ᠨᠣᠳᠤᠭ ᠤᠨ ᠨᠢᠯᠪᠣᠰᠣ
ᠨᠡᠶᠢᠲᠡᠯᠡᠭᠰᠡᠨ ᠴᠠᠭ᠄
2019/12/4
                             —— ᠦᠷᠴᠠᠶᠢᠬᠤ                  ᠦᠷ ᠤᠨ ᠴᠣᠯᠮᠣᠨ ᠠᠯᠣᠰ ᠲᠤ  ᠬᠢᠯᠠᠯᠵᠠᠵᠦ ᠪᠠᠶᠢᠭᠰᠠᠨ ᠢᠶᠠᠨ ᠠᠭᠠᠵᠢᠮ ᠢᠶᠠᠷ ᠪᠦᠳᠡᠬᠢᠷᠡᠯ᠎ᠠ᠃ ᠰᠦᠨᠢ  ᠶᠢᠨ ᠨᠠᠮ ᠵᠢᠮ ᠪᠠᠶᠢᠳᠠᠯ ᠠᠭᠠᠵᠢᠮ ᠢᠶᠠᠷ ᠡᠪᠳᠡᠭᠳᠡᠵᠦ᠂ ᠦᠷ ᠤᠨ ᠰᠢᠪᠠᠭᠤ ᠨᠢ ᠵᠢᠷᠬᠢᠯᠳᠣᠵᠦ᠂ ᠦᠨᠢᠶ᠎ᠠ ᠲᠣᠭᠤᠯ  ᠤᠳ ᠨᠢ ᠮᠦᠬᠡᠷᠡᠯᠳᠣᠨ ᠲᠠᠯ᠎ᠠ ᠨᠣᠳᠤᠭ ᠤᠨ ᠦᠷᠯᠦᠬᠡ ᠶᠢᠨ ᠬᠦᠭᠵᠢᠮ ᠡᠷᠬᠦᠨ᠎ᠠ᠃ ᠲᠠᠯ᠎ᠠ ᠶᠢᠨ ᠲᠣᠮᠳᠠ ᠪᠦᠳᠡᠬᠢᠷᠡᠨ ᠴᠠᠶᠢᠯᠵᠠᠬᠤ ᠮᠣᠩᠭᠤᠯ ᠬᠡᠷ ᠤᠳ ᠠᠴᠠ ᠠᠷᠭᠠᠯ ᠤᠨ ᠣᠳᠤᠭ᠎ᠠ ᠰᠣᠭᠤᠨᠠᠭᠯᠠᠨ᠎ᠠ᠃ ᠬᠦᠷᠦᠰᠦᠯᠢᠭ ᠪᠡᠶ᠎ᠠ  ᠲᠠᠢ᠂ ᠮᠣᠷᠢᠨ ᠱᠣᠩ ᠵᠦᠭ   ᠴᠢᠭᠯᠡᠵᠦ ᠶᠠᠪᠣᠭ᠎ᠠ ᠡᠨᠡ ᠬᠦᠮᠦᠨ ᠪᠣᠯ ᠠᠶᠢᠯ ᠬᠤᠳᠠᠯᠠ ᠳᠤ ᠪᠠᠨ ᠨᠡᠷᠠᠳᠠᠢ ᠠᠵᠢᠯᠴᠢ ᠡᠷ᠎ᠠ ᠲᠣᠷᠵᠢ ᠭᠤᠸᠠᠢ  ᠪᠣᠯᠣᠨ᠎ᠠ᠃        ᠲᠣᠷᠵᠢ ᠭᠤᠸᠠᠢ ᠮᠤᠷᠢ ᠪᠠᠨ ᠡᠮᠡᠬᠡᠯᠯᠡᠨ ᠮᠣᠩᠭᠠᠨᠢᠳᠠᠯ᠎ᠠ ᠵᠡᠬᠦᠨ ᠲᠠᠪᠠᠭ᠎ᠠ ᠠᠴᠠ ᠨᠢᠬᠡᠨ ᠮᠣᠷᠢᠳᠠᠢ ᠡᠷ᠎ᠠ ᠲᠣᠭᠤᠰᠣ ᠲᠠᠳᠠᠭᠤᠯᠣᠨ ᠨᠠᠭᠠᠰᠢ ᠠᠶᠢᠰᠣᠢ ᠠᠵᠠᠢ᠃ ᠦᠵᠡᠬᠦᠯᠡᠷ ᠵᠡᠬᠦᠨ ᠠᠶᠢᠯ ᠤᠨ ᠪᠠᠯᠳᠠᠨ ᠭᠤᠸᠠᠢ ᠪᠠᠶᠢᠯ᠎ᠠ᠃ ᠪᠠᠯᠳᠠᠨ ᠮᠣᠷᠢᠨ ᠠᠴᠠ ᠪᠠᠨ ᠪᠠᠭᠤᠮᠠᠭᠴᠠ᠄ ︽ᠠᠬ᠎ᠠ ᠠᠮᠣᠷ ᠦᠦ︖︾ ᠬᠡᠵᠦ ᠮᠡᠨᠳᠦ ᠠᠰᠠᠭᠤᠭᠠᠳ ︽ᠠᠬ᠎ᠠ ᠡ᠂ ᠲᠡᠨ  ᠠᠴᠠ ᠨᠢᠬᠡ ᠶᠠᠭᠤᠮ᠎ᠠ ᠰᠣᠷᠠᠭᠯᠠᠶ᠎ᠠ ᠬᠡᠰᠡᠨ ᠶᠤᠮ ᠡ᠂ ᠰᠢᠷᠭ᠎ᠠ ᠬᠡᠬᠦᠦ ᠶᠢᠨ ᠨᠢᠯᠬ᠎ᠠ ᠣᠨᠠᠭ᠎ᠠ ᠠᠯᠠᠭ᠎ᠠ ᠪᠣᠯᠣᠭᠠᠳ ᠬᠤᠶᠠᠷ ᠬᠤᠨᠣᠴᠢᠬᠠᠯ᠎ᠠ᠃ ᠶᠠᠭᠠᠬᠢᠵᠦ ᠡᠷᠢᠪᠡᠴᠦ ᠣᠯᠳᠠᠭ ᠦᠬᠡᠢ ᠶᠤᠮ ᠪᠢᠯᠠ᠃ ᠢᠡᠭᠬᠢᠬᠡᠳ ᠯᠠ ᠲᠠᠨ ᠠᠴᠠ  ᠠᠰᠠᠭᠤᠬᠤ ᠪᠠᠷ ᠶᠠᠪᠣᠵᠦ ᠪᠠᠶᠢᠨ᠎ᠠ︾ ᠬᠡᠯ᠎ᠠ᠃ ᠲᠣᠷᠵᠢ ᠭᠤᠸᠠᠢ ᠡᠷᠬᠢᠨ ᠲᠣᠭᠤᠷᠢᠨ ᠢᠶᠠᠨ ᠲᠣᠷᠠᠨᠳᠠᠭᠰᠠᠨ ᠢᠶᠠᠨ᠄ ︽ᠦ᠂ ᠬᠠᠷᠠᠯᠠ︕ ᠦᠨᠦᠬᠢ ᠴᠢᠨᠢ ᠣᠷᠢᠳᠦ ᠬᠤᠸᠠ ᠶᠢᠨ ︿ᠬᠠᠷ᠎ᠠ ᠨᠦᠬᠡ﹀ ᠳᠤ  ᠣᠨᠠᠭᠰᠠᠨ ᠦᠬᠡᠢ ᠪᠣᠯ ᠰᠠᠶᠢᠨ ᠬᠡᠷᠡᠭ︾ ᠬᠡᠰᠡᠨ ᠢᠶᠠᠨ ᠮᠣᠷᠢᠨ ᠳᠤ ᠪᠠᠨ ᠮᠣᠷᠳᠠᠮᠠᠭᠴᠠ ᠣᠷᠢᠳᠦ ᠬᠤᠸᠠ ᠶᠢ ᠴᠢᠭᠯᠡᠯ᠎ᠠ᠃                ︽ᠬᠠᠷ᠎ᠠ ᠨᠦᠬᠡ︾ ᠬᠡᠵᠦ ᠳ᠋ᠠ᠂ ᠣᠣᠯ ᠨᠢ ᠨᠢᠬᠡ ᠲᠣᠮᠣ ᠣᠨᠣᠭᠤᠯ ᠤᠨ ᠨᠦᠬᠡ ᠶᠢ ᠵᠢᠭᠠᠳᠠᠭ ᠪᠠᠶᠢᠵᠠᠢ᠃ ᠨᠢᠳᠣᠨᠣᠨ ᠵᠢᠯ ᠤᠨ ᠨᠠᠮᠣᠷ ᠤᠨ ᠨᠢᠬᠡᠨ ᠡᠳᠦᠷ ᠠᠷᠠᠳ ᠣᠯᠠᠨ ᠢ ᠭᠠᠴᠠᠭᠠᠨ ᠲᠡᠬᠡᠷ᠎ᠠ ᠴᠣᠭᠯᠠᠭᠤᠯᠣᠨ᠂ ᠬᠤᠷᠡᠯ ᠬᠢᠬᠡᠳ ᠭᠠᠴᠠᠭᠠᠨ ᠲᠠᠷᠤᠭ᠎ᠠ ᠠᠴᠠ᠄ ︽ᠮᠠᠨ ᠤ ᠨᠣᠳᠤᠭ ᠤᠨ ᠣᠷᠢᠳᠦ ᠬᠤᠸᠠ ᠲᠡᠬᠡᠷ᠎ᠠ ᠠᠯᠳᠠᠨ ᠤ ᠠᠭᠤᠷᠬᠠᠢ ᠮᠠᠯᠳᠠᠬᠤ ᠶᠤᠮ ᠬᠡᠨ᠎ᠠ᠃ ᠲᠠ ᠨᠠᠷ ᠵᠣᠪᠠᠭᠰᠠᠨ ᠤ ᠬᠡᠷᠡᠭ ᠠᠯᠠᠭ᠎ᠠ᠃ ᠬᠡᠷᠪᠡ ᠡᠨᠡ ᠠᠭᠤᠷᠬᠠᠢ ᠶᠢ ᠠᠮᠵᠢᠯᠳᠠ ᠲᠠᠢ ᠮᠠᠯᠳᠠᠴᠢᠬᠠᠪᠠᠯ ᠮᠠᠨᠣᠰ ᠲᠤ ᠵᠣᠭᠤᠰ ᠬᠡᠳᠡᠭ ᠢ ᠴᠢᠨᠢ ᠣᠪᠣᠭ᠎ᠠ ᠣᠪᠣᠭ᠎ᠠ ᠪᠠᠷ ᠦᠭᠬᠦᠨ᠎ᠠ ᠰᠢᠦ᠂ ᠲᠡᠷᠡ ᠴᠠᠭ ᠲᠤ ᠮᠠᠨᠣᠰ ᠡᠨᠡ ᠮᠠᠭᠤ ᠮᠣᠩᠭᠤᠯ ᠬᠡᠷ ᠠᠴᠠ ᠪᠠᠨ ᠰᠠᠯᠵᠦ ᠬᠤᠳᠠ ᠶᠢᠨ ᠠᠰᠠᠷ ᠲᠤ ᠰᠠᠭᠤᠨ᠎ᠠ ᠰᠢᠦ︾ ᠬᠡᠵᠦ ᠬᠡᠯᠡᠵᠠᠢ᠃ ᠲᠡᠷᠡ ᠡᠳᠦᠷ ᠠᠴᠠ ᠡᠬᠢᠯᠡᠨ ᠦᠨᠡᠬᠡᠷ ᠣᠷᠢᠳᠦ ᠬᠤᠸᠠ ᠲᠡᠬᠡᠷ᠎ᠠ ᠬᠡᠳᠦᠨ ᠬᠦᠬᠡ ᠮᠠᠶᠢᠬᠠᠨ ᠪᠣᠰᠬᠠᠵᠦ᠂ ᠠᠷᠪᠠᠭᠠᠳ ᠠᠵᠢᠯᠴᠢᠨ ᠢᠷᠡᠵᠦ᠂ ᠠᠭᠠᠯᠵᠢ ᠰᠢᠭ᠋ ᠠᠷᠪᠠᠶᠢᠭᠰᠠᠨ ᠲᠣᠮᠣ ᠮᠠᠰᠢᠨ ᠢᠶᠠᠷ ᠢᠶᠠᠨ ᠡᠳᠦᠷ ᠰᠦᠨᠢ ᠦᠬᠡᠢ ᠬᠦᠬᠡᠷᠦᠬᠦᠢ ᠬᠤᠸᠠ ᠶᠢᠨ ᠮᠢᠨᠢ ᠵᠢᠷᠦᠬᠡ ᠪᠣᠯᠣᠭᠰᠠᠨ ᠠᠭᠤᠷᠬᠠᠢ ᠡᠷᠳᠡᠨᠢᠰ ᠢ ᠨᠢ ᠮᠠᠯᠳᠠᠳᠠᠭ ᠪᠣᠯᠵᠠᠢ᠃ ᠢᠡᠭᠬᠢᠬᠡᠳ ᠬᠠᠵᠠᠭᠤ ᠪᠠᠷ  ᠨᠢ ᠲᠣᠮᠣ ᠲᠣᠮᠣ ᠣᠨᠣᠭᠤᠯ ᠤᠨ ᠨᠦᠬᠡ ᠮᠠᠯᠳᠠᠵᠦ ᠬᠦᠮᠦᠨ ᠠᠮᠢᠳᠠᠨ ᠤ ᠣᠶᠢᠷᠠᠳᠣᠬᠤ ᠶᠢ ᠰᠡᠷᠬᠡᠶᠢᠯᠡᠳᠡᠭ ᠪᠣᠯᠵᠠᠢ᠃ ᠡᠮᠦᠨ᠎ᠠ ᠬᠤᠶᠠᠷᠬᠠᠨ ᠡᠳᠦᠷ ᠠᠷᠦ ᠶᠢᠨ ᠠᠶᠢᠯ ᠤᠨ ᠨᠢᠯᠬ᠎ᠠ ᠢᠰᠢᠬᠡ ᠡᠨᠡ ᠨᠦᠬᠡᠨ ᠳᠤ ᠣᠨᠠᠵᠦ ᠠᠮᠢ ᠪᠠᠨ ᠠᠯᠳᠠᠭᠰᠠᠨ ᠳ᠋ᠠ᠃                ᠡᠳᠡᠬᠡᠷ ᠢ ᠪᠣᠳᠣᠵᠦ ᠠᠮᠵᠢᠯ ᠦᠬᠡᠢ ᠪᠠᠷ ᠲᠣᠷᠵᠢ ᠭᠤᠸᠠᠢ ᠣᠷᠢᠳᠦ ᠬᠤᠸᠠ ᠲᠡᠬᠡᠷ᠎ᠠ ᠬᠦᠷᠦᠬᠡᠳ ᠢᠷᠡᠴᠢᠬᠡᠭᠰᠡᠨ ᠪᠠᠶᠢᠵᠠᠢ᠃ ᠬᠤᠸᠠ ᠶᠢᠨ ᠣᠷᠣᠢ ᠶᠢ ᠲᠣᠭᠤᠷᠢᠭᠰᠠᠨ ᠠᠷᠪᠠᠭᠠᠳ ᠨᠦᠬᠡ ᠶᠢ ᠨᠢᠬᠡᠳ ᠨᠢᠬᠡ ᠪᠠᠷ ᠱᠠᠭᠠᠶᠢᠵᠦ ᠦᠵᠡᠯ᠎ᠠ᠃ ᠱᠠᠭᠠᠶᠢᠵᠦ ᠶᠠᠪᠣᠳᠠᠯ᠎ᠠ ᠦᠨᠡᠬᠡᠷ ᠨᠢᠬᠡ ᠨᠦᠬᠡᠨ ᠳᠤ ᠨᠢᠬᠡ ᠶᠠᠭᠤᠮ᠎ᠠ ᠪᠦᠳᠡᠬᠢᠷᠡᠵᠦ ᠬᠠᠷᠠᠭᠳᠠᠯ᠎ᠠ᠃ ᠭᠠᠷ ᠳ᠋ᠸᠡᠭ ᠢᠶᠠᠷ ᠬᠡᠷᠡᠯᠳᠦᠬᠦᠯᠬᠦ ᠳᠤ ᠠᠷᠠᠢ ᠠᠮᠢ ᠲᠠᠢ ᠲᠠᠯᠴᠢᠯᠡᠵᠦ ᠪᠠᠶᠢᠭ᠎ᠠ ᠨᠢᠯᠬ᠎ᠠ ᠣᠨᠠᠭ᠎ᠠ ᠬᠠᠷᠠᠭᠳᠠᠯ᠎ᠠ᠃ ᠠᠢ ᠬᠦᠬᠡᠷᠦᠬᠦᠢ᠂ ᠣᠳᠦ ᠪᠠᠭ᠎ᠠ ᠣᠷᠣᠶᠢᠳᠠᠭᠰᠠᠨ ᠪᠣᠯ ᠠᠮᠢ ᠪᠠᠨ ᠠᠯᠳᠠᠬᠤ ᠨᠢ ᠲᠡᠷᠡ᠃ ᠣᠨᠠᠭ᠎ᠠ  ᠪᠠᠨ ᠠᠮᠣᠷ ᠮᠡᠨᠳᠦ ᠭᠠᠷᠭᠠᠵᠦ ᠠᠪᠣᠭᠰᠠᠨ ᠳᠤ ᠪᠠᠨ ᠬᠤᠶᠠᠷ ᠡᠷ᠎ᠠ ᠶᠢᠨ ᠰᠠᠳᠬᠢᠯ ᠬᠠᠨᠣᠮᠵᠢᠳᠠᠢ ᠪᠣᠯᠪᠠᠴᠦ ᠲᠣᠷᠵᠢ  ᠶᠢᠨ ᠰᠡᠳᠬᠢᠯ ᠳᠤ ᠶᠠᠷᠦ ᠨᠢᠬᠡᠨ ᠪᠣᠳᠣᠯᠭᠠᠰᠢᠷᠡᠯ ᠪᠣᠯᠣᠨ᠎ᠠ᠃ ᠲᠠᠰᠢᠭᠤᠷ ᠨᠡᠮᠡᠨ ᠬᠤᠷᠳᠣᠯᠠᠭᠰᠠᠭᠠᠷ ᠬᠡᠷ ᠤᠨ ᠡᠬᠦᠳᠡᠨ  ᠳᠤ ᠪᠠᠨ ᠢᠷᠡᠯ᠎ᠠ᠃ ᠡᠬᠦᠳᠠ ᠨᠡᠬᠡᠬᠡᠨ ᠣᠷᠣᠪᠠᠯ᠂ ᠰᠦ ᠲᠠᠢ ᠴᠠᠢ ᠶᠢᠨ ᠦᠨᠦᠷ ᠬᠠᠨᠭ᠍ᠬᠤᠯᠣᠨ᠂ ᠴᠡᠴᠡᠭᠮ᠎ᠠ ︵ᠲᠣᠷᠵᠢ ᠭᠤᠸᠠᠢ ᠶᠢᠨ ᠬᠡᠷᠬᠡᠢ︶ ᠬᠡᠳᠦᠨ ᠣᠭᠵᠢᠭᠤᠷ ᠬᠤᠷᠠᠭ᠎ᠠ ᠪᠠᠨ ᠣᠭᠵᠢᠵᠦ ᠰᠠᠭᠤᠨ᠎ᠠ᠃ ︽ᠶᠠᠭᠠᠬᠢᠪᠠ ᠳ᠋ᠠ᠂ ᠪᠦᠷ ᠦᠳᠠ ᠬᠡᠯᠪᠡᠶᠢᠴᠢᠬᠡᠯ᠎ᠠ ᠰᠢᠦ︾ ᠬᠡᠳ ᠴᠠᠢ ᠠᠶᠠᠭᠠᠯᠠᠯ᠎ᠠ᠃ ᠰᠠᠶ᠋ᠢᠬᠠᠨ ᠴᠢᠨᠠᠭᠰᠠᠨ ᠰᠦ ᠲᠠᠢ ᠴᠠᠢ ᠶᠢ ︽ᠬᠦᠷᠳ᠋︾ ᠬᠡᠳᠡᠯ᠎ᠠ ᠣᠭᠤᠴᠢᠭᠰᠠᠨ ᠲᠣᠷᠵᠢ ᠭᠤᠸᠠᠢ᠄  ︽ᠠᠢ᠂ ᠣᠳᠦ ᠶᠢᠨ ᠡᠨᠡ ᠶᠠᠩᠵᠣ ᠪᠠᠷ ᠬᠡᠳᠦᠨ ᠮᠠᠯ ᠢᠶᠠᠨ ᠶᠠᠭᠠᠬᠢᠵᠦ ᠴᠦ ᠮᠠᠯᠵᠢᠬᠤ ᠪᠢᠯᠠ᠃ ᠠᠭᠤᠷᠬᠠᠢ ᠨᠡᠬᠡᠬᠡᠭᠰᠡᠨ ᠠᠴᠠ ᠠᠪᠣᠭᠠᠳ ᠪᠣᠷᠣᠭᠠᠨ ᠴᠦ ᠣᠷᠣᠬᠤ ᠪᠠᠨ ᠪᠣᠯᠢᠵᠠᠢ︾ ᠬᠡᠮᠡᠨ ᠰᠡᠬᠦᠷᠡᠰᠦᠯᠡᠬᠦ ᠳᠤ ᠪᠠᠯᠳᠠᠨ ᠭᠤᠸᠠᠢ ᠡᠯᠬᠦᠵᠦ ᠠᠪᠣᠭᠠᠳ᠄ ︽ᠬᠠᠷᠢᠨ ᠲᠡᠶᠢᠮᠣ ᠡ᠂ ᠨᠣᠳᠤᠭ ᠢᠶᠠᠨ ᠡᠪᠳᠡᠬᠡᠳ ᠪᠠᠶᠢᠬᠤ ᠳᠤᠨᠢ ᠲᠡᠭᠷᠢ ᠠᠪᠤ ᠴᠦ ᠠᠭᠤᠷᠰᠠᠭᠰᠠᠨ ᠪᠠᠶᠢᠯᠬᠦᠢ᠂ ᠮᠠᠨᠣᠰ ᠨᠢᠬᠡ ᠡᠳᠦᠷ ᠠᠮᠣᠷ ᠲᠣᠭᠳᠠᠭᠤᠨ ᠮᠠᠯ ᠮᠠᠯᠵᠢᠵᠦ ᠴᠢᠳᠠᠬᠤ ᠪᠠᠨ ᠪᠣᠯᠢᠵᠠᠢ︾ ᠬᠡᠳ ᠠᠶᠠᠭ᠎ᠠ ᠲᠠᠢ ᠴᠠᠢ ᠪᠠᠨ ᠪᠠᠯᠭᠤᠯ᠎ᠠ᠃ ᠬᠤᠶᠠᠭᠤᠯᠠ ᠨᠢᠬᠡ ᠵᠡᠷᠬᠡ ᠴᠢᠮᠡᠭᠡ ᠦᠬᠡᠢ ᠰᠠᠭᠤᠭᠰᠠᠨ ᠢᠶᠠᠨ ᠪᠠᠯᠳᠠᠨ ᠭᠤᠸᠠᠢ᠄ ︽ᠡᠰᠡᠬᠦᠯ᠎ᠠ ᠮᠠᠷᠭᠠᠰᠢ ᠭᠠᠴᠠᠭᠠᠨ ᠤ ᠠᠷᠠᠳ ᠢ ᠴᠣᠭᠯᠠᠭᠤᠯᠵᠦ ᠬᠤᠰᠢᠭᠤᠨ ᠲᠦᠪ ᠲᠤ ᠣᠴᠢᠵᠦ᠂ ᠨᠣᠳᠤᠭ ᠲᠤ ᠪᠠᠨ ᠠᠭᠤᠷᠬᠠᠢ ᠮᠠᠯᠳᠠᠭᠤᠯᠬᠤ ᠦᠬᠡᠢ ᠶᠢᠨ ᠲᠦᠯᠦᠬᠡ ᠵᠠᠭᠠᠯᠳᠣᠭᠠᠨ ᠵᠠᠷᠭᠤ ᠬᠦᠬᠡᠬᠡᠬᠦ ᠦᠦ ᠳ᠋ᠠ︖︾ ᠬᠡᠬᠦ ᠳᠤ ᠲᠣᠷᠵᠢ ᠬᠡᠰᠡᠭ ᠪᠣᠳᠣᠯᠬᠢᠯᠠᠭᠰᠠᠨ ᠢᠶᠠᠨ᠄ ︽ᠴᠢ ᠵᠡᠬᠦᠳᠦᠯᠡᠬᠦ ᠪᠠᠨ ᠪᠣᠯᠢᠭᠠᠴᠢ ᠳ᠋ᠠ᠂ ᠬᠤᠰᠢᠭᠤᠨ ᠲᠠᠷᠤᠭ᠎ᠠ ᠴᠢᠨᠢ ᠮᠠᠨ ᠤ ᠭᠠᠴᠠᠭᠠᠨ ᠲᠠᠷᠤᠭ᠎ᠠ ᠶᠢᠨ ᠰᠠᠶᠢᠨ ᠲᠠᠨᠢᠯ ᠰᠢᠦ᠂ ᠲᠡᠷᠡ ᠠᠭᠤᠷᠬᠠᠢ  ᠨᠡᠬᠡᠬᠡᠬᠦ ᠵᠢ‌‍ᠲ᠋ᠠᠮᠵᠢᠬᠦ ᠨᠢ ᠲᠠᠮᠵᠢᠭ ᠦᠬᠡᠢ᠂ ᠮᠠᠨ ᠤ ᠮᠠᠯᠴᠢᠳ ᠤᠨ ᠵᠣᠪᠠᠯᠠᠩ ᠢ ᠨᠢᠳᠦᠨ  ᠳᠡᠭᠡᠨ ᠬᠠᠪᠴᠢᠬᠤ ᠦᠬᠡᠢ ᠳ᠋ᠠ︾ ᠬᠡᠳ ᠯᠠ ᠭᠠᠨᠭ᠍ᠰᠠ ᠪᠠᠨ ᠵᠠᠭᠤᠵᠦ ᠲᠠᠮᠡᠬᠢ ᠪᠠᠨ ᠫᠣᠭᠰᠢᠯ᠎ᠠ᠃              ᠣᠷᠣ ᠶᠢᠨ ᠤᠨ ᠵᠡᠬᠦᠨ ᠵᠠᠬ᠎ᠠ ᠳᠤ ᠱᠠᠭᠠᠢ ᠨᠠᠭᠠᠳᠴᠦ ᠪᠠᠶᠢᠭᠰᠠᠨ ᠣᠮᠪᠣᠯᠣ ᠬᠦᠦ ᠨᠢ ᠨᠢᠳᠦ ᠲᠣᠷᠮᠣᠯᠵᠠᠭᠤᠯᠣᠭᠰᠠᠭᠠᠷ᠄ ︽ᠠᠭᠤᠷᠬᠠᠢ ᠬᠡᠭᠴᠢ ᠲᠡᠶᠢᠮᠣ ᠠᠶᠣᠮᠰᠢᠭᠳᠠᠢ ᠠᠮᠢᠳᠠᠨ ᠦᠦ︖︾ ᠬᠡᠬᠦ ᠳᠤ ᠲᠣᠷᠵᠢ ᠭᠤᠸᠠᠢ᠄ ︽ᠦ᠂ ᠠᠮᠢᠳᠠᠨ ᠪᠢᠰᠢ ᠪᠠᠶᠢᠭ᠎ᠠ᠂ ᠠᠭᠤᠷᠬᠠᠢ ᠬᠡᠳᠡᠭ ᠨᠢ ᠨᠣᠳᠤᠭ ᠤᠨ ᠬᠦᠷᠦᠰᠦᠨ ᠳᠤ ᠴᠢᠨᠢ ᠪᠣᠯᠠᠭᠳᠠᠵᠦ ᠪᠠᠶᠢᠭᠰᠠᠨ ᠡᠳ᠋ ᠡᠷᠳᠡᠨᠢᠰ ᠢ ᠨᠢ ᠮᠠᠯᠳᠠᠵᠦ ᠭᠠᠷᠭᠠᠬᠤ ᠶᠢ ᠬᠡᠯᠡᠨ᠎ᠠ᠂ ᠮᠢᠨᠦ ᠣᠮᠪᠣᠯᠣ ᠬᠤᠵᠢᠮ ᠪᠢᠴᠢᠭ ᠡᠷᠳᠡᠮ ᠢᠶᠠᠨ ᠰᠠᠶᠢᠨ ᠰᠣᠷᠣᠭᠠᠳ ᠨᠣᠳᠤᠭ ᠣᠷᠣᠨ ᠢᠶᠠᠨ ᠬᠠᠮᠠᠭᠠᠯᠠᠵᠦ ᠴᠡᠴᠡᠭᠯᠡᠬᠦᠯᠵᠦ ᠶᠠᠪᠣᠬᠤ ᠶᠤᠮ ᠰᠢᠦ︾ ᠬᠡᠳ ᠯᠠ ᠣᠮᠪᠣᠯᠣ ᠶᠢᠨ ᠢᠶᠠᠨ ᠲᠣᠯᠣᠭᠠᠢ ᠶᠢ ᠢᠯᠪᠢᠯ᠎ᠠ᠃  ᠡᠪᠦᠭᠡ ᠡ᠂ ᠪᠢ ᠮᠡᠳᠡᠭᠰᠡᠨ ᠡ᠂ ᠪᠢ ᠯᠠᠪ ᠨᠣᠳᠤᠭ ᠲᠤ   ᠪᠠᠨ ᠬᠤᠪᠢ ᠨᠡᠮᠡᠷᠢ ᠪᠠᠨ ᠦᠵᠡᠬᠦᠯᠦᠨ᠎ᠠ᠃ ᠬᠡᠪᠡᠴᠦ ᠡᠪᠦᠭᠡ ᠡ᠂ ᠪᠢᠳᠠ ᠪᠣᠯ ᠮᠣᠩᠭᠤᠯ ᠨᠣᠳᠤᠭ ᠤᠨ ᠢᠶᠠᠨ ᠡᠵᠡᠨ ᠬᠦᠮᠦᠨ᠂ ᠣᠳᠦ ᠬᠠᠷᠢ ᠶᠢᠨ ᠬᠦᠮᠦᠨ ᠮᠠᠨ ᠤ ᠨᠣᠳᠤᠭ ᠢ ᠲᠣᠷ᠎ᠠ ᠪᠠᠷ ᠰᠡᠨᠳᠡᠯᠡᠵᠦ ᠪᠠᠶᠢᠬᠤ ᠳᠤ ᠡᠵᠡᠨ ᠪᠣᠯᠣᠭᠰᠠᠨ ᠮᠣᠩᠭᠤᠯ ᠡᠷᠡᠴᠣᠣᠯ ᠪᠢᠳᠠ ᠶᠠᠭᠠᠬᠢᠭᠠᠳ ᠲᠡᠳᠡᠨ ᠢ ᠬᠤᠷᠢᠭᠯᠠᠵᠦ ᠲᠡᠶᠢᠯᠦᠬᠡ ᠦᠬᠡᠢ ᠪᠣᠢ︖︾ ᠬᠡᠵᠦ ᠠᠰᠠᠭᠤᠯ᠎ᠠ ᠃ ᠲᠣᠷᠵᠢ ᠶᠠᠭᠤ ᠴᠦ ᠲᠣᠣᠭᠠᠷᠣᠭᠰᠠᠨ ᠦᠬᠡᠢ᠂ ᠬᠦᠮᠦᠰᠬᠡ ᠵᠠᠩᠬᠢᠳᠣᠨ ᠠᠯᠣᠰ ᠢ ᠪᠠᠷᠠᠭᠠᠯᠠᠭᠰᠠᠭᠠᠷ ᠁                ᠲᠡᠭᠷᠢ ᠶᠢᠨ ᠬᠠᠶᠠᠭᠠᠨ ᠠᠴᠠ ᠪᠠᠷᠠᠭᠠᠨ ᠡᠬᠦᠯᠠ ᠪᠣᠰᠴᠦ ᠲᠡᠭᠷᠢ ᠲᠣᠣᠭᠠᠷᠴᠦ ᠠᠶᠣᠩᠭ᠎ᠠ ᠨᠢᠵᠢᠬᠢᠨᠡᠨ᠎ᠠ᠃ ᠠᠶᠣᠩᠭ᠎ᠠ ᠶᠢᠨ ᠲᠠᠭᠤᠨ ᠳᠤ ᠬᠤᠷᠣᠰᠣᠭᠰᠠᠨ᠂ ᠬᠢᠯᠢᠩᠨᠡᠭᠰᠠᠨ ᠠᠶᠠᠰ ᠲᠣᠳᠦ ᠰᠣᠨᠣᠰᠳᠠᠨ᠎ᠠ᠃ ᠣᠳᠠᠯ ᠦᠬᠡᠢ ᠵᠡᠬᠦᠨ ᠠᠴᠠ ᠰᠠᠯᠬᠢᠯᠠᠨ ᠬᠡᠳᠦᠨ ᠪᠣᠷᠣᠭᠠᠨ ᠲᠣᠰᠣᠯ᠎ᠠ᠃ ᠬᠦᠬᠡᠷᠦᠬᠦᠢ ᠨᠣᠳᠤᠭ ᠤᠨ ᠮᠢᠨᠢ ᠨᠢᠯᠪᠣᠰᠦ ᠨᠢ ᠪᠠᠶᠢᠭ᠎ᠠ ᠳ᠋ᠠ ᠬᠡᠵᠦ ᠲᠣᠳᠣᠷ᠎ᠠ ᠪᠠᠨ ᠪᠣᠳᠣᠭᠰᠠᠨ ᠲᠣᠷᠵᠢ ᠭᠤᠸᠠᠢ ᠬᠡᠷ ᠠᠴᠠ ᠪᠠᠨ ᠭᠠᠷᠴᠦ ᠠᠯᠠᠭ᠎ᠠ ᠪᠠᠨ ᠲᠣᠰᠣᠨ ᠪᠣᠷᠣᠭᠠᠨ ᠬᠦᠰᠡᠯ᠎ᠠ᠃                    ᠵᠢᠯᠣᠭᠤᠳᠣᠭᠰᠠᠨ ᠪᠠᠭᠰᠢ᠄ ᠰᠠᠷᠠᠨᠳᠣᠩᠭᠠᠯᠠᠭ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号