| | ——ᠰᠤᠷᠭᠤᠭ | | ᠬᠦᠮᠦᠨ ᠤ ᠠᠮᠢᠳᠤᠷᠠᠯ ᠤᠨ ᠵᠠᠮ ᠠᠭᠤᠵᠢᠮ ᠮᠦᠷᠳᠡᠭᠡᠨ ᠢᠪᠴᠦᠦ᠂ ᠰᠠᠷᠠᠭᠤᠯ ᠮᠦᠷᠳᠡᠭᠡᠨ ᠪᠦᠷᠬᠦᠭ | ᠪᠠᠶᠢᠳᠠᠭ ᠶᠤᠮ᠃ ᠡᠨᠡᠬᠦ ᠠᠭᠤᠵᠢᠮ ᠰᠠᠷᠠᠭᠤᠯ ᠪᠦᠮᠪᠦᠷᠴᠡᠭ ᠮᠢᠨᠢ ᠲᠡᠩᠬᠡᠯᠢᠭ ᠢᠶᠠᠷ ᠢᠶᠠᠨ ᠡᠷᠬᠢᠳᠡᠭ ᠰᠡᠨ᠃ ᠬᠡᠬᠦ ᠳᠤ | ᠡᠨᠡᠬᠦ ᠲᠡᠩᠬᠡᠯᠢᠭ ᠨᠢ ᠬᠠᠶᠢᠷ᠎ᠠ ᠪᠠᠶᠢᠬᠤ ᠶᠤᠰᠤᠳᠠᠢ᠃ ᠬᠤᠷᠸ᠎ᠠ ᠬᠡᠳᠡᠭᠴᠢᠯᠠᠨ ᠬᠦᠮᠦᠨ ᠲᠦᠷᠦᠯᠬᠢᠳᠡᠨ ᠤ ᠨᠡᠶᠢᠬᠡᠮ | ᠬᠡᠳᠦᠨ ᠮᠢᠩᠭᠠᠨ ᠲᠦᠮᠡᠨ ᠵᠢᠯ ᠤᠨ ᠶᠠᠪᠤᠴᠠ ᠳᠤ ᠬᠠᠶᠢᠷ᠎ᠠ ᠶᠢᠨ ᠲᠡᠩᠬᠡᠯᠢᠭ ᠢᠶᠠᠨ ᠲᠠᠭᠠᠨ ᠤᠷᠴᠢᠨ ᠡᠷᠬᠢᠯᠳᠦᠭᠰᠡᠭᠡᠷ | ᠃ | ᠦᠶ᠎ᠡ ᠵᠡᠢ ᠦᠬᠡᠢ ᠨᠠᠶᠢᠵᠠ ᠶᠢᠨ ᠦᠨᠢ ᠮᠦᠩᠬᠡ ᠶᠢᠨ ᠬᠠᠶᠢᠷ᠎ᠠ | ᠤᠶᠤᠨ ᠪᠢᠯᠢᠭ ᠬᠠᠶᠢᠷᠠᠯᠠᠭᠰᠠᠨ ᠠᠴᠢᠳᠦ ᠪᠠᠭᠰᠢ ᠶᠢᠨ ᠬᠠᠶᠢᠷ᠎ᠠ | ᠠᠯᠠᠭᠠᠨ ᠲᠡᠭᠡᠷ᠎ᠡ ᠪᠠᠨ ᠪᠦᠮᠪᠦᠷᠢᠬᠦᠯᠦᠭᠰᠡᠨ ᠠᠪᠤ ᠡᠵᠢ ᠶᠢᠨ ᠬᠠᠶᠢᠷ᠎ᠠ | ᠠᠮᠢᠳᠤᠷᠠᠯ ᠤᠨ ᠵᠠᠶᠠᠭ᠎ᠠ ᠪᠠᠨ ᠬᠤᠯᠪᠤᠭᠰᠠᠨ ᠠᠮᠠᠷᠠᠭ ᠨᠦᠬᠦᠷ ᠤᠨ ᠬᠠᠶᠢᠷ᠎ᠠ ᠬᠡᠭᠴᠢ ᠪᠠᠷ ᠠᠮᠢᠳᠤᠷᠠᠯ | ᠬᠠᠶᠢᠷ᠎ᠠ ᠪᠠᠷ ᠪᠢᠯᠬᠠᠨ᠎ᠠ᠂ ᠬᠠᠶᠢᠷ᠎ᠠ ᠶᠢᠨ ᠬᠦᠴᠦᠨ ᠳᠤ ᠲᠡᠯᠡᠬᠡᠢ ᠪᠠᠶᠠᠰᠤᠨ᠎ᠠ᠂ ᠰᠡᠳᠬᠢᠯ ᠲᠡᠨᠡᠶᠢᠨᠡ᠃ | ᠬᠠᠶᠢᠷ᠎ᠠ ᠶᠢ ᠪᠢᠳᠡ ᠠᠮᠢᠳᠤᠷᠠᠯ ᠤᠨ ᠦᠨᠴᠦᠭ ᠪᠤᠯᠤᠩ ᠪᠦᠷᠢ ᠠᠴᠠ ᠮᠡᠳᠡᠷᠡᠵᠥ ᠤᠯᠳᠠᠭ᠃ ᠠᠮᠳᠠᠷᠬᠠᠵᠥ | ᠪᠠᠶᠠᠰᠳᠠᠭ ᠶᠤᠮ ᠡ᠃ ᠤᠮᠳᠠᠭᠠᠰᠤᠭᠰᠠᠨ ᠴᠠᠭ ᠦᠭᠬᠦᠭᠰᠡᠨ ᠤᠭᠤᠴᠠ ᠤᠰᠤ ᠠᠴᠠ᠂ ᠤᠶᠢᠴᠢᠭᠰᠠᠨ ᠴᠠᠭ ᠲᠤ | ᠲᠦᠰᠢᠭᠰᠡᠨ ᠬᠠᠯᠠᠭᠤᠨ ᠭᠠᠷ ᠠᠴᠠ᠂ ᠤᠬᠢᠯᠠᠭᠰᠠᠨ ᠦᠶ᠎ᠡ ᠳᠤ ᠠᠷᠭᠠᠳᠠᠭᠰᠠᠨ ᠭᠠᠭᠴᠠ ᠦᠬᠡᠨ ᠠᠴᠠ᠂ | ᠤᠷᠤᠭᠤᠳᠤᠭᠰᠠᠨ ᠴᠠᠭ ᠲᠤ ᠵᠤᠷᠢᠭᠵᠢᠭᠤᠯᠤᠭᠰᠠᠨ ᠬᠠᠷᠠᠴᠠ ᠠᠴᠠ᠂ ᠲᠠᠪᠰᠢᠭᠰᠠᠨ ᠦᠶ᠎ᠡ ᠳᠤ ᠤᠷᠠᠮᠰᠢᠭᠤᠯᠤᠭᠰᠠᠨ | ᠡᠷᠡᠬᠡᠢ ᠬᠤᠷᠤᠭᠤᠨ ᠠᠴᠠ ᠪᠢᠳᠡ ᠪᠦᠷ ᠬᠢᠵᠠᠭᠠᠯᠠᠰᠢ ᠦᠬᠡᠢ ᠪᠠᠶᠠᠷ ᠵᠢᠷᠭᠠᠯ ᠤᠯᠵᠥ ᠡᠳ᠋ᠯᠡᠳᠡᠭ᠃ | ᠠᠮᠢᠳᠤᠷᠠᠯ ᠬᠡᠭᠴᠢ ᠬᠠᠶᠢᠷᠠᠳᠠᠢ ᠳᠤ ᠪᠠᠨ ᠬᠠᠯᠠᠮᠵᠢᠯᠠᠳᠠᠭ᠂ ᠬᠠᠨᠢᠯᠠᠭᠰᠠᠨ ᠳᠤ ᠪᠠᠨ ᠪᠠᠶᠠᠰᠳᠠᠭ᠂ | ᠬᠠᠭᠠᠴᠠᠭᠰᠠᠨ ᠳᠤ ᠪᠠᠨ ᠭᠤᠳᠤᠷᠠᠳᠠᠭ᠂ ᠬᠡᠷᠡᠯᠳᠦᠭᠰᠡᠨ ᠳᠤ ᠪᠠᠨ ᠭᠤᠮᠤᠳᠠᠳᠠᠭ ᠴᠤ ᠬᠠᠶᠢᠷ᠎ᠠ ᠶᠢ ᠪᠢᠳᠡ ᠬᠡᠵᠢᠶᠡᠳᠡ | ᠮᠡᠳᠡᠷᠡᠵᠥ᠂ ᠬᠠᠶᠢᠷ᠎ᠠ ᠶᠢᠨ ᠬᠠᠷᠢᠭᠤ ᠳᠤ ᠲᠠᠯᠠᠷᠬᠠᠵᠥ ᠶᠠᠪᠤᠬᠤ ᠶᠤᠰᠤᠳᠠᠢ᠃ | ᠬᠦᠮᠦᠨ ᠤ ᠬᠤᠷᠸ᠎ᠠ ᠶᠢᠨ ᠲᠤᠭᠤᠰᠤᠨ ᠳᠤ ᠠᠮᠢᠳᠤᠷᠠᠬᠤ ᠳᠠᠭᠠᠨ ᠬᠦᠮᠦᠨ ᠪᠦᠷᠢ ᠪᠠᠶᠠᠷ ᠵᠢᠷᠭᠠᠯ ᠢ ᠬᠦᠬᠡᠬᠡᠴᠡᠯᠳᠡᠳᠡᠭ | ᠴᠤ ᠶᠡᠷᠦ ᠨᠢ ᠵᠦᠢᠯ ᠵᠦᠢᠯ ᠤᠨ ᠬᠦᠴᠢᠷ ᠪᠡᠷᠬᠡᠰᠢᠶᠡᠯ᠂ ᠲᠦᠪᠡᠭ ᠪᠤᠳᠤᠯᠢᠶᠠᠨ ᠳᠤ ᠲᠤᠯᠭᠠᠷᠠᠳᠠᠭ ᠶᠤᠮ ᠃ | ᠲᠡᠳᠡᠭᠡᠷ ᠵᠠᠮ ᠲᠤᠰᠤᠭᠰᠠᠨ ᠪᠠᠷᠰ ᠤᠳ ᠡᠷᠡᠯᠬᠡᠭ ᠠᠩᠴᠢᠳ ᠠᠴᠠ ᠠᠶᠤᠨ ᠵᠠᠶᠢᠯᠠᠨ ᠲᠤᠳᠠᠭᠠᠳᠠᠭ ᠲᠠᠢ | ᠠᠳᠠᠯᠢ ᠪᠠᠷ ᠬᠠᠶᠢᠷ᠎ᠠ ᠶᠢᠨ ᠬᠦᠴᠦᠨ ᠠᠴᠠ ᠠᠶᠤᠨ ᠰᠦᠷᠳᠡᠬᠦ ᠶᠤᠮ᠃ ᠬᠦᠮᠦᠨ ᠤ ᠠᠮᠢᠳᠤᠷᠠᠯ ᠬᠡᠵᠥ ᠶᠠᠭ ᠬᠢᠵᠠᠭᠠᠷ | ᠦᠬᠡᠢ ᠲᠠᠯᠠᠢ ᠳᠤ ᠠᠶᠠᠯᠠᠬᠤ ᠤᠩᠭᠤᠴᠠ ᠮᠡᠳᠦ᠃ ᠰᠠᠯᠬᠢᠨ ᠤᠷᠤᠭᠤ ᠲᠠᠶᠢᠪᠤᠬᠠᠨ ᠤᠷᠤᠭᠰᠢᠯᠠᠵᠥ ᠴᠢᠳᠠᠬᠤ | ᠮᠦᠷᠳᠡᠬᠡᠨ ᠰᠠᠯᠬᠢᠨ ᠰᠦᠷᠦᠨ ᠬᠦᠴᠢᠷᠳᠡᠶᠢᠬᠡᠨ ᠵᠢᠳᠬᠦᠵᠥ ᠮᠠᠳᠡᠨ᠎ᠠ᠃ ᠪᠠᠰᠠ ᠲᠠᠯᠠᠢ ᠶᠢᠨ ᠲᠤᠭᠰᠢᠨ ᠰᠢᠷᠦᠬᠦᠨ | ᠲᠠᠪᠠᠯᠭᠠᠨ ᠳᠤ ᠵᠠᠯᠬᠢᠭᠳᠠᠵᠥ ᠴᠤ ᠮᠡᠳᠡᠨ᠎ᠡ᠃ ᠬᠠᠶᠢᠷ᠎ᠠ ᠶᠢᠨ ᠰᠠᠯᠬᠢᠨ ᠨᠢ ᠬᠦᠮᠦᠨ ᠢ ᠤᠷᠤᠭᠰᠢᠯᠠᠭᠤᠯᠵᠤ ᠴᠢᠳᠠᠨ᠎ᠠ | ᠂ ᠲᠠᠪᠰᠢᠭᠤᠯᠵᠤ ᠴᠢᠳᠠᠨ᠎ᠠ᠂ ᠪᠠᠶᠠᠷᠯᠠᠭᠤᠯᠵᠤ ᠴᠢᠳᠠᠨ᠎ᠠ᠂ ᠢᠨᠢᠶᠡᠯᠬᠡᠵᠥ ᠴᠢᠳᠠᠨ᠎ᠠ᠃ ᠠᠮᠢᠳᠦᠷᠠᠯ ᠤᠨ ᠦᠭᠡᠳᠡ | ᠤᠷᠤᠭᠤ ᠲᠠᠪᠠᠭᠠᠨ ᠳᠤ ᠵᠤᠪᠠᠭᠠᠨ ᠵᠦᠳᠡᠷᠡᠭᠡᠬᠦ᠂ ᠭᠤᠨᠢᠵᠤ ᠭᠠᠩᠰᠠᠷᠭᠠᠬᠤ᠂ ᠠᠭᠤᠷᠯᠠᠨ ᠴᠢᠬᠤᠯᠳᠠᠭᠤᠯᠬᠤ ᠪᠡᠷᠭᠡ | ᠠᠶᠠᠨ ᠲᠤᠬᠢᠶᠠᠯᠳᠤᠵᠤ ᠮᠡᠳᠡᠨ᠎ᠠ᠂ ᠭᠡᠪᠡᠴᠦ ᠲᠤᠭᠤᠯᠵᠤ ᠲᠡᠶᠢᠯᠦᠰᠢ ᠦᠭᠡᠢ ᠭᠤᠤᠯ ᠭᠡᠵᠤ ᠪᠠᠶᠢᠳᠠᠭ ᠦᠭᠡᠢ ᠶᠢᠨ | ᠠᠳᠠᠯᠢ ᠪᠡᠷᠭᠡᠰᠢᠶᠡᠯᠳᠦ ᠬᠦᠨᠳᠦ ᠡᠳᠦᠷ ᠬᠤᠨᠤᠭ ᠢ ᠲᠠᠪᠠᠨ ᠲᠤᠭᠤᠯᠵᠤ᠂ ᠠᠯᠳᠠᠨ ᠨᠠᠷᠠ ᠲᠠᠢ ᠵᠤᠯᠭᠠᠬᠤ ᠦᠶ᠎ᠠ᠂ | ᠦᠩᠭᠡᠷᠡᠭᠰᠡᠨ ᠤ ᠪᠠᠷᠠᠭᠠᠨ ᠵᠡᠬᠦᠳᠦ ᠴᠢᠨᠢ ᠬᠡᠳᠦᠶᠢᠨ ᠮᠠᠩᠬᠠᠨ ᠳᠤ ᠬᠤᠷᠤᠮᠬᠠᠨ ᠲᠤᠷᠠᠶᠢᠭᠰᠠᠨ ᠴᠦ ᠰᠠᠯᠬᠢᠨ ᠳᠤ | ᠲᠦᠳᠡᠯ ᠦᠭᠡᠢ ᠲᠠᠷᠤᠭᠳᠠᠴᠢᠬᠠᠬᠤ ᠭᠱᠠᠨ ᠤ ᠮᠦᠷ ᠰᠢᠭ ᠰᠡᠬᠦᠳᠡᠷ ᠰᠤᠷᠠᠭ ᠦᠭᠡᠢ ᠪᠤᠯᠤᠨ᠎ᠠ᠃ ᠡᠨ᠋ᠨ ᠰᠠᠯᠬᠢᠨ | ᠬᠡᠶᠢᠰᠦᠭᠰᠡᠭᠡᠷ ᠪᠠᠶᠢᠵᠥ ᠰᠤᠯᠢᠷ ᠬᠠᠷᠪᠤᠬᠤ ᠮᠠᠳᠥ ᠬᠤᠷᠤᠮᠬᠠᠨ᠎ᠠ ᠡᠬᠡ ᠲᠡᠯᠡᠬᠡᠢ ᠶᠢ ᠪᠦᠷᠬᠦᠵᠥ ᠠᠯᠢᠪᠠ ᠪᠦᠬᠦᠨ ᠢ | ᠠᠮᠤᠷ ᠲᠤᠭᠳᠠᠭᠤᠨ ᠪᠠᠶᠠᠷ ᠵᠢᠷᠭᠠᠯ ᠲᠠᠢ ᠪᠤᠯᠭᠠᠵᠥ ᠴᠢᠳᠠᠳᠠᠭ᠃ | ᠪᠢ ᠪᠤᠯ ᠨᠢᠬᠡᠨ ᠲᠤᠶᠢᠯ ᠤᠨ ᠵᠤᠯ ᠲᠠᠢ ᠪᠦᠬᠡᠳ ᠪᠠᠰᠠ ᠴᠤ ᠲᠤᠶᠢᠯ ᠤᠨ ᠵᠤᠯ ᠪᠤᠰᠤ ᠬᠤᠪᠢ ᠵᠠᠶᠠᠭ᠎ᠠ | ᠲᠠᠢ ᠬᠦᠮᠦᠨ ᠶᠤᠮ᠃ ᠬᠡᠳᠦᠶᠢᠪᠡᠷ ᠨᠢᠬᠡᠨ ᠡᠬᠡᠯ ᠵᠢᠷ ᠤᠨ ᠮᠠᠯᠴᠢᠨ ᠤ ᠬᠡᠷ ᠲᠤ ᠲᠦᠷᠦᠭᠰᠡᠨ ᠪᠤᠯᠪᠠᠴᠤ ᠡᠨᠡᠷᠢᠯ | ᠶᠡᠭᠡᠳᠡᠢ ᠡᠮᠡᠭᠡ ᠶᠢᠨ ᠭᠠᠷ ᠲᠡᠭᠡᠷ᠎ᠡ ᠠᠪᠤ ᠡᠵᠢ ᠶᠢᠨ ᠠᠭᠤᠤ ᠠᠭᠤᠳᠠᠮ ᠬᠠᠶᠢᠷ᠎ᠠ ᠳᠤ ᠪᠤᠬᠠᠨ ᠬᠦᠵᠦᠬᠦᠨ ᠲᠡᠭᠡᠷ᠎ᠡ | ᠠᠮᠢᠳᠤᠷᠠᠵᠥ ᠮᠠᠯ ᠠᠬᠤᠢ ᠶᠢᠨ ᠠᠵᠢᠯ ᠳᠤ ᠤᠷᠤᠯᠴᠠᠭᠰᠠᠨ ᠦᠬᠡᠢ ᠪᠢᠴᠢᠭ ᠰᠤᠶᠤᠯ ᠤᠨ ᠮᠦᠷ ᠢ ᠬᠦᠬᠡᠬᠡᠭᠰᠡᠨ | ᠡᠷᠬᠢ ᠲᠠᠩᠬᠢ ᠦᠰᠦᠭᠰᠡᠨ ᠬᠡᠤᠭᠡᠳ ᠠᠴᠠ ᠲᠡᠷᠡ ᠦᠶ᠎ᠡ ᠶᠢᠨ ᠲᠡᠷᠡ ᠴᠠᠭ ᠮᠦᠴᠠ ᠳᠤ ᠪᠢ ᠬᠠᠶᠢᠷ᠎ᠠ ᠪᠦᠬᠦᠨ ᠢ | ᠡᠳ᠋ᠯᠡᠵᠦ ᠶᠠᠪᠤᠬᠤ ᠳᠠᠭᠠᠨ ᠶᠡᠷᠦᠨᠢ ᠬᠠᠶᠢᠷ᠎ᠠ ᠪᠤᠯ ᠶᠠᠮᠡᠷ ᠰᠢᠦ ᠪᠠᠶᠢᠳᠠᠭ ᠢ ᠤᠬᠠᠭ᠎ᠠ ᠦᠭᠡᠢ᠂ ᠡᠷᠬᠢᠮᠯᠡᠭᠡ ᠦᠭᠡᠢ | ᠶᠤᠪᠤᠵᠥ ᠪᠠᠶᠢᠭᠰᠠᠨ᠃ ᠠᠩᠬ᠎ᠠ ᠲᠤᠮᠳᠠᠳᠦ ᠳᠤ ᠰᠢᠯᠭᠠᠨ ᠤᠷᠤᠵᠥ ᠬᠤᠰᠢᠭᠤᠨ ᠲᠦᠪ ᠲᠤ ᠤᠴᠢᠵᠥ ᠰᠤᠷᠤᠯᠴᠠᠬᠤ | ᠲᠡᠷᠡ ᠵᠢᠯ ᠮᠢᠨᠥ ᠬᠠᠮᠤᠭ ᠤᠨ ᠬᠠᠶᠢᠷᠠᠳᠠᠢ ᠡᠮᠡᠭᠡ ᠮᠢᠨᠥ ᠤᠯᠠᠭᠠᠨ ᠬᠤᠭᠤᠯᠠᠢ ᠶᠢᠨ ᠦᠮᠡᠨ ᠤᠯᠵᠥ ᠢᠳᠡᠬᠦ | ᠲᠤᠷᠠᠰᠢᠯ ᠨᠢ ᠤᠯᠠᠮ ᠤᠯᠠᠮ ᠠᠴᠠ ᠮᠠᠭᠤᠳᠠᠵᠥ ᠠᠷᠠᠰᠦ ᠶᠠᠰᠦ ᠯᠡ ᠪᠤᠯᠵᠥ ᠲᠤᠷᠠᠭᠰᠠᠨ ᠢ ᠨᠢ ᠦᠵᠡᠬᠡᠳ ᠲᠡᠰᠴᠦ | ᠶᠠᠳᠡᠨ ᠡᠮᠡᠭᠡ ᠪᠠᠨ ᠲᠡᠪᠡᠷᠢᠨ ᠤᠬᠢᠯᠠᠬᠤ ᠳᠤ《 ᠮᠢᠨᠥ ᠮᠠᠭᠤ ᠨᠢᠰᠤᠩᠬᠠᠢ ᠤᠬᠢᠯᠠᠵᠥ ᠪᠤᠯᠬᠤ ᠦᠬᠡᠢ ᠰᠢᠦ᠂ | ᠲᠡᠭᠡᠵᠥ ᠤᠬᠢᠯᠠᠵᠥ ᠤᠨᠵᠢᠢᠪᠡᠯ ᠰᠦᠯᠳᠡ ᠦᠬᠡᠢ ᠪᠤᠯᠤᠨ᠎ᠠ᠂ ᠡᠮᠡᠭᠡ ᠨᠢ ᠬᠠᠮᠢᠶ᠎ᠡ ᠦᠬᠡᠢ ᠤᠳᠠᠯ ᠦᠬᠡᠢ ᠵᠦᠬᠡᠷ | ᠪᠤᠯᠴᠢᠬᠠᠨ᠎ᠠ 》ᠬᠡᠵᠥ ᠨᠠᠳᠠ ᠶᠢ ᠠᠷᠭᠠᠳᠠᠨ᠎ᠠ᠃ ᠪᠢ ᠴᠤ ᠡᠮᠡᠭᠡ ᠮᠢᠨᠢ ᠤᠳᠠᠯ ᠦᠬᠡᠢ ᠰᠠᠶᠢᠨ ᠪᠤᠯᠴᠢᠬᠠᠨ᠎ᠠ ᠭᠡᠳ | ᠠᠮᠠᠷᠠᠯᠳᠠ ᠪᠠᠷ ᠢᠷᠡᠬᠦ ᠳᠡᠭᠡᠨ ᠡᠮᠡᠭᠡ ᠵᠢᠨᠢᠳᠡᠬᠦ ᠲᠤᠷᠠᠳᠠᠢ ᠵᠦᠬᠡᠯᠡᠨ ᠪᠤᠭᠤᠷᠰᠠᠭ ᠠᠴᠠ ᠡᠮᠡᠭᠡ ᠳᠡᠭᠡᠨ ᠠᠪᠴᠢᠷᠠᠵᠥ | ᠦᠭᠬᠦᠬᠡᠳ ᠵᠠᠪᠠᠯ ᠢᠳᠡᠬᠦᠯᠦᠨ᠎ᠡ ᠬᠡᠵᠥ ᠱᠠᠭᠠᠷᠳᠠᠬᠤ ᠳᠤ ᠤᠭᠤᠴᠢ ᠤᠰᠤ ᠶᠢ ᠴᠤ ᠲᠤᠭᠳᠠᠭᠠᠵᠥ ᠲᠡᠶᠢᠯᠬᠦ | ᠪᠤᠯᠤᠭᠰᠡᠨ ᠡᠮᠡᠭᠡ ᠮᠢᠨᠢ ᠮᠢᠨᠥ ᠠᠪᠴᠢᠷᠠᠵᠥ ᠦᠭᠬᠦᠭᠰᠡᠨ ᠪᠤᠭᠤᠷᠰᠠᠭ ᠶᠢ ᠵᠠᠬ᠎ᠠ ᠳᠠᠭᠠᠨ ᠲᠠᠯᠪᠢᠵᠥ 《 ᠮᠢᠨᠥ ᠮᠠᠭᠤ | ᠤᠬᠠᠭᠠᠨ ᠲᠠᠢ ᠨᠢᠰᠤᠩᠬᠠᠢ ᠶᠢᠨ ᠡᠮᠡᠭᠡ ᠳᠡᠭᠡᠨ ᠠᠪᠴᠢᠷᠠᠵᠥ ᠦᠭᠬᠦᠭᠰᠡᠨ ᠪᠤᠭᠤᠷᠰᠠᠭ᠂ ᠡᠮᠡᠭᠡ ᠨᠢ ᠰᠠᠶᠢᠨ | ᠪᠤᠯᠤᠭᠰᠠᠨ ᠤ ᠰᠡᠬᠦᠯᠡᠷ ᠪᠦᠬᠦᠳᠡ ᠶᠢ ᠢᠳᠡᠨ᠎ᠡ ᠨᠡᠳᠡ ᠶᠢ ᠦᠬᠦᠬᠡᠷᠳᠡᠨ ᠬᠡᠯᠡᠵᠥ ᠪᠠᠶᠢᠭᠰᠡᠨ ᠴᠤ ᠡᠴᠤᠰ ᠲᠤ | ᠨᠢᠬᠡ ᠠᠮᠠ ᠴᠤ ᠢᠳᠡᠯ ᠦᠬᠡᠢ ᠶᠢᠷᠳᠢᠨᠴᠦ ᠶᠢᠨ ᠮᠦᠩᠬᠡ ᠪᠤᠰᠤ ᠶᠢ ᠦᠵᠡᠭᠰᠡᠨ᠃ ᠠᠮᠢ ᠲᠠᠯᠪᠢᠳᠠᠯᠠ ᠪᠠᠨ | ᠡᠨᠡᠷᠢᠩᠬᠦᠢ ᠵᠦᠬᠡᠯᠡᠨ ᠬᠠᠷᠠᠴᠠ ᠪᠠᠷ ᠢᠶᠠᠨ ᠪᠢᠳᠡᠨ ᠢᠶᠠᠨ ᠰᠢᠷᠳᠡᠵᠥ《 ᠬᠤᠷᠸ᠎ᠠ ᠶᠢᠨ ᠬᠠᠳᠠᠭᠤ ᠵᠢᠮ᠎ᠠ ᠶᠢ ᠬᠡᠨ | ᠬᠡᠵᠢᠶᠡᠳᠡ ᠬᠤᠪᠢᠷᠠᠭᠤᠯᠵᠥ ᠴᠢᠳᠠᠳᠠᠭ ᠦᠬᠡᠢ ᠰᠢᠤ᠂ ᠡᠮᠡᠭᠡ ᠶᠢᠨ ᠬᠢᠨ ᠶᠠᠪᠤᠬᠤ ᠴᠠᠭ ᠨᠢ ᠪᠤᠯᠤᠭᠰᠠᠨ᠂ ᠪᠢᠳᠡᠬᠡᠢ | ᠲᠡᠭᠡᠵᠥ ᠤᠬᠢᠯᠡᠵᠥ ᠤᠨᠵᠢ 》 ᠬᠡᠵᠥ ᠬᠡᠯᠡᠵᠥ ᠪᠠᠶᠢᠭᠰᠠᠨ᠃ ᠡᠨᠡᠷᠢᠩᠬᠦᠢ ᠵᠦᠬᠡᠯᠡᠨ ᠬᠠᠷᠠᠴᠠ ᠨᠢ ᠬᠠᠶᠢᠷ᠎ᠠ | ᠬᠠᠶᠢᠷ᠎ᠠ ᠶᠢᠨ ᠬᠤᠯᠪᠤᠭᠠᠰᠤ ᠪᠠᠷ ᠵᠢᠷᠦᠬᠡᠨ ᠤ ᠮᠢᠨᠢ ᠰᠤᠳᠠᠰᠤ ᠪᠠᠷ ᠲᠡᠮᠵᠢᠨ ᠬᠠᠶᠢᠷ᠎ᠠ ᠶᠢᠨ ᠬᠦᠴᠦᠨ ᠪᠤᠯᠵᠥ | ᠬᠤᠪᠢᠷᠠᠯ᠎ᠠ᠃ | ᠮᠡᠨ ᠤ ᠬᠡᠷ ᠤᠨ ᠬᠢᠨ ᠡᠨᠡ ᠬᠡᠳᠦᠨ ᠵᠢᠯ ᠠᠰᠢᠳᠡ ᠶᠢᠨ ᠤᠳᠤ ᠨᠢ ᠬᠠᠵᠠᠠᠶᠢᠴᠢᠬᠠᠵᠠᠢ᠃ ᠡᠮᠡᠭᠡ ᠨᠠᠰᠤ | ᠪᠠᠷᠠᠭᠰᠠᠨ ᠤ ᠲᠠᠷᠠᠭ᠎ᠠ ᠶᠤᠰᠤᠳᠡᠢ ᠪᠦᠳᠦᠷᠢᠭᠰᠡᠨ ᠲᠡᠭᠡᠷ᠎ᠡ ᠨᠢᠳᠤᠷᠭᠠᠳᠤᠭᠰᠠᠨ ᠲᠠᠢ ᠠᠳᠠᠯᠢ ᠪᠤᠯᠵᠥ᠂ ᠮᠡᠯ ᠰᠦᠷᠦᠭ | ᠲᠤ ᠡᠯᠳᠡᠪ ᠡᠰᠡ ᠶᠢᠨ ᠬᠠᠯᠳᠠᠪᠦᠷᠢᠳᠦ ᠡᠪᠡᠳᠴᠢᠨ ᠲᠤᠰᠴᠦ᠂ ᠬᠡᠳᠦ ᠬᠡᠳᠦ ᠪᠠᠷ ᠦᠬᠦᠬᠦ ᠶᠢ ᠡᠵᠢ ᠮᠢᠨᠢ ᠦᠵᠡᠬᠡᠳ | ᠦᠨᠳᠦᠷ ᠲᠠᠭᠤᠨ ᠢᠶᠠᠷ ᠲᠠᠭᠤ ᠲᠠᠯᠪᠢᠭᠰᠠᠨ ᠰᠡᠨ᠃ ᠮᠤᠩᠭᠤᠯ ᠬᠦᠮᠦᠨ ᠨᠢᠬᠦᠯᠰᠤᠩᠬᠦᠢ ᠬᠠᠶᠢᠷ᠎ᠠ ᠨᠢ ᠵᠦᠪᠭᠡᠨ | ᠬᠦᠮᠦᠨ ᠬᠦᠮᠦᠨ ᠤ ᠬᠤᠭᠤᠷᠤᠨᠳᠦ ᠪᠢᠰᠢ ᠠᠮᠢᠳᠠᠨ ᠬᠦᠮᠦᠨ ᠤ ᠬᠤᠭᠤᠷᠤᠨᠳᠦ ᠴᠤ ᠬᠦᠨ ᠵᠤᠵᠠᠭᠠᠨ ᠬᠡᠳᠡᠭ ᠢ | ᠤᠶᠢᠯᠭᠠᠨ ᠲᠠᠨᠢᠭᠰᠠᠨ ᠰᠠᠨ᠃ | ᠡᠵᠢ ᠶᠢᠨ ᠮᠢᠨᠢ ᠨᠢᠬᠡ ᠨᠢᠳᠦᠨ ᠤ ᠬᠠᠷᠠᠭ᠎ᠠ ᠨᠢ ᠮᠠᠭᠤᠳᠠᠭᠠᠳ ᠨᠡᠯᠢᠶᠡᠳ ᠤᠳᠠᠴᠢᠬᠠᠯ᠎ᠠ᠃ ᠤᠶᠢᠷ᠎ᠡ | ᠤᠷᠴᠢᠮ ᠤᠨ ᠡᠮᠴᠢ ᠶᠢᠨ ᠬᠤᠷᠢᠶᠡᠨ ᠳᠤ ᠦᠵᠡᠬᠦᠯᠦᠬᠡᠳ ᠤᠯᠢᠭᠳᠠᠢ ᠬᠠᠷᠢᠭᠤᠯᠳᠠ ᠤᠯᠬᠤ ᠦᠬᠡᠢ《 ᠰᠢᠯᠢᠨ | ᠬᠦᠵᠦᠬᠦᠦ ᠨᠢ ᠮᠦᠬᠡᠷᠡᠰᠦᠯᠡᠬᠡᠳ ᠮᠡᠳᠡᠷᠡᠯ ᠢ ᠨᠢ ᠲᠠᠷᠤᠵᠥ ᠪᠠᠶᠢᠨ᠎ᠠ 》ᠬᠡᠳ ᠪᠠᠭ᠎ᠠ ᠰᠠᠭ᠎ᠠ ᠡᠮ ᠲᠠᠩ | ᠤᠤᠭᠤᠭᠰᠠᠨ ᠪᠤᠯᠪᠠᠴᠦ ᠡᠳᠡᠭᠡᠷᠡᠯᠳᠡ ᠦᠬᠡᠢ᠃ ᠭᠠᠳᠠᠭᠰᠢ ᠭᠠᠷᠴᠦ ᠶᠡᠭᠡ ᠡᠮᠨᠡᠯᠬᠡ ᠳᠤ ᠪᠠᠶᠢᠴᠠᠭᠠᠯᠭᠠᠬᠤ ᠶᠢ ᠡᠵᠢ | ᠳᠤ ᠬᠡᠳᠦᠶᠢᠴᠢᠨᠡᠨ ᠰᠠᠨᠠᠭᠤᠯᠤᠭᠰᠠᠨ ᠪᠤᠯᠪᠠᠴᠤ ᠬᠡᠷ ᠲᠡᠷᠭᠡ ᠢᠶᠠᠨ ᠬᠠᠶᠠᠵᠥ ᠬᠤᠯᠡ ᠶᠠᠪᠤᠵᠥ ᠦᠵᠡᠬᠦᠯᠵᠥ | ᠲᠦᠪᠡᠭᠳᠡᠭᠰᠡᠨ ᠦᠬᠡᠢ᠃ | ᠰᠡᠬᠦᠯᠡᠷ ᠨᠢ ᠡᠵᠢ ᠶᠢᠨ ᠨᠢᠳᠦ ᠶᠠᠪᠤᠬᠤ ᠲᠤᠳᠤᠮ ᠮᠠᠭᠤᠳᠠᠵᠥ ᠶᠠᠭᠤᠮ᠎ᠠ ᠤᠯᠵᠥ ᠦᠵᠡᠬᠦ ᠦᠬᠡᠢ | ᠪᠤᠯᠤᠭᠰᠠᠨ ᠪᠦᠬᠡᠳ ᠪᠠᠷᠠᠭᠤᠨ ᠭᠠᠷ ᠨᠢ ᠴᠤ ᠰᠠᠨᠠᠭ᠎ᠠ ᠪᠠᠷ ᠨᠢ ᠵᠠᠷᠤᠭᠳᠠᠬᠤ ᠦᠬᠡᠢ ᠪᠤᠯᠤᠭᠰᠠᠨ ᠳᠤ ᠪᠦᠬᠦᠳᠡ | ᠢᠳᠬᠠᠭᠰᠠᠭᠠᠷ ᠪᠠᠶᠢᠵᠥ ᠤᠯᠠᠭᠠᠨᠬᠠᠳᠠ ᠬᠤᠳᠠᠨ ᠳᠤ ᠪᠠᠶᠢᠴᠠᠯᠭᠠᠬᠤ ᠳᠤ ᠤᠨᠤᠪᠴᠢᠳᠠᠢ ᠲᠤᠳᠤᠯᠤᠯᠳᠠ ᠤᠯᠤᠭᠰᠠᠨ | ᠦᠬᠡᠢ ᠲᠤᠮᠤ ᠭᠠᠵᠠᠷ ᠠᠪᠴᠦ ᠶᠠᠪᠤᠭᠠᠷᠠᠢ ᠬᠡᠯᠡ᠃ ᠬᠦᠬᠡᠬᠤᠳᠡᠨ ᠤ ᠡᠮᠨᠡᠯᠬᠡ ᠳᠤ ᠪᠠᠶᠢᠴᠠᠯᠭᠠᠬᠤ ᠳᠤ ᠲᠡᠷᠢᠬᠢᠨ | ᠲᠡᠭᠡᠷ᠎ᠡ ᠨᠢ ᠠᠰᠢᠭ ᠭᠠᠷᠤᠭᠰᠠᠨ ᠠᠴᠠ ᠵᠠᠪᠠᠯ ᠮᠠᠰᠠ ᠵᠠᠰᠠᠯ ᠬᠢᠬᠦ ᠴᠢᠬᠤᠯᠡ ᠲᠠᠢ᠂ ᠲᠡᠷᠡ ᠮᠦᠷᠳᠡᠭᠡᠨ ᠠᠰᠢᠭ | ᠨᠡᠯᠢᠶᠡᠳ ᠲᠤᠮᠤ ᠪᠤᠯᠤᠭᠰᠠᠨ ᠠᠴᠠ ᠮᠠᠰᠠ ᠵᠠᠰᠠᠯ ᠬᠢᠬᠦ ᠳᠤ ᠲᠤᠩ ᠬᠦᠴᠢᠷ᠂ ᠬᠡᠷᠪᠡ ᠮᠡᠰᠠ ᠵᠠᠰᠠᠯ ᠠᠮᠵᠢᠯᠳᠠ | ᠤᠯᠪᠠᠯ ᠪᠦᠷᠢᠮᠦᠰᠦᠨ ᠡᠷᠡᠬᠦᠯᠵᠢᠵᠥ ᠴᠢᠳᠠᠨ᠎ᠠ᠃ ᠬᠡᠪᠡᠴᠦ ᠠᠮᠵᠢᠯᠳᠠ ᠤᠯᠬᠤ ᠨᠤᠷᠮ᠎ᠠ ᠲᠤᠩ ᠲᠤᠤᠷ᠎ᠠ ᠬᠡᠳᠡᠭ ᠢ | ᠮᠠᠨ ᠳᠤ ᠲᠤᠳᠤᠷᠬᠠᠶᠢᠯᠠᠨ ᠦᠭᠴᠦ ᠮᠠᠨ ᠢ ᠶᠠᠷᠢᠯᠴᠠᠨ ᠰᠢᠢᠳᠪᠤᠷᠢ ᠠᠪ ᠬᠡᠯᠡ᠃ ᠮᠠᠨ ᠤ ᠬᠢᠨ ᠤᠶᠢᠷ᠎ᠡ ᠰᠠᠳᠤᠨ | ᠪᠦᠬᠦᠳᠡᠭᠡᠷ ᠬᠤᠷᠠᠯ ᠬᠢᠵᠥ ᠵᠠᠳᠠᠯᠤᠨ ᠶᠠᠷᠢᠯᠴᠠᠨ ᠲᠤᠭᠳᠠᠭᠰᠠᠨ ᠤ ᠳ᠋ᠦᠩ ᠳᠤ ᠮᠠᠰᠠ ᠵᠠᠰᠠᠯ ᠬᠢᠬᠦ ᠪᠠᠷ ᠪᠤᠯᠪᠠ᠃ | | ᠠᠪᠤ ᠡᠵᠢ ᠬᠦᠬᠡᠬᠤᠳᠡᠨ ᠳᠤ ᠶᠠᠪᠤᠭᠠᠳ ᠭᠠᠷᠠᠭ ᠪᠤᠯᠴᠢᠬᠠᠯ᠎ᠠ᠃ ᠲᠡᠬᠦᠦ ᠮᠠᠨ ᠤ ᠬᠤᠶᠠᠷ ᠲᠤ ᠤᠳᠠᠰᠦ | ᠢᠷᠡᠬᠦ ᠴᠤ ᠦᠬᠡᠢ᠂ ᠪᠢᠳᠡ ᠤᠳᠠᠰᠦ ᠠᠪᠤᠪᠠᠴᠦ ᠨᠡᠪᠳᠡᠷᠡᠬᠦ ᠦᠬᠡᠢ᠂ ᠬᠦᠮᠦᠨ ᠢ ᠦᠨᠡᠬᠡᠷ ᠪᠠᠴᠢᠮᠳᠠᠭᠤᠯᠤᠨ᠎ᠠ᠃ | ᠠᠪᠠᠭ᠎ᠠ ᠡᠬᠡᠴᠢ ᠶᠢᠨ ᠳᠤ ᠬᠦᠶᠦᠨ ᠬᠦᠷᠦᠬᠡᠳ ᠤᠴᠢᠷ ᠢ ᠠᠰᠠᠭᠤᠪᠠᠯ ᠡᠮᠨᠡᠯᠬᠡ ᠳᠤ ᠲᠤᠭᠳᠠᠭᠰᠠᠨ ᠴᠠᠭ ᠲᠠᠢ | ᠤᠳᠠᠰᠤ ᠵᠠᠷᠤᠭᠤᠯᠳᠠᠭ ᠬᠡᠵᠥ ᠲᠠᠶᠢᠯᠪᠤᠷᠢᠯᠡᠵᠥ ᠦᠭᠪᠡ᠃ ᠬᠡᠨᠤᠨᠳᠡ ᠨᠢᠬᠡ ᠰᠦᠨᠢ ᠪᠢ ᠡᠵᠢ ᠰᠠᠨᠳᠤᠷᠴᠦ ᠪᠠᠶᠢᠨ᠎ᠠ | ᠬᠡᠵᠥ ᠬᠠᠷ᠎ᠠ ᠲᠠᠷᠤᠨ ᠰᠤᠴᠢᠨ ᠰᠡᠷᠢᠪᠡᠯ ᠬᠠᠮᠤᠭ ᠪᠡᠶ᠎ᠡ ᠠᠴᠠ ᠬᠦᠢᠳᠡᠨ ᠬᠦᠯᠦᠰᠦ ᠠᠰᠬᠠᠷᠠᠵᠥ ᠪᠠᠶᠢᠪᠠ᠃ | ᠬᠡᠪᠡᠴᠦ ᠡᠮᠡᠭᠡ ᠶᠢᠨ ᠬᠡᠯᠡᠳᠡᠭ ᠵᠡᠬᠦᠳᠦ ᠡᠰᠡᠷᠬᠦ ᠬᠡᠳᠡᠭ ᠢᠶᠠᠷ ᠪᠡᠶ᠎ᠡ ᠪᠠᠨ ᠲᠠᠶᠢᠳᠬᠤᠷᠠᠭᠤᠯᠤᠨ ᠡᠨᠡ ᠲᠡᠷᠡ ᠶᠢ | ᠪᠤᠳᠤᠯᠬᠢᠯᠡᠨ ᠠᠷᠠᠢ ᠬᠡᠵᠥ ᠦᠷ ᠴᠠᠶᠢᠯᠭᠠᠭᠰᠠᠨ ᠴᠤ ᠲᠤᠳᠤᠷ᠎ᠠ ᠶᠡᠷᠦ ᠨᠢ ᠠᠮᠤᠷ ᠦᠬᠡᠢ ᠰᠤᠨᠢᠬᠠᠨ ᠪᠠᠶᠢᠪᠠ᠃ | ᠠᠩᠬᠢ ᠳᠤ ᠤᠷᠤᠵᠥ ᠢᠷᠡᠭᠡᠳ ᠰᠠᠭᠤᠵᠥ ᠪᠠᠶᠢᠳᠠᠯ᠎ᠠ ᠪᠠᠭᠰᠢ ᠬᠢᠴᠢᠶᠡᠯ ᠤᠷᠤᠬᠤ ᠪᠠᠷ ᠡᠬᠦᠳᠡ ᠲᠦᠯᠬᠢᠨ ᠤᠷᠤᠵᠥ | ᠢᠷᠡᠬᠦ ᠳᠤ ᠪᠢ ᠰᠤᠴᠢᠯᠭᠠᠨ ᠳᠠᠭᠠᠨ ᠲᠠᠪ ᠬᠢᠨ ᠪᠤᠰᠤᠨ ᠵᠤᠭᠰᠤᠯ᠎ᠠ ᠃ ᠰᠢᠷᠡᠭᠡ ᠨᠢᠬᠡᠳᠡᠨ ᠮᠢᠨᠢ ᠶᠡᠬᠡᠯ᠎ᠡ | ᠭᠠᠶᠢᠬᠠᠵᠥ 《 ᠬᠦᠢ᠂ ᠴᠢ ᠭᠠᠷ ᠤᠳᠠᠰᠦ ᠨᠠᠭᠠᠳᠴᠤ ᠪᠠᠶᠢᠭᠰᠠᠨ ᠤᠤ︖ 》ᠬᠡᠵᠥ ᠨᠠᠳᠠ ᠠᠴᠠ ᠠᠰᠠᠭᠤᠭᠰᠠᠨ | ᠪᠢᠯᠡ᠃ ᠡᠬᠦᠳᠡ ᠶᠢ ᠬᠡᠨᠦᠨᠳᠡ ᠬᠦᠮᠦᠨ ᠲᠤᠭᠰᠢᠬᠤ ᠳᠤ ᠨᠠᠳᠠ ᠳᠤ ᠶᠠᠭᠠᠬᠢᠬᠤ ᠶᠢᠨ ᠠᠷᠭ᠎ᠠ ᠦᠬᠡᠢ ᠮᠠᠭᠤ | ᠰᠤᠪᠢᠩ ᠲᠠᠳᠠᠵᠥ ᠪᠠᠶᠢᠯ᠎ᠠ᠃ ᠦᠨᠡᠬᠡᠷ ᠮᠢᠨᠥ ᠠᠪᠠᠭ᠎ᠠ ᠡᠬᠡᠴᠢ ᠪᠠᠶᠢᠯ᠎ᠠ᠃ 《 ᠡᠵᠢ ᠶᠢᠨ ᠴᠢᠨᠢ ᠲᠤᠯᠤᠭᠠᠢ ᠳᠤ | ᠬᠢᠭᠰᠡᠨ ᠮᠠᠰᠠ ᠵᠠᠰᠠᠯ ᠠᠮᠵᠢᠯᠳᠠ ᠤᠯᠤᠭᠰᠠᠨ ᠴᠤ ᠪᠠᠶ᠎ᠡ ᠨᠢ ᠵᠢᠭᠠᠬᠠᠨ ᠮᠠᠭᠤ ᠪᠠᠶᠢᠨ᠎ᠠ᠂ ᠪᠢᠳᠡ ᠁ | 》ᠴᠢᠨᠠᠭᠰᠢ ᠶᠠᠭᠤ ᠬᠡᠯᠡᠭᠰᠡᠨ ᠢ ᠨᠢ ᠪᠢ ᠪᠠᠰᠠ ᠤᠯᠵᠥ ᠰᠤᠨᠤᠰᠤᠭᠰᠠᠨ ᠦᠬᠡᠢ᠃ ᠬᠡᠴᠢᠨᠡᠨ ᠬᠤᠯᠡ ᠭᠠᠵᠠᠷ ᠠᠴᠠ | ᠰᠡᠳᠬᠢᠯᠬᠡ ᠪᠠᠷ ᠢᠶᠠᠨ ᠮᠡᠳᠡᠷᠡᠳᠡᠭ ᠬᠠᠶᠢᠷ᠎ᠠ ᠬᠠᠶᠢᠷ᠎ᠠ ᠶᠢᠨ ᠬᠤᠯᠪᠤᠭᠠᠰᠤ ᠨᠡᠳᠡ ᠵᠡᠬᠦᠳᠦ ᠦᠭᠴᠡᠢ᠃ ᠪᠢ ᠵᠡᠬᠦᠳᠦ | ᠵᠡᠷᠬᠡᠯᠬᠡᠨ ᠤ ᠲᠤᠮᠳᠠ ᠶᠠᠪᠤᠵᠥ ᠪᠠᠶᠢᠭ᠎ᠠ ᠮᠡᠳᠦ ᠪᠤᠯᠵᠥ ᠶᠠᠭᠤ ᠶᠠᠭᠠᠬᠢᠵᠥ ᠪᠠᠶᠢᠭ᠎ᠠ ᠪᠠᠨ ᠮᠡᠳᠡᠬᠦ ᠦᠬᠡᠢ ᠨᠢᠬᠡ ᠮᠡᠳᠡᠬᠦ | ᠳᠤ ᠤᠷᠤᠨ ᠤ ᠲᠦᠪ ᠬᠦᠬᠡᠬᠤᠳᠡᠨ ᠳᠤ ᠬᠦᠷᠦᠬᠡᠳ ᠢᠷᠡᠴᠢᠬᠡᠭᠰᠡᠨ ᠪᠠᠶᠢᠯ᠎ᠠ᠃ ᠪᠢ ᠬᠦᠬᠡᠬᠤᠳᠡᠨ ᠤ ᠬᠠᠮᠤᠭ | ᠤᠨ ᠰᠠᠶᠢᠨ ᠶᠡᠭᠡ ᠰᠤᠷᠭᠠᠭᠤᠯᠢ ᠳᠤ ᠰᠢᠯᠭᠠᠨ ᠤᠷᠤᠵᠥ ᠰᠤᠷᠤᠯᠴᠠᠬᠤ ᠭᠡᠰᠡᠨ ᠬᠦᠰᠡᠯ ᠲᠠᠢ ᠪᠠᠶᠢᠭᠰᠠᠨ ᠠᠴᠠ | ᠬᠦᠬᠡᠬᠤᠳᠡ ᠨᠠᠳᠠ ᠳᠤ ᠲᠤᠶᠢᠯ ᠤᠨ ᠬᠠᠯᠠᠭᠤᠮᠰᠤᠭ ᠲᠤᠶᠢᠯ ᠤᠨ ᠨᠢᠭᠤᠴᠠᠬᠠᠨ ᠰᠠᠨᠠᠭᠳᠠᠵᠥ ᠪᠠᠶᠢᠭᠰᠠᠨ ᠴᠤ | ᠬᠦᠷᠴᠦ ᠤᠴᠢᠭᠰᠠᠨ ᠰᠦᠨᠢ ᠲᠦᠢᠯ ᠤᠨ ᠵᠢᠬᠡᠬᠦᠨ ᠪᠠᠶᠢᠯ᠎ᠠ᠃ | ᠡᠵᠢ ᠮᠢᠨᠢ ᠶᠠᠮᠠᠷ ᠴᠤ ᠮᠡᠳᠡᠭᠡ ᠰᠡᠭᠡᠭᠡ ᠦᠬᠡᠢ ᠡᠪᠡᠳᠴᠢᠳᠡᠨ ᠤ ᠤᠷᠤ ᠲᠡᠭᠡᠷ᠎ᠡ ᠪᠠᠨ ᠬᠡᠪᠳᠡᠨ᠎ᠡ᠃ ᠲᠡᠬᠦᠦ | ᠪᠢᠳᠡ ᠬᠤᠶᠠᠷ ᠡᠵᠢ ᠪᠠᠨ ᠲᠡᠪᠡᠷᠢᠵᠥ ᠲᠠᠭᠤ ᠲᠠᠯᠪᠢᠨ ᠤᠬᠢᠯᠡᠯᠡ᠃ ᠡᠵᠢ ᠶᠢᠨ ᠭᠠᠷ ᠵᠢᠭᠠᠬᠠᠨ ᠨᠢᠬᠡ | ᠬᠦᠳᠡᠯᠡᠰᠬᠢᠬᠡᠳ ᠠᠪᠤᠯ᠎ᠠ᠃ ᠡᠬᠦᠨ ᠳᠤ ᠡᠮᠴᠢ ᠨᠠᠷ ᠴᠤ ᠪᠠᠶᠠᠷᠯᠠᠨ《 ᠬᠠᠰᠢᠯᠡ ᠬᠠᠶᠢᠷ᠎ᠠ ᠶᠢᠨ ᠬᠦᠴᠦᠨ ᠶᠡᠭᠡ | ᠪᠠᠶᠢᠨ᠎ᠠ᠂ ᠪᠢᠳᠡ ᠪᠠᠷᠤᠭ ᠬᠡᠤᠭᠡᠳ ᠢᠶᠠᠨ ᠢᠷᠡᠳᠡᠯ᠎ᠡ ᠬᠦᠯᠢᠶᠡᠵᠥ ᠲᠡᠰᠬᠦ ᠦᠬᠡᠢ ᠪᠠᠶᠢᠬᠤ ᠡ ᠬᠡᠵᠥ ᠪᠤᠳᠤᠵᠥ | ᠪᠠᠶᠢᠭᠰᠠᠨ᠂ ᠦᠨᠦ ᠬᠦᠳᠡᠯᠦᠰᠬᠢᠬᠡᠳ ᠠᠪᠤᠭᠰᠠᠨ ᠠᠮᠢ ᠨᠠᠰᠤᠨ ᠳᠤ ᠨᠢ ᠦᠨᠳᠦᠰᠦᠨ ᠳᠡᠭᠡᠨ ᠠᠶᠤᠯ ᠦᠬᠡᠢ | ᠪᠤᠯᠵᠠᠢ 》 ᠬᠡᠪᠡ᠃ ᠬᠡᠶ᠎ᠡ ᠶᠠᠮᠠᠷ ᠴᠤ ᠬᠦᠳᠡᠯᠬᠡᠬᠡᠨ ᠦᠬᠡᠢ᠂ ᠶᠠᠭᠤ ᠴᠤ ᠮᠡᠳᠡᠬᠦ ᠦᠬᠡᠢ ᠬᠡᠪᠳᠡᠬᠦ ᠬᠡᠭᠴᠢ | ᠶᠤᠰᠤᠳᠠᠢ ᠶᠢᠷᠳᠢᠨᠴᠦ ᠶᠢᠨ ᠠᠮᠢᠳᠦ ᠶᠢᠨ ᠲᠡᠮᠦ᠂ ᠬᠠᠶᠢᠷ᠎ᠠ ᠶᠢᠨ ᠰᠢᠷᠬᠠᠭᠳᠠᠯ ᠡ᠃ ᠬᠦᠬᠡᠬᠤᠳᠡᠨ ᠳᠤ ᠭᠠᠷᠠᠭ | ᠢᠯᠡᠬᠦᠦ ᠰᠠᠭᠤᠭᠠᠳ ᠬᠡᠷ ᠲᠡᠭᠡᠨ ᠬᠠᠷᠢᠵᠥ ᠢᠷᠡᠯ᠎ᠡ᠃ ᠡᠵᠢ ᠶᠢᠨ ᠮᠢᠨᠢ ᠡᠪᠡᠳᠴᠢᠨ ᠶᠠᠮᠠᠷ ᠴᠤ ᠬᠤᠪᠢᠷᠠᠯᠳᠠ | ᠦᠬᠡᠢ᠂ ᠡᠳᠦᠷ ᠰᠦᠨᠢ ᠦᠬᠡᠢ ᠤᠨᠳᠠᠵᠥ ᠯᠡ ᠪᠠᠶᠢᠨ᠎ᠠ᠃ ᠶᠠᠮᠠᠷ ᠴᠤ ᠬᠦᠳᠡᠯᠬᠡᠬᠡᠨ ᠦᠬᠡᠢ᠂ ᠶᠠᠮᠠᠷ ᠴᠤ ᠮᠡᠳᠡᠷᠡᠮᠵᠢ | ᠦᠬᠡᠢ ᠪᠠᠶᠢᠭᠰᠠᠨ ᠴᠤ ᠡᠵᠢ ᠮᠢᠨᠢ ᠠᠮᠢᠳᠦ ᠪᠠᠶᠢᠨ᠎ᠠ ᠬᠡᠵᠥ ᠪᠤᠳᠤᠬᠤ ᠳᠤ ᠮᠠᠨ ᠳᠠᠭᠠᠨ ᠬᠢᠵᠠᠭᠠᠯᠠᠰᠢ ᠦᠬᠡᠢ | ᠲᠦᠰᠢᠭ ᠪᠤᠯᠵᠥ ᠬᠠᠶᠢᠷ᠎ᠠ ᠶᠢᠨ ᠬᠦᠴᠦᠨ ᠤᠨᠳᠤᠷᠤᠨ᠎ᠠ᠃ | ᠠᠪᠤ ᠬᠠᠷᠢᠨ ᠡᠵᠢ ᠶᠢ ᠰᠤᠪᠢᠯᠠᠵᠥ ᠬᠡᠷ ᠭᠠᠳᠠᠨ᠎ᠠ ᠶᠢᠨ ᠠᠵᠢᠯ ᠳᠤ ᠶᠠᠭᠠᠷᠴᠦ ᠮᠡᠳᠡᠭᠳᠡᠮ᠎ᠡ ᠦᠳᠡᠯᠡᠴᠢᠬᠡᠵᠡᠢ | ᠃ ᠪᠢ ᠰᠤᠷᠤᠯᠭ᠎ᠠ ᠪᠠᠨ ᠵᠤᠭᠰᠤᠵᠥ ᠬᠡᠷ ᠲᠡᠭᠡᠨ ᠬᠠᠪᠰᠤᠷᠤᠮᠵᠢ ᠪᠤᠯᠬᠤ ᠬᠡᠰᠡᠨ ᠴᠤ ᠠᠪᠤ ᠡᠷᠡᠰ ᠬᠦᠯᠢᠶᠡᠭᠰᠡᠨ | ᠦᠬᠡᠢ᠃ 《 ᠠᠪᠤ ᠴᠢᠨᠢ ᠠᠮᠢᠳᠤ ᠪᠠᠶᠢᠭᠰᠠᠨ ᠬᠤᠭᠤᠴᠠᠭᠠᠨ ᠳᠤ ᠯᠡᠪᠳᠡᠢ ᠲᠠᠨ ᠤ ᠬᠤᠶᠠᠭᠤᠯᠠ ᠶᠢ ᠰᠤᠷᠤᠯᠭ᠎ᠠ | ᠵᠤᠭᠰᠤᠭᠠᠬᠤ ᠦᠬᠡᠢ 》 ᠬᠡᠵᠥ ᠴᠢᠩᠭ᠎ᠠ ᠲᠦᠪᠯᠡᠬᠦᠨ ᠢᠶᠠᠷ ᠬᠡᠯᠡᠯ᠎ᠡ᠃ ᠠᠮᠠᠷᠠᠯᠳᠠ ᠳᠤ ᠬᠡᠷ ᠲᠡᠭᠡᠨ ᠬᠠᠷᠢᠭᠠᠳ | ᠠᠪᠤ ᠳᠤ ᠪᠠᠨ ᠲᠤᠰᠠᠯᠠᠮᠵᠢ ᠪᠤᠯᠬᠤ ᠬᠡᠵᠥ ᠬᠡᠷ ᠭᠠᠳᠠᠨ᠎ᠠ ᠶᠢᠨ ᠠᠵᠢᠯ ᠢᠶᠠᠨ ᠬᠢᠬᠦ ᠳᠤ ᠲᠡᠮ ᠢ ᠨᠢ ᠤᠯᠬᠤ ᠦᠬᠡᠢ | ᠪᠠᠴᠢᠮᠳᠠᠨ᠎ᠠ᠃ ᠡᠵᠢ ᠠᠪᠤ ᠳᠠᠭᠠᠨ ᠡᠷᠬᠡᠯᠡᠨ ᠲᠠᠩᠬᠢ ᠦᠰᠦᠭᠰᠡᠨ ᠪᠢ ᠦᠨᠢᠶ᠎ᠡ ᠪᠠᠰᠠ ᠰᠠᠭᠠᠭᠠᠵᠥ ᠴᠢᠳᠠᠬᠤ ᠦᠬᠡᠢ | ᠭᠠᠴᠢᠭᠳᠠᠬᠤ ᠳᠤ ᠵᠡᠷᠭᠡᠯᠳᠡᠭᠡ ᠬᠡᠷ ᠤᠨ ᠢᠷᠡᠭᠡᠳ ᠬᠠᠪᠰᠤᠷᠤᠭᠠᠳ ᠦᠭᠬᠦᠨ᠎ᠡ᠃ | ᠡᠪᠡᠰᠦ ᠪᠠᠨ ᠲᠡᠭᠡᠭᠡᠵᠥ ᠠᠮᠵᠢᠬᠤ ᠦᠬᠡᠢ ᠪᠠᠶᠢᠬᠤ ᠳᠤ ᠠᠶᠢᠯ ᠤᠰᠤᠨ ᠤ ᠬᠢᠨ ᠦᠪᠡᠷ ᠤᠨ ᠠᠵᠢᠯ ᠢᠶᠠᠨ | ᠬᠤᠶᠢᠰᠢᠯᠠᠭᠤᠯᠵᠥ ᠪᠠᠶᠢᠭᠠᠳ ᠮᠠᠨ ᠳᠤ ᠬᠠᠪᠰᠤᠷᠤᠨ᠎ᠠ᠃ ᠡᠵᠢ ᠮᠢᠨᠢ ᠬᠡᠷ ᠲᠡᠭᠡᠨ ᠢᠷᠡᠬᠡᠳ ᠵᠢᠯ ᠰᠢᠬᠠᠮ ᠪᠤᠯᠵᠥ | ᠤᠬᠢᠯᠠᠵᠤ ᠢᠷᠡᠬᠡᠳ ᠤᠬᠢᠯᠠᠭᠤᠯᠵᠥ ᠪᠤᠴᠠᠳᠠᠭ ᠬᠤᠷᠸ᠎ᠠ ᠶᠢᠨ ᠬᠠᠳᠠᠭᠤ ᠵᠢᠮ᠎ᠠ ᠮᠠᠨ ᠢ ᠤᠷᠬᠢᠭᠠᠳ ᠶᠠᠪᠤᠴᠢᠬᠠᠯ᠎ᠠ᠃ | ᠡᠵᠢ ᠮᠢᠨᠢ ᠶᠠᠪᠤᠴᠢᠬᠠᠯ᠎ᠠ ᠬᠡᠵᠥ ᠪᠤᠳᠤᠬᠤ ᠳᠤ ᠤᠷᠭᠤᠬᠤ ᠨᠡᠷᠡᠨ ᠢᠯᠴᠢ ᠪᠠᠨ ᠠᠯᠳᠠᠵᠥ ᠤᠷᠤᠰᠬᠤ ᠤᠰᠤᠨ ᠤ | ᠤᠷᠤᠰᠬᠠᠯ ᠲᠠᠰᠤᠷᠠᠵᠥ᠂ ᠤᠷᠭᠤᠮᠠᠯ ᠨᠤᠭᠤᠭ᠎ᠠ ᠰᠢᠮ᠎ᠠ ᠪᠠᠨ ᠠᠯᠳᠠᠭᠰᠠᠨ ᠰᠢᠭ᠋ ᠰᠠᠨᠠᠭᠳᠠᠨ ᠦᠰᠦᠭᠰᠡᠨ ᠬᠡᠷ | ᠡᠵᠡᠬᠦᠶᠢᠳᠡᠨ ᠬᠠᠩᠬᠠᠶᠢᠷᠠᠵᠥ ᠡᠴᠢᠬᠡ ᠲᠡᠬᠦᠦ ᠪᠢᠳᠡ ᠭᠤᠷᠪᠠ ᠶᠢᠨ ᠠᠮᠢᠳᠤᠷᠠᠯ ᠲᠦᠬᠡᠷᠢᠳᠡᠯ ᠳᠤ ᠤᠴᠠᠷᠠᠭᠰᠠᠨ ᠴᠤ | ᠦᠷ᠎ᠡ ᠶᠢᠨ ᠢᠶᠠᠨ ᠲᠦᠯᠦᠬᠡ ᠤᠶᠢᠯᠤᠨ ᠲᠠᠪᠠᠯᠭᠠᠯᠠᠳᠠᠭ ᠠᠪᠤ ᠶᠢᠨ ᠮᠢᠨᠢ ᠬᠦᠴᠦᠳᠦ ᠬᠠᠶᠢᠷ᠎ᠠ ᠨᠢ ᠦᠴᠦᠬᠡᠨ ᠲᠡᠳᠦᠢ | ᠲᠠᠳᠠᠭᠤᠷᠭᠠ ᠦᠬᠡᠢ ᠬᠠᠮᠤᠭ ᠠᠷᠦᠭᠤᠨ ᠴᠠᠶᠢᠯᠭᠠᠨ ᠬᠠᠶᠢᠷ᠎ᠠ ᠪᠠᠨ ᠦᠷ᠎ᠡ ᠤᠨ ᠢᠶᠠᠨ ᠵᠦᠭ ᠰᠠᠴᠤᠨ᠎ᠠ ᠁ | | ᠲᠡᠬᠦᠦ ᠪᠢᠳᠡ ᠬᠤᠶᠠᠷ ᠰᠤᠷᠭᠠᠭᠤᠯᠢ ᠰᠤᠶᠤᠯ ᠤᠨ ᠮᠦᠷ ᠢᠶᠠᠷ ᠮᠤᠰᠬᠢᠵᠥ ᠶᠠᠪᠤᠬᠤ ᠳᠤ ᠦᠨᠦᠴᠢᠨ | ᠦᠷᠦᠬᠡᠰᠦᠨ ᠬᠡᠵᠥ ᠭᠠᠳᠠᠭᠤᠷᠴᠢᠯᠠᠭᠳᠠᠭᠰᠠᠨ ᠦᠬᠡᠢ ᠬᠠᠷᠢᠨ ᠪᠠᠭᠰᠢ ᠨᠦᠬᠦᠳ ᠤᠨ ᠢᠶᠠᠨ ᠬᠠᠶᠢᠷ᠎ᠠ ᠬᠠᠯᠠᠮᠵᠢ᠂ | ᠲᠦᠷᠦᠯ ᠰᠡᠳᠤᠨ ᠤ ᠲᠡᠮᠵᠢᠯᠬᠡ ᠵᠤᠷᠢᠭᠵᠢᠭᠤᠯᠤᠯ ᠴᠢᠨᠠᠭᠰᠢᠯᠠᠪᠠᠯ ᠨᠡᠶᠢᠬᠡᠮ ᠨᠡᠶᠢᠳᠡ ᠶᠢᠨ ᠬᠠᠯᠠᠭᠤᠨ ᠲᠡᠮᠵᠢᠯᠬᠡ | ᠲᠤᠤᠷ᠎ᠡ ᠪᠠᠶᠠᠷ ᠵᠢᠷᠭᠠᠯ ᠲᠠᠢ ᠰᠤᠷᠤᠯᠴᠠᠵᠥ ᠪᠠᠶᠢᠨ᠎ᠠ᠃ | ᠬᠠᠶᠢᠷ᠎ᠠ ᠪᠠᠷ ᠲᠠᠳᠠᠭᠤᠷᠠᠭᠠ ᠦᠬᠡᠢ ᠠᠪᠤ ᠡᠵᠢ ᠶᠢᠨ ᠢᠶᠠᠨ ᠲᠠᠯᠠᠢ ᠶᠡᠭᠡ ᠬᠠᠶᠢᠷ᠎ᠠ ᠶᠢ ᠲᠠᠩᠳᠠ ᠦᠬᠡᠶᠢᠯᠡᠵᠥ | ᠶᠠᠪᠤᠬᠤ ᠳᠤ ᠲᠡᠬᠦᠦ ᠪᠢᠳᠡ ᠬᠤᠶᠠᠷ ᠤᠨ ᠠᠮᠢᠳᠤᠷᠠᠯ ᠬᠠᠶᠢᠷ᠎ᠠ ᠲᠡᠭᠡᠷ᠎ᠡ ᠪᠠᠳᠤ ᠲᠤᠭᠳᠠᠵᠤ᠂ ᠬᠠᠶᠢᠷ᠎ᠡ ᠪᠤᠯ | ᠠᠮᠢᠳᠤᠷᠠᠨ ᠤᠷᠤᠰᠢᠬᠤ ᠶᠢᠨ ᠬᠦᠳᠡᠯᠬᠡᠬᠦ ᠬᠦᠴᠦ ᠪᠤᠯᠳᠠᠭ ᠬᠡᠳᠡᠭ ᠢ ᠬᠦᠨ ᠰᠡᠷᠡᠵᠥ᠂ ᠬᠠᠶᠢᠷ᠎ᠠ ᠳᠤ ᠬᠠᠳᠠᠭᠤᠵᠢᠵᠥ | ᠂ ᠬᠠᠶᠢᠷ᠎ᠠ ᠳᠤ ᠲᠠᠯᠠᠷᠬᠠᠨ ᠶᠠᠪᠤᠨ᠎ᠠ᠃ | ᠬᠠᠶᠢᠷ᠎ᠡ ᠪᠠᠶᠢᠬᠰᠠᠨ ᠳᠠᠭᠠᠨ ᠪᠢ ᠡᠩ ᠶᠢᠷᠳᠢᠨᠴᠦ ᠳᠤ ᠢᠷᠡᠭᠰᠡᠨ ᠶᠤᠮ᠂ ᠬᠠᠶᠢᠷ᠎ᠡ ᠪᠠᠶᠢᠬᠰᠠᠨ ᠳᠠᠭᠠᠨ ᠪᠢ ᠡᠷ᠎ᠡ ᠶᠢᠨ | ᠴᠡᠭᠡᠯ ᠳᠤ ᠬᠦᠷᠦᠭᠰᠡᠨ ᠶᠤᠮ᠂ ᠬᠠᠶᠢᠷ᠎ᠠ ᠪᠠᠶᠢᠬᠰᠠᠨ ᠳᠠᠭᠠᠨ ᠦᠨᠦᠳᠦᠷ ᠪᠢ ᠤᠷᠮ᠎ᠠ ᠵᠤᠷᠢᠭ ᠲᠠᠢ ᠰᠤᠷᠤᠯᠴᠠᠵᠥ | ᠪᠠᠶᠢᠭ᠎ᠠ ᠶᠤᠮ᠂ ᠬᠠᠶᠢᠷ᠎ᠠ ᠪᠠᠶᠢᠬᠰᠠᠨ ᠳᠠᠭᠠᠨ ᠪᠢ ᠰᠡᠳᠭᠢᠯ ᠲᠡᠨᠢᠭᠦᠨ ᠪᠠᠶᠠᠷ ᠵᠢᠷᠭᠠᠯ ᠲᠠᠢ ᠪᠠᠶᠢᠭ᠎ᠠ ᠶᠤᠮ᠃ | | ᠬᠠᠶᠢᠷ᠎ᠠ ᠪᠠᠶᠢᠭᠰᠠᠨ ᠠᠴᠠ ᠰᠠᠶᠢᠬᠠᠨ ᠪᠠᠶᠢᠭᠠᠯᠢ ᠭᠠᠭᠴᠠᠭᠠᠷᠳᠠᠭᠠ ᠦᠬᠡᠢ᠂ ᠬᠠᠶᠢᠷ᠎ᠠ ᠪᠠᠶᠢᠭᠰᠠᠨ ᠠᠴᠠ | ᠮᠤᠩᠭᠤᠯ ᠬᠡᠤᠭᠡᠳ ᠪᠢ ᠦᠨᠦᠴᠢᠷᠡᠭᠡ ᠦᠬᠡᠢ᠃ ᠬᠠᠶᠢᠷ᠎ᠠ ᠪᠠᠶᠢᠭᠰᠠᠨ ᠠᠴᠠ ᠰᠠᠶᠢᠬᠠᠨ ᠨᠠᠶᠢᠷ ᠲᠠᠢ ᠲᠡᠯᠡᠬᠡᠢ | ᠪᠠᠶᠢᠵᠠᠢ᠃ | | |