| | | | | —— ᠦᠷᠴᠠᠶᠢᠬᠤ | | ᠦᠷ ᠤᠨ ᠴᠣᠯᠮᠣᠨ ᠠᠯᠣᠰ ᠲᠤ ᠬᠢᠯᠠᠯᠵᠠᠵᠦ ᠪᠠᠶᠢᠭᠰᠠᠨ ᠢᠶᠠᠨ ᠠᠭᠠᠵᠢᠮ ᠢᠶᠠᠷ ᠪᠦᠳᠡᠬᠢᠷᠡᠯᠠ᠃ ᠰᠦᠨᠢ | ᠶᠢᠨ ᠨᠠᠮ ᠵᠢᠮ ᠪᠠᠶᠢᠳᠠᠯ ᠠᠭᠠᠵᠢᠮ ᠢᠶᠠᠷ ᠡᠪᠳᠡᠭᠳᠡᠵᠦ᠂ ᠦᠷ ᠤᠨ ᠰᠢᠪᠠᠭᠤ ᠨᠢ ᠵᠢᠷᠬᠢᠯᠳᠣᠵᠦ᠂ ᠦᠨᠢᠶ᠎ᠠ ᠲᠣᠭᠤᠯ | ᠤᠳ ᠨᠢ ᠮᠦᠬᠡᠷᠡᠯᠳᠣᠨ ᠲᠠᠯ᠎ᠠ ᠨᠣᠳᠤᠭ ᠤᠨ ᠦᠷᠯᠦᠬᠡ ᠶᠢᠨ ᠬᠦᠭᠵᠢᠮ ᠡᠷᠬᠦᠨ᠎ᠠ᠃ ᠲᠠᠯ᠎ᠠ ᠶᠢᠨ ᠲᠣᠮᠳᠠ | ᠪᠦᠳᠡᠬᠢᠷᠡᠨ ᠴᠠᠶᠢᠯᠵᠠᠬᠤ ᠮᠣᠩᠭᠤᠯ ᠬᠡᠷ ᠤᠳ ᠠᠴᠠ ᠠᠷᠭᠠᠯ ᠤᠨ ᠣᠳᠤᠭ᠎ᠠ ᠰᠣᠭᠤᠨᠠᠭᠯᠠᠨᠠ᠃ ᠬᠦᠷᠦᠰᠦᠯᠢᠭ ᠪᠡᠶ᠎ᠠ | ᠲᠠᠢ᠂ ᠮᠣᠷᠢᠨ ᠱᠣᠩ ᠵᠦᠭ ᠴᠢᠭᠯᠡᠵᠦ ᠶᠠᠪᠣᠭ᠎ᠠ ᠡᠨᠡ ᠬᠦᠮᠦᠨ ᠪᠣᠯ ᠠᠶᠢᠯ ᠬᠤᠳᠠᠯᠠ ᠳᠤ ᠪᠠᠨ ᠨᠡᠷᠠᠳᠠᠢ ᠠᠵᠢᠯᠴᠢ | ᠡᠷ᠎ᠠ ᠲᠣᠷᠵᠢ ᠭᠤᠸᠠᠢ ᠪᠣᠯᠣᠨ᠎ᠠ᠃ | ᠲᠣᠷᠵᠢ ᠭᠤᠸᠠᠢ ᠮᠤᠷᠢ ᠪᠠᠨ ᠡᠮᠡᠬᠡᠯᠯᠡᠨ ᠮᠣᠩᠭᠠᠨᠢᠳᠠᠯᠠ ᠵᠡᠬᠦᠨ ᠲᠠᠪᠠᠭ᠎ᠠ ᠠᠴᠠ ᠨᠢᠬᠡᠨ ᠮᠣᠷᠢᠳᠠᠢ ᠡᠷ᠎ᠠ ᠲᠣᠭᠤᠰᠣ | ᠲᠠᠳᠠᠭᠤᠯᠣᠨ ᠨᠠᠭᠠᠰᠢ ᠠᠶᠢᠰᠣᠢ ᠠᠵᠠᠢ᠃ ᠦᠵᠡᠬᠦᠯᠡᠷ ᠵᠡᠬᠦᠨ ᠠᠶᠢᠯ ᠤᠨ ᠪᠠᠯᠳᠠᠨ ᠭᠤᠸᠠᠢ ᠪᠠᠶᠢᠯ᠎ᠠ᠃ ᠪᠠᠯᠳᠠᠨ | ᠮᠣᠷᠢᠨ ᠠᠴᠠ ᠪᠠᠨ ᠪᠠᠭᠤᠮᠠᠭᠴᠠ᠄ ︽ᠠᠬ᠎ᠠ ᠠᠮᠣᠷ ᠦᠦ︖︾ ᠬᠡᠵᠦ ᠮᠡᠨᠳᠦ ᠠᠰᠠᠭᠤᠭᠠᠳ ︽ᠠᠬ᠎ᠠ ᠡ᠂ ᠲᠡᠨ | ᠠᠴᠠ ᠨᠢᠬᠡ ᠶᠠᠭᠤᠮ᠎ᠠ ᠰᠣᠷᠠᠭᠯᠠᠶᠠ ᠬᠡᠰᠡᠨ ᠶᠤᠮ ᠡ᠂ ᠰᠢᠷᠭ᠎ᠠ ᠬᠡᠬᠦᠦ ᠶᠢᠨ ᠨᠢᠯᠬ᠎ᠠ ᠣᠨᠠᠭ᠎ᠠ ᠠᠯᠠᠭ᠎ᠠ ᠪᠣᠯᠣᠭᠠᠳ | ᠬᠤᠶᠠᠷ ᠬᠤᠨᠣᠴᠢᠬᠠᠯᠠ᠃ ᠶᠠᠭᠠᠬᠢᠵᠦ ᠡᠷᠢᠪᠡᠴᠦ ᠣᠯᠳᠠᠭ ᠦᠬᠡᠢ ᠶᠤᠮ ᠪᠢᠯᠠ᠃ ᠢᠡᠭᠬᠢᠬᠡᠳ ᠯᠠ ᠲᠠᠨ ᠠᠴᠠ | ᠠᠰᠠᠭᠤᠬᠤ ᠪᠠᠷ ᠶᠠᠪᠣᠵᠦ ᠪᠠᠶᠢᠨ᠎ᠠ︾ ᠬᠡᠯ᠎ᠠ᠃ ᠲᠣᠷᠵᠢ ᠭᠤᠸᠠᠢ ᠡᠷᠬᠢᠨ ᠲᠣᠭᠤᠷᠢᠨ ᠢᠶᠠᠨ ᠲᠣᠷᠠᠨᠳᠠᠭᠰᠠᠨ ᠢᠶᠠᠨ᠄ ︽ | ᠦ᠂ ᠬᠠᠷᠠᠯ᠎ᠠ︕ ᠦᠨᠦᠬᠢ ᠴᠢᠨᠢ ᠣᠷᠢᠳᠦ ᠬᠤᠸᠠ ᠶᠢᠨ ︿ᠬᠠᠷ᠎ᠠ ᠨᠦᠬᠡ﹀ ᠳᠤ ᠣᠨᠠᠭᠰᠠᠨ ᠦᠬᠡᠢ ᠪᠣᠯ ᠰᠠᠶᠢᠨ | ᠬᠡᠷᠡᠭ︾ ᠬᠡᠰᠡᠨ ᠢᠶᠠᠨ ᠮᠣᠷᠢᠨ ᠳᠤ ᠪᠠᠨ ᠮᠣᠷᠳᠠᠮᠠᠭᠴᠠ ᠣᠷᠢᠳᠦ ᠬᠤᠸᠠ ᠶᠢ ᠴᠢᠭᠯᠡᠯ᠎ᠠ᠃ | ︽ᠬᠠᠷ᠎ᠠ ᠨᠦᠬᠡ︾ ᠬᠡᠵᠦ ᠳ᠋ᠠ᠂ ᠣᠣᠯ ᠨᠢ ᠨᠢᠬᠡ ᠲᠣᠮᠣ ᠣᠨᠣᠭᠤᠯ ᠤᠨ ᠨᠦᠬᠡ ᠶᠢ ᠵᠢᠭᠠᠳᠠᠭ ᠪᠠᠶᠢᠵᠠᠢ᠃ | ᠨᠢᠳᠣᠨᠣᠨ ᠵᠢᠯ ᠤᠨ ᠨᠠᠮᠣᠷ ᠤᠨ ᠨᠢᠬᠡᠨ ᠡᠳᠦᠷ ᠠᠷᠠᠳ ᠣᠯᠠᠨ ᠢ ᠭᠠᠴᠠᠭᠠᠨ ᠲᠡᠬᠡᠷ᠎ᠠ ᠴᠣᠭᠯᠠᠭᠤᠯᠣᠨ᠂ ᠬᠤᠷᠡᠯ | ᠬᠢᠬᠡᠳ ᠭᠠᠴᠠᠭᠠᠨ ᠲᠠᠷᠤᠭ᠎ᠠ ᠠᠴᠠ᠄ ︽ᠮᠠᠨ ᠤ ᠨᠣᠳᠤᠭ ᠤᠨ ᠣᠷᠢᠳᠦ ᠬᠤᠸᠠ ᠲᠡᠬᠡᠷ᠎ᠠ ᠠᠯᠳᠠᠨ ᠤ ᠠᠭᠤᠷᠬᠠᠢ | ᠮᠠᠯᠳᠠᠬᠤ ᠶᠤᠮ ᠬᠡᠨ᠎ᠠ᠃ ᠲᠠ ᠨᠠᠷ ᠵᠣᠪᠠᠭᠰᠠᠨ ᠤ ᠬᠡᠷᠡᠭ ᠠᠯᠠᠭ᠎ᠠ᠃ ᠬᠡᠷᠪᠡ ᠡᠨᠡ ᠠᠭᠤᠷᠬᠠᠢ ᠶᠢ ᠠᠮᠵᠢᠯᠳᠠ ᠲᠠᠢ | ᠮᠠᠯᠳᠠᠴᠢᠬᠠᠪᠠᠯ ᠮᠠᠨᠣᠰ ᠲᠤ ᠵᠣᠭᠤᠰ ᠬᠡᠳᠡᠭ ᠢ ᠴᠢᠨᠢ ᠣᠪᠣᠭ᠎ᠠ ᠣᠪᠣᠭ᠎ᠠ ᠪᠠᠷ ᠦᠭᠬᠦᠨ᠎ᠠ ᠰᠢᠦ᠂ ᠲᠡᠷᠡ ᠴᠠᠭ ᠲᠤ | ᠮᠠᠨᠣᠰ ᠡᠨᠡ ᠮᠠᠭᠤ ᠮᠣᠩᠭᠤᠯ ᠬᠡᠷ ᠠᠴᠠ ᠪᠠᠨ ᠰᠠᠯᠵᠦ ᠬᠤᠳᠠ ᠶᠢᠨ ᠠᠰᠠᠷ ᠲᠤ ᠰᠠᠭᠤᠨ᠎ᠠ ᠰᠢᠦ︾ ᠬᠡᠵᠦ ᠬᠡᠯᠡᠵᠠᠢ᠃ | ᠲᠡᠷᠡ ᠡᠳᠦᠷ ᠠᠴᠠ ᠡᠬᠢᠯᠡᠨ ᠦᠨᠡᠬᠡᠷ ᠣᠷᠢᠳᠦ ᠬᠤᠸᠠ ᠲᠡᠬᠡᠷ᠎ᠠ ᠬᠡᠳᠦᠨ ᠬᠦᠬᠡ ᠮᠠᠶᠢᠬᠠᠨ ᠪᠣᠰᠬᠠᠵᠦ᠂ ᠠᠷᠪᠠᠭᠠᠳ | ᠠᠵᠢᠯᠴᠢᠨ ᠢᠷᠡᠵᠦ᠂ ᠠᠭᠠᠯᠵᠢ ᠰᠢᠭ᠋ ᠠᠷᠪᠠᠶᠢᠭᠰᠠᠨ ᠲᠣᠮᠣ ᠮᠠᠰᠢᠨ ᠢᠶᠠᠷ ᠢᠶᠠᠨ ᠡᠳᠦᠷ ᠰᠦᠨᠢ ᠦᠬᠡᠢ ᠬᠦᠬᠡᠷᠦᠬᠦᠢ | ᠬᠤᠸᠠ ᠶᠢᠨ ᠮᠢᠨᠢ ᠵᠢᠷᠦᠬᠡ ᠪᠣᠯᠣᠭᠰᠠᠨ ᠠᠭᠤᠷᠬᠠᠢ ᠡᠷᠳᠡᠨᠢᠰ ᠢ ᠨᠢ ᠮᠠᠯᠳᠠᠳᠠᠭ ᠪᠣᠯᠵᠠᠢ᠃ ᠢᠡᠭᠬᠢᠬᠡᠳ ᠬᠠᠵᠠᠭᠤ ᠪᠠᠷ | ᠨᠢ ᠲᠣᠮᠣ ᠲᠣᠮᠣ ᠣᠨᠣᠭᠤᠯ ᠤᠨ ᠨᠦᠬᠡ ᠮᠠᠯᠳᠠᠵᠦ ᠬᠦᠮᠦᠨ ᠠᠮᠢᠳᠠᠨ ᠤ ᠣᠶᠢᠷᠠᠳᠣᠬᠤ ᠶᠢ ᠰᠡᠷᠬᠡᠶᠢᠯᠡᠳᠡᠭ ᠪᠣᠯᠵᠠᠢ᠃ | ᠡᠮᠦᠨ᠎ᠠ ᠬᠤᠶᠠᠷᠬᠠᠨ ᠡᠳᠦᠷ ᠠᠷᠦ ᠶᠢᠨ ᠠᠶᠢᠯ ᠤᠨ ᠨᠢᠯᠬ᠎ᠠ ᠢᠰᠢᠬᠡ ᠡᠨᠡ ᠨᠦᠬᠡᠨ ᠳᠤ ᠣᠨᠠᠵᠦ ᠠᠮᠢ ᠪᠠᠨ | ᠠᠯᠳᠠᠭᠰᠠᠨ ᠳ᠋ᠠ᠃ | ᠡᠳᠡᠬᠡᠷ ᠢ ᠪᠣᠳᠣᠵᠦ ᠠᠮᠵᠢᠯ ᠦᠬᠡᠢ ᠪᠠᠷ ᠲᠣᠷᠵᠢ ᠭᠤᠸᠠᠢ ᠣᠷᠢᠳᠦ ᠬᠤᠸᠠ ᠲᠡᠬᠡᠷ᠎ᠠ ᠬᠦᠷᠦᠬᠡᠳ | ᠢᠷᠡᠴᠢᠬᠡᠭᠰᠡᠨ ᠪᠠᠶᠢᠵᠠᠢ᠃ ᠬᠤᠸᠠ ᠶᠢᠨ ᠣᠷᠣᠢ ᠶᠢ ᠲᠣᠭᠤᠷᠢᠭᠰᠠᠨ ᠠᠷᠪᠠᠭᠠᠳ ᠨᠦᠬᠡ ᠶᠢ ᠨᠢᠬᠡᠳ ᠨᠢᠬᠡ ᠪᠠᠷ | ᠱᠠᠭᠠᠶᠢᠵᠦ ᠦᠵᠡᠯ᠎ᠠ᠃ ᠱᠠᠭᠠᠶᠢᠵᠦ ᠶᠠᠪᠣᠳᠠᠯ᠎ᠠ ᠦᠨᠡᠬᠡᠷ ᠨᠢᠬᠡ ᠨᠦᠬᠡᠨ ᠳᠤ ᠨᠢᠬᠡ ᠶᠠᠭᠤᠮ᠎ᠠ ᠪᠦᠳᠡᠬᠢᠷᠡᠵᠦ | ᠬᠠᠷᠠᠭᠳᠠᠯ᠎ᠠ᠃ ᠭᠠᠷ ᠳ᠋ᠸᠡᠭ ᠢᠶᠠᠷ ᠬᠡᠷᠡᠯᠳᠦᠬᠦᠯᠬᠦ ᠳᠤ ᠠᠷᠠᠢ ᠠᠮᠢ ᠲᠠᠢ ᠲᠠᠯᠴᠢᠯᠡᠵᠦ ᠪᠠᠶᠢᠭ᠎ᠠ ᠨᠢᠯᠬ᠎ᠠ ᠣᠨᠠᠭ᠎ᠠ | ᠬᠠᠷᠠᠭᠳᠠᠯ᠎ᠠ᠃ ᠠᠢ ᠬᠦᠬᠡᠷᠦᠬᠦᠢ᠂ ᠣᠳᠦ ᠪᠠᠭ᠎ᠠ ᠣᠷᠣᠶᠢᠳᠠᠭᠰᠠᠨ ᠪᠣᠯ ᠠᠮᠢ ᠪᠠᠨ ᠠᠯᠳᠠᠬᠤ ᠨᠢ ᠲᠡᠷᠡ᠃ ᠣᠨᠠᠭ᠎ᠠ | ᠪᠠᠨ ᠠᠮᠣᠷ ᠮᠡᠨᠳᠦ ᠭᠠᠷᠭᠠᠵᠦ ᠠᠪᠣᠭᠰᠠᠨ ᠳᠤ ᠪᠠᠨ ᠬᠤᠶᠠᠷ ᠡᠷ᠎ᠠ ᠶᠢᠨ ᠰᠠᠳᠬᠢᠯ ᠬᠠᠨᠣᠮᠵᠢᠳᠠᠢ ᠪᠣᠯᠪᠠᠴᠦ ᠲᠣᠷᠵᠢ | ᠶᠢᠨ ᠰᠡᠳᠬᠢᠯ ᠳᠤ ᠶᠠᠷᠦ ᠨᠢᠬᠡᠨ ᠪᠣᠳᠣᠯᠭᠠᠰᠢᠷᠡᠯ ᠪᠣᠯᠣᠨ᠎ᠠ᠃ ᠲᠠᠰᠢᠭᠤᠷ ᠨᠡᠮᠡᠨ ᠬᠤᠷᠳᠣᠯᠠᠭᠰᠠᠭᠠᠷ ᠬᠡᠷ ᠤᠨ ᠡᠬᠦᠳᠡᠨ | ᠳᠤ ᠪᠠᠨ ᠢᠷᠡᠯ᠎ᠠ᠃ ᠡᠬᠦᠳᠠ ᠨᠡᠬᠡᠬᠡᠨ ᠣᠷᠣᠪᠠᠯ᠂ ᠰᠦ ᠲᠠᠢ ᠴᠠᠢ ᠶᠢᠨ ᠦᠨᠦᠷ ᠬᠠᠨᠭ᠍ᠬᠤᠯᠣᠨ᠂ ᠴᠡᠴᠡᠭᠮ᠎ᠠ ︵ | ᠲᠣᠷᠵᠢ ᠭᠤᠸᠠᠢ ᠶᠢᠨ ᠬᠡᠷᠬᠡᠢ︶ ᠬᠡᠳᠦᠨ ᠣᠭᠵᠢᠭᠤᠷ ᠬᠤᠷᠠᠭ᠎ᠠ ᠪᠠᠨ ᠣᠭᠵᠢᠵᠦ ᠰᠠᠭᠤᠨ᠎ᠠ᠃ ︽ᠶᠠᠭᠠᠬᠢᠪᠠ ᠳ᠋ᠠ᠂ | ᠪᠦᠷ ᠦᠳᠠ ᠬᠡᠯᠪᠡᠶᠢᠴᠢᠬᠡᠯᠠ ᠰᠢᠦ︾ ᠬᠡᠳ ᠴᠠᠢ ᠠᠶᠠᠭᠠᠯᠠᠯ᠎ᠠ᠃ ᠰᠠᠶ᠋ᠢᠬᠠᠨ ᠴᠢᠨᠠᠭᠰᠠᠨ ᠰᠦ ᠲᠠᠢ ᠴᠠᠢ ᠶᠢ ︽ | ᠬᠦᠷᠳ᠋︾ ᠬᠡᠳᠡᠯ᠎ᠠ ᠣᠭᠤᠴᠢᠭᠰᠠᠨ ᠲᠣᠷᠵᠢ ᠭᠤᠸᠠᠢ᠄ ︽ᠠᠢ᠂ ᠣᠳᠦ ᠶᠢᠨ ᠡᠨᠡ ᠶᠠᠩᠵᠣ ᠪᠠᠷ ᠬᠡᠳᠦᠨ ᠮᠠᠯ ᠢᠶᠠᠨ | ᠶᠠᠭᠠᠬᠢᠵᠦ ᠴᠦ ᠮᠠᠯᠵᠢᠬᠤ ᠪᠢᠯᠠ᠃ ᠠᠭᠤᠷᠬᠠᠢ ᠨᠡᠬᠡᠬᠡᠭᠰᠡᠨ ᠠᠴᠠ ᠠᠪᠣᠭᠠᠳ ᠪᠣᠷᠣᠭᠠᠨ ᠴᠦ ᠣᠷᠣᠬᠤ ᠪᠠᠨ ᠪᠣᠯᠢᠵᠠᠢ︾ | ᠬᠡᠮᠡᠨ ᠰᠡᠬᠦᠷᠡᠰᠦᠯᠡᠬᠦ ᠳᠤ ᠪᠠᠯᠳᠠᠨ ᠭᠤᠸᠠᠢ ᠡᠯᠬᠦᠵᠦ ᠠᠪᠣᠭᠠᠳ᠄ ︽ᠬᠠᠷᠢᠨ ᠲᠡᠶᠢᠮᠣ ᠡ᠂ ᠨᠣᠳᠤᠭ ᠢᠶᠠᠨ | ᠡᠪᠳᠡᠬᠡᠳ ᠪᠠᠶᠢᠬᠤ ᠳᠤᠨᠢ ᠲᠡᠭᠷᠢ ᠠᠪᠤ ᠴᠦ ᠠᠭᠤᠷᠰᠠᠭᠰᠠᠨ ᠪᠠᠶᠢᠯᠬᠦᠢ᠂ ᠮᠠᠨᠣᠰ ᠨᠢᠬᠡ ᠡᠳᠦᠷ ᠠᠮᠣᠷ ᠲᠣᠭᠳᠠᠭᠤᠨ | ᠮᠠᠯ ᠮᠠᠯᠵᠢᠵᠦ ᠴᠢᠳᠠᠬᠤ ᠪᠠᠨ ᠪᠣᠯᠢᠵᠠᠢ︾ ᠬᠡᠳ ᠠᠶᠠᠭ᠎ᠠ ᠲᠠᠢ ᠴᠠᠢ ᠪᠠᠨ ᠪᠠᠯᠭᠤᠯ᠎ᠠ᠃ ᠬᠤᠶᠠᠭᠤᠯᠠ ᠨᠢᠬᠡ ᠵᠡᠷᠬᠡ | ᠴᠢᠮᠡᠭᠡ ᠦᠬᠡᠢ ᠰᠠᠭᠤᠭᠰᠠᠨ ᠢᠶᠠᠨ ᠪᠠᠯᠳᠠᠨ ᠭᠤᠸᠠᠢ᠄ ︽ᠡᠰᠡᠬᠦᠯ᠎ᠠ ᠮᠠᠷᠭᠠᠰᠢ ᠭᠠᠴᠠᠭᠠᠨ ᠤ ᠠᠷᠠᠳ ᠢ ᠴᠣᠭᠯᠠᠭᠤᠯᠵᠦ | ᠬᠤᠰᠢᠭᠤᠨ ᠲᠦᠪ ᠲᠤ ᠣᠴᠢᠵᠦ᠂ ᠨᠣᠳᠤᠭ ᠲᠤ ᠪᠠᠨ ᠠᠭᠤᠷᠬᠠᠢ ᠮᠠᠯᠳᠠᠭᠤᠯᠬᠤ ᠦᠬᠡᠢ ᠶᠢᠨ ᠲᠦᠯᠦᠬᠡ | ᠵᠠᠭᠠᠯᠳᠣᠭᠠᠨ ᠵᠠᠷᠭᠤ ᠬᠦᠬᠡᠬᠡᠬᠦ ᠦᠦ ᠳ᠋ᠠ︖︾ ᠬᠡᠬᠦ ᠳᠤ ᠲᠣᠷᠵᠢ ᠬᠡᠰᠡᠭ ᠪᠣᠳᠣᠯᠬᠢᠯᠠᠭᠰᠠᠨ ᠢᠶᠠᠨ᠄ ︽ᠴᠢ | ᠵᠡᠬᠦᠳᠦᠯᠡᠬᠦ ᠪᠠᠨ ᠪᠣᠯᠢᠭᠠᠴᠢ ᠳ᠋ᠠ᠂ ᠬᠤᠰᠢᠭᠤᠨ ᠲᠠᠷᠤᠭ᠎ᠠ ᠴᠢᠨᠢ ᠮᠠᠨ ᠤ ᠭᠠᠴᠠᠭᠠᠨ ᠲᠠᠷᠤᠭ᠎ᠠ ᠶᠢᠨ ᠰᠠᠶᠢᠨ ᠲᠠᠨᠢᠯ | ᠰᠢᠦ᠂ ᠲᠡᠷᠡ ᠠᠭᠤᠷᠬᠠᠢ ᠨᠡᠬᠡᠬᠡᠬᠦ ᠵᠢᠲ᠋ᠠᠮᠵᠢᠬᠦ ᠨᠢ ᠲᠠᠮᠵᠢᠭ ᠦᠬᠡᠢ᠂ ᠮᠠᠨ ᠤ ᠮᠠᠯᠴᠢᠳ ᠤᠨ ᠵᠣᠪᠠᠯᠠᠩ ᠢ ᠨᠢᠳᠦᠨ | ᠳᠡᠭᠡᠨ ᠬᠠᠪᠴᠢᠬᠤ ᠦᠬᠡᠢ ᠳ᠋ᠠ︾ ᠬᠡᠳ ᠯᠠ ᠭᠠᠨᠭ᠍ᠰᠠ ᠪᠠᠨ ᠵᠠᠭᠤᠵᠦ ᠲᠠᠮᠡᠬᠢ ᠪᠠᠨ ᠫᠣᠭᠰᠢᠯᠠ᠃ | ᠣᠷᠣ ᠶᠢᠨ ᠤᠨ ᠵᠡᠬᠦᠨ ᠵᠠᠬ᠎ᠠ ᠳᠤ ᠱᠠᠭᠠᠢ ᠨᠠᠭᠠᠳᠴᠦ ᠪᠠᠶᠢᠭᠰᠠᠨ ᠣᠮᠪᠣᠯᠣ ᠬᠦᠦ ᠨᠢ ᠨᠢᠳᠦ | ᠲᠣᠷᠮᠣᠯᠵᠠᠭᠤᠯᠣᠭᠰᠠᠭᠠᠷ᠄ ︽ᠠᠭᠤᠷᠬᠠᠢ ᠬᠡᠭᠴᠢ ᠲᠡᠶᠢᠮᠣ ᠠᠶᠣᠮᠰᠢᠭᠳᠠᠢ ᠠᠮᠢᠳᠠᠨ ᠦᠦ︖︾ ᠬᠡᠬᠦ ᠳᠤ ᠲᠣᠷᠵᠢ | ᠭᠤᠸᠠᠢ᠄ ︽ᠦ᠂ ᠠᠮᠢᠳᠠᠨ ᠪᠢᠰᠢ ᠪᠠᠶᠢᠭ᠎ᠠ᠂ ᠠᠭᠤᠷᠬᠠᠢ ᠬᠡᠳᠡᠭ ᠨᠢ ᠨᠣᠳᠤᠭ ᠤᠨ ᠬᠦᠷᠦᠰᠦᠨ ᠳᠤ ᠴᠢᠨᠢ | ᠪᠣᠯᠠᠭᠳᠠᠵᠦ ᠪᠠᠶᠢᠭᠰᠠᠨ ᠡᠳ᠋ ᠡᠷᠳᠡᠨᠢᠰ ᠢ ᠨᠢ ᠮᠠᠯᠳᠠᠵᠦ ᠭᠠᠷᠭᠠᠬᠤ ᠶᠢ ᠬᠡᠯᠡᠨ᠎ᠠ᠂ ᠮᠢᠨᠦ ᠣᠮᠪᠣᠯᠣ ᠬᠤᠵᠢᠮ ᠪᠢᠴᠢᠭ | ᠡᠷᠳᠡᠮ ᠢᠶᠠᠨ ᠰᠠᠶᠢᠨ ᠰᠣᠷᠣᠭᠠᠳ ᠨᠣᠳᠤᠭ ᠣᠷᠣᠨ ᠢᠶᠠᠨ ᠬᠠᠮᠠᠭᠠᠯᠠᠵᠦ ᠴᠡᠴᠡᠭᠯᠡᠬᠦᠯᠵᠦ ᠶᠠᠪᠣᠬᠤ ᠶᠤᠮ ᠰᠢᠦ︾ ᠬᠡᠳ | ᠯᠠ ᠣᠮᠪᠣᠯᠣ ᠶᠢᠨ ᠢᠶᠠᠨ ᠲᠣᠯᠣᠭᠠᠢ ᠶᠢ ᠢᠯᠪᠢᠯᠠ᠃ ᠡᠪᠦᠭᠡ ᠡ᠂ ᠪᠢ ᠮᠡᠳᠡᠭᠰᠡᠨ ᠡ᠂ ᠪᠢ ᠯᠠᠪ ᠨᠣᠳᠤᠭ ᠲᠤ | ᠪᠠᠨ ᠬᠤᠪᠢ ᠨᠡᠮᠡᠷᠢ ᠪᠠᠨ ᠦᠵᠡᠬᠦᠯᠦᠨ᠎ᠠ᠃ ᠬᠡᠪᠡᠴᠦ ᠡᠪᠦᠭᠡ ᠡ᠂ ᠪᠢᠳᠠ ᠪᠣᠯ ᠮᠣᠩᠭᠤᠯ ᠨᠣᠳᠤᠭ ᠤᠨ ᠢᠶᠠᠨ ᠡᠵᠡᠨ | ᠬᠦᠮᠦᠨ᠂ ᠣᠳᠦ ᠬᠠᠷᠢ ᠶᠢᠨ ᠬᠦᠮᠦᠨ ᠮᠠᠨ ᠤ ᠨᠣᠳᠤᠭ ᠢ ᠲᠣᠷ᠎ᠠ ᠪᠠᠷ ᠰᠡᠨᠳᠡᠯᠡᠵᠦ ᠪᠠᠶᠢᠬᠤ ᠳᠤ ᠡᠵᠡᠨ ᠪᠣᠯᠣᠭᠰᠠᠨ | ᠮᠣᠩᠭᠤᠯ ᠡᠷᠡᠴᠣᠣᠯ ᠪᠢᠳᠠ ᠶᠠᠭᠠᠬᠢᠭᠠᠳ ᠲᠡᠳᠡᠨ ᠢ ᠬᠤᠷᠢᠭᠯᠠᠵᠦ ᠲᠡᠶᠢᠯᠦᠬᠡ ᠦᠬᠡᠢ ᠪᠣᠢ︖︾ ᠬᠡᠵᠦ ᠠᠰᠠᠭᠤᠯ᠎ᠠ | ᠃ ᠲᠣᠷᠵᠢ ᠶᠠᠭᠤ ᠴᠦ ᠲᠣᠣᠭᠠᠷᠣᠭᠰᠠᠨ ᠦᠬᠡᠢ᠂ ᠬᠦᠮᠦᠰᠬᠡ ᠵᠠᠩᠬᠢᠳᠣᠨ ᠠᠯᠣᠰ ᠢ ᠪᠠᠷᠠᠭᠠᠯᠠᠭᠰᠠᠭᠠᠷ ᠁ | | ᠲᠡᠭᠷᠢ ᠶᠢᠨ ᠬᠠᠶᠠᠭᠠᠨ ᠠᠴᠠ ᠪᠠᠷᠠᠭᠠᠨ ᠡᠬᠦᠯᠠ ᠪᠣᠰᠴᠦ ᠲᠡᠭᠷᠢ ᠲᠣᠣᠭᠠᠷᠴᠦ ᠠᠶᠣᠩᠭ᠎ᠠ ᠨᠢᠵᠢᠬᠢᠨᠡᠨᠠ᠃ | ᠠᠶᠣᠩᠭ᠎ᠠ ᠶᠢᠨ ᠲᠠᠭᠤᠨ ᠳᠤ ᠬᠤᠷᠣᠰᠣᠭᠰᠠᠨ᠂ ᠬᠢᠯᠢᠩᠨᠡᠭᠰᠠᠨ ᠠᠶᠠᠰ ᠲᠣᠳᠦ ᠰᠣᠨᠣᠰᠳᠠᠨ᠎ᠠ᠃ ᠣᠳᠠᠯ ᠦᠬᠡᠢ | ᠵᠡᠬᠦᠨ ᠠᠴᠠ ᠰᠠᠯᠬᠢᠯᠠᠨ ᠬᠡᠳᠦᠨ ᠪᠣᠷᠣᠭᠠᠨ ᠲᠣᠰᠣᠯ᠎ᠠ᠃ ᠬᠦᠬᠡᠷᠦᠬᠦᠢ ᠨᠣᠳᠤᠭ ᠤᠨ ᠮᠢᠨᠢ ᠨᠢᠯᠪᠣᠰᠦ ᠨᠢ ᠪᠠᠶᠢᠭ᠎ᠠ | ᠳ᠋ᠠ ᠬᠡᠵᠦ ᠲᠣᠳᠣᠷ᠎ᠠ ᠪᠠᠨ ᠪᠣᠳᠣᠭᠰᠠᠨ ᠲᠣᠷᠵᠢ ᠭᠤᠸᠠᠢ ᠬᠡᠷ ᠠᠴᠠ ᠪᠠᠨ ᠭᠠᠷᠴᠦ ᠠᠯᠠᠭ᠎ᠠ ᠪᠠᠨ ᠲᠣᠰᠣᠨ ᠪᠣᠷᠣᠭᠠᠨ | ᠬᠦᠰᠡᠯᠠ᠃ | | ᠵᠢᠯᠣᠭᠤᠳᠣᠭᠰᠠᠨ ᠪᠠᠭᠰᠢ᠄ ᠰᠠᠷᠠᠨᠳᠣᠩᠭᠠᠯᠠᠭ | | | | | | | | |