᠯᠵᠤ ᠶᠠᠪᠤᠶ᠎ᠠ︕ | ᠮᠣᠩᠭᠤᠯ ᠮᠢᠨᠢ ᠡᠭᠦᠷᠢᠳᠡ ᠮᠣᠩᠭᠤᠯ ᠢᠶᠠᠷ ᠢᠶᠠᠨ ᠪᠠᠶᠢᠭᠠᠰᠠᠢ︕ | ᠪᠢᠳᠡ ᠮᠤᠩᠭᠤᠯ ᠦᠰᠦᠭ ᠢᠶᠠᠨ ᠵᠦᠪ ᠪᠢᠴᠢᠶ᠎ᠡ᠂ ᠵᠦᠪ ᠣᠩᠰᠢᠶᠡ︕ | ᠪᠢᠳᠡ ᠮᠣᠩᠭᠤᠯ ᠬᠡᠯᠡ ᠪᠠᠨ ᠴᠡᠪᠡᠷ ᠶᠠᠷᠢᠶ᠎ᠠ᠂ ᠢᠯᠭᠤᠮ ᠶᠠᠷᠢᠶ᠎ᠠ︕ | ᠪᠢᠳᠡ ᠮᠣᠩᠭᠤᠯ ᠬᠦᠮᠦᠨ ᠪᠤᠯᠤᠭᠰᠠᠨ ᠤ ᠬᠤᠪᠢ ᠳᠤ ᠮᠣᠩᠭᠤᠯ ᠢᠶᠠᠷ ᠶᠠᠷᠢᠬᠤ ᠪᠤᠯ ᠮᠠᠨ ᠤ ᠳᠠᠷᠬᠠᠨ | ᠡᠬᠦᠷᠭᠡ ᠮᠦᠨ᠃ ᠭᠡᠳᠡᠯ᠎ᠡ ᠴᠠᠭ ᠦᠶ᠎ᠡ ᠶᠢᠨ ᠬᠤᠪᠢᠰᠣᠯᠳᠠ ᠪᠠ ᠠᠮᠢᠳᠣᠷᠠᠯ ᠤᠨ ᠣᠷᠴᠢᠨ ᠠᠬᠤᠢ ᠬᠤᠳᠠᠵᠢᠵᠤ | ᠪᠠᠶᠢᠭ᠎ᠠ ᠦᠨᠦᠳᠦᠷ ᠮᠣᠩᠭᠤᠯ ᠢᠶᠠᠷ ᠶᠠᠷᠢᠬᠤ ᠦᠭᠡᠢ ᠪᠤᠶᠤ ᠬᠤᠯᠢᠮᠠᠭ ᠶᠠᠷᠢᠬᠤ ᠦᠵᠡᠭᠳᠡᠯ ᠨᠡᠯᠢᠶᠡᠳ ᠬᠠᠷᠠᠭᠳᠠᠵᠤ | ᠪᠠᠶᠢᠨ᠎ᠠ᠃ ᠪᠢᠳᠡ ᠮᠣᠩᠭᠤᠯ ᠠᠮᠢᠳᠣᠷᠠᠯ ᠠᠴᠠ ᠶᠠᠪᠤᠬᠤ ᠳᠣᠲᠤᠮ ᠬᠤᠯᠠᠳᠴᠣ ᠪᠤᠢ᠂ ᠮᠣᠩᠭᠤᠯ ᠠᠮᠢᠳᠣᠷᠠᠯ ᠠᠴᠠ | ᠪᠠᠨ ᠬᠤᠯᠠᠳᠴᠣ ᠮᠣᠩᠭᠤᠯ ᠦᠰᠦᠭ ᠪᠢᠴᠢᠭ ᠠᠴᠠ ᠪᠠᠨ ᠬᠤᠯᠠᠳᠠᠭᠰᠠᠨ ᠴᠠᠭ ᠲᠤ ᠪᠢᠳᠡ ᠬᠠᠮᠤᠭ ᠠᠴᠠ ᠶᠠᠳᠠᠭᠤ | ᠬᠦᠮᠦᠨ ᠪᠤᠯᠵᠤ ᠬᠤᠴᠤᠷᠬᠤ ᠨᠢ ᠳᠠᠮᠵᠢᠭ ᠦᠭᠡᠢ᠃ | ᠪᠢᠳᠡᠨ ᠳᠤ ᠠᠪᠳᠠᠷ᠎ᠠ ᠳᠦᠭᠦᠷᠡᠩ ᠠᠯᠳᠠ ᠮᠦᠩᠬᠦ᠂ ᠬᠤᠷᠭᠤ ᠳᠦᠭᠦᠷᠡᠩ ᠬᠤᠷᠭᠤᠢ ᠲᠤᠷᠭ᠎ᠠ | ᠪᠠᠶᠢᠭᠠᠳ ᠶᠠᠮᠠᠷ ᠬᠡᠷᠡᠭ ᠪᠠᠶᠢᠬᠤ ᠪᠤᠢ᠂ ᠬᠠᠮᠤᠭ ᠤᠨ ᠶᠡᠭᠡ ᠬᠠᠳᠠᠭᠠᠯᠠᠮᠵᠢ ᠪᠠ ᠬᠦᠷᠦᠩᠭᠡ ᠪᠤᠯ ᠡᠬᠡ ᠬᠡᠯᠡ | ᠡᠷᠳᠡᠨᠢ ᠶᠢᠨ ᠰᠣᠶᠣᠯ ᠶᠤᠮ ᠰᠢᠤ︕ ᠪᠢᠳᠡ ᠡᠬᠡ ᠬᠡᠯᠡ ᠪᠠᠨ ᠤᠷᠤᠰᠤᠮ᠎ᠠ ᠢᠯᠭᠤᠮ ᠬᠡᠯᠡᠵᠦ᠂ ᠦᠪᠡᠷ ᠤᠨ | ᠦᠰᠦᠭ ᠢᠶᠠᠨ ᠪᠦᠷᠢᠨ ᠵᠦᠪ ᠪᠢᠴᠢᠵᠦ ᠴᠢᠳᠠᠵᠤ ᠪᠠᠶᠢᠪᠠᠯ ᠪᠢᠳᠡ ᠴᠢᠨᠢ ᠦᠨᠡᠨ ᠬᠦ ᠤᠮᠤᠭᠰᠢᠴᠢᠬᠠᠮᠠᠷ ᠪᠤᠰᠤᠭ᠎ᠠ | ᠮᠣᠩᠭᠤᠯ ᠶᠣᠮ ᠰᠢᠤ︕ | | | ᠵᠢᠯᠤᠭᠤᠳᠤᠭᠰᠠᠨ ᠪᠠᠭᠰᠢ᠄ ᠨᠠᠬᠢᠶ᠎ᠠ | | | |