ᠬᠡᠤᠬᠡᠳ ᠪᠠᠭᠠᠴᠤᠳ ᠢ ᠨᠤᠮ ᠲᠠᠢ ᠬᠠᠨᠢᠯᠠᠭᠤᠯᠤᠶ᠎ᠠ
ᠨᠡᠶᠢᠲᠡᠯᠡᠭᠰᠡᠨ ᠴᠠᠭ᠄
2019/12/5
       ᠨᠤᠮ ᠢ ᠰᠡᠳᠬᠢᠯ ᠤᠨ ᠭᠡᠭᠡᠪᠴᠢ᠂ ᠤᠶᠤᠨ ᠢ ᠭᠡᠭᠡᠷᠡᠭᠦᠯᠦᠭᠴᠢ ᠬᠡᠮᠡᠳᠡᠭ᠃ ᠨᠤᠮ ᠤᠡᠭᠰᠢᠬᠤ ᠨᠢ ᠬᠤᠪᠢ ᠬᠦᠮᠦᠨ ᠤ ᠬᠦᠭᠵᠢᠯᠲᠡ ᠳᠤ ᠡᠶᠡᠷᠬᠦ ᠨᠦᠯᠦᠭᠡ ᠲᠠᠢ ᠪᠠᠷ ᠦᠯᠦ ᠪᠠᠷᠠᠨ ᠨᠡᠶᠢᠭᠡᠮ ᠨᠡᠶᠢᠲᠡ ᠶᠢᠨ ᠪᠤᠯᠪᠠᠰᠤᠨ ᠬᠦᠴᠦᠨ ᠤ ᠲᠦᠯᠦᠪᠰᠢᠯ ᠢ ᠴᠤ ᠰᠢᠭᠤᠳ ᠨᠦᠯᠦᠭᠡᠯᠡᠳᠡᠭ᠃ ᠡᠭᠦᠨ ᠢ ᠪᠢᠳᠡ ᠢᠰᠷᠧᠯ ᠤᠯᠤᠰ ᠤᠨ ᠵᠢᠱᠢᠶ᠎ᠡ ᠠᠴᠠ ᠤᠯᠵᠦ ᠬᠠᠷᠠᠵᠦ ᠪᠤᠯᠤᠨ᠎ᠠ᠃ ᠢᠰᠷᠧᠯ ᠤᠨ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ ᠮᠡᠷᠭᠡᠵᠢᠯ᠂ ᠡᠮ ᠡᠮᠨᠡᠯᠭᠡ᠂ ᠴᠡᠷᠢᠭ ᠤᠨ ᠵᠡᠪᠰᠡᠭ ᠵᠡᠷᠭᠡ ᠶᠢᠨ ᠮᠡᠷᠭᠡᠵᠢᠯ ᠨᠢ ᠲᠡᠯᠡᠭᠡᠢ ᠳᠤ ᠤᠷᠦ᠋ᠢᠯᠠᠵᠦ ᠪᠠᠶᠢᠳᠠᠭ᠃ ᠰᠤᠳᠤᠯᠭᠠᠨ ᠠᠴᠠ ᠤᠯᠵᠦ ᠮᠡᠳᠡᠭᠰᠡᠨ ᠢᠶᠠᠷ᠂ ᠢᠰᠷᠧᠯ ᠤᠯᠤᠰ ᠤᠨ ᠬᠦᠮᠦᠨ ᠠᠮᠠ ᠨᠢ ᠲᠡᠯᠡᠭᠡᠢ ᠶᠢᠨ ᠬᠦᠮᠦᠨ ᠠᠮᠠ ᠶᠢᠨ 0.2% ᠢ ᠯᠡ ᠡᠵᠡᠯᠡᠳᠡᠭ ᠴᠤ᠂ ᠲᠡᠯᠡᠭᠡᠢ ᠶᠢᠨ ᠨᠤᠫᠧᠯ ᠤᠨ ᠱᠠᠩᠨᠠᠯ ᠬᠦᠷᠳᠡᠭᠰᠡᠳ ᠤᠨ 29% ᠶᠢ ᠢᠰᠷᠧᠯᠴᠤᠳ ᠡᠵᠡᠯᠡᠳᠡᠭ᠃ ᠡᠨᠡ ᠨᠢ ᠠᠷᠠᠳ ᠲᠦᠮᠡᠨ ᠤ ᠬᠢᠨᠢ ᠰᠤᠶᠤᠯᠵᠢᠭᠰᠠᠨ ᠦᠷ᠎ᠡ ᠨᠦᠯᠦᠭᠡ ᠠᠴᠠ ᠰᠢᠭᠤᠳ ᠰᠢᠯᠲᠠᠭᠠᠯᠠᠭᠳᠠᠵᠦ ᠪᠠᠶᠢᠳᠠᠭ ᠶᠤᠮ᠃ ᠢᠡᠭᠭᠢᠬᠦ ᠪᠠᠷ ᠢᠶᠠᠨ ᠢᠰᠷᠧᠯᠴᠤᠳ ᠤᠨ ᠤᠯᠤᠭᠰᠠᠨ ᠠᠭᠤᠤ ᠠᠮᠵᠢᠯᠲᠠ ᠶᠢ ᠲᠡᠳᠡᠨᠠᠷ ᠤᠨ ᠨᠤᠮ ᠤᠡᠭᠰᠢᠬᠤ ᠲᠠᠢ ᠬᠤᠯᠪᠤᠭ᠎ᠠ ᠲᠠᠢ ᠭᠡᠵᠦ ᠦᠵᠡᠵᠡᠭᠡᠳᠡᠭ᠃ ᠢᠰᠷᠧᠯ ᠤᠯᠤᠰ ᠤᠨ ᠬᠦᠮᠦᠨ ᠪᠦᠬᠦᠨ ᠨᠤᠮ ᠤᠡᠭᠰᠢᠬᠤ ᠶᠢ ᠲᠡᠭᠡᠳᠦᠯᠡᠵᠦ᠂ ᠬᠦᠮᠦᠨ ᠪᠦᠷᠢ ᠵᠢᠯ ᠳᠤ 64 ᠨᠤᠮ ᠤᠡᠭᠰᠢᠵᠦ᠂ ᠲᠡᠭᠰᠢᠳᠭᠡᠭᠰᠡᠨ ᠲᠤᠭ᠎ᠠ ᠪᠠᠷ ᠢᠶᠠᠨ ᠳᠡᠯᠡᠭᠡᠢ ᠲᠡᠭᠡᠷᠡᠬᠢ ᠬᠠᠮᠤᠭ ᠤᠨ ᠤᠯᠠᠨ ᠨᠤᠮ ᠤᠡᠭᠰᠢᠳᠠᠭ ᠦᠨᠳᠦᠰᠦᠳᠡᠨ ᠳᠤ ᠲᠤᠭᠠᠴᠠᠭᠳᠠᠳᠠᠭ᠃        ᠲᠡᠭᠡᠷᠡᠬᠢ ᠵᠢᠱᠢᠶ᠎ᠡ ᠠᠴᠠ ᠪᠢᠳᠡ ᠨᠤᠮ ᠤᠡᠭᠰᠢᠬᠤ ᠶᠢᠨ ᠬᠦᠨ ᠠᠴᠢ ᠬᠤᠯᠪᠤᠭᠳᠠᠯ ᠢ ᠮᠡᠳᠡᠵᠦ ᠪᠤᠯᠤᠨ᠎ᠠ᠃ ᠪᠤᠳᠠᠳᠠᠶᠢᠴᠢᠯᠠᠨ ᠶᠠᠷᠢᠪᠠᠯ᠂ ᠨᠤᠮ ᠤᠡᠭᠰᠢᠬᠤ ᠨᠢ ᠰᠤᠷᠤᠭᠴᠢᠳ ᠤᠨ ᠬᠦᠭᠵᠢᠯᠲᠡ ᠶᠢ ᠬᠡᠷᠭᠢᠨ ᠨᠦᠯᠦᠭᠡᠯᠡᠳᠡᠭ ᠪᠤᠯ︖ ᠰᠡᠳᠬᠢᠴᠡ ᠵᠦᠢ ᠶᠢᠨ ᠰᠤᠳᠤᠯᠭᠠᠨ ᠢ ᠦᠨᠳᠦᠰᠦᠯᠡᠪᠡᠯ᠂ ᠨᠤᠮ ᠤᠡᠭᠰᠢᠬᠤ ᠨᠢ ᠰᠤᠷᠤᠭᠴᠢᠳ ᠤᠨ ᠯᠤᠬᠢᠭ ᠰᠡᠳᠬᠢᠬᠦᠢ᠂ ᠰᠤᠷᠤᠯᠴᠠᠬᠤ ᠴᠢᠳᠠᠪᠤᠷᠢ᠂ ᠴᠡᠭᠡᠵᠢᠯᠡᠬᠦ ᠴᠢᠳᠠᠪᠤᠷᠢ ᠶᠢ ᠬᠦᠮᠦᠵᠢᠭᠦᠯᠬᠦ ᠶᠢ ᠨᠦᠯᠦᠭᠡᠯᠡᠳᠡᠭ᠃ ᠡᠭᠦᠨ ᠳᠤ 6 - 8 ᠨᠠᠰᠦ ᠪᠤᠯ ᠬᠡᠤᠬᠡᠳ ᠤᠨ ᠤᠡᠭᠰᠢᠵᠦ ᠤᠢᠢᠯᠠᠭᠠᠬᠤ ᠴᠢᠳᠠᠪᠤᠷᠢ ᠶᠢ ᠲᠡᠭᠡᠭᠰᠢᠯᠡᠭᠦᠯᠬᠦ ᠬᠠᠮᠤᠭ ᠤᠨ ᠰᠠᠶᠢᠨ ᠴᠠᠭ ᠦᠶ᠎ᠡ ᠪᠤᠯᠤᠨ᠎ᠠ᠃ ᠡᠨᠡ ᠦᠶ᠎ᠡ ᠶᠢᠨ ᠬᠡᠤᠬᠡᠳ ᠪᠠᠭᠠᠴᠤᠳ ᠭᠤᠤᠯᠳᠠᠭᠤ ᠬᠠᠷᠠᠭᠠᠨ ᠰᠡᠷᠡᠯ ᠢᠶᠠᠷ ᠲᠠᠮᠵᠢᠨ ᠮᠡᠳᠡᠭᠡ ᠵᠠᠩᠭᠢ ᠶᠢ ᠤᠯᠳᠠᠭ᠃ ᠦᠭᠡᠷ᠎ᠡ ᠪᠠᠷ ᠬᠡᠯᠡᠪᠡᠯ᠂ ᠨᠤᠮ ᠤᠡᠭᠰᠢᠬᠤ ᠪᠠᠷ ᠲᠠᠮᠵᠢᠨ ᠮᠡᠳᠡᠯᠭᠡ ᠬᠦᠷᠳᠡᠳᠡᠭ᠃ ᠭᠡᠪᠡᠴᠦ ᠤᠳᠤ ᠶᠢᠨ ᠬᠡᠤᠬᠡᠳ ᠪᠠᠭᠠᠴᠤᠳ ᠬᠢᠴᠢᠶᠡᠯ ᠤᠨ ᠨᠤᠮ ᠠᠴᠠ ᠪᠠᠨ ᠭᠠᠳᠠᠭᠤᠷ ᠦᠭᠡᠷ᠎ᠡ ᠨᠤᠮ ᠤᠡᠭᠰᠢᠬᠤ ᠤᠬᠠᠮᠰᠠᠷ ᠦᠭᠡᠢ ᠪᠠᠶᠢᠵᠦ᠂ ᠬᠠᠷᠢᠨ ᠵᠦᠪᠬᠡᠨ ᠭᠡᠷ ᠤᠨ ᠠᠬᠠᠮᠠᠳ ᠤᠨ ᠢᠶᠠᠨ ᠪᠤᠶᠤ ᠪᠠᠭᠰᠢ ᠶᠢᠨ ᠠᠯᠪᠠᠳᠠᠯᠭ᠎ᠠ ᠱᠠᠭᠠᠷᠳᠠᠯᠭ᠎ᠠ ᠪᠠᠷ ᠲᠤᠭ᠎ᠠ ᠲᠠᠢ ᠬᠤᠶᠠᠷ ᠨᠤᠮ ᠯᠡ ᠤᠡᠭᠰᠢᠳᠠᠭ᠂ ᠲᠡᠷᠡᠴᠢᠯᠡᠨ ᠲᠡᠳᠡᠨᠤᠰ ᠦᠪᠡᠷ ᠢᠶᠠᠨ ᠶᠠᠮᠠᠷ ᠨᠤᠮ ᠤᠡᠭᠰᠢᠪᠡᠯ ᠵᠤᠬᠢᠬᠤ ᠪᠠᠨ ᠮᠡᠳᠡᠬᠦ ᠦᠭᠡᠢ ᠪᠠᠶᠢᠳᠠᠭ᠃ ᠡᠶᠢᠮᠦᠷᠬᠦᠦ ᠪᠤᠳᠠᠳᠦ ᠪᠠᠶᠢᠳᠠᠯ ᠨᠢ ᠰᠤᠷᠤᠭᠴᠢᠳ ᠤᠨ ᠮᠡᠳᠡᠯᠭᠡ ᠡᠵᠡᠮᠰᠢᠬᠦ᠂ ᠦᠵᠡᠯ ᠰᠠᠨᠠᠭ᠎ᠠ ᠪᠠᠨ ᠲᠦᠯᠦᠪᠰᠢᠭᠦᠯᠬᠦ᠂ ᠰᠢᠨ᠎ᠡ ᠶᠢ ᠡᠭᠦᠳᠬᠦ ᠵᠡᠷᠭᠡ ᠲᠠᠯ᠎ᠠ ᠳᠤ ᠰᠦᠷᠭᠡᠦ ᠨᠦᠯᠦᠭᠡ ᠲᠠᠢ ᠪᠠᠶᠢᠵᠦ᠂ ᠨᠡᠩ ᠴᠢᠨᠠᠭᠰᠢᠯᠠᠪᠠᠯ ᠤᠯᠤᠰ ᠤᠷᠤᠨ ᠤ ᠬᠦᠭᠵᠢᠯᠲᠡ ᠶᠢ ᠴᠤ ᠨᠦᠯᠦᠭᠡᠯᠡᠨ᠎ᠡ᠃        ᠡᠶᠢᠮᠦ ᠠᠴᠠ ᠮᠠᠨ ᠤ ᠤᠯᠤᠰ ᠤᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠨᠤᠮ ᠤᠡᠭᠰᠢᠯᠭ᠎ᠠ ᠶᠢ ᠴᠢᠩᠭᠠᠳᠬᠠᠬᠤ ᠢᠳᠡᠪᠬᠢᠲᠡᠢ ᠠᠷᠭ᠎ᠠ ᠬᠡᠮᠵᠢᠶ᠎ᠡ ᠠᠪᠴᠦ ᠪᠠᠶᠢᠨ᠎ᠠ᠃ ᠡᠭᠦᠨ ᠳᠤ ᠰᠤᠷᠭᠠᠨ ᠬᠦᠮᠦᠵᠢᠯ ᠤᠨ ᠶᠠᠮᠤᠨ ᠠᠴᠠ ᠲᠦᠷᠦᠭᠦᠭᠡᠨ ᠬᠡᠯᠡ ᠪᠢᠴᠢᠭ ᠤᠨ ᠬᠦᠴᠢᠷ ᠤᠨ ᠬᠡᠮᠵᠢᠶ᠎ᠡ ᠶᠢ ᠶᠡᠭᠡ ᠪᠠᠷ ᠨᠡᠮᠡᠭᠳᠡᠭᠦᠯᠵᠦ᠂ ᠰᠤᠷᠭᠠᠭᠤᠯᠢ ᠨᠤᠭᠤᠳ ᠢ ᠰᠤᠷᠤᠭᠴᠢ ᠶᠢᠨ ᠨᠤᠮ ᠤᠡᠭᠰᠢᠯᠭ᠎ᠠ ᠶᠢ ᠴᠢᠩᠭ᠎ᠠ ᠠᠳᠬᠤᠬᠤ ᠶᠢ ᠱᠠᠭᠠᠷᠳᠠᠵᠠᠢ᠃ ᠮᠠᠨ ᠤ ᠤᠷᠤᠨ ᠴᠤ ᠪᠦᠬᠦ ᠠᠷᠠᠳ ᠢᠶᠠᠷ ᠢᠶᠠᠨ ᠨᠤᠮ ᠤᠡᠭᠰᠢᠬᠤ ᠠᠵᠢᠯᠯᠠᠭ᠎ᠠ ᠦᠷᠨᠢᠭᠦᠯᠵᠦ᠂ ᠡᠭᠦᠨ ᠳᠤ ︽ᠨᠤᠮ ᠤᠨ ᠦᠨᠦᠷᠲᠦ ᠦᠪᠦᠷ ᠮᠤᠩᠭᠤᠯ · ᠲᠤᠮᠳᠠᠳᠦ ᠶᠢᠨ ᠵᠡᠭᠦᠳᠦ ᠪᠠᠨ ᠬᠠᠮᠲᠦ ᠪᠠᠷ ᠲᠡᠷᠭᠡᠯᠰᠢᠭᠦᠯᠦᠶ᠎ᠡ︾ ᠭᠡᠬᠦ 2018 ᠤᠨ ᠤ ᠲᠠᠯ᠎ᠠ ᠨᠤᠲᠤᠭ ᠤᠨ ᠨᠤᠮ ᠤᠡᠭᠰᠢᠬᠤ ᠤᠯᠠᠷᠢᠯ ᠤᠨ ᠠᠵᠢᠯᠯᠠᠭ᠎ᠠ ᠨᠢ ᠪᠦᠬᠦ ᠤᠷᠤᠨ ᠢ ᠬᠠᠮᠤᠷᠴᠦ᠂ ᠬᠡᠤᠬᠡᠳ ᠤᠨ ᠨᠤᠮ ᠤᠡᠭᠰᠢᠯᠭ᠎ᠠ ᠶᠢ ᠭᠤᠤᠯᠳᠠᠯᠭ᠎ᠠ ᠪᠤᠯᠭᠠᠨ ᠠᠳᠬᠤᠵᠠᠢ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号