ᠬᠠᠨᠤᠳᠠᠯ᠎ᠠ ᠤᠨᠳᠠᠬᠤ ᠪᠤᠯ ᠰᠤᠷᠤᠭᠴᠢᠳ ᠤᠨ ᠡᠷᠡᠬᠦᠯ ᠢᠶᠠᠷ ᠦᠰᠤᠨ ᠪᠤᠶᠢᠵᠢᠬᠤ ᠶᠢᠨ ᠴᠢᠬᠤᠯᠠ ᠪᠠᠳᠤᠯᠠᠭ᠎ᠠ ᠮᠦᠨ
ᠨᠡᠶᠢᠲᠡᠯᠡᠭᠰᠡᠨ ᠴᠠᠭ᠄
2019/12/5
       ᠬᠠᠨᠤᠳᠠᠯ᠎ᠠ ᠤᠨᠳᠠᠬᠤ ᠪᠤᠯ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠡᠷᠡᠬᠦᠯ ᠢᠶᠠᠷ ᠦᠰᠤᠨ ᠪᠤᠶᠢᠵᠢᠬᠤ ᠶᠢᠨ ᠴᠢᠬᠤᠯᠠ ᠪᠠᠳᠤᠯᠠᠭ᠎ᠠ ᠪᠤᠯᠤᠨ᠎ᠠ᠃ ᠰᠤᠷᠭᠠᠨ ᠬᠥᠮᠤᠵᠢᠯ ᠤᠨ ᠶᠠᠮᠤᠨ ᠤ ︽ᠲᠤᠮᠳᠠᠳᠤ ᠪᠠᠭ᠎ᠠ ᠰᠤᠷᠭᠠᠭᠤᠯᠢ ᠶᠢᠨ ᠡᠷᠡᠬᠦᠯ ᠮᠡᠨᠳᠤ ᠶᠢᠨ ᠬᠥᠮᠤᠵᠢᠯ ᠤᠨ ᠵᠢᠯᠤᠭᠤᠳᠬᠤ ᠲᠤᠪᠴᠢ︾ ᠳᠤ᠂ ᠪᠠᠭ᠎ᠠ ᠰᠤᠷᠭᠠᠭᠤᠯᠢ ᠶᠢᠨ ᠰᠤᠷᠤᠭᠴᠢ ᠡᠳᠤᠷ ᠪᠦᠷᠢ 10 ᠴᠠᠭ ᠤᠨᠳᠠᠪᠠᠯ ᠵᠤᠬᠢᠨ᠎ᠠ᠂ ᠠᠩᠬ᠎ᠠ ᠲᠤᠮᠳᠠᠳᠤ ᠶᠢᠨ ᠰᠤᠷᠤᠭᠴᠢ ᠡᠳᠤᠷ ᠪᠦᠷᠢ 9 ᠴᠠᠭ ᠤᠨᠳᠠᠪᠠᠯ ᠵᠤᠬᠢᠨ᠎ᠠ᠂ ᠦᠨᠳᠤᠷ ᠲᠤᠮᠳᠠᠳᠤ ᠶᠢᠨ ᠰᠤᠷᠤᠭᠴᠢ ᠡᠳᠤᠷ ᠪᠦᠷᠢ 8 ᠴᠠᠭ ᠤᠨᠳᠠᠪᠠᠯ ᠵᠤᠬᠢᠨ᠎ᠠ ᠭᠡᠵᠤ ᠲᠤᠬᠳᠠᠭᠠᠵᠠᠢ᠃ ᠬᠡᠪᠡᠴᠤ᠂ ᠤᠨᠳᠠᠵᠤ ᠬᠠᠨᠤᠬᠤ ᠦᠭᠡᠢ ᠪᠠᠶᠢᠬᠤ ᠨᠢ ᠬᠠᠷᠢᠨ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠡᠩ ᠤᠨ ᠦᠵᠡᠭᠳᠡᠯ ᠪᠤᠯᠵᠤ ᠪᠠᠶᠢᠨ᠎ᠠ᠃         ᠡᠨᠡ ᠨᠢ ᠰᠤᠷᠤᠭᠴᠢᠳ ᠤᠨ ᠰᠤᠷᠤᠯᠴᠠᠬᠤ ᠲᠠᠷᠤᠯᠳᠠ ᠶᠡᠭᠡ᠂ ᠬᠢᠴᠢᠶᠠᠯ ᠤᠨ ᠭᠠᠳᠠᠨᠠᠬᠢ ᠲᠠᠰᠬᠠᠯ ᠠᠷᠪᠢᠨ ᠂ ᠰᠤᠷᠭᠠᠭᠤᠯᠢ ᠳᠤ ᠪᠠᠶᠢᠬᠤ ᠴᠠᠭ ᠲᠡᠩᠳᠡᠬᠦᠤ ᠤᠷᠳᠤ᠂ ᠬᠢᠴᠢᠶᠠᠯ ᠤᠨ ᠭᠠᠳᠠᠨᠠᠬᠢ ᠡᠯᠳᠡᠪ ᠶᠠᠩᠵᠤ ᠶᠢᠨ ᠰᠤᠷᠤᠯᠴᠠᠬᠤ ᠠᠩᠬᠢ ᠬᠡᠳᠤ ᠤᠯᠠᠨ ᠭᠡᠬᠦ ᠮᠡᠳᠤ ᠶᠢᠨ ᠰᠢᠯᠳᠠᠭᠠᠨ ᠠᠴᠠ ᠪᠤᠯᠵᠠᠢ᠃ ᠡᠬᠦᠨ ᠳᠤ ︽ᠰᠤᠷᠭᠠᠭᠤᠯᠢ ᠳᠤ ᠪᠠᠶᠢᠬᠤ ᠴᠠᠭ ᠲᠡᠩᠳᠡᠬᠦᠤ ᠤᠷᠳᠤ︾ ᠪᠠᠶᠢᠬᠤ ᠠᠰᠠᠭᠤᠳᠠᠯ ᠨᠢ ᠨᠡᠩ ᠢᠯᠡᠷᠭᠡᠢ ᠪᠠᠶᠢᠨ᠎ᠠ᠃ ᠪᠠᠶᠢᠴᠠᠭᠠᠨ ᠰᠤᠳᠤᠯᠤᠯᠳᠡ ᠪᠠᠷ ᠤᠯᠵᠤ ᠮᠡᠳᠡᠭᠰᠡᠨ ᠨᠢ᠂ ᠪᠦᠬᠦ ᠤᠯᠤᠰ ᠤᠨ ᠮᠠᠰᠢ ᠤᠯᠠᠨ ᠭᠠᠵᠠᠷ ᠤᠨ ᠪᠠᠭ᠎ᠠ ᠰᠤᠷᠭᠠᠭᠤᠯᠢ ᠶᠢᠨ ᠲᠤᠭᠳᠠᠭᠠᠭᠰᠠᠨ ᠰᠤᠷᠭᠠᠭᠤᠯᠢ ᠳᠤ ᠬᠥᠷᠬᠦ ᠴᠠᠭ ᠨᠢ 7 ᠴᠠᠭ ᠬᠠᠭᠠᠰ ᠠᠴᠠ ᠡᠷᠳᠡ ᠪᠠᠶᠢᠵᠤ᠂ ᠲᠤᠮᠳᠠᠳᠤ ᠰᠤᠷᠭᠠᠭᠤᠯᠢ ᠶᠢᠨ ᠲᠤᠬᠳᠠᠭᠠᠭᠰᠠᠨ ᠰᠤᠷᠭᠠᠭᠤᠯᠢ ᠳᠤ ᠬᠥᠷᠬᠦ ᠴᠠᠭ ᠨᠢ 7 ᠴᠠᠭ ᠡᠷᠳᠡ ᠪᠠᠶᠢᠳᠠᠭ᠂ ᠢᠢᠮᠤ ᠪᠤᠯᠬᠤᠷ ᠪᠠᠭ᠎ᠠ ᠰᠤᠷᠭᠠᠭᠤᠯᠢ ᠶᠢᠨ ᠰᠤᠷᠤᠭᠴᠢ 6 ᠴᠠᠭ ᠭᠠᠷᠤᠢ ᠳᠤ ᠪᠤᠰᠴᠤ᠂ ᠲᠤᠮᠳᠠᠳᠤ ᠰᠤᠷᠭᠠᠭᠤᠯᠢ ᠶᠢᠨ ᠰᠤᠷᠤᠭᠴᠢ 6 ᠴᠠᠭ ᠦᠩᠭᠡᠷᠡᠮᠡᠭᠴᠠ ᠪᠤᠰᠴᠢᠬᠠᠳᠠᠭ᠃ ᠪᠠᠰᠠ ᠮᠠᠰᠢ ᠤᠯᠠᠨ ᠲᠤᠮᠳᠠᠳᠤ ᠰᠤᠷᠭᠠᠭᠤᠯᠢ ᠶᠢᠨ ᠤᠷᠤᠢ ᠶᠢᠨ ᠲᠠᠪᠳᠠᠯᠭ᠎ᠠ ᠶᠢᠨ ᠴᠠᠭ ᠨᠢ 21 ᠴᠠᠭ ᠢ ᠬᠡᠳᠤᠷᠡᠳᠡᠭ ᠪᠤᠯᠬᠤᠷ ᠰᠤᠷᠤᠭᠴᠢᠳ 22 ᠴᠠᠭ ᠠᠴᠠ ᠡᠮᠤᠨ᠎ᠠ ᠤᠨᠳᠠᠬᠤ ᠳᠤ ᠪᠡᠷᠭᠡ ᠪᠠᠶᠢᠳᠠᠭ         ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠠᠨᠤᠳᠠᠯ᠎ᠠ ᠤᠨᠳᠠᠬᠤ ᠶᠢ ᠪᠠᠳᠤᠯᠠᠬᠤ ᠶᠢᠨ ᠲᠤᠰᠠᠳᠠ᠂ ᠲᠤᠤᠷᠡᠬᠢ ᠮᠡᠳᠤ ᠬᠡᠳᠤᠨ ᠰᠠᠨᠠᠭᠤᠯᠭ᠎ᠠ ᠭᠠᠷᠭᠠᠶ᠎ᠠ᠄         ᠲᠤᠮᠳᠠᠳᠤ ᠪᠠᠭ᠎ᠠ ᠰᠤᠷᠭᠠᠭᠤᠯᠢ ᠰᠤᠷᠭᠠᠨ ᠬᠥᠮᠤᠵᠢᠯ ᠤᠨ ᠦᠢᠯᠠᠭᠠᠬᠳᠠᠬᠤᠨ ᠢᠶᠠᠨ ᠬᠤᠪᠢᠷᠠᠭᠤᠯᠬᠤ᠃ ᠰᠤᠷᠤᠭᠴᠢᠳ ᠤᠨ ᠪᠡᠶ᠎ᠡ ᠶᠢᠨ ᠪᠠ ᠰᠡᠳᠭᠢᠴᠡ ᠶᠢᠨ ᠡᠷᠡᠬᠦᠯ ᠮᠠᠨᠳᠤ ᠶᠢ ᠴᠢᠬᠤᠯᠠᠴᠢᠯᠠᠨ᠂ ᠰᠤᠷᠤᠭᠴᠢᠳ ᠤᠨ ᠨᠠᠰᠤᠨ ᠲᠤᠷᠰᠢ ᠶᠢᠨ ᠬᠥᠭᠵᠢᠯᠳᠡ ᠠᠴᠠ ᠪᠤᠳᠤᠯᠬᠢᠯᠠᠵᠤ᠂ ᠰᠤᠷᠤᠭᠴᠢᠳ ᠤᠨ ᠤᠨᠳᠠᠬᠤ ᠴᠠᠭ ᠢ ᠦᠷᠡᠭᠳᠡᠬᠦᠯᠵᠤ ᠪᠠᠶᠢᠭᠠᠳ ᠰᠢᠯᠭᠠᠯᠳᠠ ᠶᠢᠨ ᠬᠢᠷᠢ ᠪᠦᠳᠤᠮᠵᠢ ᠶᠢ ᠲᠡᠭᠡᠭᠰᠢᠯᠡᠬᠦᠯᠬᠦ ᠨᠢᠳᠤᠨ ᠡᠮᠤᠨᠡᠬᠢ ᠶᠢ ᠪᠤᠳᠤᠯᠬᠢᠯᠠᠬᠤ ᠦᠢᠯᠡ ᠠᠵᠢᠯᠯᠠᠭ᠎ᠠ ᠪᠠᠨ ᠬᠠᠶᠠᠭᠠᠷᠠᠢ᠃         ᠰᠤᠷᠭᠠᠨ ᠬᠥᠮᠤᠵᠢᠯ ᠤᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠰᠤᠷᠭᠠᠭᠤᠯᠢ ᠶᠢᠨ ᠠᠵᠢᠯᠯᠠᠵᠤ ᠠᠮᠠᠷᠠᠬᠤ ᠴᠠᠭ ᠤᠨ ᠲᠤᠬᠠᠢ ᠲᠤᠰᠬᠠᠢ ᠪᠠᠶᠢᠴᠠᠭᠠᠯᠳᠠ ᠦᠷᠨᠢᠬᠦᠯᠬᠦ᠃ ᠠᠵᠢᠯᠯᠠᠵᠤ ᠠᠮᠠᠷᠠᠬᠤ ᠴᠠᠭ ᠨᠢ ᠠᠵᠢᠯᠯᠠᠵᠤ ᠠᠮᠠᠷᠠᠬᠤ ᠲᠦᠷᠢᠮ ᠤᠨ ᠲᠤᠭᠳᠠᠭᠠᠯ ᠲᠠᠢ ᠨᠡᠶᠢᠴᠡᠬᠦ ᠦᠭᠡᠢ ᠦᠢᠯᠡ ᠠᠵᠢᠯᠯᠠᠭ᠎ᠠ ᠶᠢ ᠰᠢᠳᠭᠡᠵᠤ᠂ ᠲᠤᠬᠳᠠᠭᠰᠠᠨ ᠬᠤᠭᠤᠴᠠᠭᠠᠨ ᠳᠤ ᠵᠠᠯᠠᠷᠠᠭᠤᠯᠤᠭᠤᠯᠤᠨ᠎ᠠ᠃ ᠲᠤᠤᠱᠳᠠᠢ ᠬᠡᠷᠡᠭᠵᠢᠬᠦᠯᠬᠦ ᠦᠭᠡᠢ ᠨᠢᠭᠡᠴᠠ ᠠᠴᠠ ᠵᠠᠰᠠᠭ ᠵᠠᠬᠢᠷᠭᠠᠨ ᠤ ᠬᠠᠷᠢᠭᠤᠴᠠᠯᠭ᠎ᠠ ᠨᠡᠭᠡᠮᠵᠢᠯᠠᠨ᠎ᠠ᠃         ᠦᠳᠡ ᠶᠢᠨ ᠠᠮᠠᠷᠠᠯᠳᠠ ᠶᠢᠨ ᠲᠦᠷᠢᠮ ᠢ ᠴᠢᠩᠭ᠎ᠠ ᠬᠡᠷᠡᠭᠵᠢᠬᠦᠯᠬᠦ᠃ ᠰᠤᠷᠤᠭᠴᠢᠳ ᠤᠨ ᠦᠳᠡ ᠶᠢᠨ ᠬᠤᠶᠢᠨᠠᠬᠢ ᠬᠢᠴᠢᠶᠡᠯ ᠲᠡᠭᠡᠷ᠎ᠡ ᠠᠩᠬᠠᠷᠤᠯ ᠢᠶᠠᠨ ᠨᠡᠩ ᠲᠦᠪᠯᠡᠷᠡᠬᠦᠯᠬᠦ᠂ ᠲᠡᠷᠢᠬᠢ ᠲᠤᠯᠤᠭᠠᠢ ᠪᠠᠨ ᠨᠡᠩ ᠬᠤᠷᠴᠠ ᠰᠡᠷᠭᠡᠭ ᠪᠠᠶᠢᠯᠭᠠᠬᠤ᠂ ᠨᠡᠩ ᠦᠷ᠎ᠡ ᠪᠦᠳᠤᠮᠵᠢᠳᠠᠢ ᠰᠤᠷᠤᠯᠴᠠᠬᠤ ᠶᠢ ᠪᠠᠳᠤᠯᠠᠬᠤ ᠶᠢᠨ ᠲᠦᠯᠤᠭᠡ᠂ ᠰᠤᠷᠤᠭᠴᠢᠳ ᠢ ᠦᠳᠡ ᠶᠢᠨ ᠬᠤᠭᠤᠯᠠᠨ ᠤ ᠲᠠᠷᠠᠭ᠎ᠠ ᠪᠠᠭ᠎ᠠ ᠤᠨᠳᠠᠭᠤᠯᠵᠤ᠂ ᠰᠤᠷᠤᠭᠴᠢᠳ ᠤᠨ ᠨᠦᠢᠷ ᠬᠥᠷᠬᠦ ᠠᠴᠠ ᠪᠤᠯᠵᠤ ᠶᠠᠳᠠᠷᠠᠬᠤ ᠪᠠᠶᠢᠳᠠᠯ ᠭᠠᠷᠬᠤ ᠶᠢ ᠨᠠᠮᠳᠠᠭᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号