| | | ——ᠲᠡᠬᠡᠲᠤ ᠬᠤᠶᠠᠷ ᠤᠨ ᠭᠤᠷᠪᠠ ᠭᠠᠩᠭᠠᠮᠦ᠋ᠷᠡᠨ | | | | ᠵᠢᠭᠠᠯ ᠬᠦᠦ ᠡᠵᠢ ᠲᠠᠢ ᠪᠠᠨ ᠬᠡᠲᠦᠨ ᠦᠬᠡᠷ᠂ ᠬᠡᠲᠦᠨ ᠬᠤᠨᠢ ᠪᠠᠨ ᠮᠠᠯᠵᠢᠵᠦ ᠠᠮᠢᠲᠤᠷᠠᠲᠠᠭ᠃ ᠬᠡᠷ | ᠤᠨ ᠲᠦᠰᠢᠭ ᠨᠢ ᠠᠪᠤ ᠨᠢ ᠪᠢᠰᠢ᠂ ᠨᠡᠶᠢᠬᠡᠮ ᠤᠨ ᠨᠦᠬᠦᠪᠦᠷᠢ ᠶᠢᠨ ᠮᠦᠩᠬᠦ ᠪᠠᠶᠢᠪᠠ᠃ ᠬᠠᠷᠢᠨ ᠠᠪᠤ ᠨᠢ ᠠᠷᠢᠬᠢᠨ | ᠳᠤ ᠤᠷᠤᠵᠦ᠂ ᠬᠡᠲᠤ ᠠᠷᠢᠬᠢ ᠤᠤᠭᠤᠭᠰᠠᠨ ᠠᠴᠠ ᠴᠢᠯᠡᠬᠡᠨ ᠢᠶᠠᠷ ᠨᠠᠰᠤ ᠪᠠᠷᠠᠵᠠᠢ᠃ | ᠵᠢᠭᠠᠯ ᠬᠦᠦ ᠴᠣ᠋ ᠪᠠᠭ᠎ᠠ ᠠᠴᠠ ᠪᠠᠨ ᠲᠤᠩ ᠤᠬᠠᠭᠠᠨ ᠲᠠᠢ ᠪᠠᠶᠢᠯ᠎ᠠ᠃ ᠲᠡᠷᠡ ᠨᠢᠬᠡ ᠲᠡᠷᠯᠢᠭ ᠲᠤ | ᠶᠡᠬᠡᠲᠡ ᠲᠤᠷᠠᠯᠠᠵᠠᠢ᠂ ᠬᠡᠰᠡᠨ ᠴᠤ ᠪᠠᠶᠠᠨ ᠠᠶᠢᠯ ᠤᠨ ᠡᠷᠬᠡ ᠬᠡᠦᠬᠡᠳ ᠲᠠᠢ ᠠᠲᠠᠯᠢ ᠤᠷᠤᠭᠤᠯ ᠢᠶᠠᠨ ᠢᠮᠠᠭᠠᠨ | ᠰᠡᠬᠦᠯ ᠰᠢᠭ ᠡᠷᠲᠡᠶᠢᠯᠬᠡᠨ ︽ᠠᠪᠤᠨ᠎ᠠ︾ ᠬᠡᠵᠦ ᠤᠬᠢᠯᠠᠵᠦ ᠪᠦᠮᠪᠦᠷᠢᠬᠡ ᠦᠬᠡᠢ᠃ ᠬᠠᠷᠢᠨ ᠡᠵᠢ ᠳᠤ ᠪᠠᠨ | ᠲᠠᠷᠤᠭᠠᠰᠤ ᠨᠡᠮᠡᠬᠦ ᠦᠬᠡᠢ ᠬᠡᠵᠦ ᠲᠡᠷᠯᠢᠭ ᠤᠨ ᠶᠠᠪᠤᠲᠠᠯ ᠢ ᠰᠡᠳᠬᠢᠯ ᠤᠨ ᠢᠶᠠᠨ ᠬᠦᠨ ᠳᠤ ᠬᠠᠲᠠᠭᠠᠯᠠᠵᠠᠢ᠃ | ᠵᠢᠭᠠᠯ ᠬᠦᠦ ᠶᠢᠨ ᠡᠵᠢ ᠨᠢ ᠬᠦᠦ ᠪᠠᠨ ᠨᠤᠮ ᠠᠴᠠ ᠡᠷᠲᠡᠮ ᠡᠪᠦᠷᠯᠡᠵᠦ᠂ ᠨᠠᠶᠢᠵᠠ ᠨᠤᠭᠤᠳ ᠠᠴᠠ | ᠤᠠᠬᠭᠠᠨ ᠰᠤᠷᠤᠭ ᠬᠡᠵᠦ ᠰᠤᠶᠤᠯ ᠤᠨ ᠮᠦᠷ ᠬᠦᠬᠡᠬᠡᠯᠬᠡᠵᠠᠢ᠃ ᠵᠢᠭᠠᠯ ᠬᠦᠦ ᠭᠠᠷᠠᠭ ᠤᠨ ᠰᠡᠬᠦᠯᠴᠢ ᠰᠤᠷᠭᠠᠭᠤᠯᠢ | ᠴᠢᠯᠦᠬᠡ ᠲᠠᠯᠪᠢᠬᠤ ᠪᠤᠯᠭᠠᠨ ᠲᠤᠭᠤᠵᠦ ᠲᠤᠷᠠᠯᠠᠭᠰᠠᠨ ᠲᠡᠷᠯᠢᠭ ᠢᠶᠠᠨ ᠦᠵᠡᠬᠦ ᠪᠠᠷ ᠤᠴᠢᠲᠠᠭ᠃ ᠲᠡᠯᠬᠡᠬᠦᠷ ᠤᠨ | ᠡᠵᠡᠨ ᠴᠤ ᠲᠡᠬᠦᠨ ᠢ ᠶᠡᠷᠦ ᠠᠴᠠ ᠬᠦᠬᠡᠬᠡᠵᠦ ᠦᠩᠭᠡᠷᠡᠭᠡ ᠦᠬᠡᠢ᠃ ᠵᠢᠭᠠᠯ ᠬᠦᠦ ᠶᠢᠨ ᠠᠩᠬᠢ ᠳᠤ ᠨᠢᠬᠡᠨ ᠵᠢᠭᠠᠯ | ᠦᠬᠢᠨ ᠪᠠᠶᠢᠲᠠᠭ᠃ ᠲᠡᠷᠡ ᠵᠢᠭᠠᠯ ᠬᠦᠦ ᠶᠢ ︽ᠬᠤᠯᠠᠭᠠᠶᠢᠴᠢ ᠶᠢᠨ ᠵᠤᠯᠵᠠᠭ᠎ᠠ︾ ᠬᠡᠵᠦ ᠬᠠᠷᠢᠶᠠᠲᠠᠭ᠂ ᠡᠨᠡ ᠨᠢ | ᠬᠦᠦ ᠶᠢᠨ ᠠᠪᠤ ᠨᠢ ᠠᠮᠢᠲᠤ ᠪᠠᠶᠢᠬᠤ ᠳᠤ ᠪᠠᠨ ᠰᠤᠭᠲᠤᠭᠤ ᠪᠠᠷ ᠢᠶᠠᠨ ᠵᠢᠭᠠᠯ ᠦᠬᠢᠨ ᠤ ᠠᠪᠤ ᠶᠢᠨ ᠬᠢᠨ ᠬᠤᠨᠢ ᠶᠢ | ᠨᠢ ᠬᠤᠯᠠᠭᠠᠶᠢᠯᠠᠭᠰᠠᠨ ᠠᠴᠠ ᠪᠤᠯᠵᠠᠢ᠃ ᠬᠦᠦ ᠦᠬᠢᠨ ᠢ ᠬᠤᠷᠤᠰᠴᠤ ᠦᠵᠡᠭᠡ ᠦᠬᠡᠢ᠂ ᠬᠠᠷᠢᠨ ᠰᠡᠳᠬᠢᠯ ᠳᠤ ᠪᠠᠨ | ᠦᠬᠢᠨ ᠢ ᠲᠤᠭᠤᠵᠦ ᠪᠠᠶᠢᠯ᠎ᠠ᠃ ᠬᠡᠴᠢᠨᠡᠨ ᠤᠲᠠᠭ᠎ᠠ ᠨᠠᠶᠢᠵᠠᠯᠠᠶᠠ ᠬᠡᠬᠦ ᠳᠤ ᠵᠢᠭᠠᠯ ᠦᠬᠢᠨ ᠵᠦᠪᠰᠢᠶᠡᠷᠡᠭᠰᠡᠨ ᠦᠬᠡᠢ᠂ | ᠬᠠᠷᠢᠨ ︽ᠠᠪᠤ ᠬᠤᠯᠠᠭᠠᠶᠢᠴᠢ ᠠᠴᠠ ᠡᠭᠳᠡᠬᠦᠴᠡᠳᠡᠭ︾ ᠬᠡᠯᠡ᠃ ᠬᠦᠦ ᠮᠦᠨ ᠯᠠ ᠲᠡᠬᠦᠨ ᠢ ᠲᠤᠭᠤᠭᠰᠠᠨ ᠬᠡᠪ | ᠢᠶᠠᠷ ᠢᠶᠠᠨ᠂ ᠦᠬᠢᠨ ᠤ ᠬᠠᠴᠠᠷ ᠢ ᠰᠠᠷᠠᠨ᠎ᠠ ᠴᠡᠴᠡᠭ ᠰᠢᠭ ᠬᠦᠬᠡᠷᠦᠬᠦᠨ ᠬᠡᠵᠦ ᠪᠤᠲᠤᠭᠰᠠᠭᠠᠷ ᠁ | ᠬᠦᠦ ᠲᠤᠷᠠᠯᠠᠭᠰᠠᠨ ᠲᠡᠷᠯᠢᠭ ᠤᠨ ᠢᠶᠠᠨ ᠲᠦᠯᠦᠬᠡ ᠪᠤᠰᠤᠳ ᠠᠶᠢᠯ ᠤᠨ ᠬᠤᠨᠢ ᠶᠢ ᠬᠠᠷᠢᠭᠤᠯᠵᠤ᠂ | ᠮᠦᠩᠬᠦ ᠪᠠᠨ ᠴᠤᠭᠯᠠᠭᠤᠯᠵᠦ ᠪᠠᠶᠢᠯ᠎ᠠ᠃ ᠬᠤᠨᠢᠨ ᠤ ᠬᠦᠯᠦᠰᠦ ᠨᠢ ᠡᠲᠦᠷ ᠲᠤ 25 ᠲᠦᠬᠦᠷᠢᠭ ᠪᠠᠶᠢᠵᠦ᠂ 22 | ᠲᠦᠬᠦᠷᠢᠭ ᠢ ᠨᠢ ᠡᠵᠢ ᠳᠤ ᠪᠠᠨ ᠲᠤᠰᠢᠶᠠᠲᠠᠭ ᠪᠠᠶᠢᠵᠠᠢ᠃ ᠬᠦᠦ ᠨᠡᠯᠢᠶᠡᠳ ᠬᠤᠨᠤᠭ ᠴᠤᠭᠯᠠᠭᠤᠯᠵᠤ᠂ 50 | ᠲᠦᠬᠦᠷᠢᠭ ᠪᠤᠯᠭᠠᠵᠠᠢ᠃ ᠲᠡᠷᠡ ᠲᠡᠷᠯᠢᠭ ᠨᠢ 200 ᠲᠦᠬᠦᠷᠢᠭ ᠪᠠᠶᠢᠯ᠎ᠠ᠃ ᠲᠡᠷᠡ ᠦᠪᠡᠷ ᠤᠨ ᠪᠤᠲᠤᠯ ᠢᠶᠠᠨ | ᠪᠠᠭᠰᠢ ᠳᠤ ᠪᠠᠨ ᠬᠡᠯᠡᠭᠰᠡᠨ ᠳᠤ ᠪᠠᠭᠰᠢ ᠨᠢ᠄ ︽ᠴᠢ ᠭᠠᠷᠠᠭ ᠤᠨ ᠡᠲᠦᠷ ᠮᠠᠨ ᠤ ᠳᠤ ᠤᠴᠢᠵᠦ ᠬᠡᠷ ᠢ ᠴᠡᠪᠡᠷᠯᠡᠬᠡᠳ | ᠦᠭ᠂ ᠪᠢ ᠴᠢᠮ᠎ᠠ ᠳᠤ ᠬᠦᠯᠦᠰᠦ ᠮᠦᠩᠭᠦ ᠦᠭᠬᠦᠶ᠎ᠡ︾ ᠬᠡᠯᠡ᠃ | ᠭᠤᠷᠪᠠᠨ ᠰᠠᠷ᠎ᠠ ᠶᠢᠨ ᠲᠠᠷᠠᠭ᠎ᠠ ᠵᠢᠭᠠᠯ ᠬᠦᠦ ᠬᠠᠭᠤᠲᠠᠰᠦ ᠨᠢ ᠵᠦᠬᠡᠯᠡᠷᠡᠲᠡᠯᠡ ᠲᠤᠭᠠᠯᠠᠭᠰᠠᠨ 212 | ᠲᠦᠬᠦᠷᠢᠭ ᠢᠶᠠᠨ ᠠᠬᠢᠨ ᠲᠤᠭᠠᠯᠠᠭᠠᠳ᠂ ᠲᠡᠷᠯᠢᠭ ᠢᠶᠠᠨ ᠠᠪᠬᠤ ᠪᠠᠷ ᠪᠠᠷᠠᠬᠤ ᠦᠬᠡᠢ ᠡᠵᠢ ᠳᠤ ᠪᠠᠨ ᠶᠠᠭᠤᠮ᠎ᠠ | ᠠᠪᠤᠨ᠎ᠠ ᠳ᠋ᠠ ᠬᠡᠵᠦ ᠪᠠᠶᠢᠷᠢ ᠠᠴᠠ ᠪᠠᠨ ᠠᠩᠬᠢ ᠵᠦᠭ ᠢᠶᠠᠨ ᠪᠠᠶᠠᠷᠲᠠᠶᠢᠬᠠᠨ ᠠᠯᠬᠤᠨ᠎ᠠ᠃ ᠵᠠᠮ ᠤᠨ ᠬᠠᠵᠠᠭᠤ ᠳᠤ | ᠲᠠᠷᠢᠭᠰᠠᠨ ᠰᠠᠷᠠᠨ᠎ᠠ ᠴᠡᠴᠡᠭ ᠦᠨᠡᠨ ᠭᠤᠶᠤ ᠡ︕ ᠵᠢᠭᠠᠯ ᠦᠬᠢᠨ ᠤ ᠬᠠᠴᠠᠷ ᠰᠢᠭ᠋ ᠤᠯᠠᠭᠠᠨ ᠪᠠᠶᠢᠯ᠎ᠠ᠃ | ᠦᠬᠢᠨ ᠬᠤᠶᠠᠷ ᠡᠲᠦᠷ ᠬᠢᠴᠢᠶᠡᠯ ᠤᠷᠤᠭᠰᠠᠨ ᠦᠬᠡᠢ᠃ ᠬᠢᠴᠢᠶᠡᠯ ᠲᠡᠬᠡᠷ᠎ᠡ ᠪᠠᠭᠰᠢ ᠨᠢ ︽ᠮᠠᠷᠭᠠᠰᠢ | ᠭᠠᠷᠠᠭ ᠤᠨ ᠵᠢᠷᠭᠤᠭᠠᠨ᠂ ᠲᠠᠨᠠᠷ ᠬᠡᠷ ᠤᠨ ᠠᠬᠠᠮᠠᠳ ᠲᠠᠢ ᠪᠠᠨ ᠬᠠᠷᠢᠯᠴᠠᠵᠦ ᠵᠢᠭᠠᠯ ᠦᠬᠢᠨ ᠢ ᠮᠦᠩᠬᠦ ᠪᠠᠷ | ᠲᠤᠰᠠᠯᠠᠬᠤ ᠶᠢ ᠬᠦᠰᠡᠵᠦ ᠪᠠᠶᠢᠨ᠎ᠠ᠃ ᠵᠢᠭᠠᠯ ᠦᠬᠢᠨ ᠮᠠᠰᠢ ᠬᠦᠨᠲᠤ ᠡᠪᠡᠳᠴᠢᠯᠡᠬᠡᠳ ᠪᠠᠶᠢᠨ᠎ᠠ︾ ᠬᠡᠯᠡ᠃ | ︽ᠪᠠᠭᠰᠢ ᠡ᠂ ᠲᠡᠷᠡ ᠦᠬᠦᠨ᠎ᠡ ᠤᠤ︖︾ ᠬᠡᠵᠦ ᠵᠢᠭᠠᠯ ᠦᠬᠢᠨ ᠤ ᠰᠠᠶᠢᠨ ᠨᠠᠶᠢᠵᠠ ᠨᠢ ᠠᠰᠠᠭᠤᠯ᠎ᠠ | ᠃ | ︽ᠡᠪᠡᠳᠴᠢᠨ ᠨᠢ ᠤᠲᠠᠪᠠᠯ ᠠᠮᠢ ᠨᠠᠰᠤᠨ ᠤ ᠠᠶᠤᠯ ᠲᠠᠢ︾ ᠬᠡᠵᠦ ᠨᠢᠲᠦᠨ ᠳᠤ ᠪᠠᠨ ᠵᠠᠶᠢᠷ | ᠬᠦᠶᠦᠯᠬᠡᠪᠡ᠃ | ︽ᠦᠬᠦᠨ᠎ᠡ︾ ᠬᠡᠲᠡᠭ ᠦᠬᠡ ᠰᠣᠨᠣᠰᠳᠠᠬᠤ ᠳᠤ ᠬᠦᠦ ᠶᠢᠨ ᠰᠡᠳᠬᠢᠯ ᠳᠤ ᠲᠦᠷᠡᠯᠵᠡᠵᠦ ᠪᠠᠶᠢᠭᠰᠠᠨ | ᠭᠠᠯ ᠨᠢ ᠲᠤᠮᠤ ᠬᠦᠬᠡ ᠬᠠᠲᠠᠨ ᠳᠤ ᠲᠠᠷᠤᠭᠲᠠᠵᠦ ᠤᠨᠲᠠᠷᠠᠬᠤ ᠰᠢᠭ᠋ ᠪᠤᠯᠪᠠ᠃ ᠲᠡᠷᠡ ᠦᠬᠦᠨ᠎ᠡ ᠤᠤ︖ | ᠶᠠᠭᠠᠬᠢᠲᠠᠭ ᠪᠢᠯᠠ︖ ᠦᠬᠦᠴᠢᠬᠡᠪᠡᠯ ᠠᠪᠤ ᠲᠠᠢ ᠮᠢᠨᠢ ᠠᠲᠠᠯᠢ ᠪᠦᠷ ᠬᠤᠯᠠ ᠶᠠᠪᠤᠵᠦ ᠲᠠᠬᠢᠨ ᠪᠤᠴᠠᠵᠦ ᠢᠷᠡᠬᠦ | ᠦᠬᠡᠢ ᠪᠢᠵᠠ︖ ᠪᠤᠯᠬᠤ ᠦᠬᠡᠢ᠂ ᠦᠬᠦᠵᠦ ᠪᠤᠯᠬᠤ ᠦᠬᠡᠢ᠂ ᠬᠡᠵᠦ ᠪᠤᠲᠤᠭᠰᠠᠨ ᠵᠢᠭᠠᠯ ᠬᠦᠦ ᠨᠢᠬᠡ ᠮᠡᠲᠡᠬᠦ ᠳᠤ | ᠪᠠᠭᠰᠢ ᠶᠢᠨ ᠡᠮᠦᠨ᠎ᠡ ᠬᠦᠷᠦᠬᠡᠳ ᠢᠷᠡᠭᠰᠡᠨ ᠪᠠᠶᠢᠯ᠎ᠠ᠃ ᠲᠡᠷᠯᠢᠭ ᠠᠪᠬᠤ ᠬᠡᠰᠡᠨ ᠮᠦᠩᠬᠦ ᠪᠠᠨ ᠪᠦᠬᠦᠨ ᠢ ᠪᠠᠭᠰᠢ ᠳᠤ | ᠪᠠᠨ ᠦᠭᠬᠦᠯ᠎ᠡ᠃ | ︽ᠮᠢᠨᠤ ᠬᠦᠦ ᠤᠲᠠᠰᠤ ᠠᠪᠴᠦ ᠡᠵᠢ ᠲᠠᠢ ᠪᠠᠨ ᠵᠦᠪᠲᠡᠬᠦ ᠦᠬᠡᠢ ᠤᠤ︾ | ︽ᠦᠬᠡᠢ᠂ ᠡᠵᠢ ᠡᠨᠡ ᠮᠦᠩᠬᠦ ᠶᠢ ᠮᠡᠲᠡᠬᠦ ᠦᠬᠡᠢ︾ ᠬᠡᠯᠡ᠃ | ︽ᠪᠢ ᠴᠢᠨᠦ ᠬᠢᠷᠢ ᠶᠡᠭᠡ ᠬᠦᠴᠦ ᠵᠠᠷᠤᠴᠠᠭᠤᠯᠤᠨ ᠪᠠᠶᠢᠵᠦ ᠡᠨᠡ ᠮᠦᠩᠬᠦ ᠶᠢ ᠴᠤᠭᠯᠠᠭᠤᠯᠤᠭᠰᠠᠨ ᠢ ᠴᠢᠨᠢ | ᠮᠡᠲᠡᠨ᠎ᠡ᠃ ᠴᠢ ᠪᠤᠲᠤᠯᠬᠢᠯᠠᠬᠤ ᠦᠬᠡᠢ ᠤᠤ︾ | ︽ᠦᠬᠡᠢ︾ ᠬᠡᠵᠦ ᠲᠡᠷᠡ ᠤᠬᠢᠯᠠᠵᠦ ᠠᠩᠬᠢ ᠠᠴᠠ ᠪᠠᠨ ᠪᠠᠶᠢᠷᠢ ᠤᠷᠤᠭᠤ ᠪᠠᠨ ᠬᠦᠶᠦᠯ᠎ᠡ᠃ ᠪᠠᠭᠰᠢ | ᠨᠢ ᠠᠬᠢᠭᠠᠳ ᠠᠰᠠᠭᠤᠪᠠᠯ ᠪᠤᠲᠤᠯ ᠨᠢ ᠬᠤᠪᠢᠷᠠᠬᠤ ᠠᠴᠠ ᠠᠶᠤᠵᠦ ᠪᠠᠶᠢᠵᠠᠢ᠃ ᠬᠡᠲᠡᠯ᠎ᠡ ᠲᠤᠷᠠᠲᠠᠢ ᠪᠤᠲᠠᠰ ᠪᠡ | ᠲᠤᠭᠤᠭᠰᠠᠨ ᠬᠦᠮᠦᠨ ᠤ ᠪᠠᠨ ᠬᠤᠭᠤᠷᠤᠨᠲᠤ ᠵᠦᠪ ᠰᠤᠩᠭᠤᠯᠲᠠ ᠬᠢᠵᠠᠢ᠃ | ᠨᠢᠬᠡ ᠮᠡᠲᠡᠬᠦ ᠳᠤ ᠮᠤᠲᠤᠨ ᠤ ᠨᠠᠪᠴᠢ ᠭᠤᠷᠪᠠ ᠬᠤᠪᠢᠷᠠᠵᠤ᠂ ᠪᠠᠰᠠ ᠨᠢᠬᠡ ᠵᠢᠯ ᠪᠤᠯᠵᠦ᠂ ᠰᠠᠷᠠᠨ᠎ᠠ ᠴᠤ | ᠲᠠᠬᠢᠨ ᠤᠷᠭᠤᠵᠠᠢ᠃ ᠵᠢᠭᠠᠯ ᠦᠬᠢᠨ ᠴᠤ ᠡᠷᠡᠬᠦᠯᠵᠢᠵᠠᠢ᠃ ᠵᠢᠭᠠᠯ ᠦᠬᠢᠨ ᠤ ᠡᠷᠡᠬᠦᠯ ᠮᠡᠨᠲᠤ ᠪᠤᠴᠠᠵᠦ ᠢᠷᠡᠭᠰᠡᠨ ᠢ | ᠮᠡᠲᠡᠭᠰᠡᠨ ᠬᠦᠦ ᠶᠢᠨ ᠰᠡᠳᠬᠢᠯ ᠤᠨ ᠬᠠᠲᠠᠨ ᠤ ᠴᠢᠯᠦᠬᠡ ᠳᠠᠬᠢ ᠰᠠᠷᠠᠨ᠎ᠠ ᠴᠡᠴᠡᠭ ᠤᠷᠭᠤᠭᠰᠠᠨ ᠪᠠᠶᠢᠯ᠎ᠠ᠃ ᠲᠡᠷᠡ | ᠵᠢᠭᠠᠯ ᠦᠬᠢᠨ ᠢ ᠲᠤᠭᠤᠭᠰᠠᠨ ᠬᠡᠪ ᠢᠶᠠᠷ ᠢᠶᠠᠨ᠃ ᠡᠨᠡ ᠤᠲᠠᠭ᠎ᠠ ᠵᠢᠭᠠᠯ ᠦᠬᠢᠨ ᠠᠪᠤ ᠲᠠᠢ ᠪᠠᠨ ᠬᠠᠮᠲᠤ ᠵᠢᠭᠠᠯ | ᠬᠦᠦ ᠶᠢ ᠡᠷᠢᠵᠦ ᠢᠷᠡᠯ᠎ᠡ᠃ ᠠᠪᠦ ᠨᠢ ᠵᠢᠭᠠᠯ ᠬᠦᠦ ᠳᠤ᠄ ︽ᠮᠢᠨᠤ ᠦᠬᠢᠨ ᠬᠡᠷ ᠲᠤ ᠪᠠᠨ ᠪᠠᠶᠢᠬᠤ ᠳᠤ ᠪᠠᠨ ᠴᠢᠮ᠎ᠠ | ᠶᠢ ᠲᠠᠩᠲᠠ ᠮᠠᠭᠲᠠᠲᠠᠭ ᠶᠤᠮ᠂ ᠪᠠᠭᠰᠢ ᠴᠢᠨᠢ ᠪᠠᠰᠠ ᠦᠪᠡᠷ ᠤᠨ ᠬᠦᠯᠦᠰᠦ ᠪᠠᠷ ᠢᠶᠠᠨ ᠤᠯᠤᠭᠰᠠᠨ ᠮᠦᠩᠬᠦ ᠪᠠᠨ | ᠪᠦᠬᠦᠨ ᠢ ᠮᠠᠨ ᠤ ᠦᠬᠢᠨ ᠳᠤ ᠦᠭᠬᠦᠭᠰᠡᠨ ᠢ ᠴᠢᠨᠢ ᠬᠡᠯᠡᠵᠦ ᠦᠭᠪᠡ᠃ ᠦᠩᠬᠡᠷᠡᠭᠰᠡᠨ ᠳᠤ ᠠᠪᠤ ᠴᠢᠨᠢ ᠰᠤᠭᠲᠤᠵᠦ | ᠤᠬᠠᠭ᠎ᠠ ᠪᠠᠯᠠᠷᠠᠭᠠᠳ ᠯᠢ ᠬᠢᠲᠠᠳ ᠤᠨ ᠠᠷᠭᠠᠨ ᠳᠤ ᠤᠷᠤᠭᠰᠠᠨ ᠠᠴᠠ ᠰᠠᠶ᠋ᠢ ᠮᠠᠨ ᠤ ᠬᠤᠨᠢ ᠶᠢ ᠠᠪᠴᠠᠢ᠃ ᠠᠪᠤ | ᠴᠢᠨᠢ ᠰᠡᠷᠬᠦᠭᠰᠡᠨ ᠤ ᠪᠠᠨ ᠲᠠᠷᠠᠭ᠎ᠠ ᠬᠤᠨᠢ ᠶᠢ ᠦᠪᠡᠷᠲᠡᠬᠡᠨ ᠪᠤᠴᠠᠭᠠᠵᠦ ᠭᠡᠲᠡᠭ ᠢ ᠮᠠᠨ ᠤ ᠬᠦᠮᠦᠨ ᠰᠡᠬᠦᠯᠡᠷ ᠨᠢ | ᠪᠤᠰᠤᠳ ᠠᠴᠠ ᠰᠤᠨᠤᠰᠴᠢ᠃ ᠪᠢᠲᠡ ᠪᠤᠷᠤᠭᠤ ᠤᠶᠢᠯᠠᠭᠠᠵᠠᠢ᠂ ᠤᠰᠤᠯᠲᠤᠯᠠ︾ ᠬᠡᠵᠦ ᠴᠠᠭᠠᠪᠤᠷᠢᠯᠠᠪᠠ᠃ ᠬᠦᠦ ︽ | ᠦᠬᠡᠢ᠂ ᠠᠪᠤ ᠮᠢᠨᠢ ᠪᠤᠷᠤᠭᠤ ᠬᠢᠵᠠᠢ︾ ᠬᠡᠯᠡ᠃ ᠦᠬᠢᠨ ᠤ ᠠᠪᠤ ᠨᠢ ᠬᠦᠦ ᠶᠢ ᠲᠡᠪᠡᠷᠢᠵᠦ᠄ ︽ᠬᠦᠦ ᠮᠢᠨᠢ᠂ ᠴᠢ | ᠦᠪ ᠦᠨᠡᠨ ᠮᠤᠩᠭᠤᠯ ᠡᠷ᠎ᠡ ᠪᠤᠯᠵᠠᠢ᠃ ᠴᠢᠨᠦ ᠨᠠᠰᠤ ᠪᠠᠭ᠎ᠠ ᠪᠤᠯᠪᠠᠴᠦ ᠠᠰᠪᠤᠷ ᠴᠠᠭᠠᠪᠤᠷ᠂ ᠲᠠᠰᠪᠤᠷᠢ | ᠲᠡᠪᠴᠢᠶᠡᠷᠢᠲᠡᠢ᠂ ᠵᠤᠪᠠᠯᠠᠩ ᠠᠴᠠ ᠠᠶᠤᠲᠠᠭ ᠦᠬᠡᠢ᠂ ᠵᠤᠪᠠᠯᠠᠩ ᠤᠨ ᠦᠬᠡᠲᠡ ᠵᠤᠷᠢᠭ ᠲᠠᠢ ᠬᠠᠨᠲᠤᠲᠠᠭ ᠵᠠᠩ ᠴᠢᠨᠢ | ᠶᠠᠭ ᠯᠠ ᠬᠤᠭᠤᠷᠠᠭ᠎ᠠ ᠦᠬᠡᠢ ᠨᠤᠶᠠᠨ ᠨᠢᠷᠤᠭᠤ ᠰᠢᠭ᠋︾ ᠬᠡᠯᠡ᠃ ᠦᠬᠢᠨ ᠴᠤ ᠠᠪᠤ ᠶᠢᠨ ᠢᠶᠠᠨ ᠵᠢᠭᠠᠯ ᠬᠦᠦ ᠶᠢ | ᠮᠠᠭᠲᠠᠬᠤ ᠶᠢ ᠦᠵᠡᠵᠦ᠂ ᠰᠠᠷᠠᠨ᠎ᠠ ᠰᠢᠭ᠋ ᠤᠯᠠᠭᠠᠨ ᠬᠠᠴᠠᠷ ᠲᠡᠬᠡᠷ᠎ᠡ ᠨᠢ ᠡᠶᠡᠯᠰᠡᠭ ᠢᠨᠢᠶᠡᠲᠤ ᠲᠤᠲᠤᠷᠠᠵᠠᠢ᠃ | | ᠵᠢᠭᠠᠯ ᠬᠦᠦ ᠪᠠᠭ᠎ᠠ ᠪᠠᠶᠢᠬᠤ ᠳᠤ ᠠᠮᠢᠲᠤᠷᠠᠯ ᠤᠨ ᠵᠤᠪᠠᠭᠤᠷᠢ ᠵᠦᠲᠡᠬᠦᠷᠢ ᠶᠢ ᠤᠯᠠᠨᠲᠠ ᠠᠮᠰᠠᠭᠰᠠᠨ | ᠪᠤᠯᠪᠠᠴᠦ ᠪᠦᠬᠦᠨ ᠢ ᠲᠤᠭᠤᠯᠵᠦ ᠭᠠᠷᠴᠠᠢ᠃ ᠴᠠᠭ ᠮᠦᠴᠡ ᠤᠷᠤᠰᠤᠨ ᠡᠲᠦᠷ ᠬᠤᠨᠤᠭ ᠡᠭᠡᠯᠵᠢᠯᠡᠭᠰᠡᠬᠡᠷ ᠬᠤᠷᠢᠨ | ᠵᠢᠯ ᠦᠩᠬᠡᠷᠡᠯ᠎ᠡ᠃ ᠵᠢᠭᠠᠯ ᠬᠦᠦ ᠬᠤᠲᠠ ᠶᠢᠨ ᠢᠶᠠᠨ ᠲᠡᠷᠢᠬᠦᠨ ᠪᠠᠶᠠᠨ ᠪᠤᠯᠵᠠᠢ᠂ ᠵᠢᠭᠠᠯ ᠦᠬᠢᠨ ᠲᠡᠷᠢᠬᠦᠨ ᠪᠠᠶᠠᠨ | ᠤ ᠬᠡᠷᠬᠡᠢ ᠪᠤᠯᠵᠠᠢ᠃ | ᠬᠦᠮᠦᠨ ᠭᠡᠵᠦ ᠵᠢᠷᠭᠠᠭᠬᠤ ᠲᠤᠲᠤᠮ ᠵᠦᠲᠡᠷᠡᠵᠦ᠂ ᠵᠤᠪᠠᠯᠠᠩ ᠢ ᠲᠤᠭᠤᠯᠬᠤ ᠲᠤᠲᠤᠮ ᠪᠦᠬᠡᠰᠢᠨ | ᠵᠢᠷᠭᠠᠲᠠᠭ᠃ ᠶᠠᠭ ᠯᠠ ᠬᠠᠲᠠᠨ ᠤ ᠴᠢᠯᠦᠬᠡ ᠶᠢ ᠤᠷᠬᠢᠵᠦ ᠬᠡᠬᠡᠭᠲᠡᠬᠦᠯᠦᠯ ᠦᠬᠡᠢ ᠤᠷᠭᠤᠭᠰᠠᠨ ᠲᠡᠷᠡ ᠬᠦ ᠤᠯᠠᠭᠠᠨ | ᠰᠠᠷᠠᠨ᠎ᠠ ᠮᠡᠲᠤ︕ | | | ᠵᠢᠯᠤᠭᠤᠲᠤᠭᠰᠠᠨ ᠪᠠᠭᠰᠢ ᠴᠡᠪᠡᠷᠬᠠᠰ | | | | | | |