| | —— ᠪᠠᠶᠠᠨᠪᠠᠭᠠᠲᠤᠷ | | | | ᠠᠭᠤᠯᠭ᠎ᠠ ᠶᠢᠨ ᠲᠣᠪᠴᠢ᠄ ᠲᠤᠰ ᠥᠭᠦᠯᠡᠯ ᠳᠤ ᠬᠤᠣᠰ ᠬᠡᠯᠡᠨ ᠤ ᠰᠤᠷᠭᠠᠨ ᠬᠥᠮᠥᠵᠢᠯ ᠤᠨ ᠤᠬᠠᠭᠳᠠᠬᠤᠨ᠂ | ᠲᠥᠷᠥᠯ ᠵᠦᠢᠯ ᠢ ᠲᠣᠪᠴᠢ ᠲᠣᠳᠣᠷᠬᠠᠶᠢᠯᠠᠭᠰᠠᠨ ᠰᠠᠭᠤᠷᠢᠨ ᠳᠡᠭᠡᠷ᠎ᠡ ᠥᠪᠥᠷ ᠮᠣᠩᠭᠤᠯ ᠤᠨ ᠮᠣᠩᠭᠤᠯᠴᠤᠳ ᠤᠨ | ᠬᠤᠣᠰ ᠬᠡᠯᠡᠨ ᠤ ᠰᠤᠷᠭᠠᠨ ᠬᠥᠮᠥᠵᠢᠯ ᠪᠠ ᠢᠯᠠᠩᠭᠤᠶ᠎ᠠ ᠬᠤᠣᠰ ᠬᠡᠯᠡᠨ ᠤ ᠰᠤᠷᠭᠠᠨ ᠬᠥᠮᠥᠵᠢᠯ ᠬᠦᠷᠲᠡᠭᠴᠢᠳ ᠤᠨ | ᠬᠢᠨᠢ ᠪᠣᠳᠠᠲᠤ ᠠᠬᠤᠢ ᠪᠠᠶᠢᠳᠠᠯ ᠢ ᠵᠠᠳᠠᠯᠤᠨ ᠰᠢᠨᠵᠢᠯᠡᠵᠦ᠂ ᠥᠪᠥᠷ ᠮᠣᠩᠭᠤᠯ ᠤᠨ ᠬᠤᠣᠰ ᠬᠡᠯᠡᠨ ᠤ ᠰᠤᠷᠭᠠᠨ | ᠬᠥᠮᠥᠵᠢᠯ ᠢ ᠥᠭᠡᠷᠡᠴᠢᠯᠡᠬᠦ ᠶᠢᠨ ᠴᠢᠬᠤᠯᠠ ᠴᠢᠨᠠᠷ ᠤᠨ ᠲᠤᠬᠠᠢ ᠥᠪᠡᠷ ᠤᠨ ᠲᠠᠨᠢᠯᠲᠠ ᠪᠠ ᠰᠠᠨᠠᠭᠤᠯᠭ᠎ᠠ ᠪᠠᠨ | ᠢᠯᠡᠷᠬᠡᠶᠢᠯᠡᠵᠡᠢ᠃ ᠭᠡᠬᠦ ᠳᠡᠭᠡᠨ ᠵᠥᠪ ᠲᠠᠨᠢᠯᠲᠠ ᠶᠢ ᠪᠤᠢ ᠪᠣᠯᠭᠠᠬᠤ᠂ ᠬᠤᠶᠠᠷᠳᠠᠭᠢ ᠬᠡᠯᠡ ᠶᠢ ᠡᠬᠢᠯᠡᠭᠦᠯᠵᠦ ᠵᠢᠭᠠᠬᠤ | ᠴᠠᠭ ᠢ ᠬᠤᠶᠢᠰᠢᠯᠠᠭᠤᠯᠬᠤ᠂ ᠬᠢᠴᠢᠶᠡᠯ ᠤᠨ ᠲᠤᠭ᠎ᠠ ᠶᠢ ᠴᠥᠭᠡᠰᠬᠡᠬᠦ᠂ ᠡᠬᠡ ᠬᠡᠯᠡᠨ ᠤ ᠬᠢᠨ ᠣᠷᠴᠢᠨ ᠢ | ᠰᠠᠶᠢᠵᠢᠷᠠᠭᠤᠯᠬᠤ ᠪᠠᠷ ᠣᠯᠠᠨ ᠲᠠᠯ᠎ᠠ ᠶᠢᠨ ᠢᠳᠡᠪᠬᠢᠲᠡᠢ ᠠᠷᠭ᠎ᠠ ᠪᠣᠳᠣᠯᠭ᠎ᠠ ᠶᠢ ᠠᠪᠬᠤ᠂ ᠬᠢᠲᠠᠳ ᠰᠤᠷᠤᠭᠴᠢᠳ ᠲᠤ | ᠬᠢᠲᠠᠳ ᠮᠣᠩᠭᠤᠯ ᠬᠤᠣᠰ ᠬᠡᠯᠡᠨ ᠤ ᠬᠢᠴᠢᠶᠡᠯ ᠨᠡᠭᠡᠭᠡᠬᠦ ᠵᠡᠷᠭᠡ ᠲᠠᠯ᠎ᠠ ᠠᠴᠠ ᠰᠢᠨᠡᠷᠡᠭᠦᠨ ᠪᠥᠭᠡᠳ ᠢᠳᠡᠯᠢᠭ | ᠰᠠᠨᠠᠭᠤᠯᠭ᠎ᠠ ᠨᠤᠭᠤᠳ ᠢ ᠳᠤᠷᠠᠳᠴᠠᠢ᠃ | ᠵᠠᠩᠭᠢᠯᠠᠭ᠎ᠠ ᠶᠢᠨ ᠦᠭᠡ᠄ ᠥᠪᠥᠷ ᠮᠣᠩᠭᠤᠯ᠂ ᠬᠤᠣᠰ ᠬᠡᠯᠡ᠂ ᠡᠬᠡ ᠬᠡᠯᠡ᠂ ᠰᠤᠷᠭᠠᠨ ᠬᠥᠮᠥᠵᠢᠯ᠂ ᠳᠠᠬᠢᠨ | ᠲᠠᠨᠢᠯᠲᠠ | | | ᠨᠢᠭᠡ᠂ ᠬᠤᠣᠰ ᠬᠡᠯᠡᠨ ᠤ ᠰᠤᠷᠭᠠᠨ ᠬᠥᠮᠥᠵᠢᠯ ᠬᠡᠮᠡᠭᠴᠢ | ᠬᠤᠣᠰ ᠬᠡᠯᠡᠨ ᠤ ᠰᠤᠷᠭᠠᠨ ᠬᠥᠮᠥᠵᠢᠯ ᠬᠡᠮᠡᠭᠴᠢ ᠶᠠᠭᠤ ᠶᠢ ᠵᠢᠭᠠᠵᠤ ᠪᠠᠶᠢᠬᠤ ᠪᠤᠢ︖ ᠬᠤᠣᠰ ᠬᠡᠯᠡᠨ ᠤ | ᠰᠤᠷᠭᠠᠨ ᠬᠥᠮᠥᠵᠢᠯ ᠤᠨ ᠦᠵᠡᠭᠳᠡᠯ ᠪᠤᠢ ᠪᠣᠯᠬᠤ ᠶᠢ ᠳᠠᠭᠠᠯᠳᠤᠨ ᠭᠠᠳᠠᠭᠠᠳᠤ ᠳᠣᠲᠣᠭᠠᠳᠤ ᠶᠢᠨ ᠡᠷᠳᠡᠮᠲᠡᠳ ᠡᠨᠡ | ᠲᠤᠬᠠᠢ ᠲᠠᠶᠢᠯᠪᠤᠷᠢᠯᠠᠵᠤ ᠰᠤᠳᠤᠯᠤᠭᠰᠠᠭᠠᠷ ᠢᠷᠠᠵᠠᠢ᠃ ᠡᠭᠦᠨ ᠳᠤ ᠠᠮᠧᠷᠢᠺᠠ ᠶᠢᠨ ᠬᠡᠯᠡᠨ ᠤ ᠡᠷᠳᠡᠮᠲᠡᠨ ᠹᠢᠱᠧᠮᠠᠨ ︵ | Fisherman︶ ᠬᠢᠭᠡᠳ ᠺᠠᠮᠢᠨ᠋ᠰ ︵Cummins︶ ᠤᠨ ᠬᠡᠯᠡᠭᠰᠡᠨ ᠨᠢ ᠨᠡᠯᠢᠶᠡᠳ ᠲᠥᠯᠥᠭᠡᠯᠡᠬᠦ ᠴᠢᠨᠠᠷ ᠲᠠᠢ | ᠪᠠᠶᠢᠳᠠᠭ᠃ ᠹᠢᠱᠧᠮᠠᠨ ᠤ ᠦᠵᠡᠬᠦ ᠪᠠᠷ᠄ ᠬᠠᠮᠤᠭ ᠤᠨ ᠡᠩ ᠤᠨ ᠤᠳᠬ᠎ᠠ ᠠᠴᠠ ᠠᠪᠴᠤ ᠬᠡᠯᠡᠪᠡᠯ᠂ ᠬᠤᠣᠰ ᠬᠡᠯᠡᠨ ᠤ | ᠰᠤᠷᠭᠠᠨ ᠬᠥᠮᠥᠵᠢᠯ ᠭᠡᠳᠡᠭ ᠪᠣᠯ ᠬᠡᠯᠡ ᠪᠢᠴᠢᠭ ᠤᠨ ᠬᠢᠴᠢᠶᠡᠯ ᠠᠴᠠ ᠪᠤᠰᠤᠳ ᠬᠢᠴᠢᠶᠡᠯ ᠢ ᠬᠤᠶᠠᠷ ᠵᠦᠢᠯ ᠤᠨ | ᠬᠡᠯᠡ ᠪᠠᠷ ᠵᠢᠭᠠᠨ ᠰᠤᠷᠭᠠᠬᠤ ᠨᠢᠭᠡ ᠵᠦᠢᠯ ᠤᠨ ᠰᠤᠷᠭᠠᠨ ᠬᠥᠮᠥᠵᠢᠯ ᠤᠨ ᠵᠠᠭᠪᠤᠷ ᠮᠥᠨ ᠭᠡᠵᠡᠢ᠃ ᠺᠠᠮᠢᠨ᠋ᠰ᠄ ︽ | ᠬᠤᠣᠰ ᠬᠡᠯᠡᠨ ᠤ ᠰᠤᠷᠭᠠᠨ ᠬᠥᠮᠥᠵᠢᠯ ᠭᠡᠳᠡᠭ ᠨᠢ ᠶᠡᠷᠦᠳᠡ ᠪᠠᠨ ᠰᠤᠷᠤᠭᠴᠢᠳ ᠰᠤᠷᠤᠯᠴᠠᠬᠤ ᠳᠠᠭᠠᠨ ᠵᠣᠬᠢᠬᠤ | ᠨᠢᠭᠡᠨ ᠱᠠᠲᠤᠨ ᠳᠤ ᠬᠤᠶᠠᠷ ᠵᠦᠢᠯ ᠤᠨ ᠵᠢᠭᠠᠨ ᠰᠤᠷᠭᠠᠯᠲᠠ ᠶᠢᠨ ᠬᠡᠯᠡ ᠶᠢ ᠬᠡᠷᠡᠭᠯᠡᠬᠦ ᠶᠢ ᠵᠢᠭᠠᠵᠤ ᠪᠠᠶᠢᠨ᠎ᠠ᠃ | ᠥᠭᠡᠷ᠎ᠡ ᠪᠠᠷ ᠬᠡᠯᠡᠪᠡᠯ᠂ ᠬᠤᠣᠰ ᠬᠡᠯᠡᠨ ᠤ ᠰᠤᠷᠭᠠᠨ ᠬᠥᠮᠥᠵᠢᠯ ᠨᠢ ᠰᠤᠷᠭᠠᠨ ᠬᠥᠮᠥᠵᠢᠯ ᠤᠨ ᠣᠨᠴᠠᠭᠠᠢ ᠨᠢᠭᠡᠨ | ᠬᠠᠷᠠᠯᠲᠠ ᠶᠢ ᠪᠡᠶᠡᠯᠡᠭᠦᠯᠬᠦ ᠬᠡᠷᠡᠭᠴᠡᠭᠡ ᠠᠴᠠ ᠲᠣᠭᠲᠠᠭᠠᠭᠳᠠᠳᠠᠭ᠃ ᠡᠨᠡ ᠬᠦ ᠤᠳᠬ᠎ᠠ ᠠᠴᠠ ᠦᠵᠡᠪᠡᠯ᠂ ᠬᠤᠶᠠᠷ | ᠵᠦᠢᠯ ᠤᠨ ᠬᠡᠯᠡ ᠶᠢ ᠪᠣᠯᠪᠠᠰᠤᠷᠠᠩᠭᠤᠢ ᠡᠵᠡᠮᠰᠢᠭᠦᠯᠬᠦ ᠨᠢ ᠬᠤᠣᠰ ᠬᠡᠯᠡᠨ ᠤ ᠰᠤᠷᠭᠠᠨ ᠬᠥᠮᠥᠵᠢᠯ ᠤᠨ ᠬᠠᠷᠠᠯᠲᠠ | ᠪᠢᠰᠢ ᠪᠠᠶᠢᠵᠤ ᠪᠣᠯᠣᠨ᠎ᠠ᠃ ᠭᠡᠪᠡᠴᠦ ᠣᠯᠠᠩᠬᠢ ᠪᠠᠶᠢᠳᠠᠯ ᠳᠣᠣᠷ᠎ᠠ᠂ ᠬᠤᠣᠰ ᠬᠡᠯᠡᠨ ᠤ ᠰᠤᠷᠭᠠᠨ ᠬᠥᠮᠥᠵᠢᠯ ᠨᠢ | ᠰᠤᠷᠤᠭᠴᠢᠳ ᠤᠨ ᠬᠤᠣᠰ ᠬᠡᠯᠡᠨ ᠤ ᠴᠢᠳᠠᠪᠤᠷᠢ ᠶᠢ ᠬᠥᠮᠥᠵᠢᠭᠦᠯᠬᠦ ᠪᠤᠶᠤ ᠳᠡᠭᠡᠭᠰᠢᠯᠡᠭᠦᠯᠬᠦ ᠪᠠᠷ ᠬᠠᠷᠠᠯᠲᠠ ᠪᠠᠨ | ᠪᠣᠯᠭᠠᠭᠰᠠᠨ ᠪᠠᠶᠢᠳᠠᠭ︾② ᠭᠡᠰᠡᠨ ᠪᠠᠶᠢᠨ᠎ᠠ᠃ ᠡᠭᠦᠨ ᠠᠴᠠ ᠦᠵᠡᠪᠡᠯ ᠪᠢᠳᠠ ᠬᠤᠣᠰ ᠬᠡᠯᠡᠨ ᠤ ᠰᠤᠷᠭᠠᠨ | ᠬᠥᠮᠥᠵᠢᠯ ᠢ ᠲᠡᠭᠦᠨ ᠤ ᠬᠠᠷᠠᠯᠲᠠ ᠪᠤᠶᠤ ᠵᠣᠷᠢᠯᠭ᠎ᠠ ᠪᠠᠷ ᠨᠢ ᠬᠤᠣᠰ ᠬᠡᠯᠡ ᠪᠠᠷ ᠰᠤᠷᠭᠠᠨ ᠬᠥᠮᠥᠵᠢᠯ ᠤᠨ ᠬᠡᠷᠡᠭᠯᠡᠭᠦᠷ | ᠪᠣᠯᠭᠠᠵᠤ ᠶᠠᠮᠠᠷ ᠨᠢᠭᠡᠨ ᠬᠥᠮᠥᠵᠢᠯ ᠬᠦᠷᠲᠡᠭᠡᠬᠦ ᠵᠣᠷᠢᠯᠭ᠎ᠠ ᠲᠠᠢ ᠰᠤᠷᠭᠠᠨ ᠬᠥᠮᠥᠵᠢᠯ ᠪᠠ ᠬᠤᠣᠰ ᠬᠡᠯᠡᠨ ᠤ ᠬᠢᠷᠢ | ᠴᠢᠳᠠᠪᠤᠷᠢ ᠶᠢ ᠬᠥᠮᠥᠵᠢᠭᠦᠯᠬᠦ ᠵᠣᠷᠢᠯᠭ᠎ᠠ ᠲᠠᠢ ᠰᠤᠷᠭᠠᠨ ᠬᠥᠮᠥᠵᠢᠯ ᠬᠡᠮᠡᠬᠦ ᠬᠤᠶᠠᠷ ᠲᠠᠯ᠎ᠠ ᠠᠴᠠ ᠣᠶᠢᠯᠠᠭᠠᠵᠤ | ᠪᠣᠯᠣᠨ᠎ᠠ᠃ ᠭᠡᠪᠡᠴᠦ ᠲᠡᠭᠦᠨ ᠤ ᠠᠳᠠᠯᠢ ᠲᠠᠯ᠎ᠠ ᠨᠢ ᠭᠡᠪᠡᠯ᠂ ᠶᠠᠮᠠᠷ ᠵᠣᠷᠢᠯᠭ᠎ᠠ ᠲᠠᠢ ᠴᠦ ᠲᠡᠷᠡ ᠴᠥᠮ ᠬᠤᠣᠰ ᠬᠡᠯᠡ | ᠪᠤᠶᠤ ᠠᠯᠢ ᠨᠢᠭᠡᠨ ᠬᠡᠯᠡ ᠶᠢ ᠨᠢ ᠰᠤᠷᠭᠠᠵᠤ ᠪᠣᠯᠪᠠᠰᠤᠷᠠᠭᠤᠯᠬᠤ ᠦᠢᠯᠡᠳᠦᠯ ᠲᠠᠢ ᠪᠠᠶᠢᠳᠠᠭ᠃ | ᠶᠠᠭ ᠡᠶᠢᠮᠦ ᠤᠴᠢᠷ ᠠᠴᠠ ᠬᠤᠣᠰ ᠬᠡᠯᠡᠨ ᠤ ᠰᠤᠷᠭᠠᠨ ᠬᠥᠮᠥᠵᠢᠯ ᠤᠨ ᠪᠣᠳᠠᠲᠤ ᠦᠵᠡᠭᠳᠡᠯ ᠳᠤ᠄ ᠡᠬᠡ | ᠬᠡᠯᠡᠨ ᠤ ᠰᠠᠭᠤᠷᠢᠨ ᠳᠡᠭᠡᠷ᠎ᠡ ᠰᠢᠨ᠎ᠡ ᠨᠢᠭᠡᠨ ᠬᠡᠯᠡ ᠶᠢ ᠨᠡᠮᠡᠵᠦ ᠰᠤᠷᠬᠤ᠂ ᠬᠤᠶᠠᠳᠤᠭᠠᠷ ᠬᠡᠯᠡ ᠨᠢ ᠶᠠᠪᠤᠨ | ᠶᠠᠪᠤᠨ ᠳᠠᠭᠠᠨ ᠡᠬᠡ ᠬᠡᠯᠡ ᠶᠢ ᠨᠢ ᠣᠷᠣᠯᠠᠬᠤ᠂ ᠡᠬᠡ ᠬᠡᠯᠡ ᠶᠢ ᠨᠢ ᠬᠠᠮᠠᠭᠠᠯᠠᠬᠤ ᠶᠢ ᠪᠠᠲᠤᠯᠠᠭᠰᠠᠨ ᠤᠷᠢᠳᠠᠯ ᠳᠡᠭᠡᠷ᠎ᠡ | ᠬᠤᠶᠠᠷ ᠬᠡᠯᠡ ᠶᠢ ᠵᠡᠷᠭᠡ ᠪᠠᠷ ᠳᠡᠭᠡᠭᠰᠢᠯᠡᠭᠦᠯᠬᠦ︔ ᠬᠡᠯᠡᠨ ᠤ ᠴᠢᠳᠠᠪᠤᠷᠢ ᠶᠢᠨ ᠬᠢᠷᠢ ᠬᠡᠮᠵᠢᠶ᠎ᠡ ᠨᠢ ᠴᠦ ᠨᠢᠭᠡ ᠨᠢ ᠭᠤᠣᠯ | ᠪᠣᠯᠵᠤ ᠨᠥᠭᠦᠭᠡ ᠨᠢ ᠳᠠᠭᠠᠯᠲᠠ ᠪᠣᠯᠬᠤ᠂ ᠬᠤᠶᠠᠷ ᠬᠡᠯᠡᠨ ᠤ ᠴᠢᠳᠠᠪᠤᠷᠢ ᠨᠢ ᠴᠥᠮ ᠨᠡᠯᠢᠶᠡᠳ ᠥᠨᠳᠥᠷ ᠪᠠᠶᠢᠬᠤ︔ | ᠬᠤᠣᠰ ᠬᠡᠯᠡ ᠰᠤᠷᠬᠤ ᠴᠠᠭ ᠪᠤᠶᠤ ᠨᠠᠰᠤᠨ ᠤ ᠲᠠᠯ᠎ᠠ ᠪᠠᠷ ᠴᠦ ᠵᠡᠷᠭᠡ ᠪᠠᠷ ᠡᠬᠢᠯᠡᠵᠦ ᠰᠤᠷᠬᠤ᠂ ᠨᠢᠭᠡ ᠶᠢ ᠨᠢ | ᠡᠮᠦᠨ᠎ᠡ ᠨᠢ ᠰᠤᠷᠴᠤ ᠨᠥᠭᠦᠭᠡ ᠶᠢ ᠨᠢ ᠳᠠᠷᠠᠭ᠎ᠠ ᠪᠠᠷ ᠨᠢ ᠡᠬᠢᠯᠡᠭᠦᠯᠵᠦ ᠰᠤᠷᠬᠤ ᠭᠡᠬᠦ ᠮᠡᠲᠦ ᠶᠠᠩᠵᠤ ᠶᠠᠩᠵᠤ ᠶᠢᠨ | ᠦᠵᠡᠭᠳᠡᠯ ᠲᠠᠢ ᠪᠠᠶᠢᠳᠠᠭ᠃ ᠭᠡᠪᠡᠴᠦ ᠨᠢᠭᠡᠨ ᠦᠨᠳᠦᠰᠦᠲᠡᠨ ᠤ ᠦᠭᠡ ᠬᠡᠯᠡᠨ ᠤ ᠬᠥᠭᠵᠢᠯᠲᠡ ᠳᠤ ᠦᠵᠡᠭᠦᠯᠬᠦ | ᠦᠷ᠎ᠡ ᠳ᠋ᠦᠩ ᠤᠨ ᠬᠤᠪᠢ ᠳᠤ ᠬᠤᠶᠠᠷ ᠵᠦᠢᠯ ᠤᠨ ᠦᠢᠯᠡᠳᠦᠯ ᠲᠠᠢ ᠪᠠᠶᠢᠳᠠᠭ᠃ ᠳᠠᠷᠤᠢ ᠲᠤᠰᠠᠯᠠᠬᠤ ᠦᠢᠯᠡᠳᠦᠯ | ᠲᠠᠢ ᠬᠤᠣᠰ ᠬᠡᠯᠡᠨ ᠤ ᠰᠤᠷᠭᠠᠨ ᠬᠥᠮᠥᠵᠢᠯ ᠪᠠ ᠣᠷᠣᠯᠠᠬᠤ ᠦᠢᠯᠡᠳᠦᠯ ᠲᠠᠢ ᠬᠤᠣᠰ ᠬᠡᠯᠡᠨ ᠤ ᠰᠤᠷᠭᠠᠨ ᠬᠥᠮᠥᠵᠢᠯ | ᠪᠣᠯᠣᠨ᠎ᠠ᠃ ᠡᠭᠦᠨ ᠳᠤ ᠲᠤᠰᠠᠯᠠᠬᠤ ᠦᠢᠯᠡᠳᠦᠯ ᠲᠠᠢ ᠬᠤᠣᠰ ᠬᠡᠯᠡᠨ ᠤ ᠰᠤᠷᠭᠠᠨ ᠬᠥᠮᠥᠵᠢᠯ ᠭᠡᠳᠡᠭ ᠨᠢ ᠨᠢᠭᠡᠨ | ᠣᠯᠠᠨ ᠬᠥᠮᠥᠨ ᠲᠠᠢ ᠦᠨᠳᠦᠰᠦᠲᠡᠨ ᠥᠭᠡᠷ᠎ᠡ ᠨᠢᠭᠡᠨ ᠬᠡᠯᠡ ᠶᠢ ᠨᠡᠮᠡᠵᠦ ᠰᠤᠷᠬᠤ ᠪᠥᠭᠡᠳ ᠡᠨᠡ ᠬᠦ ᠨᠡᠮᠡᠵᠦ | ᠰᠤᠷᠤᠭᠰᠠᠨ ᠬᠡᠯᠡ ᠨᠢ ᠨᠢᠭᠡᠳᠦᠭᠡᠷ ᠬᠡᠯᠡ ᠪᠤᠶᠤ ᠡᠬᠡ ᠬᠡᠯᠡᠨ ᠳᠤᠨᠢ ᠰᠦᠷᠳᠡᠭᠦᠯᠦᠯ ᠪᠣᠯᠬᠤ ᠦᠭᠡᠢ ᠰᠤᠷᠭᠠᠨ | ᠬᠥᠮᠥᠵᠢᠯ ᠢ ᠬᠡᠯᠡᠨ᠎ᠡ᠃ ᠵᠢᠱᠢᠶᠡᠯᠡᠪᠡᠯ᠂ ᠬᠢᠲᠠᠳᠴᠤᠳ ᠠᠩᠭ᠍ᠯᠢ ᠬᠡᠯᠡ ᠰᠤᠷᠬᠤ᠂ ᠠᠩᠭ᠍ᠯᠢ᠂ ᠠᠮᠧᠷᠢᠺᠠᠴᠤᠳ ᠹᠷᠠᠨᠼᠢ | ᠬᠡᠯᠡ ᠰᠤᠷᠬᠤ ᠪᠣᠯ ᠡᠭᠦᠨ ᠳᠤ ᠪᠠᠭᠲᠠᠨ᠎ᠠ᠃ ᠣᠷᠣᠯᠠᠬᠤ ᠦᠢᠯᠡᠳᠦᠯ ᠲᠠᠢ ᠬᠤᠣᠰ ᠬᠡᠯᠡᠨ ᠤ ᠰᠤᠷᠭᠠᠨ ᠬᠥᠮᠥᠵᠢᠯ | ᠭᠡᠳᠡᠭ ᠨᠢ ᠨᠡᠮᠡᠵᠦ ᠰᠤᠷᠤᠭᠰᠠᠨ ᠬᠡᠯᠡ ᠨᠢ ᠠᠭᠠᠵᠢᠮ ᠢᠶᠠᠷ ᠨᠢᠭᠡᠳᠦᠭᠡᠷ ᠬᠡᠯᠡ ᠪᠤᠶᠤ ᠡᠬᠡ ᠬᠡᠯᠡ ᠶᠢ ᠨᠢ ᠣᠷᠣᠯᠠᠬᠤ | ᠰᠤᠷᠭᠠᠨ ᠬᠥᠮᠥᠵᠢᠯ ᠢ ᠬᠡᠯᠡᠨ᠎ᠡ᠃ ᠡᠶᠢᠮᠦ ᠦᠵᠡᠭᠳᠡᠯ ᠨᠢ ᠨᠢᠭᠡᠳᠦᠭᠡᠷ ᠬᠡᠯᠡ ᠨᠢ ᠬᠦᠴᠦᠨ ᠪᠠᠭᠤᠷᠠᠢ ᠪᠠᠶᠢᠳᠠᠯ ︵ | ᠲᠤᠬᠠᠶᠢᠯᠠᠪᠠᠯ ᠣᠯᠠᠩᠬᠢ ᠴᠥᠭᠡᠨ ᠲᠣᠭᠠᠲᠤ ᠦᠨᠳᠦᠰᠦᠲᠡᠨ ᠤ ᠬᠡᠯᠡ︶ ᠳᠣᠣᠷ᠎ᠠ ᠡᠭᠦᠰᠦᠨ᠎ᠡ᠃ ᠵᠢᠱᠢᠶᠡᠯᠡᠪᠡᠯ᠂ | ᠠᠮᠧᠷᠢᠺᠠ ᠳᠠᠬᠢ ᠢᠨᠳᠢᠶᠠᠨᠴᠤᠳ ᠤᠨ ᠬᠡᠯᠡ ᠨᠢ ᠠᠭᠠᠵᠢᠮ ᠢᠶᠠᠷ ᠠᠩᠭ᠍ᠯᠢ ᠬᠡᠯᠡᠨ ᠳᠤ ᠣᠷᠣᠯᠠᠭᠳᠠᠭᠰᠠᠨ ᠪᠠᠶᠢᠳᠠᠭ᠃ | ᠡᠶᠢᠮᠦ ᠠᠴᠠ ᠢᠨᠳᠢᠶᠠᠨᠴᠤᠳ ᠤᠨ ᠬᠤᠣᠰ ᠬᠡᠯᠡᠨ ᠤ ᠰᠤᠷᠭᠠᠨ ᠬᠥᠮᠥᠵᠢᠯ ᠪᠣᠯ ᠣᠷᠣᠯᠠᠬᠤ ᠦᠢᠯᠡᠳᠦᠯ ᠲᠠᠢ | ᠰᠤᠷᠭᠠᠨ ᠬᠥᠮᠥᠵᠢᠯ ᠪᠣᠯᠣᠨ᠎ᠠ᠃ ᠥᠪᠥᠷ ᠮᠣᠩᠭᠤᠯᠴᠤᠳ ᠤᠨ ᠮᠣᠩᠭᠤᠯ ᠬᠢᠲᠠᠳ ᠬᠤᠣᠰ ᠬᠡᠯᠡᠨ ᠤ ᠰᠤᠷᠭᠠᠨ | ᠬᠥᠮᠥᠵᠢᠯ ᠨᠢ ᠴᠦ ᠡᠶᠢᠮᠦᠷᠬᠦᠦ ᠰᠤᠷᠭᠠᠨ ᠬᠥᠮᠥᠵᠢᠯ ᠪᠣᠯᠣᠨ᠎ᠠ ᠭᠡᠳᠡᠭ ᠢ ᠦᠢᠯᠡᠳᠦᠯᠭᠡ ᠤᠯᠠᠮ ᠤᠯᠠᠮ ᠢᠶᠠᠷ | ᠭᠡᠷᠡᠴᠢᠯᠡᠵᠦ ᠪᠠᠶᠢᠨ᠎ᠠ᠃ ᠭᠡᠪᠡᠴᠦ ᠴᠣᠬᠤᠮ ᠶᠠᠮᠠᠷ ᠦᠢᠯᠡᠳᠦᠯ ᠲᠠᠢ ᠬᠤᠣᠰ ᠬᠡᠯᠡᠨ ᠤ ᠰᠤᠷᠭᠠᠨ ᠬᠥᠮᠥᠵᠢᠯ ᠪᠣᠯᠬᠤ | ᠨᠢ ᠨᠡᠯᠢᠶᠡᠳ ᠪᠤᠳᠤᠯᠢᠶᠠᠨᠲᠠᠢ ᠦᠵᠡᠭᠳᠡᠯ ᠪᠣᠯᠬᠤ ᠶᠤᠮ᠃ ᠳᠠᠷᠤᠢ ᠬᠤᠣᠰ ᠬᠡᠯᠡᠨ ᠤ ᠰᠤᠷᠭᠠᠨ ᠬᠥᠮᠥᠵᠢᠯ ᠢ | ᠬᠦᠷᠲᠡᠭᠴᠢ ᠪᠠ ᠬᠡᠷᠡᠭᠵᠢᠭᠦᠯᠦᠭᠴᠢ ᠬᠢᠨᠢ ᠤᠯᠤᠰ ᠦᠨᠳᠦᠰᠦᠲᠡᠨ ᠤ ᠪᠣᠳᠠᠲᠤ ᠠᠬᠤᠢ ᠪᠠᠶᠢᠳᠠᠯ᠂ ᠲᠡᠦᠬᠡ ᠶᠢᠨ | ᠨᠥᠬᠦᠴᠡᠯ᠂ ᠤᠯᠤᠰ ᠲᠥᠷᠥ ᠶᠢᠨ ᠵᠣᠷᠢᠯᠭ᠎ᠠ᠂ ᠦᠨᠳᠦᠰᠦᠲᠡᠨ ᠤ ᠬᠠᠷᠢᠴᠠᠭ᠎ᠠ ᠪᠠᠶᠢᠷᠢ ᠰᠠᠭᠤᠷᠢ᠂ ᠬᠡᠯᠡᠨ ᠤ | ᠨᠡᠶᠢᠭᠡᠮ ᠶᠢᠨ ᠣᠷᠴᠢᠨ᠂ ᠡᠬᠡ ᠬᠡᠯᠡᠨ ᠤ ᠬᠢᠨ ᠰᠠᠭᠤᠷᠢ᠂ ᠬᠡᠳᠦᠢ ᠨᠠᠰᠤᠨ ᠠᠴᠠ ᠡᠬᠢᠯᠡᠵᠦ ᠰᠤᠷᠬᠤ᠂ ᠵᠢᠭᠠᠨ | ᠰᠤᠷᠭᠠᠬᠤ ᠪᠣᠳᠠᠲᠤ ᠱᠠᠭᠠᠷᠳᠠᠯᠭ᠎ᠠ ᠵᠡᠷᠭᠡ ᠣᠯᠠᠨ ᠲᠠᠯ᠎ᠠ ᠠᠴᠠ ᠰᠢᠯᠲᠠᠭᠠᠯᠠᠭᠳᠠᠨ᠎ᠠ᠃ | ᠬᠤᠣᠰ ᠬᠡᠯᠡᠨ ᠤ ᠰᠤᠷᠭᠠᠨ ᠬᠥᠮᠥᠵᠢᠯ ᠤᠨ ᠲᠥᠷᠥᠯ ᠬᠡᠯᠪᠡᠷᠢ ᠶᠢᠨ ᠲᠤᠬᠠᠢ ᠭᠠᠳᠠᠭᠠᠳᠤ ᠳᠣᠲᠣᠭᠠᠳᠤ ᠶᠢᠨ | ᠡᠷᠳᠡᠮᠲᠡᠳ ᠠᠳᠠᠯᠢ ᠪᠤᠰᠤ ᠪᠠᠷᠢᠮᠵᠢᠶ᠎ᠠ ᠪᠠᠷ ᠶᠠᠩᠵᠤ ᠪᠦᠷᠢ ᠪᠠᠷ ᠬᠤᠪᠢᠶᠠᠭᠰᠠᠨ ᠵᠦᠢᠯᠡᠰ ᠪᠠᠶᠢᠳᠠᠭ᠃ ᠪᠢᠳᠠ ᠠᠳᠡ | ᠮᠠᠨ ᠤ ᠰᠤᠳᠤᠯᠤᠯ ᠳᠤ ᠨᠡᠯᠢᠶᠡᠳ ᠬᠡᠷᠡᠭᠴᠡᠭᠡ ᠲᠠᠢ ᠵᠦᠢᠯ ᠢ ᠰᠣᠩᠭᠤᠵᠤ ᠳᠤᠷᠠᠳᠪᠠᠯ᠂ ᠠᠮᠧᠷᠢᠺᠠ ᠶᠢᠨ ᠬᠡᠯᠡᠨ ᠤ | ᠡᠷᠳᠡᠮᠲᠡᠨ ᠹᠢᠱᠧᠮᠠᠨ ᠤ ᠳᠡᠭᠡᠷ᠎ᠡ ᠵᠠᠭᠤᠨ ᠤ 70 ᠣᠨ ᠳᠤ ᠬᠤᠣᠰ ᠬᠡᠯᠡᠨ ᠤ ᠰᠤᠷᠭᠠᠨ ᠬᠥᠮᠥᠵᠢᠯ ᠳᠠᠬᠢ ᠬᠤᠶᠠᠷ | ᠵᠦᠢᠯ ᠤᠨ ᠬᠡᠯᠡᠨ ᠤ ᠬᠢᠨ ᠪᠠᠶᠢᠷᠢ ᠰᠠᠭᠤᠷᠢ ᠪᠤᠶᠤ ᠰᠤᠷᠭᠠᠨ ᠬᠥᠮᠥᠵᠢᠯ ᠤᠨ ᠵᠣᠷᠢᠯᠭ᠎ᠠ ᠶᠢ ᠦᠨᠳᠦᠰᠦᠯᠡᠵᠦ | ᠬᠤᠪᠢᠶᠠᠭᠰᠠᠨ ᠳᠥᠷᠪᠡᠨ ᠲᠥᠷᠥᠯ ᠬᠡᠯᠪᠡᠷᠢ ᠶᠢᠨ ᠬᠤᠣᠰ ᠬᠡᠯᠡᠨ ᠤ ᠰᠤᠷᠭᠠᠨ ᠬᠥᠮᠥᠵᠢᠯ ᠪᠤᠢ᠃ | ⒈ ᠰᠢᠯᠵᠢᠯᠲᠡ ᠶᠢᠨ ᠴᠢᠨᠠᠷ ᠲᠠᠢ ᠬᠤᠣᠰ ᠬᠡᠯᠡᠨ ᠤ ᠰᠤᠷᠭᠠᠨ ᠬᠥᠮᠥᠵᠢᠯ᠄ ᠳᠠᠷᠤᠢ ᠡᠬᠡ ᠬᠡᠯᠡ ᠪᠤᠶᠤ | ᠨᠢᠭᠡᠳᠦᠭᠡᠷ ᠬᠡᠯᠡ ᠠᠴᠠ ᠬᠤᠶᠠᠳᠤᠭᠠᠷ ᠬᠡᠯᠡ ᠪᠤᠶᠤ ᠵᠣᠷᠢᠯᠭ᠎ᠠ ᠪᠣᠯᠬᠤ ᠬᠡᠯᠡᠨ ᠳᠤ ᠰᠢᠯᠵᠢᠨ ᠣᠷᠣᠭᠤᠯᠬᠤ ᠰᠤᠷᠭᠠᠨ | ᠬᠥᠮᠥᠵᠢᠯ ᠪᠣᠯᠣᠨ᠎ᠠ᠃ ᠡᠶᠢᠮᠦ ᠬᠤᠣᠰ ᠬᠡᠯᠡᠨ ᠤ ᠰᠤᠷᠭᠠᠨ ᠬᠥᠮᠥᠵᠢᠯ ᠳᠠᠬᠢ ᠬᠥᠮᠥᠵᠢᠯ ᠬᠦᠷᠲᠡᠭᠴᠢᠳ ᠤᠨ ᠡᠬᠡ | ᠬᠡᠯᠡᠨ ᠤ ᠬᠢᠨ ᠬᠦᠴᠦ ᠨᠥᠯᠥᠭᠡ ᠨᠢ ᠶᠡᠷᠦᠩᠬᠡᠢ ᠳᠡᠭᠡᠨ ᠪᠠᠭᠤᠷᠠᠢ ᠪᠠᠶᠢᠷᠢᠨ ᠳᠤ ᠪᠠᠶᠢᠵᠤ᠂ ᠬᠤᠶᠠᠷᠳᠠᠭᠢ ᠬᠡᠯᠡ ᠨᠢ | ᠣᠯᠠᠩᠬᠢ ᠳᠠᠭᠠᠨ ᠬᠦᠴᠦᠷᠬᠡᠭ ᠪᠤᠶᠤ ᠭᠤᠣᠯ ᠤᠷᠤᠰᠬᠠᠯ ᠪᠣᠯᠵᠤ ᠪᠠᠶᠢᠳᠠᠭ᠃ ᠡᠶᠢᠮᠦ ᠠᠴᠠ ᠡᠨᠡ ᠬᠦ ᠬᠤᠣᠰ ᠬᠡᠯᠡᠨ | ᠤ ᠰᠤᠷᠭᠠᠨ ᠬᠥᠮᠥᠵᠢᠯ ᠤᠨ ᠭᠤᠣᠯ ᠵᠣᠷᠢᠯᠭ᠎ᠠ ᠨᠢ ᠵᠣᠬᠢᠬᠤ ᠬᠤᠭᠤᠴᠠᠭᠠᠨ ᠤ ᠳᠣᠲᠣᠷ᠎ᠠ ᠤᠤᠯ ᠬᠡᠯᠡ ᠶᠢ ᠨᠢ | ᠠᠰᠢᠭᠯᠠᠨ ᠬᠠᠪᠰᠤᠷᠤᠮᠵᠢ ᠪᠣᠯᠭᠠᠵᠤ ᠪᠠᠶᠢᠭᠠᠳ ᠬᠡᠯᠡᠨ ᠤ ᠬᠠᠶᠢᠯᠤᠯᠲᠠ ᠶᠢ ᠨᠢ ᠠᠯᠬᠤᠮ ᠠᠯᠬᠤᠮ ᠢᠶᠠᠷ | ᠲᠦᠷᠭᠡᠳᠬᠡᠵᠦ᠂ ᠴᠥᠭᠡᠨ ᠲᠣᠭᠠᠲᠤ ᠦᠨᠳᠦᠰᠦᠲᠡᠨ ᠢ ᠭᠤᠣᠯ ᠤᠷᠤᠰᠬᠠᠯ ᠪᠣᠯᠬᠤ ᠬᠡᠯᠡᠨ ᠳᠤ ᠪᠠ ᠨᠡᠶᠢᠭᠡᠮ ᠤᠨ | ᠰᠣᠶᠣᠯ ᠳᠤ ᠠᠭᠤᠰᠬᠠᠬᠤ ᠶᠠᠪᠤᠳᠠᠯ ᠪᠣᠯᠣᠨ᠎ᠠ᠃ ᠡᠶᠢᠮᠦ ᠰᠤᠷᠭᠠᠨ ᠬᠥᠮᠥᠵᠢᠯ ᠨᠢ ᠴᠥᠭᠡᠨ ᠲᠣᠭᠠᠲᠤ ᠦᠨᠳᠦᠰᠦᠲᠡᠨ | ᠤ ᠬᠡᠯᠡ ᠪᠠ ᠰᠣᠶᠣᠯ ᠤᠨ ᠬᠥᠭᠵᠢᠯᠲᠡ ᠳᠤ ᠡᠰᠡᠷᠭᠦ ᠦᠢᠯᠡᠳᠦᠯ ᠦᠵᠡᠭᠦᠯᠳᠡᠭ ᠶᠤᠮ᠃ | ⒉ ᠭᠠᠭᠴᠠ ᠬᠡᠯᠡ ᠪᠠᠷ ᠪᠢᠴᠢᠭ ᠰᠤᠷᠭᠠᠬᠤ ᠬᠤᠣᠰ ᠬᠡᠯᠡᠨ ᠤ ᠰᠤᠷᠭᠠᠨ ᠬᠥᠮᠥᠵᠢᠯ᠄ ᠳᠠᠷᠤᠢ | ᠰᠤᠷᠤᠭᠴᠢᠳ ᠤᠨ ᠰᠣᠨᠣᠰᠬᠤ ᠶᠠᠷᠢᠬᠤ ᠴᠢᠳᠠᠪᠤᠷᠢ ᠶᠢ ᠬᠤᠣᠰ ᠬᠡᠯᠡ ᠪᠠᠷ ᠬᠥᠮᠥᠵᠢᠭᠦᠯᠵᠦ᠂ ᠤᠩᠰᠢᠵᠤ ᠪᠢᠴᠢᠬᠦ ᠳᠤ | ᠵᠥᠪᠬᠡᠨ ᠭᠤᠣᠯ ᠪᠣᠯᠬᠤ ᠨᠢᠭᠡ ᠯᠡ ᠬᠡᠯᠡ ᠶᠢ ᠬᠡᠷᠡᠭᠯᠡᠨ᠎ᠡ᠃ ᠬᠤᠣᠰ ᠦᠭᠡ ᠶᠠᠷᠢᠶᠠᠨ ᠤ ︵ᠠᠶᠠᠯᠭᠤᠨ ᠤ︶ | ᠰᠤᠷᠭᠠᠨ ᠬᠥᠮᠥᠵᠢᠯ ᠭᠡᠳᠡᠭ ᠨᠢ ᠡᠭᠦᠨ ᠳᠤ ᠪᠠᠭᠲᠠᠨ᠎ᠠ᠃ ᠮᠠᠨ ᠤ ᠤᠯᠤᠰ ᠤᠨ ᠰᠢᠶᠠᠩᠭᠠᠩ ᠳᠤ ᠶᠡᠭᠡ ᠲᠥᠯᠥᠪ | ᠡᠶᠢᠮᠦ ᠬᠡᠯᠪᠡᠷᠢ ᠶᠢᠨ ᠰᠤᠷᠭᠠᠨ ᠬᠥᠮᠥᠵᠢᠯ ᠢ ᠬᠡᠷᠡᠭᠯᠡᠵᠦ ᠪᠤᠢ᠃ ᠳᠠᠷᠤᠢ ᠲᠡᠳᠡ ᠭᠤᠸᠠᠩᠳᠦ᠋ᠩ ᠠᠶᠠᠯᠭᠤ ᠪᠠᠷ | ᠵᠥᠪᠬᠡᠨ ᠰᠣᠨᠣᠰᠴᠤ ᠶᠠᠷᠢᠵᠤ᠂ ᠬᠢᠲᠠᠳ ᠨᠡᠶᠢᠲᠡᠯᠢᠭ ᠬᠡᠯᠡ ᠪᠤᠶᠤ ᠠᠩᠭ᠍ᠯᠢ ᠬᠡᠯᠡ ᠪᠠᠷ ᠰᠣᠨᠣᠰᠴᠤ ᠶᠠᠷᠢᠵᠤ ᠤᠩᠰᠢᠵᠤ | ᠪᠢᠴᠢᠬᠦ ᠵᠡᠷᠭᠡ ᠪᠦᠬᠦ ᠬᠥᠮᠥᠵᠢᠯ ᠢ ᠬᠢᠳᠡᠭ᠃ ᠡᠶᠢᠮᠦ ᠰᠤᠷᠭᠠᠨ ᠬᠥᠮᠥᠵᠢᠯ ᠤᠨ ᠵᠥᠪᠬᠡᠨ ᠰᠣᠨᠣᠰᠴᠤ ᠶᠠᠷᠢᠳᠠᠭ ᠬᠡᠯᠡ | ᠨᠢ ᠴᠥᠭᠡᠨ ᠲᠣᠭᠠᠲᠤ ᠦᠨᠳᠦᠰᠦᠲᠡᠨ ᠤ ᠬᠡᠯᠡ ᠪᠠᠶᠢᠬᠤ ᠳᠤ ᠬᠦᠷᠪᠡᠯ ᠮᠥᠨ ᠲᠤᠰ ᠴᠥᠭᠡᠨ ᠲᠣᠭᠠᠲᠤ | ᠦᠨᠳᠦᠰᠦᠲᠡᠨ ᠤ ᠬᠡᠯᠡ ᠰᠣᠶᠣᠯ ᠤᠨ ᠬᠥᠭᠵᠢᠯᠲᠡ ᠳᠤ ᠠᠰᠢᠭ ᠦᠭᠡᠢ ᠪᠣᠯᠬᠤ ᠨᠢ ᠮᠡᠳᠡᠭᠡᠵᠢ ᠬᠡᠷᠡᠭ᠃ | ⒊ ᠬᠡᠰᠡᠭ ᠲᠡᠩᠴᠡᠭᠦᠷᠢᠲᠡᠢ ᠬᠥᠭᠵᠢᠭᠦᠯᠬᠦ ᠬᠤᠣᠰ ᠬᠡᠯᠡᠨ ᠤ ᠰᠤᠷᠭᠠᠨ ᠬᠥᠮᠥᠵᠢᠯ᠄ ᠡᠨᠡ ᠨᠢ ᠡᠬᠡ ᠬᠡᠯᠡ | ᠪᠠ ᠭᠤᠣᠯ ᠤᠷᠤᠰᠬᠠᠯ ᠪᠣᠯᠬᠤ ᠬᠡᠯᠡ ᠪᠠᠷ ᠴᠥᠮ ᠰᠣᠨᠣᠰᠴᠤ ᠶᠠᠷᠢᠵᠤ ᠴᠢᠳᠠᠬᠤ ᠶᠢ ᠱᠠᠭᠠᠷᠳᠠᠬᠤ ᠪᠣᠯᠪᠠᠴᠤ | ᠤᠩᠰᠢᠵᠤ ᠪᠢᠴᠢᠬᠦ ᠲᠠᠯ᠎ᠠ ᠪᠠᠷ ᠪᠦᠷᠢᠨ ᠲᠡᠩᠴᠡᠭᠦᠷᠢᠲᠡᠢ ᠪᠠᠶᠢᠬᠤ ᠶᠢ ᠡᠷᠬᠢᠮᠯᠡᠳᠡᠭ ᠦᠭᠡᠢ᠃ ᠲᠤᠬᠠᠶᠢᠯᠠᠪᠠᠯ ᠡᠬᠡ | ᠬᠡᠯᠡ ᠶᠢ ᠨᠡᠶᠢᠭᠡᠮ ᠤᠨ ᠰᠢᠨᠵᠢᠯᠡᠬᠦ ᠤᠬᠠᠭᠠᠨ ᠬᠡᠪᠴᠢᠶᠡᠨ ᠳᠤ ᠭᠤᠣᠯ ᠪᠣᠯᠭᠠᠨ ᠬᠡᠷᠡᠭᠯᠡᠭᠡᠳ ᠵᠠᠷᠢᠮ ᠰᠢᠨᠵᠢᠯᠡᠭᠡ | ᠮᠡᠷᠭᠡᠵᠢᠯ ᠤᠨ ᠠᠭᠤᠯᠭ᠎ᠠ ᠶᠢ ᠭᠤᠣᠯ ᠤᠷᠤᠰᠬᠠᠯ ᠪᠣᠯᠬᠤ ᠬᠡᠯᠡ ᠪᠠᠷ ᠢᠯᠡᠳᠬᠡᠳᠡᠭ᠃ ᠡᠨᠡ ᠨᠢ ᠮᠥᠨ ᠨᠢᠭᠡᠨ | ᠦᠨᠳᠦᠰᠦᠲᠡᠨ ᠤ ᠬᠡᠯᠡᠨ ᠤ ᠡᠷᠡᠭᠦᠯ ᠴᠡᠪᠡᠷ ᠢᠶᠠᠷ ᠬᠥᠭᠵᠢᠬᠦ ᠶᠢ ᠵᠣᠬᠢᠬᠤ ᠬᠡᠮᠵᠢᠶ᠎ᠡ ᠪᠠᠷ ᠨᠥᠯᠥᠭᠡᠯᠡᠬᠦ ᠪᠥᠭᠡᠳ ᠬᠡᠷᠪᠡ | ᠭᠤᠣᠯ ᠤᠷᠤᠰᠬᠠᠯ ᠪᠣᠯᠬᠤ ᠬᠡᠯᠡᠨ ᠤ ᠨᠥᠯᠥᠭᠡ ᠨᠢ ᠤᠯᠠᠮ ᠢᠶᠠᠷ ᠶᠡᠬᠡᠰᠬᠦ ᠳᠤ ᠬᠦᠷᠪᠡᠯ ᠡᠬᠡ ᠬᠡᠯᠡᠨ ᠤ ᠬᠥᠭᠵᠢᠯᠲᠡ | ᠳᠤ ᠠᠰᠢᠭ ᠦᠭᠡᠢ ᠪᠣᠯᠣᠨ᠎ᠠ᠃ | ⒋ ᠪᠦᠷᠢᠨ ᠲᠡᠩᠴᠡᠭᠦᠷᠢᠲᠡᠢ ᠬᠤᠣᠰ ᠬᠡᠯᠡᠨ ᠤ ᠰᠤᠷᠭᠠᠨ ᠬᠥᠮᠥᠵᠢᠯ᠄ ᠡᠨᠡ ᠨᠢ ᠪᠤᠢ ᠪᠦᠬᠦᠢ ᠬᠢᠴᠢᠶᠡᠯ | ᠳᠤ ᠴᠥᠮ ᠬᠤᠣᠰ ᠬᠡᠯᠡ ᠪᠠᠷ ᠵᠠᠭᠤᠴᠢᠯᠠᠭᠤᠷ ᠪᠣᠯᠭᠠᠵᠤ ᠬᠤᠶᠠᠷ ᠵᠦᠢᠯ ᠤᠨ ᠬᠡᠯᠡ ᠪᠠ ᠰᠣᠶᠣᠯ ᠢ ᠠᠳᠠᠯᠢ ᠲᠡᠭᠰᠢ | ᠪᠠᠶᠢᠷᠢᠨ ᠳᠤ ᠲᠠᠯᠪᠢᠨ᠂ ᠪᠦᠷᠢᠨ ᠲᠡᠩᠴᠡᠭᠦᠷᠢᠲᠡᠢ ᠬᠥᠭᠵᠢᠭᠦᠯᠵᠦ᠂ ᠵᠢᠩᠬᠢᠨᠢ ᠬᠤᠣᠰ ᠬᠡᠯᠡᠨ ᠤ ᠴᠢᠳᠠᠪᠤᠷᠢᠲᠠᠨ ᠢ | ᠬᠥᠮᠥᠵᠢᠭᠦᠯᠬᠦ ᠶᠢ ᠵᠣᠷᠢᠭᠰᠠᠨ ᠰᠤᠷᠭᠠᠨ ᠬᠥᠮᠥᠵᠢᠯ ᠪᠣᠯᠣᠨ᠎ᠠ᠃ ᠦᠨᠳᠦᠰᠦᠲᠡᠨ ᠤ ᠬᠡᠯᠡ ᠰᠣᠶᠣᠯ ᠤᠨ ᠬᠥᠭᠵᠢᠯᠲᠡ | ᠶᠢᠨ ᠲᠠᠯ᠎ᠠ ᠠᠴᠠ ᠠᠪᠴᠤ ᠬᠡᠯᠡᠪᠡᠯ ᠡᠬᠡ ᠬᠡᠯᠡ ᠶᠢ ᠨᠢ ᠬᠠᠮᠠᠭᠠᠯᠠᠵᠤ ᠬᠥᠭᠵᠢᠭᠦᠯᠬᠦ ᠶᠢ ᠴᠢᠬᠤᠯᠠᠴᠢᠯᠠᠬᠤ ᠪᠥᠭᠡᠳ | ᠪᠠᠰᠠ ᠭᠤᠣᠯ ᠤᠷᠤᠰᠬᠠᠯ ᠪᠣᠯᠬᠤ ᠬᠡᠯᠡ ᠶᠢ ᠴᠦ ᠰᠠᠶᠢᠲᠤᠷ ᠡᠵᠡᠮᠰᠢᠭᠦᠯᠬᠦ ᠶᠢ ᠡᠷᠬᠢᠮᠯᠡᠭᠰᠡᠨ ᠰᠤᠷᠭᠠᠨ ᠬᠥᠮᠥᠵᠢᠯ | ᠮᠥᠨ᠃ ᠮᠥᠨ ᠴᠦ ᠨᠢᠭᠡᠨ ᠬᠦᠰᠡᠯᠡᠩᠴᠢᠯᠡᠭᠰᠡᠨ ᠬᠤᠣᠰ ᠬᠡᠯᠡᠨ ᠤ ᠰᠤᠷᠭᠠᠨ ᠬᠥᠮᠥᠵᠢᠯ ᠪᠣᠯᠣᠨ᠎ᠠ᠃ ᠤᠴᠢᠷ ᠨᠢ | ᠪᠣᠳᠠᠲᠠᠢ ᠳᠡᠭᠡᠷ᠎ᠡ ᠪᠠᠨ ᠡᠶᠢᠮᠦᠷᠬᠦᠦ ᠰᠤᠷᠭᠠᠨ ᠬᠥᠮᠥᠵᠢᠯ ᠤᠨ ᠵᠣᠷᠢᠯᠭ᠎ᠠ ᠶᠢ ᠪᠡᠶᠡᠯᠡᠭᠦᠯᠬᠦ ᠳᠤ ᠲᠤᠶᠢᠯ ᠤᠨ ᠬᠦᠴᠢᠷ | ᠶᠤᠮ᠃ ᠬᠤᠣᠰ ᠬᠡᠯᠡ ᠶᠢ ᠲᠡᠩᠴᠡᠭᠦᠷᠢᠲᠡᠢ ᠪᠠᠷ ᠰᠠᠶᠢᠨ ᠰᠤᠷᠳᠠᠭ ᠬᠥᠮᠥᠨ ᠴᠥᠭᠡᠨ ᠪᠥᠭᠡᠳ ᠨᠢᠭᠡᠨ ᠦᠨᠳᠦᠰᠦᠲᠡᠨ | ᠤ ᠣᠷᠣᠰᠢᠨ ᠲᠣᠭᠲᠠᠨᠢᠯ ᠤᠨ ᠬᠤᠪᠢ ᠳᠤ ᠬᠤᠣᠰ ᠬᠡᠯᠡ ᠶᠢ ᠲᠡᠩᠴᠡᠭᠦᠷᠢᠲᠡᠢ ᠪᠠᠷ ᠰᠤᠷᠴᠤ ᠬᠡᠷᠡᠭᠯᠡᠬᠦ ᠶᠠᠪᠤᠴᠠ | ᠤᠷᠲᠤ ᠬᠤᠭᠤᠴᠠᠭ᠎ᠠ ᠪᠠᠷ ᠣᠷᠣᠰᠢᠬᠤ ᠪᠣᠯᠣᠯᠴᠠᠭ᠎ᠠ ᠦᠭᠡᠢ ᠶᠤᠮ᠃ ᠤᠴᠢᠷ ᠨᠢ ᠬᠤᠶᠠᠷ ᠬᠡᠯᠡ ᠪᠠ ᠦᠨᠳᠦᠰᠦᠲᠡᠨ | ᠤ ᠪᠠᠶᠢᠷᠢ ᠰᠠᠭᠤᠷᠢ᠂ ᠡᠷᠬᠡ ᠮᠡᠳᠡᠯ᠂ ᠤᠯᠤᠰ ᠳᠦᠷᠦ ᠠᠵᠤ ᠠᠬᠤᠢ ᠶᠢᠨ ᠪᠠᠶᠢᠳᠠᠯ᠂ ᠰᠣᠶᠣᠯ ᠰᠡᠳᠬᠢᠬᠦᠢ᠂ | ᠨᠡᠶᠢᠭᠡᠮ ᠤᠨ ᠨᠥᠯᠥᠭᠡ᠂ ᠬᠡᠯᠡᠨ ᠤ ᠣᠷᠴᠢᠨ ᠵᠡᠷᠭᠡ ᠠᠯᠢᠪᠠ ᠨᠥᠯᠥᠭᠡᠯᠡᠬᠦ ᠬᠦᠴᠦᠨ ᠵᠦᠢᠯ ᠨᠢ ᠴᠥᠮ | ᠲᠡᠩᠴᠡᠭᠦᠷᠢᠲᠡᠢ ᠪᠠᠶᠢᠬᠤ ᠨᠥᠬᠦᠴᠡᠯ ᠳᠣᠣᠷ᠎ᠠ ᠰᠠᠶ᠋ᠢ ᠬᠡᠯᠡᠨ ᠤ ᠬᠡᠷᠡᠭᠯᠡᠯᠲᠡ ᠨᠢ ᠲᠡᠩᠴᠡᠭᠦᠷᠢᠲᠡᠢ ᠪᠠᠶᠢᠵᠤ ᠳᠡᠶᠢᠯᠦᠨ᠎ᠡ | ᠃ | ᠬᠤᠶᠠᠷ᠂ ᠥᠪᠥᠷ ᠮᠣᠩᠭᠤᠯ ᠤᠨ ᠬᠤᠣᠰ ᠬᠡᠯᠡᠨ ᠤ ᠰᠤᠷᠭᠠᠨ ᠬᠥᠮᠥᠵᠢᠯ ᠤᠨ ᠪᠠᠶᠢᠳᠠᠯ | ᠮᠠᠨ ᠤ ᠤᠯᠤᠰ ᠤᠨ ᠬᠤᠣᠰ ᠬᠡᠯᠡᠨ ᠤ ᠰᠤᠷᠭᠠᠨ ᠬᠥᠮᠥᠵᠢᠯ ᠢ ᠲᠡᠭᠦᠨ ᠤ ᠵᠣᠷᠢᠯᠭ᠎ᠠ ᠪᠠᠷ ᠨᠢ ᠶᠡᠷᠦᠩᠬᠡᠢ | ᠳᠡᠭᠡᠨ ᠬᠤᠶᠠᠷ ᠲᠥᠷᠥᠯ ᠳᠤ ᠬᠤᠷᠢᠶᠠᠩᠭᠤᠶᠢᠯᠠᠨ ᠦᠵᠡᠵᠦ ᠪᠣᠯᠣᠨ᠎ᠠ᠃ ᠳᠠᠷᠤᠢ ᠴᠥᠭᠡᠨ ᠦᠨᠳᠦᠰᠦᠲᠡᠨ ᠤ ᠬᠡᠯᠡ | ᠶᠢ ᠬᠠᠮᠠᠭᠠᠯᠠᠬᠤ ᠬᠤᠣᠰ ᠬᠡᠯᠡᠨ ᠤ ᠰᠤᠷᠭᠠᠨ ᠬᠥᠮᠥᠵᠢᠯ ᠪᠠ ᠰᠤᠷᠤᠭᠴᠢᠳ ᠤᠨ ᠭᠠᠳᠠᠭᠠᠳᠤ ᠬᠡᠯᠡᠨ ᠤ ᠬᠢᠷᠢ | ᠬᠡᠮᠵᠢᠶ᠎ᠡ ᠶᠢ ᠳᠡᠭᠡᠭᠰᠢᠯᠡᠭᠦᠯᠬᠦ ᠬᠤᠣᠰ ᠬᠡᠯᠡᠨ ᠤ ᠰᠤᠷᠭᠠᠨ ᠬᠥᠮᠥᠵᠢᠯ ︵ᠡᠨᠡ ᠨᠢ ᠬᠢᠲᠠᠳ ᠰᠤᠷᠤᠭᠴᠢᠳ ᠲᠤ | ᠬᠤᠯᠪᠣᠭᠳᠠᠬᠤ ᠤᠴᠢᠷ ᠪᠣᠯᠬᠤ ᠲᠤᠯᠠ ᠲᠤᠰ ᠥᠭᠦᠯᠡᠯ ᠳᠤ ᠳᠡᠯᠭᠡᠷᠡᠭᠦᠯᠦᠨ ᠶᠠᠷᠢᠬᠤ ᠦᠭᠡᠢ︶ ᠪᠣᠯᠣᠨ᠎ᠠ᠃ ᠥᠪᠥᠷ | ᠮᠣᠩᠭᠤᠯ ᠤᠨ ᠬᠤᠣᠰ ᠬᠡᠯᠡᠨ ᠤ ᠰᠤᠷᠭᠠᠨ ᠬᠥᠮᠥᠵᠢᠯ ᠴᠦ ᠦᠨᠳᠦᠰᠦᠨ ᠳᠡᠭᠡᠨ ᠠᠳᠠᠯᠢ ᠶᠤᠮ᠃ | ᠥᠪᠥᠷ ᠮᠣᠩᠭᠤᠯ ᠤᠨ ᠬᠤᠣᠰ ᠬᠡᠯᠡᠨ ᠤ ᠰᠤᠷᠭᠠᠨ ᠬᠥᠮᠥᠵᠢᠯ ᠨᠢ ᠠᠩᠬ᠎ᠠ ᠪᠤᠢ ᠪᠣᠯᠬᠤ ᠳᠠᠭᠠᠨ ᠴᠥᠭᠡᠨ | ᠲᠣᠭᠠᠲᠤ ᠦᠨᠳᠦᠰᠦᠲᠡᠨ ᠤ ᠦᠭᠡ ᠬᠡᠯᠡ ᠦᠰᠦᠭ ᠪᠢᠴᠢᠭ ᠢᠶᠠᠷ ᠰᠤᠷᠭᠠᠨ ᠬᠥᠮᠥᠵᠢᠭᠦᠯᠬᠦ ᠬᠡᠯᠪᠡᠷᠢ ᠪᠠᠷ ᠪᠤᠢ | ᠪᠣᠯᠣᠭᠰᠠᠨ ᠶᠤᠮ᠃ ᠲᠡᠭᠦᠨ ᠤ ᠬᠥᠭᠵᠢᠯᠲᠡ ᠨᠢ ᠦᠨᠳᠦᠰᠦᠲᠡᠨ ᠤ ᠲᠥᠷᠥ ᠶᠢᠨ ᠪᠣᠳᠣᠯᠭ᠎ᠠ ᠪᠠ ᠦᠨᠳᠦᠰᠦᠲᠡᠨ ᠤ | ᠬᠡᠯᠡ ᠪᠢᠴᠢᠭ ᠤᠨ ᠲᠥᠷᠥ ᠶᠢᠨ ᠪᠣᠳᠣᠯᠭ᠎ᠠ ᠶᠢ ᠬᠦᠷᠲᠡᠭᠰᠡᠨ ᠪᠠᠶᠢᠳᠠᠭ᠃ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ ᠠᠴᠠ 1958 ᠣᠨ ᠪᠣᠯᠲᠠᠯ᠎ᠠ ᠴᠥᠭᠡᠨ ᠲᠣᠭᠠᠲᠤ ᠦᠨᠳᠦᠰᠦᠲᠡᠨ ᠤ ᠬᠡᠯᠡ ᠪᠢᠴᠢᠭ ᠤᠨ | ᠰᠤᠷᠭᠠᠨ ᠬᠥᠮᠥᠵᠢᠯ ᠤᠨ ᠲᠤᠬᠠᠢ ᠲᠥᠷᠥ ᠶᠢᠨ ᠪᠣᠳᠣᠯᠭ᠎ᠠ ᠭᠡᠪᠡᠯ᠂ ᠥᠪᠡᠷᠲᠡᠭᠡᠨ ᠨᠡᠶᠢᠲᠡ ᠪᠠᠷ ᠢᠶᠠᠨ ᠬᠡᠷᠡᠭᠯᠡᠬᠦ | ᠦᠰᠦᠭ ᠪᠢᠴᠢᠭ ᠲᠠᠢ ᠦᠨᠳᠦᠰᠦᠲᠡᠨ ᠨᠢ ᠥᠪᠡᠷ ᠤᠨ ᠬᠡᠯᠡ ᠪᠠᠷ ᠢᠶᠠᠨ ᠳᠤᠮᠳᠠᠳᠤ ᠪᠠᠭ᠎ᠠ ᠰᠤᠷᠭᠠᠭᠤᠯᠢ ᠶᠢᠨ | ᠰᠤᠷᠤᠭᠴᠢᠳ ᠢ ᠬᠥᠮᠥᠵᠢᠭᠦᠯᠬᠦ ᠶᠢ ᠵᠣᠷᠢᠭᠵᠢᠭᠤᠯᠵᠤ ᠪᠠᠶᠢᠪᠠ᠃ ᠦᠰᠦᠭ ᠪᠢᠴᠢᠭ ᠦᠭᠡᠢ ᠦᠨᠳᠦᠰᠦᠲᠡᠨ ᠨᠢ ᠬᠡᠯᠡᠨ | ᠤ ᠠᠵᠢᠯᠲᠠᠳ ᠢᠶᠠᠷ ᠬᠠᠪᠰᠤᠷᠤᠭᠤᠯᠤᠨ ᠦᠰᠦᠭ ᠪᠢᠴᠢᠭ ᠵᠣᠬᠢᠶᠠᠵᠤ ᠥᠪᠡᠷ ᠤᠨ ᠬᠡᠯᠡ ᠪᠠᠷ ᠢᠶᠠᠨ ᠰᠤᠷᠭᠠᠨ | ᠬᠥᠮᠥᠵᠢᠭᠦᠯᠬᠦ ᠪᠠ ᠰᠢᠭᠤᠳ ᠬᠢᠲᠠᠳ ᠦᠰᠦᠭ ᠪᠢᠴᠢᠭ ᠢ ᠬᠡᠷᠡᠭᠯᠡᠬᠦ ᠶᠢᠨ ᠠᠯᠢ ᠨᠢᠭᠡ ᠶᠢ ᠨᠢ ᠥᠪᠡᠷ ᠢᠶᠠᠨ | ᠰᠣᠩᠭᠤᠵᠤ ᠪᠠᠶᠢᠭᠰᠠᠨ ᠶᠤᠮ᠃ ᠡᠶᠢᠮᠦ ᠠᠴᠠ ᠲᠡᠷᠡ ᠦᠶ᠎ᠡ ᠶᠢᠨ ᠦᠨᠳᠦᠰᠦᠲᠡᠨ ᠤ ᠰᠤᠷᠭᠠᠨ ᠬᠥᠮᠥᠵᠢᠯ ᠤᠨ | ᠲᠥᠷᠥ ᠶᠢᠨ ᠪᠣᠳᠣᠯᠭ᠎ᠠ ᠨᠢ ᠦᠨᠡᠨ ᠬᠦ ᠦᠨᠳᠦᠰᠦᠲᠡᠨ ᠤ ᠬᠡᠯᠡ ᠰᠣᠶᠣᠯ ᠢ ᠬᠠᠮᠠᠭᠠᠯᠠᠵᠤ᠂ ᠦᠨᠳᠦᠰᠦᠲᠡᠨ ᠤ | ᠪᠦᠯᠬᠦᠮᠳᠡᠯ ᠢ ᠪᠠᠲᠤᠯᠠᠵᠤ ᠴᠢᠳᠠᠵᠤ ᠪᠠᠶᠢᠪᠠ᠃ | 1958 ᠣᠨ ᠠᠴᠠ 1977 ᠣᠨ ᠤ ᠬᠤᠭᠤᠷᠣᠨᠳᠤ ᠵᠡᠭᠦᠨ ᠤ ᠦᠵᠡᠯ ᠤᠨ ᠨᠥᠯᠥᠭᠡ ᠪᠠᠷ | ᠦᠨᠳᠦᠰᠦᠲᠡᠨ ᠤ ᠰᠤᠷᠭᠠᠨ ᠬᠥᠮᠥᠵᠢᠯ ᠨᠢ ᠦᠨᠳᠦᠰᠦᠲᠡᠨ ᠤ ᠬᠡᠯᠡ ᠰᠣᠶᠣᠯ ᠢ ᠬᠠᠮᠠᠭᠠᠯᠠᠬᠤ ᠴᠢᠳᠠᠪᠤᠷᠢ ᠪᠠᠨ | ᠬᠠᠯᠳᠠᠵᠠᠢ᠃ | ᠳᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠠᠴᠠ ᠡᠬᠢᠯᠡᠨ ︽ᠦᠨᠳᠦᠰᠦᠲᠡᠨ ᠤ ᠥᠪᠡᠷᠲᠡᠭᠡᠨ ᠵᠠᠰᠠᠬᠤ | ᠣᠷᠣᠨ ᠤ ᠬᠠᠤᠯᠢ︾ ᠪᠠ ︽ᠠᠯᠪᠠᠨ ᠵᠢᠷᠤᠮ ᠤᠨ ᠰᠤᠷᠭᠠᠨ ᠬᠥᠮᠥᠵᠢᠯ ᠤᠨ ᠬᠠᠤᠯᠢ︾ ᠳᠤ ᠦᠨᠳᠦᠰᠦᠲᠡᠨ ᠤ | ᠰᠤᠷᠭᠠᠭᠤᠯᠢ ᠨᠤᠭᠤᠳ ᠲᠤ ᠴᠥᠭᠡᠨ ᠲᠣᠭᠠᠲᠤ ᠦᠨᠳᠦᠰᠦᠲᠡᠨ ᠤ ᠬᠡᠯᠡ ᠪᠠ ᠬᠢᠲᠠᠳ ᠬᠡᠯᠡᠨ ᠤ ᠬᠤᠣᠰ ᠬᠡᠯᠡᠨ ᠤ | ᠵᠢᠭᠠᠨ ᠰᠤᠷᠭᠠᠯᠲᠠ ᠶᠢ ᠬᠡᠷᠡᠭᠵᠢᠭᠦᠯᠬᠦ ᠶᠢ ᠲᠣᠳᠣᠷᠬᠠᠢ ᠲᠣᠭᠲᠠᠭᠠᠵᠠᠢ᠃ ᠢᠩᠭᠢᠭᠡᠳ ᠥᠪᠥᠷ ᠮᠣᠩᠭᠤᠯᠴᠤᠳ ᠴᠦ | ᠥᠪᠡᠷ ᠤᠨ ᠭᠠᠵᠠᠷ ᠨᠤᠲᠤᠭ ᠤᠨ ᠢᠶᠠᠨ ᠪᠣᠳᠠᠲᠤ ᠪᠠᠶᠢᠳᠠᠯ ᠢᠶᠠᠨ ᠦᠨᠳᠦᠰᠦᠯᠡᠵᠦ ᠮᠣᠩᠭᠤᠯ ᠬᠢᠲᠠᠳ ᠬᠤᠶᠠᠷ ᠬᠡᠯᠡᠨ | ᠤ ᠴᠢᠳᠠᠪᠤᠷᠢᠲᠠᠨ ᠢ ᠬᠥᠮᠥᠵᠢᠭᠦᠯᠬᠦ ᠰᠤᠷᠭᠠᠨ ᠬᠥᠮᠥᠵᠢᠯ ᠤᠨ ᠴᠢᠭᠯᠡᠯᠲᠡ ᠶᠢ ᠲᠣᠭᠲᠠᠭᠠᠭᠰᠠᠨ ᠪᠠᠶᠢᠨ᠎ᠠ᠃ | ᠨᠠᠶᠠᠭᠠᠳ ᠣᠨ ᠤ ᠡᠬᠢᠨ ᠠᠴᠠ ᠶᠡᠷᠡᠭᠡᠳ ᠣᠨ ᠤ ᠳᠤᠮᠳᠠᠴᠢ ᠬᠦᠷᠲᠡᠯᠡᠬᠢ ᠬᠤᠭᠤᠴᠠᠭ᠎ᠠ ᠪᠣᠯ ᠥᠪᠥᠷ | ᠮᠣᠩᠭᠤᠯᠴᠤᠳ ᠤᠨ ᠬᠤᠣᠰ ᠬᠡᠯᠡᠨ ᠤ ᠰᠤᠷᠭᠠᠨ ᠬᠥᠮᠥᠵᠢᠯ ᠨᠢ ᠡᠷᠳᠡᠮᠲᠡᠳ ᠤᠨ ᠳᠤᠷᠠᠳᠤᠭᠰᠠᠨ ᠮᠡᠲᠦ ᠪᠠᠷ ᠬᠤᠣᠰ | ᠬᠡᠯᠡ ᠶᠢ ᠲᠡᠩᠴᠡᠭᠦᠷᠢᠲᠡᠢ ᠬᠥᠭᠵᠢᠭᠦᠯᠬᠦ ᠪᠤᠶᠤ ᠴᠥᠭᠡᠨ ᠲᠣᠭᠠᠲᠤ ᠦᠨᠳᠦᠰᠦᠲᠡᠨ ᠤ ᠬᠡᠯᠡ ᠰᠣᠶᠣᠯ ᠢ ᠬᠠᠮᠠᠭᠠᠯᠠᠬᠤ | ᠵᠣᠷᠢᠯᠭ᠎ᠠ ᠶᠢ ᠦᠨᠳᠦᠰᠦᠨ ᠳᠡᠭᠡᠨ ᠪᠡᠶᠡᠯᠡᠭᠦᠯᠵᠦ ᠪᠠᠶᠢᠭᠰᠠᠨ ᠬᠤᠭᠤᠴᠠᠭ᠎ᠠ ᠮᠥᠨ ᠭᠡᠵᠦ ᠬᠡᠯᠡᠵᠦ ᠪᠣᠯᠣᠨ᠎ᠠ᠃ ᠤᠴᠢᠷ | ᠨᠢ ᠡᠨᠡ ᠬᠦ ᠬᠤᠭᠤᠴᠠᠭᠠᠨ ᠳᠤ ᠬᠢᠲᠠᠳ ᠰᠤᠷᠭᠠᠭᠤᠯᠢ ᠨᠤᠭᠤᠳ ᠤᠨ ᠵᠡᠷᠭᠡᠴᠡᠭᠡ ᠪᠠᠷ ᠴᠤᠯᠤ ᠮᠣᠩᠭᠤᠯ ᠰᠤᠷᠭᠠᠭᠤᠯᠢ | ᠨᠤᠭᠤᠳ ᠥᠪᠥᠷ ᠮᠣᠩᠭᠤᠯ ᠤᠨ ᠬᠤᠲᠠ ᠬᠥᠳᠡᠭᠡ ᠭᠡᠰᠡᠨ ᠦᠭᠡᠢ ᠡᠯ᠎ᠡ ᠭᠠᠵᠠᠷ ᠲᠤ ᠬᠤᠷ᠎ᠠ ᠶᠢᠨ ᠳᠠᠷᠠᠭᠠᠬᠢ | ᠬᠤᠯᠤᠰᠤᠨ ᠰᠣᠶᠤᠭ᠎ᠠ ᠮᠡᠲᠦ ᠨᠡᠮᠡᠭᠳᠡᠵᠦ ᠪᠠᠶᠢᠪᠠ᠃ ᠨᠤᠲᠤᠭ ᠪᠡᠯᠴᠢᠭᠡᠷ᠂ ᠮᠠᠯ ᠲᠠᠷᠢᠶᠠᠯᠠᠩ ᠢ ᠡᠷᠦᠬᠡ ᠳᠤ | ᠳᠠᠭᠠᠭᠠᠴᠢᠯᠠᠭᠤᠯᠬᠤ ᠰᠢᠨ᠎ᠡ ᠳᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠠᠴᠠ ᠮᠠᠯ ᠨᠢ ᠥᠨᠢᠷ ᠥᠰᠴᠦ | ᠮᠠᠯᠵᠢᠬᠤ ᠠᠮᠢᠳᠤᠷᠠᠯ ᠨᠡᠯᠢᠶᠡᠳ ᠵᠦᠭᠡᠷ ᠬᠥᠭᠵᠢᠯᠲᠡ ᠪᠠᠨ ᠣᠯᠵᠤ᠂ ᠦᠨᠳᠦᠰᠦᠲᠡᠨ ᠤ ᠨᠡᠶᠢᠲᠡ ᠶᠢᠨ ᠭᠠᠵᠠᠷ | ᠨᠤᠲᠤᠭ ᠪᠠ ᠨᠡᠶᠢᠲᠡ ᠶᠢᠨ ᠠᠵᠤ ᠠᠬᠤᠢ ᠨᠡᠯᠢᠶᠡᠳ ᠲᠣᠭᠲᠠᠪᠤᠷᠢᠲᠠᠢ ᠪᠠᠶᠢᠭᠰᠠᠨ ᠶᠤᠮ᠃ ᠣᠯᠠᠩᠬᠢ ᠭᠠᠵᠠᠷ ᠤᠨ | ᠮᠣᠩᠭᠤᠯ ᠳᠤᠮᠳᠠᠳᠤ ᠪᠠᠭ᠎ᠠ ᠰᠤᠷᠭᠠᠭᠤᠯᠢ ᠳᠤ ᠬᠢᠲᠠᠳ ᠬᠡᠯᠡ ᠠᠴᠠ ᠪᠤᠰᠤᠳ ᠬᠢᠴᠢᠶᠡᠯ ᠢ ᠴᠤᠯᠤ ᠮᠣᠩᠭᠤᠯ ᠬᠡᠯᠡ | ᠪᠠᠷ ᠬᠢᠴᠢᠶᠡᠯᠯᠡᠵᠦ ᠪᠠᠶᠢᠭᠰᠠᠨ ᠪᠥᠭᠡᠳ ᠬᠢᠲᠠᠳ ᠬᠡᠯᠡ ᠶᠢ ᠴᠦ ᠪᠠᠭ᠎ᠠ ᠰᠤᠷᠭᠠᠭᠤᠯᠢ ᠶᠢᠨ ᠭᠤᠷᠪᠠ ᠪᠤᠶᠤ | ᠬᠤᠶᠠᠳᠤᠭᠠᠷ ᠣᠨ ᠠᠴᠠ ᠡᠬᠢᠯᠡᠨ ᠵᠢᠭᠠᠵᠤ᠂ ᠠᠩᠭ᠍ᠯᠢ ᠬᠡᠯᠡ ᠭᠡᠬᠦ ᠭᠤᠷᠪᠠᠳᠤᠭᠠᠷ ᠬᠡᠯᠡ ᠶᠢ ᠪᠠᠭ᠎ᠠ ᠰᠤᠷᠭᠠᠭᠤᠯᠢ ᠳᠤ | ᠨᠡᠶᠢᠳᠡᠮ ᠡᠬᠢᠯᠡᠭᠦᠯᠦᠭᠡ ᠦᠭᠡᠢ ᠪᠠᠶᠢᠭᠰᠠᠨ ᠲᠤᠯᠠ ᠬᠡᠦᠬᠡᠳ ᠡᠬᠡ ᠬᠡᠯᠡᠨ ᠤ ᠰᠠᠭᠤᠷᠢ ᠪᠠᠨ ᠦᠨᠳᠦᠰᠦᠨ ᠳᠡᠭᠡᠨ | ᠪᠠᠲᠤᠲᠠᠢ ᠲᠠᠯᠪᠢᠭᠰᠠᠨ ᠤᠷᠢᠳᠠᠯ ᠳᠣᠣᠷ᠎ᠠ ᠬᠤᠶᠠᠳᠤᠭᠠᠷ ᠬᠡᠯᠡ ᠶᠢ ᠡᠬᠢᠯᠡᠵᠦ ᠰᠤᠷᠳᠠᠭ ᠪᠠᠶᠢᠨ᠎ᠠ᠃ ᠡᠶᠢᠮᠦ ᠠᠴᠠ | ᠲᠡᠷᠡ ᠦᠶ᠎ᠡ ᠳᠤ ᠬᠤᠣᠰ ᠬᠡᠯᠡᠨ ᠤ ᠰᠤᠷᠭᠠᠨ ᠬᠥᠮᠥᠵᠢᠯ ᠤᠨ ᠲᠤᠬᠠᠢ ᠲᠥᠷᠥ ᠶᠢᠨ ᠪᠣᠳᠣᠯᠭ᠎ᠠ ᠵᠥᠪ᠂ ᠡᠬᠡ ᠬᠡᠯᠡ | ᠪᠠᠨ ᠰᠤᠷᠴᠤ ᠬᠡᠷᠡᠭᠯᠡᠬᠦ ᠨᠡᠶᠢᠭᠡᠮ ᠭᠡᠷ ᠪᠦᠯᠢ ᠰᠤᠷᠭᠠᠭᠤᠯᠢ ᠶᠢᠨ ᠣᠷᠴᠢᠨ ᠰᠠᠶᠢᠨ᠂ ᠴᠠᠭ ᠦᠶ᠎ᠡ ᠶᠢᠨ ᠬᠥᠭᠵᠢᠯᠲᠡ | ᠪᠠ ᠬᠥᠮᠥᠰ ᠤᠨ ᠦᠵᠡᠯ ᠲᠠᠨᠢᠯᠲᠠ ᠶᠢᠨ ᠨᠥᠬᠦᠴᠡᠯ ᠲᠣᠬᠢᠷᠠᠮᠵᠢᠲᠠᠢ ᠪᠠᠶᠢᠪᠠ᠃ ᠡᠶᠢᠮᠦ ᠪᠣᠯᠬᠤᠷ ᠲᠡᠷᠡ ᠦᠶ᠎ᠡ ᠶᠢᠨ | ᠥᠪᠥᠷ ᠮᠣᠩᠭᠤᠯ ᠤᠨ ᠮᠣᠩᠭᠤᠯᠴᠤᠳ ᠤᠨ ᠬᠤᠣᠰ ᠬᠡᠯᠡᠨ ᠤ ᠰᠤᠷᠭᠠᠨ ᠬᠥᠮᠥᠵᠢᠯ ᠨᠢ ᠮᠣᠩᠭᠤᠯ ᠦᠨᠳᠦᠰᠦᠲᠡᠨ ᠤ | ᠬᠡᠯᠡ ᠪᠠ ᠰᠣᠶᠣᠯ ᠢ ᠬᠠᠮᠠᠭᠠᠯᠠᠵᠤ ᠴᠢᠳᠠᠭᠰᠠᠨ ᠪᠥᠭᠡᠳ ᠵᠣᠬᠢᠬᠤ ᠬᠡᠮᠵᠢᠶ᠎ᠡ ᠪᠠᠷ ᠬᠥᠭᠵᠢᠭᠦᠯᠵᠦ᠂ ᠪᠠᠰᠠ | ᠮᠣᠩᠭᠤᠯᠴᠤᠳ ᠤᠨ ᠬᠡᠷᠡᠭᠴᠡᠭᠡᠨ ᠳᠤ ᠲᠣᠬᠢᠷᠠᠭᠰᠠᠨ ᠵᠣᠬᠢᠬᠤ ᠬᠡᠮᠵᠢᠶᠡᠨ ᠤ ᠬᠢᠲᠠᠳ ᠬᠡᠯᠡᠨ ᠤ ᠴᠢᠳᠠᠪᠤᠷᠢ ᠶᠢ | ᠡᠵᠡᠮᠰᠢᠭᠦᠯᠵᠦ ᠴᠢᠳᠠᠪᠠ᠃ | ᠭᠡᠪᠡᠴᠦ ᠡᠨᠡ ᠬᠦ ᠪᠠᠶᠢᠳᠠᠯ ᠨᠢ ᠳᠡᠮᠡᠢ ᠤᠳᠠᠵᠤ ᠴᠢᠳᠠᠭᠰᠠᠨ ᠦᠭᠡᠢ᠂ ᠶᠡᠷᠡᠭᠡᠳ ᠣᠨ ᠤ ᠳᠤᠮᠳᠠᠴᠢ ᠠᠴᠠ | ᠡᠬᠢᠯᠡᠨ ᠵᠠᠬ᠎ᠠ ᠳᠡᠯᠭᠡᠭᠦᠷᠴᠢᠯᠡᠯᠲᠡ᠂ ᠬᠤᠲᠠᠴᠢᠯᠠᠯᠲᠠ᠂ ᠨᠤᠲᠤᠭ ᠪᠡᠯᠴᠢᠭᠡᠷ ᠤᠨ ᠪᠢᠲᠡᠭᠦᠮᠵᠢᠯᠡᠯᠲᠡ᠂ ᠰᠤᠷᠭᠠᠭᠤᠯᠢ | ᠶᠢᠨ ᠪᠠᠷᠢᠮᠵᠢᠶᠠᠴᠢᠯᠡᠯᠲᠡ ᠵᠡᠷᠭᠡ ᠶᠢ ᠳᠠᠭᠠᠯᠳᠤᠨ ᠥᠪᠥᠷ ᠮᠣᠩᠭᠤᠯ ᠤᠨ ᠮᠣᠩᠭᠤᠯᠴᠤᠳ ᠤᠨ ᠬᠤᠣᠰ ᠬᠡᠯᠡᠨ ᠤ | ᠰᠤᠷᠭᠠᠨ ᠬᠥᠮᠥᠵᠢᠯ ᠨᠢ ᠥᠭᠡᠷ᠎ᠡ ᠨᠢᠭᠡᠨ ᠬᠠᠨᠳᠤᠰᠢ ᠲᠠᠢ ᠪᠣᠯᠵᠠᠢ᠃ ᠶᠠᠭᠤᠨ ᠤ ᠤᠷᠢᠳ ᠳᠤᠷᠠᠳᠤᠭᠤᠰᠢᠲᠠᠢ ᠨᠢ | ᠰᠤᠷᠭᠠᠭᠤᠯᠢ ᠶᠢ ᠴᠦ ᠵᠠᠬ᠎ᠠ ᠳᠡᠯᠭᠡᠭᠦᠷ ᠢᠶᠠᠷ ᠲᠣᠬᠢᠷᠠᠭᠤᠯᠬᠤ ᠪᠣᠯᠵᠤ ᠰᠤᠷᠤᠭᠴᠢ ᠶᠢᠨ ᠲᠤᠭ᠎ᠠ ᠪᠠᠷ ᠣᠷᠣᠯᠭ᠎ᠠ | ᠣᠯᠬᠤ ᠪᠣᠯᠣᠭᠰᠠᠨ ᠪᠥᠭᠡᠳ ᠬᠥᠳᠡᠭᠡ ᠶᠢᠨ ᠮᠠᠯᠵᠢᠬᠤ ᠠᠮᠢᠳᠤᠷᠠᠯ ᠳᠤ ᠬᠦᠴᠢᠷᠳᠡᠯ ᠲᠤᠯᠭᠠᠷᠠᠵᠤ ᠨᠢᠭᠡ ᠪᠦᠯᠦᠭ | ᠮᠠᠯᠴᠢᠳ ᠬᠤᠲᠠ ᠣᠷᠣᠬᠤ ᠶᠢ ᠳᠠᠭᠠᠯᠳᠤᠨ ᠳᠠᠯ᠎ᠠ ᠨᠠᠶᠠᠭᠠᠳ ᠣᠨ ᠤ ᠦᠶ᠎ᠡ ᠪᠠᠷ ᠪᠠᠶᠢᠭᠤᠯᠤᠭᠳᠠᠭᠰᠠᠨ ᠮᠣᠩᠭᠤᠯ | ᠰᠤᠷᠭᠠᠭᠤᠯᠢ ᠨᠤᠭᠤᠳ ᠨᠢ ᠨᠢᠭᠡ ᠨᠢᠭᠡ ᠪᠠᠷ ᠢᠶᠠᠨ ᠡᠭᠦᠳᠡ ᠪᠠᠨ ᠬᠠᠭᠠᠪᠠ᠃ ᠮᠣᠩᠭᠤᠯ ᠬᠡᠦᠬᠡᠳ ᠬᠢᠲᠠᠳᠴᠤᠳ ᠤᠨ | ᠲᠥᠪᠯᠡᠷᠡᠨ ᠰᠠᠭᠤᠭᠰᠠᠨ ᠬᠤᠲᠠ ᠪᠠᠯᠭᠠᠰᠤᠨ ᠤ ᠰᠤᠷᠭᠠᠭᠤᠯᠢ ᠳᠤ ᠰᠠᠭᠤᠬᠤ ᠪᠣᠯᠣᠭᠰᠠᠨ ᠪᠠ ᠬᠢᠲᠠᠳ ᠮᠣᠩᠭᠤᠯ | ᠨᠡᠶᠢᠯᠡᠭᠰᠡᠨ ᠰᠤᠷᠭᠠᠭᠤᠯᠢ ᠳᠤ ᠰᠤᠷᠤᠯᠴᠠᠬᠤ ᠪᠣᠯᠣᠭᠰᠠᠨ ᠠᠴᠠ ᠡᠬᠡ ᠬᠡᠯᠡᠨ ᠤ ᠬᠢᠨ ᠣᠷᠴᠢᠨ ᠨᠢ ᠬᠤᠪᠢ ᠳᠠᠬᠢᠨ | ᠢᠶᠠᠷ ᠮᠠᠭᠤᠳᠠᠪᠠ᠃ ᠵᠠᠷᠢᠮ ᠨᠢ ᠨᠢᠭᠡᠮᠦᠰᠦᠨ ᠬᠢᠲᠠᠳ ᠰᠤᠷᠭᠠᠭᠤᠯᠢ ᠳᠤ ᠰᠤᠷᠤᠯᠴᠠᠬᠤ ᠪᠣᠯᠣᠭᠰᠠᠨ ᠪᠠᠶᠢᠨ᠎ᠠ᠃ | ᠮᠣᠩᠭᠤᠯ ᠢᠶᠠᠷ ᠬᠢᠴᠢᠶᠡᠯᠯᠡᠳᠡᠭ ᠰᠤᠷᠤᠭᠴᠢᠳ ᠤᠨ ᠬᠢᠲᠠᠳ ᠬᠡᠯᠡ ᠶᠢ ᠨᠢᠭᠡᠳᠦᠭᠡᠷ ᠣᠨ ᠠᠴᠠ ᠡᠬᠢᠯᠡᠵᠦ ᠵᠢᠭᠠᠬᠤ | ᠪᠣᠯᠣᠭᠰᠠᠨ ᠪᠠ ᠬᠡᠦᠬᠡᠳ ᠤᠨ ᠴᠡᠴᠡᠷᠯᠢᠭ ᠲᠤ ᠴᠦ ᠣᠯᠠᠩᠬᠢ ᠳᠠᠭᠠᠨ ᠬᠢᠲᠠᠳ ᠬᠡᠯᠡ ᠪᠠᠷ ᠶᠠᠷᠢᠯᠴᠠᠵᠤ᠂ ᠵᠠᠷᠢᠮ | ᠬᠢᠲᠠᠳ ᠦᠰᠦᠭ ᠢ ᠰᠤᠷᠭᠠᠳᠠᠭ ᠪᠣᠯᠵᠠᠢ᠃ ᠢᠯᠠᠩᠭᠤᠶ᠎ᠠ ᠬᠡᠦᠬᠡᠳ ᠢ ᠪᠠᠯᠴᠢᠷ ᠪᠠᠭ᠎ᠠ ᠠᠴᠠ ᠪᠠᠨ ᠡᠬᠢᠯᠡᠵᠦ | ᠬᠥᠮᠥᠵᠢᠭᠦᠯᠬᠦ ᠬᠡᠷᠡᠭᠲᠡᠢ ᠭᠡᠳᠡᠭ ᠤᠨ ᠲᠤᠬᠠᠢ ᠮᠣᠩᠭᠤᠯᠴᠤᠳ ᠵᠣᠬᠢᠬᠤ ᠣᠶᠢᠯᠠᠭᠠᠯᠲᠠ ᠪᠣᠯᠵᠤ ᠬᠡᠦᠬᠡᠳ ᠢᠶᠠᠨ | ᠬᠤᠲᠠ ᠪᠠᠯᠭᠠᠰᠤᠨ ᠤ ᠬᠡᠦᠬᠡᠳ ᠤᠨ ᠴᠡᠴᠡᠷᠯᠢᠭ ᠲᠤ ᠬᠦᠷᠭᠡᠬᠦ ᠨᠢ ᠣᠯᠠᠰᠢᠷᠠᠪᠠ᠃ ᠭᠡᠪᠡᠴᠦ ᠠᠷᠪᠠᠭᠠᠳ ᠵᠢᠯ ᠤᠨ | ᠡᠮᠦᠨ᠎ᠡ ᠠᠴᠠ ᠡᠬᠢᠯᠡᠭᠡᠳ ᠣᠳᠣ ᠪᠣᠯᠲᠠᠯ᠎ᠠ ᠦᠨᠳᠦᠰᠦᠲᠡᠨ ᠤ ᠬᠡᠦᠬᠡᠳ ᠤᠨ ᠴᠡᠴᠡᠷᠯᠢᠭ ᠭᠡᠳᠡᠭ ᠨᠢ ᠮᠣᠩᠭᠤᠯ | ᠬᠢᠲᠠᠳ ᠬᠤᠯᠢᠯᠳᠤᠭᠰᠠᠨ ᠴᠡᠴᠡᠷᠯᠢᠭ ᠪᠠᠶᠢᠭ᠎ᠠ ᠶᠤᠮ᠃ ᠮᠣᠩᠭᠤᠯ ᠠᠩᠭᠢ ᠭᠡᠳᠡᠭ ᠨᠢ ᠴᠦ ᠬᠤᠲᠠ ᠪᠠᠯᠭᠠᠰᠤᠨ ᠤ | ᠮᠣᠩᠭᠤᠯᠴᠤᠳ ᠤᠨ ᠬᠢᠲᠠᠳ ᠬᠡᠯᠡ ᠲᠠᠢ ᠬᠡᠦᠬᠡᠳ ᠪᠤᠶᠤ ᠬᠡᠳᠦᠨ ᠦᠶ᠎ᠡ ᠪᠠᠷ ᠢᠶᠠᠨ ᠬᠡᠯᠡ ᠪᠠᠨ ᠠᠯᠳᠠᠭᠰᠠᠨ ︵ | ᠬᠡᠦᠬᠡᠳ ᠲᠡᠭᠡᠨ ᠮᠣᠩᠭᠤᠯ ᠬᠡᠯᠡ ᠰᠤᠷᠭᠠᠶ᠎ᠠ ᠬᠡᠮᠡᠨ ᠰᠠᠶ᠋ᠢ ᠤᠬᠠᠮᠰᠠᠷᠠᠵᠤ ᠪᠠᠶᠢᠭ᠎ᠠ︶ ᠮᠣᠩᠭᠤᠯ ᠤᠭᠰᠠᠭᠠᠨ ᠤ | ᠬᠢᠲᠠᠳ ᠬᠡᠯᠡ ᠲᠠᠢ ᠬᠡᠦᠬᠡᠳ ᠣᠯᠠᠨ ᠲᠠᠢ ᠠᠩᠭᠢ ᠪᠠᠶᠢᠳᠠᠭ᠃ ᠪᠠᠰᠠ ᠦᠨᠳᠦᠰᠦᠲᠡᠨ ᠤ ᠬᠡᠦᠬᠡᠳ ᠤᠨ ᠴᠡᠴᠡᠷᠯᠢᠭ | ᠤᠨ ᠣᠷᠣᠨ ᠰᠠᠭᠤᠴᠠ ᠬᠤᠭᠤᠯᠠ ᠤᠮᠳᠠᠭᠠᠨ ᠤ ᠰᠠᠶᠢᠨ ᠳᠤᠨᠢ ᠪᠤᠶᠤ ᠬᠡᠦᠬᠡᠳ ᠣᠯᠠᠨ ᠲᠠᠢ ᠬᠢᠲᠠᠳ ᠬᠡᠦᠬᠡᠳ ᠤᠨ | ᠴᠡᠴᠡᠷᠯᠢᠭ ᠲᠤ ᠣᠷᠣᠬᠤ ᠳᠤ ᠬᠦᠴᠢᠷ ᠲᠤᠯᠠ ᠦᠨᠳᠦᠰᠦᠲᠡᠨ ᠤ ᠬᠡᠦᠬᠡᠳ ᠤᠨ ᠴᠡᠴᠡᠷᠯᠢᠭ ᠲᠤ ᠣᠷᠣᠬᠤ ᠳᠤ | ᠠᠮᠠᠷᠬᠠᠨ ᠳᠤᠨᠢ ᠪᠣᠯᠵᠤ ᠬᠢᠲᠠᠳ ᠬᠡᠦᠬᠡᠳ ᠪᠠᠶᠢᠳᠠᠭ᠃ ᠡᠰᠡᠬᠦᠯ᠎ᠡ ᠮᠣᠩᠭᠤᠯ ᠰᠤᠷᠤᠭᠴᠢᠳ ᠶᠡᠭᠡ ᠰᠤᠷᠭᠠᠭᠤᠯᠢ ᠳᠤ | ᠳᠠᠪᠰᠢᠬᠤ ᠳᠤ 10 ᠬᠤᠪᠢ ᠨᠡᠮᠡᠳᠡᠭ ᠤᠴᠢᠷ ᠠᠴᠠ ᠪᠣᠯᠵᠤ ᠮᠣᠩᠭᠤᠯ ᠬᠡᠮᠡᠨ ᠬᠠᠭᠤᠷᠮᠠᠭᠯᠠᠭᠰᠠᠨ ᠬᠢᠲᠠᠳ ᠤᠨ | ᠬᠡᠦᠬᠡᠳ ᠪᠠᠶᠢᠳᠠᠭ᠃ ᠢᠩᠭᠢᠭᠡᠳ ᠮᠣᠩᠭᠤᠯ ᠠᠩᠭᠢ ᠭᠡᠳᠡᠭ ᠨᠢ ᠮᠣᠩᠭᠤᠯ ᠬᠡᠯᠡ ᠪᠠᠷ ᠵᠢᠭᠠᠬᠤ ᠶᠢᠨ ᠠᠷᠭ᠎ᠠ ᠦᠭᠡᠢ | ᠪᠣᠯᠣᠭᠰᠠᠨ ᠠᠩᠭᠢ᠂ ᠬᠥᠳᠡᠭᠡ ᠶᠢᠨ ᠮᠣᠩᠭᠤᠯ ᠬᠡᠦᠬᠡᠳ ᠨᠢ ᠴᠤᠯᠤ ᠮᠣᠩᠭᠤᠯ ᠢᠶᠠᠷ ᠰᠤᠷᠴᠤ ᠳᠡᠶᠢᠯᠬᠦ ᠦᠭᠡᠢ | ᠪᠣᠯᠣᠭᠰᠠᠨ ᠠᠩᠭᠢ ᠪᠣᠯᠵᠠᠢ᠃ ᠭᠡᠬᠦ ᠳᠡᠭᠡᠨ ᠡᠯ᠎ᠡ ᠭᠠᠵᠠᠷ ᠤᠨ ᠮᠣᠩᠭᠤᠯ ᠬᠡᠦᠬᠡᠳ ᠤᠨ ᠴᠡᠴᠡᠷᠯᠢᠭ ᠤᠳ | ᠨᠢᠭᠡᠳᠦᠯᠲᠡᠢ ᠬᠡᠷᠡᠭᠯᠡᠬᠦ ᠵᠢᠭᠠᠬᠤ ᠮᠠᠲ᠋ᠧᠷᠢᠶᠠᠯ ᠪᠠᠶᠢᠳᠠᠭ ᠦᠭᠡᠢ᠂ ᠪᠠᠶᠢᠬᠤ ᠶᠢᠨ ᠴᠦ ᠠᠷᠭ᠎ᠠ ᠦᠭᠡᠢ᠂ ᠥᠪᠡᠷᠲᠡᠭᠡᠨ | ᠨᠠᠶᠢᠷᠠᠭᠤᠯᠤᠨ᠎ᠠ ᠭᠡᠳᠡᠭ ᠪᠣᠯᠪᠠᠴᠤ ᠣᠯᠠᠩᠬᠢ ᠬᠡᠦᠬᠡᠳ ᠤᠨ ᠴᠡᠴᠡᠷᠯᠢᠭ ᠨᠢ ᠡᠶᠢᠮᠦ ᠨᠥᠬᠦᠴᠡᠯ ᠪᠣᠯᠣᠯᠴᠠᠭ᠎ᠠ ᠪᠠᠶᠢᠳᠠᠭ | ᠲᠤᠯᠠ ᠣᠯᠠᠩᠬᠢ ᠪᠠᠶᠢᠳᠠᠯ ᠳᠣᠣᠷ᠎ᠠ ᠬᠢᠲᠠᠳ ᠬᠡᠦᠬᠡᠳ ᠤᠨ ᠴᠡᠴᠡᠷᠯᠢᠭ ᠤᠨ ᠬᠡᠪ ᠵᠠᠭᠪᠤᠷ ᠢ ᠳᠠᠭᠤᠷᠢᠶᠠᠵᠤ᠂ ᠲᠡᠳᠡᠨ | ᠤ ᠳᠠᠭᠠᠯᠲᠠ ᠪᠣᠯᠳᠠᠭ ᠪᠠᠶᠢᠨ᠎ᠠ᠃ ᠳᠡᠭᠡᠷᠡᠬᠢ ᠪᠠᠶᠢᠳᠠᠯ ᠨᠢ ᠮᠣᠩᠭᠤᠯ ᠬᠡᠦᠬᠡᠳ ᠤᠨ ᠪᠠᠯᠴᠢᠷ ᠪᠠᠭ᠎ᠠ ᠠᠴᠠ ᠪᠠᠨ ᠡᠬᠡ | ᠬᠡᠯᠡ ᠪᠠᠨ ᠰᠤᠷᠴᠤ᠂ ᠡᠬᠡ ᠬᠡᠯᠡᠨ ᠤ ᠰᠠᠭᠤᠷᠢ ᠶᠢ ᠰᠠᠶᠢᠲᠤᠷ ᠲᠠᠯᠪᠢᠬᠤ ᠨᠥᠬᠦᠴᠡᠯ ᠢ ᠠᠯᠳᠠᠭᠤᠯᠤᠭᠰᠠᠨ ᠪᠠᠶᠢᠨ᠎ᠠ᠃ | ᠡᠨᠡ ᠨᠢ ᠬᠤᠵᠢᠮ ᠤᠨ ᠬᠤᠣᠰ ᠬᠡᠯᠡᠨ ᠤ ᠵᠢᠭᠠᠨ ᠰᠤᠷᠭᠠᠯᠲᠠ ᠳᠤᠮᠳᠠ ᠬᠤᠶᠠᠷᠳᠠᠭᠢ ᠬᠡᠯᠡ ᠨᠢ ᠡᠬᠡ ᠬᠡᠯᠡ ᠶᠢ ᠨᠢ | ᠣᠷᠣᠯᠠᠵᠤ᠂ ᠮᠣᠩᠭᠤᠯᠴᠤᠳ ᠡᠬᠡ ᠬᠡᠯᠡ ᠪᠠᠨ ᠠᠯᠳᠠᠬᠤ ᠪᠤᠶᠤ ᠠᠯᠢ ᠬᠡᠯᠡ ᠶᠢ ᠨᠢ ᠴᠦ ᠣᠯᠢᠭ ᠲᠠᠢ ᠬᠡᠷᠡᠭᠯᠡᠵᠦ | ᠴᠢᠳᠠᠬᠤ ᠦᠭᠡᠢ ᠰᠠᠭᠠᠷᠮᠠᠭ ᠬᠡᠯᠡ᠂ ᠰᠠᠭᠠᠷᠮᠠᠭ ᠰᠡᠳᠬᠢᠬᠦᠢ ᠲᠠᠢ ᠪᠣᠯᠭᠠᠬᠤ ᠳᠤ ᠬᠦᠷᠭᠡᠵᠦ ᠪᠠᠶᠢᠨ᠎ᠠ᠃ | ᠡᠬᠡ ᠬᠡᠯᠡᠨ ᠤ ᠲᠠᠯ᠎ᠠ ᠪᠠᠷ ᠳᠡᠭᠡᠷᠡᠬᠢ ᠮᠡᠲᠦ ᠨᠥᠬᠦᠴᠡᠯ ᠲᠠᠢ ᠰᠤᠷᠤᠭᠴᠢᠳ ᠪᠠᠭ᠎ᠠ᠂ ᠳᠤᠮᠳᠠᠳᠤ | ᠰᠤᠷᠭᠠᠭᠤᠯᠢ ᠶᠢᠨ ᠦᠶ᠎ᠡ ᠪᠣᠯᠬᠤ ᠳᠤ ᠭᠤᠷᠪᠠᠳᠠᠭᠢ ᠬᠡᠯᠡ ᠪᠣᠯᠬᠤ ᠠᠩᠭ᠍ᠯᠢ ᠬᠡᠯᠡ ᠶᠢ ᠨᠡᠮᠡᠵᠦ ᠰᠤᠷᠤᠨ᠎ᠠ᠃ ᠢᠩᠭᠢᠵᠦ | ᠭᠤᠷᠪᠠᠨ ᠬᠡᠯᠡ ᠶᠢ ᠰᠤᠷᠬᠤ ᠳᠠᠭᠠᠨ ᠶᠡᠬᠡᠩᠬᠢ ᠳᠡᠭᠡᠨ ᠮᠣᠩᠭᠤᠯ ᠬᠡᠯᠡᠨ ᠤ ᠴᠠᠭ ᠢ ᠨᠢ ᠬᠠᠰᠤᠵᠤ ᠨᠥᠭᠦᠭᠡ ᠬᠤᠶᠠᠷ | ᠬᠡᠯᠡᠨ ᠤ ᠬᠢᠴᠢᠶᠡᠯ ᠳᠡᠭᠡᠨ ᠬᠤᠪᠢᠶᠠᠨ ᠥᠭᠳᠡᠭ᠃ ᠢᠩᠭᠢᠭᠡᠳ ᠡᠬᠡ ᠬᠡᠯᠡᠨ ᠤ ᠬᠥᠮᠥᠵᠢᠯ ᠨᠢ ᠤᠯᠠᠮ ᠰᠤᠯᠠᠷᠠᠳᠠᠭ | ᠠᠵᠢ᠃ ᠭᠡᠪᠡᠴᠦ ᠮᠣᠩᠭᠤᠯ ᠢᠶᠠᠷ ᠬᠢᠴᠢᠶᠡᠯᠯᠡᠵᠦ ᠪᠠᠶᠢᠭ᠎ᠠ ᠰᠤᠷᠤᠭᠴᠢᠳ ᠤᠨ ᠵᠢᠭᠠᠨ ᠰᠤᠷᠭᠠᠯᠲᠠ ᠶᠢᠨ ᠬᠡᠯᠡ᠂ | ᠳᠠᠷᠤᠢ ᠰᠤᠷᠤᠯᠴᠠᠯᠭ᠎ᠠ ᠶᠢᠨ ᠪᠠᠭᠠᠵᠢ ᠪᠣᠯᠬᠤ ᠬᠡᠯᠡ ᠪᠣᠯ ᠡᠬᠡ ᠬᠡᠯᠡ ᠨᠢ ᠮᠥᠨ᠃ ᠰᠤᠷᠤᠯᠴᠠᠯᠭ᠎ᠠ ᠶᠢᠨ ᠪᠠᠭᠠᠵᠢ ᠨᠢ | ᠮᠠᠭᠤᠳᠠᠭᠰᠠᠨ ᠲᠤᠯᠠ ᠪᠤᠰᠤᠳ ᠬᠢᠴᠢᠶᠡᠯ ᠲᠥᠷᠥᠯ ᠢ ᠨᠢ ᠰᠠᠶᠢᠨ ᠰᠤᠷᠭᠠᠶ᠎ᠠ ᠭᠡᠵᠦ ᠬᠡᠴᠢᠨᠡᠨ ᠬᠦᠴᠦᠯᠡᠪᠡᠴᠦ ᠲᠤᠰᠠ | ᠪᠣᠯᠳᠠᠭ ᠦᠭᠡᠢ᠃ ᠡᠶᠢᠨ ᠬᠦ ᠨᠢᠭᠡᠨ ᠦᠨᠳᠦᠰᠦᠲᠡᠨ ᠤ ᠰᠣᠶᠣᠯ ᠰᠤᠷᠭᠠᠨ ᠬᠥᠮᠥᠵᠢᠯ᠂ ᠴᠢᠨᠠᠭᠰᠢᠳᠠ ᠠᠯᠢᠪᠠ | ᠶᠠᠭᠤᠮ᠎ᠠ ᠨᠢ ᠳᠣᠷᠣᠶᠢᠲᠠᠨᠠ᠃ | ᠵᠢᠭᠠᠨ ᠰᠤᠷᠭᠠᠯᠲᠠ ᠶᠢᠨ ᠬᠡᠯᠡ ᠨᠢ ᠮᠠᠭᠤᠳᠠᠪᠠᠯ᠂ ᠰᠤᠷᠤᠭᠴᠢᠳ ᠨᠢ ᠪᠠᠭᠰᠢ ᠶᠢᠨ ᠶᠠᠷᠢᠶ᠎ᠠ᠂ ᠨᠣᠮ ᠤᠨ | ᠠᠭᠤᠯᠭ᠎ᠠ ᠶᠢ ᠪᠦᠷᠢᠨ ᠲᠡᠭᠦᠯᠳᠡᠷ ᠣᠶᠢᠯᠠᠭᠠᠵᠤ ᠴᠢᠳᠠᠬᠤ ᠦᠭᠡᠢ᠂ ᠬᠡᠯᠡ ᠪᠠᠨ ᠠᠰᠢᠭᠯᠠᠨ ᠭᠦᠨᠵᠡᠭᠡᠢ ᠰᠡᠳᠬᠢᠵᠦ | ᠴᠢᠳᠠᠬᠤ ᠦᠭᠡᠢ᠂ ᠥᠪᠡᠷ ᠤᠨ ᠦᠵᠡᠯ ᠰᠠᠨᠠᠯ ᠢᠶᠠᠨ ᠲᠣᠳᠣᠷᠬᠠᠢ ᠢᠯᠡᠳᠬᠡᠵᠦ ᠴᠢᠳᠠᠬᠤ ᠦᠭᠡᠢ ᠪᠣᠯᠳᠠᠭ᠃ | ᠢᠩᠭᠢᠭᠡᠳ ᠠᠷᠭ᠎ᠠ ᠶᠠᠳᠠᠪᠠᠯ ᠬᠢᠲᠠᠳ ᠬᠡᠯᠡ ᠪᠠᠷ ᠬᠢᠴᠢᠶᠡᠯᠯᠡᠨ᠎ᠡ᠃ ᠪᠠᠰᠠ ᠨᠢᠭᠡ ᠰᠢᠯᠲᠠᠭᠠᠨ ᠨᠢ ᠵᠢᠭᠠᠬᠤ ᠮᠠᠲ᠋ᠧᠷᠢᠶᠠᠯ | ᠢ ᠬᠡᠪᠯᠡᠭᠦᠯᠬᠦ ᠤᠴᠢᠷ ᠢ ᠴᠦ ᠨᠢᠭᠡᠨ ᠦᠶ᠎ᠡ ᠵᠠᠬ᠎ᠠ ᠳᠡᠯᠭᠡᠭᠦᠷ ᠢᠶᠠᠷ ᠬᠠᠮᠢᠶᠠᠷᠬᠤ ᠪᠣᠯᠣᠭᠰᠠᠨ ᠲᠤᠯᠠ ᠳᠤᠮᠳᠠᠳᠤ | ᠰᠤᠷᠭᠠᠭᠤᠯᠢ ᠪᠠ ᠳᠡᠭᠡᠳᠦ ᠰᠤᠷᠭᠠᠭᠤᠯᠢ᠂ ᠢᠯᠠᠩᠭᠤᠶ᠎ᠠ ᠲᠤᠰᠬᠠᠢ ᠮᠡᠷᠭᠡᠵᠢᠯ ᠤᠨ ᠰᠤᠷᠭᠠᠭᠤᠯᠢ ᠨᠤᠭᠤᠳ ᠤᠨ ᠵᠠᠷᠢᠮ | ᠵᠢᠭᠠᠬᠤ ᠮᠠᠲ᠋ᠧᠷᠢᠶᠠᠯ ᠨᠢ ᠲᠣᠭᠲᠠᠭᠰᠠᠨ ᠴᠠᠭ ᠲᠠᠭᠠᠨ ᠬᠡᠪᠯᠡᠭᠳᠡᠵᠦ ᠳᠡᠶᠢᠯᠬᠦ ᠦᠭᠡᠢ᠂ ᠵᠠᠷᠢᠮ ᠨᠢ ᠶᠡᠷᠦ ᠳᠡᠭᠡᠨ | ᠬᠡᠪᠯᠡᠭᠳᠡᠵᠦ ᠳᠡᠶᠢᠯᠳᠡᠭ ᠦᠭᠡᠢ᠃ ᠡᠶᠢᠮᠦ ᠠᠴᠠ ᠮᠥᠨ ᠬᠢᠲᠠᠳ ᠮᠠᠲ᠋ᠧᠷᠢᠶᠠᠯ ᠢ ᠠᠰᠢᠭᠯᠠᠵᠤ ᠬᠢᠲᠠᠳ ᠬᠡᠯᠡ ᠪᠠᠷ | ᠵᠢᠭᠠᠳᠠᠭ᠃ ᠡᠨᠡ ᠨᠢ ᠮᠣᠩᠭᠤᠯᠴᠤᠳ ᠤᠨ ᠬᠤᠣᠰ ᠬᠡᠯᠡᠨ ᠤ ᠰᠤᠷᠭᠠᠨ ᠬᠥᠮᠥᠵᠢᠯ ᠳᠠᠬᠢ ᠬᠤᠶᠠᠷᠳᠠᠭᠢ ᠬᠡᠯᠡ ᠨᠢ | ᠨᠡᠮᠡᠵᠦ ᠰᠤᠷᠬᠤ ᠬᠡᠯᠡ ᠪᠢᠰᠢ᠂ ᠬᠠᠷᠢᠨ ᠰᠤᠷᠭᠠᠨ ᠬᠥᠮᠥᠵᠢᠯ ᠤᠨ ᠬᠡᠯᠡ ᠪᠣᠯᠣᠭᠰᠠᠨ ᠢ ᠬᠠᠷᠠᠭᠤᠯᠵᠤ ᠪᠠᠶᠢᠨ᠎ᠠ᠃ | ᠡᠭᠦᠨ ᠤ ᠳ᠋ᠦᠩ ᠳᠤ ᠬᠤᠣᠰ ᠬᠡᠯᠡᠨ ᠤ ᠰᠤᠷᠭᠠᠨ ᠬᠥᠮᠥᠵᠢᠯ ᠬᠦᠷᠲᠡᠭᠰᠡᠨ ᠨᠢᠭᠡ ᠪᠦᠯᠦᠭ ᠰᠤᠷᠤᠭᠴᠢᠳ ᠤᠨ ᠬᠢᠷᠢ | ᠪᠦᠲᠦᠮᠵᠢ ᠨᠢ ᠶᠡᠭᠡ ᠬᠡᠮᠵᠢᠶ᠎ᠡ ᠪᠠᠷ ᠳᠣᠷᠣᠭᠰᠢᠯᠠᠵᠤ᠂ ᠰᠤᠷᠭᠠᠭᠤᠯᠢ ᠳᠠᠪᠰᠢᠬᠤ ᠳᠤ ᠬᠦᠴᠢᠷᠳᠡᠵᠦ᠂ ᠠᠵᠢᠯ ᠣᠯᠬᠤ | ᠳᠤ ᠨᠡᠩ ᠬᠦᠴᠢᠷ ᠲᠠᠢ ᠪᠣᠯᠳᠠᠭ᠃ ᠨᠢᠭᠡ ᠪᠦᠯᠦᠭ ᠰᠤᠷᠤᠭᠴᠢᠳ ᠨᠢ ᠨᠢᠭᠡᠮᠦᠰᠦᠨ ᠬᠢᠲᠠᠳ ᠢᠶᠠᠷ ᠰᠤᠷᠴᠤ ᠥᠪᠡᠷ | ᠤᠨ ᠬᠡᠯᠡ ᠪᠠᠨ ᠠᠯᠳᠠᠭᠠᠳ ᠬᠢᠲᠠᠳ ᠰᠣᠶᠣᠯᠲᠠᠨ ᠪᠣᠯᠳᠠᠭ᠃ ᠡᠭᠦᠨ ᠤ ᠵᠡᠷᠭᠡ ᠪᠠᠷ ᠨᠡᠶᠢᠭᠡᠮ ᠳᠡᠭᠡᠷ᠎ᠡ ᠮᠣᠩᠭᠤᠯ | ᠬᠡᠯᠡ ᠪᠠᠷ ᠠᠵᠢᠯᠯᠠᠭᠰᠠᠳ ᠤᠯᠠᠮ ᠴᠥᠭᠡᠷᠡᠭᠰᠡᠨ ᠪᠠ ᠬᠤᠣᠰ ᠬᠡᠯᠡ ᠪᠠᠷ ᠰᠤᠷᠤᠭᠰᠠᠳ ᠤᠨ ᠮᠡᠳᠡᠯᠭᠡ ᠴᠢᠳᠠᠪᠤᠷᠢ ᠨᠢ | ᠳᠣᠣᠷ᠎ᠠ ᠪᠠᠶᠢᠳᠠᠭ ᠲᠤᠯᠠ ᠣᠯᠠᠨ ᠲᠣᠭᠠᠨ ᠤ ᠭᠡᠷ ᠤᠨ ᠠᠬᠠᠮᠠᠳ ᠬᠡᠦᠬᠡᠳ ᠤᠨ ᠢᠶᠠᠨ ᠢᠷᠡᠭᠡᠳᠦᠢ ᠶᠢ ᠪᠣᠳᠣᠯᠬᠢᠯᠠᠵᠤ | ᠰᠢᠭᠤᠳ ᠬᠢᠲᠠᠳ ᠰᠤᠷᠭᠠᠭᠤᠯᠢ ᠳᠤ ᠬᠦᠷᠭᠡᠳᠡᠭ ᠠᠵᠢ᠃ | ᠳᠡᠭᠡᠷᠡᠬᠢ ᠮᠡᠲᠦ ᠶᠢᠨ ᠪᠣᠳᠠᠲᠤ ᠪᠠᠶᠢᠳᠠᠯ ᠠᠴᠠ ᠪᠢᠳᠠ ᠣᠳᠣᠬᠠᠨ ᠤ ᠥᠪᠥᠷ ᠮᠣᠩᠭᠤᠯ ᠤᠨ | ᠮᠣᠩᠭᠤᠯᠴᠤᠳ ᠤᠨ ᠬᠤᠣᠰ ᠬᠡᠯᠡᠨ ᠤ ᠰᠤᠷᠭᠠᠨ ᠬᠥᠮᠥᠵᠢᠯ ᠨᠢ ᠮᠠᠨ ᠤ ᠬᠢᠨ ᠤ ᠬᠦᠰᠡᠮᠵᠢᠯᠡᠳᠡᠭ ᠪᠤᠶᠤ ᠲᠥᠷᠥ ᠶᠢᠨ | ᠪᠣᠳᠣᠯᠭ᠎ᠠ ᠳᠡᠭᠡᠷ᠎ᠡ ᠪᠠᠨ ᠶᠠᠷᠢᠳᠠᠭ ᠰᠢᠭ᠋ ᠡᠬᠡ ᠬᠡᠯᠡ ᠶᠢ ᠨᠢ ᠬᠠᠮᠠᠭᠠᠯᠠᠵᠤ᠂ ᠬᠤᠶᠠᠷ ᠬᠡᠯᠡ ᠶᠢ ᠲᠡᠩᠴᠡᠭᠦᠷᠢᠲᠡᠢ | ᠬᠥᠭᠵᠢᠭᠦᠯᠬᠦ ᠰᠤᠷᠭᠠᠨ ᠬᠥᠮᠥᠵᠢᠯ ᠪᠢᠰᠢ᠂ ᠳᠠᠷᠤᠢ ᠨᠠᠶᠠᠭᠠᠳ ᠣᠨ ᠤ ᠬᠢ ᠰᠢᠭ ᠦᠨᠳᠦᠰᠦᠨ ᠳᠡᠭᠡᠨ | ᠲᠡᠩᠴᠡᠭᠦᠷᠢᠲᠡᠢ ᠰᠤᠷᠭᠠᠨ ᠬᠥᠮᠥᠵᠢᠯ ᠪᠢᠰᠢ ᠪᠣᠯᠣᠭᠰᠠᠨ᠂ ᠨᠡᠩ ᠴᠦ ᠲᠠᠪᠢᠭᠠᠳ ᠣᠨ ᠤ ᠬᠢ ᠰᠢᠭ ᠴᠥᠭᠡᠨ | ᠲᠣᠭᠠᠲᠤ ᠦᠨᠳᠦᠰᠦᠲᠡᠨ ᠤ ᠬᠡᠯᠡ ᠰᠣᠶᠣᠯ ᠢ ᠠᠪᠤᠷᠠᠵᠤ ᠬᠥᠭᠵᠢᠭᠦᠯᠳᠡᠭ ᠰᠤᠷᠭᠠᠨ ᠬᠥᠮᠥᠵᠢᠯ ᠪᠢᠰᠢ᠂ ᠬᠠᠷᠢᠨ | ᠬᠤᠶᠠᠷᠳᠠᠭᠢ ᠬᠡᠯᠡ ᠨᠢ ᠡᠬᠡ ᠬᠡᠯᠡ ᠶᠢ ᠨᠢ ᠣᠷᠣᠯᠠᠳᠠᠭ ᠰᠤᠷᠭᠠᠨ ᠬᠥᠮᠥᠵᠢᠯ᠂ ᠳᠠᠷᠤᠢ ᠮᠣᠩᠭᠤᠯᠴᠤᠳ ᠤᠨ ᠬᠡᠯᠡ | ᠰᠣᠶᠣᠯ ᠢ ᠳᠣᠷᠣᠶᠢᠲᠠᠭᠤᠯᠵᠤ᠂ ᠦᠨᠳᠦᠰᠦᠲᠡᠨ ᠤ ᠡᠷᠡᠭᠦᠯ ᠢᠶᠠᠷ ᠬᠥᠭᠵᠢᠬᠦ ᠶᠢ ᠬᠠᠷᠰᠢᠯᠠᠳᠠᠭ ᠰᠤᠷᠭᠠᠨ ᠬᠥᠮᠥᠵᠢᠯ | ᠪᠣᠯᠵᠠᠢ ᠭᠡᠳᠡᠭ ᠢ ᠮᠡᠳᠡᠵᠦ ᠪᠣᠯᠣᠨ᠎ᠠ᠃ ᠡᠭᠦᠨ ᠢ ᠳᠣᠣᠷᠠᠬᠢ ᠦᠨᠡᠨ ᠪᠣᠳᠠᠲᠤ ᠲᠤᠭ᠎ᠠ ᠪᠠᠷᠢᠮᠲᠠ ᠠᠴᠠ ᠨᠡᠩ | ᠲᠣᠳᠣᠷᠬᠠᠢ ᠣᠶᠢᠯᠠᠭᠠᠵᠤ ᠪᠣᠯᠣᠨ᠎ᠠ᠃ | ᠤᠷᠢᠳ ᠢᠶᠠᠷ ᠮᠣᠩᠭᠤᠯ ᠰᠤᠷᠭᠠᠭᠤᠯᠢ ᠶᠢᠨ ᠲᠤᠬᠠᠢ ᠲᠤᠭ᠎ᠠ ᠪᠠᠷᠢᠮᠲᠠ ᠶᠢ ᠳᠤᠷᠠᠳᠤᠶ᠎ᠠ᠃ ᠪᠦᠷᠢᠨ ᠪᠤᠰᠤ | ᠪᠦᠷᠢᠳᠬᠡᠯ ᠢ ᠦᠨᠳᠦᠰᠦᠯᠡᠪᠡᠯ᠂ ᠪᠦᠬᠦ ᠥᠪᠥᠷ ᠮᠣᠩᠭᠤᠯ ᠤᠨ ᠮᠣᠩᠭᠤᠯ ᠳᠤᠮᠳᠠᠳᠤ ᠪᠠᠭ᠎ᠠ ᠰᠤᠷᠭᠠᠭᠤᠯᠢ ᠶᠡᠷᠡᠭᠡᠳ | ᠣᠨ ᠤ ᠡᠬᠢᠨ ᠢᠶᠠᠷ 1600 ᠭᠠᠷᠤᠢ ᠪᠠᠶᠢᠭᠰᠠᠨ ᠠᠴᠠ ᠪᠠᠨ ᠬᠤᠶᠠᠷ ᠮᠢᠩᠭ᠎ᠠ ᠠᠷᠪᠠᠭᠠᠳ ᠣᠨ ᠪᠣᠯᠬᠤ ᠳᠤ | ᠬᠠᠰᠤᠭᠳᠠᠭᠠᠳ 500 ᠭᠠᠷᠤᠶᠢᠬᠠᠨ ᠪᠣᠯᠵᠠᠢ᠃ ᠪᠦᠬᠦ ᠣᠷᠣᠨ ᠤ ᠡᠯ᠎ᠡ ᠠᠶᠢᠮᠠᠭ ᠬᠤᠰᠢᠭᠤᠨ ᠤ ᠪᠠᠶᠢᠳᠠᠯ | ᠦᠨᠳᠦᠰᠦᠲᠡᠨ ᠳᠡᠭᠡᠨ ᠠᠳᠠᠯᠢ ᠶᠤᠮ᠃ ᠠᠳᠡ ᠣᠷᠳᠣᠰ ᠤᠨ ᠬᠡᠳᠦᠨ ᠮᠠᠯᠵᠢᠬᠤ ᠬᠤᠰᠢᠭᠤᠨ ᠤ ᠮᠣᠩᠭᠤᠯ | ᠳᠤᠮᠳᠠᠳᠤ ᠪᠠᠭ᠎ᠠ ᠰᠤᠷᠭᠠᠭᠤᠯᠢ ᠶᠢᠨ ᠬᠤᠪᠢᠷᠠᠯᠲᠠ ᠶᠢᠨ ᠲᠤᠭ᠎ᠠ ᠪᠠᠷᠢᠮᠲᠠ ᠪᠠᠷ ᠵᠢᠱᠢᠶᠡᠯᠡᠪᠡᠯ᠂ ᠶᠡᠷᠡᠭᠡᠳ ᠣᠨ ᠤ | ᠡᠬᠢᠨ ᠠᠴᠠ ᠬᠤᠶᠢᠰᠢ ᠠᠷᠪᠠ ᠭᠠᠷᠤᠢ ᠵᠢᠯ ᠤᠨ ᠬᠤᠭᠤᠷᠣᠨᠳᠤ᠄ ᠣᠲᠤᠭ ᠬᠤᠰᠢᠭᠤ 40 ᠭᠠᠷᠤᠢ ᠰᠤᠷᠭᠠᠭᠤᠯᠢ ᠲᠠᠢ | ᠪᠠᠶᠢᠭᠰᠠᠨ ᠠᠴᠠ ᠪᠠᠨ ᠵᠥᠪᠬᠡᠨ ᠬᠤᠰᠢᠭᠤᠨ ᠲᠥᠪ ᠳᠡᠭᠡᠷᠡᠬᠢ ᠨᠢᠭᠡ ᠬᠡᠦᠬᠡᠳ ᠤᠨ ᠴᠡᠴᠡᠷᠯᠢᠭ᠂ ᠨᠢᠭᠡ ᠪᠠᠭ᠎ᠠ | ᠰᠤᠷᠭᠠᠭᠤᠯᠢ᠂ ᠨᠢᠭᠡ ᠳᠤᠮᠳᠠᠳᠤ ᠰᠤᠷᠭᠠᠭᠤᠯᠢ᠂ ᠨᠢᠭᠡ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ ᠭᠡᠬᠦ ᠶᠣᠰᠣ | ᠶᠢᠨ ᠲᠡᠳᠦᠢ ᠳᠥᠷᠪᠡᠬᠡᠨ ᠰᠤᠷᠭᠠᠭᠤᠯᠢ ᠲᠠᠢ ᠪᠣᠯᠪᠠ᠃ ᠦᠦᠰᠢᠨ ᠬᠤᠰᠢᠭᠤ ᠮᠥᠨ 40 ᠭᠠᠷᠤᠢ ︵ᠠᠷᠠᠳ ᠠᠴᠠ | ᠡᠷᠬᠢᠯᠡᠭᠰᠡᠨ ᠰᠤᠷᠭᠠᠭᠤᠯᠢ ᠪᠠᠭᠲᠠᠨ᠎ᠠ︶ ᠰᠤᠷᠭᠠᠭᠤᠯᠢ ᠲᠠᠢ ᠪᠠᠶᠢᠭᠰᠠᠨ ᠠᠴᠠ ᠪᠠᠨ ᠨᠢᠭᠡ ᠬᠡᠦᠬᠡᠳ ᠤᠨ ᠴᠡᠴᠡᠷᠯᠢᠭ᠂ | ᠬᠤᠶᠠᠷ ᠪᠠᠭ᠎ᠠ ᠰᠤᠷᠭᠠᠭᠤᠯᠢ᠂ ᠨᠢᠭᠡ ᠳᠤᠮᠳᠠᠳᠤ ᠰᠤᠷᠭᠠᠭᠤᠯᠢ ᠲᠠᠢ ᠪᠣᠯᠵᠠᠢ᠃ ᠬᠠᠩᠭᠢᠨ ᠬᠤᠰᠢᠭᠤ 35 | ᠰᠤᠷᠭᠠᠭᠤᠯᠢ ᠲᠠᠢ ᠪᠠᠶᠢᠭᠰᠠᠨ ᠠᠴᠠ ᠪᠠᠨ ᠮᠥᠨ ᠬᠤᠰᠢᠭᠤᠨ ᠲᠥᠪ ᠳᠡᠭᠡᠷᠡᠬᠢ ᠨᠢᠭᠡ ᠬᠡᠦᠬᠡᠳ ᠤᠨ ᠴᠡᠴᠡᠷᠯᠢᠭ᠂ | ᠨᠢᠭᠡ ᠪᠠᠭ᠎ᠠ ᠰᠤᠷᠭᠠᠭᠤᠯᠢ᠂ ᠨᠢᠭᠡ ᠳᠤᠮᠳᠠᠳᠤ ᠰᠤᠷᠭᠠᠭᠤᠯᠢ ᠲᠠᠢ ᠪᠣᠯᠵᠠᠢ③᠃ | ᠳᠠᠷᠠᠭ᠎ᠠ ᠨᠢ ᠮᠣᠩᠭᠤᠯ ᠦᠨᠳᠦᠰᠦᠲᠡᠨ ᠤ ᠬᠡᠦᠬᠡᠳ ᠤᠳ ᠤᠨ ᠮᠣᠩᠭᠤᠯ ᠪᠠ ᠬᠢᠲᠠᠳ ᠰᠤᠷᠭᠠᠭᠤᠯᠢ ᠳᠤ | ᠰᠤᠷᠤᠯᠴᠠᠵᠤ ᠪᠠᠶᠢᠭ᠎ᠠ ᠬᠠᠷᠢᠴᠠᠯ ᠬᠢᠭᠡᠳ ᠲᠡᠭᠦᠨ ᠤ ᠬᠤᠪᠢᠷᠠᠯᠲᠠ ᠶᠢᠨ ᠪᠠᠶᠢᠳᠠᠯ ᠢ ᠳᠤᠷᠠᠳᠪᠠᠯ᠂ ᠮᠠᠯᠵᠢᠬᠤ | ᠬᠤᠰᠢᠭᠤ ᠪᠠ ᠬᠢᠲᠠᠳ ᠣᠯᠠᠨ ᠲᠠᠢ ᠬᠤᠰᠢᠭᠤ ᠰᠢᠶᠠᠨ ᠤ ᠬᠥᠮᠥᠨ ᠤ ᠬᠢᠨ ᠲᠣᠭᠠᠨ ᠤ ᠬᠠᠷᠢᠴᠠᠯ ᠤᠨ ᠬᠤᠪᠢ ᠳᠤ | ᠵᠣᠬᠢᠬᠤ ᠵᠥᠷᠢᠶ᠎ᠡ ᠪᠣᠯᠪᠠᠴᠤ ᠪᠦᠬᠦ ᠣᠷᠣᠨ ᠤ ᠡᠯ᠎ᠡ ᠭᠠᠵᠠᠷ ᠤᠨ ᠬᠤᠪᠢᠷᠠᠯᠲᠠ ᠶᠢᠨ ᠦᠨᠳᠦᠰᠦᠨ ᠰᠢᠨᠵᠢ ᠨᠢ ᠠᠳᠠᠯᠢ | ᠶᠤᠮ᠃ ᠠᠳᠡ ᠪᠦᠬᠦ ᠣᠷᠣᠨ ᠤ ᠶᠡᠷᠦᠩᠬᠡᠢ ᠪᠠᠶᠢᠳᠠᠯ ᠢ ᠦᠨᠳᠦᠰᠦᠨ ᠳᠡᠭᠡᠨ ᠲᠥᠯᠥᠭᠡᠯᠡᠵᠦ ᠪᠣᠯᠬᠤ ᠬᠡᠳᠦᠨ ᠭᠠᠵᠠᠷ | ᠤᠨ ᠪᠦᠷᠢᠳᠬᠡᠯ ᠢ ᠦᠵᠡᠭᠦᠯᠦᠶ᠎ᠡ④᠃ ︵ᠬᠦᠰᠦᠨᠦᠭᠲᠦ 1 ᠶᠢ ᠦᠵᠡ᠂ ᠠᠷᠤ ᠳᠤ ᠪᠤᠢ︶ | ᠳᠡᠭᠡᠷᠡᠬᠢ ᠲᠤᠭ᠎ᠠ ᠪᠠᠷᠢᠮᠲᠠ ᠠᠴᠠ ᠦᠵᠡᠪᠡᠯ᠂ ᠠᠯᠢ ᠭᠠᠵᠠᠷ ᠲᠤ ᠴᠦ ᠭᠡᠰᠡᠨ ᠬᠢᠲᠠᠳ ᠢᠶᠠᠷ ᠰᠤᠷᠬᠤ | ᠰᠤᠷᠤᠭᠴᠢᠳ ᠤᠨ ᠲᠣᠭᠠᠨ ᠤ ᠬᠠᠷᠢᠴᠠᠯ ᠨᠡᠯᠢᠶᠡᠳ ᠲᠦᠷᠭᠡᠨ ᠢᠶᠠᠷ ᠨᠡᠮᠡᠭᠳᠡᠵᠦ ᠪᠠᠶᠢᠬᠤ ᠪᠥᠭᠡᠳ ᠵᠠᠷᠢᠮ ᠭᠠᠵᠠᠷ ᠲᠤ | ᠵᠠᠭᠤᠨ ᠤ ᠨᠠᠶᠠ ᠶᠡᠷᠡ ᠶᠢᠨ ᠰᠤᠷᠤᠭᠴᠢᠳ ᠨᠢ ᠬᠢᠲᠠᠳ ᠢᠶᠠᠷ ᠰᠤᠷᠠᠬᠤ ᠪᠣᠯᠵᠠᠢ᠃ ᠥᠪᠡᠷ ᠤᠨ ᠬᠡᠯᠡ ᠪᠠᠨ ᠬᠡᠷᠡᠭᠯᠡᠬᠦ | ᠦᠭᠡᠢ ᠥᠭᠡᠷ᠎ᠡ ᠦᠨᠳᠦᠰᠦᠲᠡᠨ ᠤ ᠬᠡᠯᠡ ᠪᠠᠷ ᠰᠤᠷᠭᠠᠨ ᠬᠥᠮᠥᠵᠢᠯ ᠬᠦᠷᠲᠡᠬᠦ ᠪᠤᠶᠤ ᠬᠤᠶᠠᠷᠳᠠᠭᠢ ᠬᠡᠯᠡ ᠶᠢ ᠭᠤᠣᠯ | ᠪᠣᠯᠭᠠᠨ ᠬᠡᠷᠡᠭᠯᠡᠬᠦ ᠪᠣᠯ ᠴᠥᠮ ᠡᠬᠡ ᠬᠡᠯᠡ ᠪᠠᠨ ᠠᠯᠳᠠᠵᠤ ᠴᠢᠨᠠᠭᠰᠢᠳᠠ ᠰᠣᠶᠣᠯ᠂ ᠠᠮᠢᠳᠤᠷᠠᠯ ᠢᠶᠠᠨ ᠠᠯᠳᠠᠵᠤ | ᠦᠨᠳᠦᠰᠦᠲᠡᠨ ᠮᠥᠬᠦᠬᠦ ᠶᠢᠨ ᠲᠣᠳᠣᠷᠬᠠᠢ ᠰᠢᠨᠵᠢ ᠮᠥᠨ᠃ ᠳᠣᠣᠷ᠎ᠠ ᠮᠣᠩᠭᠤᠯᠴᠤᠳ ᠤᠨ ᠬᠡᠯᠡ ᠪᠠᠨ ᠠᠯᠳᠠᠵᠤ | ᠪᠠᠶᠢᠭ᠎ᠠ ᠪᠠᠶᠢᠳᠠᠯ ᠤᠨ ᠲᠤᠬᠠᠢ ᠵᠠᠷᠢᠮ ᠲᠤᠭ᠎ᠠ ᠮᠠᠭᠠᠳ ᠢ ᠦᠵᠡᠰᠦᠭᠡᠢ⑤᠃ ︵ᠬᠦᠰᠦᠨᠦᠭᠲᠦ 2 ᠶᠢ ᠦᠵᠡ︶ | ᠳᠡᠭᠡᠷᠡᠬᠢ ᠲᠤᠭ᠎ᠠ ᠪᠠᠷᠢᠮᠲᠠ ᠶᠢ ᠦᠵᠡᠪᠡᠯ᠂ ᠥᠪᠥᠷ ᠮᠣᠩᠭᠤᠯ ᠳᠤ 400 ᠲᠦᠮᠡ ᠭᠠᠷᠤᠢ | ᠮᠣᠩᠭᠤᠯᠴᠤᠳ ᠪᠠᠶᠢᠬᠤ ᠪᠣᠯᠪᠠᠴᠤ ᠬᠠᠭᠠᠰ ᠰᠢᠬᠠᠮ ᠨᠢ ᠨᠢᠭᠡᠨᠲᠡ ᠬᠡᠯᠡ ᠪᠠᠨ ᠠᠯᠳᠠᠵᠠᠢ᠃ ᠭᠡᠬᠦ ᠳᠡᠭᠡᠨ ᠡᠨᠡ ᠪᠣᠯ | ᠬᠡᠳᠦᠨ ᠵᠢᠯ ᠤᠨ ᠡᠮᠦᠨᠡᠬᠢ ᠲᠤᠭ᠎ᠠ ᠪᠠᠷᠢᠮᠲᠠ ︵ᠵᠢᠷᠭᠤᠳᠤᠭᠠᠷ ᠤᠳᠠᠭᠠᠨ ᠤ ᠬᠥᠮᠥᠨ ᠠᠮᠠ ᠶᠢᠨ ᠪᠦᠷᠢᠳᠬᠡᠯ᠂ | 2010 ᠣᠨ︶ ᠶᠢ ᠦᠨᠳᠦᠰᠦᠯᠡᠵᠦ ᠬᠢᠭᠰᠡᠨ ᠪᠦᠳᠦᠭᠦᠪᠴᠢ ᠪᠦᠷᠢᠳᠬᠡᠯ ᠮᠥᠨ᠃ ᠣᠳᠣ ᠶᠢᠨ ᠬᠡᠯᠡ ᠪᠠᠨ | ᠠᠯᠳᠠᠭᠰᠠᠨ ᠬᠥᠮᠥᠰ ᠡᠭᠦᠨ ᠠᠴᠠ ᠪᠠᠰᠠ ᠣᠯᠠᠨ ᠪᠣᠯᠣᠭᠰᠠᠨ ᠨᠢ ᠮᠡᠳᠡᠭᠡᠵᠢ ᠪᠢᠯᠡ᠃ ᠭᠡᠬᠦ ᠳᠡᠭᠡᠨ ᠡᠨᠡ ᠪᠣᠯ ᠡᠬᠡ | ᠬᠡᠯᠡ ᠪᠠᠨ ᠳᠠᠭ ᠮᠡᠳᠡᠬᠦ ᠪᠠᠨ ᠪᠣᠯᠢᠭᠰᠠᠨ ᠬᠥᠮᠥᠨ ᠤ ᠲᠤᠭ᠎ᠠ᠃ ᠥᠪᠡᠷ ᠤᠨ ᠬᠡᠯᠡ ᠪᠠᠨ ᠨᠡᠯᠢᠶᠡᠳ ᠪᠦᠷᠢᠨ | ᠬᠡᠷᠡᠭᠯᠡᠵᠦ᠂ ᠦᠰᠦᠭ ᠪᠢᠴᠢᠭ ᠢᠶᠠᠨ ᠰᠤᠷᠴᠤ ᠪᠠᠶᠢᠭ᠎ᠠ ᠬᠥᠮᠥᠨ 100 ᠲᠦᠮᠡ ᠭᠠᠷᠤᠢ ᠯᠡ ᠪᠠᠶᠢᠬᠤ ᠶᠤᠮ᠃ | ᠳᠡᠭᠡᠷᠡᠬᠢ ᠲᠤᠭ᠎ᠠ ᠪᠠᠷᠢᠮᠲᠠ ᠠᠴᠠ ᠪᠢᠳᠠ ᠪᠠᠰᠠ ᠠᠯᠢ ᠡᠷᠲᠡ ᠬᠢᠲᠠᠳ ᠲᠠᠢ ᠬᠤᠯᠢᠯᠳᠤᠨ ᠰᠠᠭᠤᠭᠰᠠᠨ ᠪᠠ ᠬᠢᠲᠠᠳ | ᠬᠥᠮᠥᠨ ᠠᠷᠪᠢᠨ ᠲᠠᠢ ᠭᠠᠵᠠᠷ ᠤᠨ ᠮᠣᠩᠭᠤᠯᠴᠤᠳ ᠬᠡᠯᠡ ᠪᠠᠨ ᠶᠡᠭᠡ ᠪᠠᠷ ᠠᠯᠳᠠᠵᠤ ᠪᠠᠶᠢᠭ᠎ᠠ ᠶᠢ ᠦᠵᠡᠵᠦ ᠭᠠᠷᠤᠨ᠎ᠠ | ᠃ ᠣᠷᠴᠢᠮ ᠤᠨ ᠠᠷᠪᠠᠨ ᠬᠡᠳᠦ ᠬᠤᠷᠢᠭᠠᠳ ᠵᠢᠯ ᠤᠨ ᠳᠣᠲᠣᠷ᠎ᠠ ᠵᠠᠬ᠎ᠠ ᠳᠡᠯᠭᠡᠭᠦᠷᠴᠢᠯᠡᠯᠲᠡ᠂ ᠬᠤᠳᠠᠴᠢᠯᠠᠯᠲᠠ᠂ | ᠬᠥᠮᠥᠨ ᠠᠮᠠ ᠶᠢᠨ ᠴᠢᠯᠦᠭᠡᠲᠡᠢ ᠶᠠᠪᠤᠯᠴᠠᠭ᠎ᠠ ᠵᠡᠷᠭᠡ ᠡᠯᠳᠡᠪ ᠰᠢᠯᠲᠠᠭᠠᠨ ᠢᠶᠠᠷ ᠥᠪᠥᠷ ᠮᠣᠩᠭᠤᠯ ᠳᠤ ᠬᠢᠲᠠᠳ | ᠬᠥᠮᠥᠨ ᠬᠤᠪᠢ ᠳᠠᠬᠢᠨ ᠢᠶᠠᠷ ᠨᠡᠮᠡᠭᠳᠡᠵᠦ ᠪᠠᠶᠢᠬᠤ ᠪᠠ ᠬᠥᠳᠡᠭᠡ ᠶᠢᠨ ᠰᠤᠷᠭᠠᠭᠤᠯᠢ ᠦᠭᠡᠢ ᠪᠣᠯᠬᠤ ᠶᠢ ᠳᠠᠭᠠᠯᠳᠤᠨ | ᠠᠷᠪᠢᠨ ᠮᠣᠩᠭᠤᠯᠴᠤᠳ ᠬᠢᠲᠠᠳ ᠰᠤᠷᠭᠠᠭᠤᠯᠢ ᠳᠤ ᠣᠷᠣᠬᠤ ᠪᠤᠶᠤ ᠬᠢᠲᠠᠳ ᠤᠨ ᠬᠦᠴᠦᠲᠡᠢ ᠨᠥᠯᠥᠭᠡ ᠶᠢ | ᠬᠦᠷᠲᠡᠨ ᠥᠪᠡᠷ ᠤᠨ ᠬᠡᠯᠡ ᠪᠠᠨ ᠠᠯᠳᠠᠵᠤ ᠪᠠᠶᠢᠨ᠎ᠠ᠃ ᠭᠡᠬᠦ ᠳᠡᠭᠡᠨ ᠡᠨᠡ ᠬᠦ ᠪᠠᠶᠢᠳᠠᠯ ᠵᠢᠯ ᠠᠴᠠ ᠵᠢᠯ ᠬᠦᠨᠳᠦᠷᠡᠵᠦ | ᠪᠤᠢ᠃ | ᠬᠡᠯᠡᠯᠭᠡᠨ ᠦᠭᠡᠢ ᠮᠣᠩᠭᠤᠯ ᠬᠡᠦᠬᠡᠳ ᠬᠢᠲᠠᠳ ᠰᠤᠷᠭᠠᠭᠤᠯᠢ ᠳᠤ ᠣᠷᠣᠵᠤ ᠪᠠᠶᠢᠬᠤ ᠪᠠ ᠮᠣᠩᠭᠤᠯᠴᠤᠳ | ᠤᠨ ᠬᠡᠯᠡ ᠪᠠᠨ ᠠᠯᠳᠠᠵᠤ ᠪᠠᠶᠢᠭ᠎ᠠ ᠶᠠᠪᠤᠳᠠᠯ ᠬᠦᠨᠳᠦ ᠨᠣᠴᠢᠲᠠᠢ ᠪᠣᠯᠵᠤ ᠪᠠᠶᠢᠭ᠎ᠠ ᠨᠢ ᠴᠥᠮ ᠰᠤᠷᠭᠠᠨ ᠬᠥᠮᠥᠵᠢᠯ | ᠪᠤᠶᠤ ᠬᠤᠣᠰ ᠬᠡᠯᠡᠨ ᠤ ᠰᠤᠷᠭᠠᠨ ᠬᠥᠮᠥᠵᠢᠯ ᠠᠴᠠ ᠰᠢᠯᠲᠠᠭᠠᠯᠠᠭᠳᠠᠭᠰᠠᠨ ᠪᠢᠰᠢ᠂ ᠪᠠᠰᠠ ᠣᠯᠠᠨ ᠲᠠᠯ᠎ᠠ ᠶᠢᠨ | ᠰᠢᠯᠲᠠᠭᠠᠨ ᠪᠤᠢ᠃ ᠬᠠᠷᠢᠨ ᠠᠳᠡ ᠨᠤᠲᠠᠯᠠᠶᠠ ᠭᠡᠰᠡᠨ ᠭᠤᠣᠯ ᠤᠴᠢᠷ ᠪᠣᠯ ᠥᠪᠥᠷ ᠮᠣᠩᠭᠤᠯ ᠤᠨ ᠡᠨᠡ ᠬᠦ ᠪᠠᠶᠢᠳᠠᠯ | ᠨᠢ ᠣᠳᠣ ᠶᠢᠨ ᠬᠡᠷᠡᠭᠵᠢᠭᠦᠯᠵᠦ ᠪᠠᠶᠢᠭ᠎ᠠ ᠬᠤᠣᠰ ᠬᠡᠯᠡᠨ ᠤ ᠰᠤᠷᠭᠠᠨ ᠬᠥᠮᠥᠵᠢᠯ ᠲᠠᠢ ᠪᠠᠨ ᠲᠣᠬᠢᠷᠠᠯᠴᠠᠬᠤ ᠦᠭᠡᠢ | ᠪᠣᠯᠵᠠᠢ ᠭᠡᠰᠡᠨ ᠤᠴᠢᠷ ᠪᠣᠯᠣᠨ᠎ᠠ᠃ ᠶᠠᠮᠠᠷ ᠬᠡᠮᠵᠢᠶᠡᠨ ᠤ ᠶᠠᠮᠠᠷ ᠮᠠᠶ᠋ᠢᠭ ᠤᠨ ᠬᠤᠣᠰ ᠬᠡᠯᠡᠨ ᠤ ᠰᠤᠷᠭᠠᠨ ᠬᠥᠮᠥᠵᠢᠯ ᠢ | ᠬᠡᠷᠡᠭᠵᠢᠭᠦᠯᠦᠨ᠎ᠡ ᠭᠡᠳᠡᠭ ᠨᠢ ᠰᠤᠷᠭᠠᠨ ᠬᠥᠮᠥᠵᠢᠯ ᠬᠦᠷᠲᠡᠭᠴᠢᠳ ᠤᠨ ᠪᠣᠳᠠᠲᠤ ᠪᠠᠶᠢᠳᠠᠯ ᠪᠠ ᠰᠤᠷᠭᠠᠨ ᠬᠥᠮᠥᠵᠢᠯ | ᠤᠨ ᠵᠣᠷᠢᠯᠭ᠎ᠠ ᠠᠴᠠ ᠲᠣᠭᠲᠠᠭᠠᠭᠳᠠᠨ᠎ᠠ᠃ ᠣᠳᠣ ᠶᠢᠨ ᠥᠪᠥᠷ ᠮᠣᠩᠭᠤᠯ ᠳᠠᠯ᠎ᠠ ᠨᠠᠶᠠᠭᠠᠳ ᠣᠨ ᠤ ᠦᠶ᠎ᠡ ᠠᠴᠠ | ᠶᠡᠬᠡᠬᠡᠨ ᠬᠤᠪᠢᠷᠠᠯᠲᠠ ᠲᠠᠢ ᠪᠣᠯᠣᠭᠰᠠᠨ᠃ ᠲᠡᠷᠡ ᠦᠶ᠎ᠡ ᠶᠢᠨ ᠬᠥᠳᠡᠭᠡ ᠶᠢᠨ ᠮᠣᠩᠭᠤᠯ ᠰᠤᠷᠤᠭᠴᠢᠳ ᠲᠤ ᠬᠢᠲᠠᠳ | ᠬᠡᠯᠡᠨ ᠤ ᠣᠷᠴᠢᠨ ᠪᠠᠶᠢᠬᠤ ᠦᠭᠡᠢ᠂ ᠲᠡᠳᠡ ᠴᠤᠯᠤ ᠮᠣᠩᠭᠤᠯ ᠢᠶᠠᠷ ᠢᠶᠠᠨ ᠪᠠᠶᠢᠪᠠ᠃ ᠰᠤᠷᠭᠠᠭᠤᠯᠢ ᠳᠤ ᠣᠷᠣᠭᠠᠳ | ᠬᠢᠲᠠᠳ ᠬᠡᠯᠡ ᠶᠢ ᠨᠡᠮᠡᠵᠦ ᠰᠤᠷᠬᠤ ᠳᠤ ᠮᠣᠩᠭᠤᠯ ᠬᠡᠯᠡ ᠨᠢ ᠭᠡᠭᠡᠭᠳᠡᠬᠦ ᠦᠭᠡᠢ ᠮᠥᠷᠲᠡᠭᠡᠨ ᠬᠢᠲᠠᠳ ᠬᠡᠯᠡ ᠶᠢ | ᠴᠢᠷᠮᠠᠶᠢᠨ ᠰᠤᠷᠬᠤ ᠨᠢ ᠦᠨᠡᠨ ᠬᠦ ᠴᠢᠬᠤᠯᠠ ᠨᠢᠭᠡᠨ ᠮᠡᠳᠡᠯᠭᠡ ᠴᠢᠳᠠᠪᠤᠷᠢ ᠪᠣᠯᠵᠤ ᠪᠠᠶᠢᠪᠠ᠃ ᠣᠳᠣ ᠪᠣᠯ ᠬᠤᠲᠠ | ᠬᠥᠳᠡᠭᠡ ᠭᠡᠰᠡᠨ ᠦᠭᠡᠢ ᠮᠣᠩᠭᠤᠯ ᠬᠡᠦᠬᠡᠳ ᠪᠦᠬᠦᠨ ᠳᠤ ᠮᠣᠩᠭᠤᠯ ᠬᠡᠯᠡᠨ ᠤ ᠣᠷᠴᠢᠨ ᠦᠭᠡᠢ ᠪᠣᠯᠣᠭᠰᠠᠨ᠃ | ᠲᠡᠳᠡᠨ ᠳᠤ ᠬᠢᠲᠠᠳ ᠬᠡᠯᠡᠨ ᠤ ᠵᠢᠭᠠᠨ ᠰᠤᠷᠭᠠᠯᠲᠠ ᠶᠢ ᠴᠢᠩᠭᠠᠳᠬᠠᠬᠤ ᠨᠢ ᠢᠯᠡᠭᠦᠦ ᠮᠡᠳᠡᠯᠭᠡ ᠴᠢᠳᠠᠪᠤᠷᠢ ᠣᠯᠭᠤᠬᠤ | ᠪᠢᠰᠢ᠂ ᠬᠠᠷᠢᠨ ᠡᠬᠡ ᠬᠡᠯᠡ ᠪᠠᠨ ᠠᠯᠳᠠᠬᠤ ᠶᠢᠨ ᠲᠦᠷᠭᠡᠳᠬᠡᠭᠦᠷ ᠪᠣᠯᠵᠤ ᠪᠠᠶᠢᠨ᠎ᠠ᠃ ᠣᠳᠣ ᠶᠢᠨ ᠲᠥᠷᠥ ᠶᠢᠨ | ᠪᠣᠳᠣᠯᠭ᠎ᠠ ᠶᠢ ᠲᠣᠭᠲᠠᠭᠠᠭᠴᠢ᠂ ᠳᠠᠷᠤᠢ ᠳᠠᠯ᠎ᠠ ᠨᠠᠶᠠᠭᠠᠳ ᠣᠨ ᠳᠤ ᠰᠤᠷᠤᠭᠴᠢ ᠪᠠᠶᠢᠭᠰᠠᠨ ᠬᠥᠮᠥᠰ ᠦᠷ᠎ᠡ | ᠬᠤᠶᠢᠴᠢᠰ ᠢᠶᠠᠨ ᠥᠪᠡᠷ ᠤᠨ ᠪᠡᠶ᠎ᠡ ᠶᠢᠨ ᠢᠶᠠᠨ ᠪᠠᠷᠢᠮᠵᠢᠶ᠎ᠠ ᠪᠠᠷ ᠪᠠᠷᠢᠮᠵᠢᠶᠠᠯᠠᠵᠤ᠂ ᠥᠪᠡᠷ ᠲᠤᠨᠢ ᠲᠣᠬᠢᠷᠠᠬᠤ ᠵᠣᠷ | ᠢᠶᠠᠨ ᠦᠷ᠎ᠡ ᠠᠴᠢᠷ ᠲᠠᠭᠠᠨ ᠥᠭᠴᠦ ᠪᠠᠶᠢᠨ᠎ᠠ᠃ ᠴᠥᠭᠡᠨ ᠲᠣᠭᠠᠲᠤ ᠦᠨᠳᠦᠰᠦᠲᠡᠨ ᠤ ᠬᠡᠯᠡ ᠰᠣᠶᠣᠯ ᠢ | ᠬᠠᠮᠠᠭᠠᠯᠠᠵᠤ᠂ ᠲᠡᠩᠴᠡᠭᠦᠷᠢᠲᠡᠢ ᠬᠥᠭᠵᠢᠭᠦᠯᠬᠦ ᠪᠣᠯ ᠮᠠᠨ ᠤ ᠤᠯᠤᠰ ᠤᠨ ᠬᠤᠣᠰ ᠬᠡᠯᠡᠨ ᠤ ᠰᠤᠷᠭᠠᠨ ᠬᠥᠮᠥᠵᠢᠯ ᠤᠨ | ᠵᠣᠷᠢᠯᠭ᠎ᠠ ᠮᠥᠨ⑥᠃ ᠡᠶᠢᠮᠦ ᠠᠴᠠ ᠣᠳᠣ ᠶᠢᠨ ᠥᠪᠥᠷ ᠮᠣᠩᠭᠤᠯ ᠤᠨ ᠮᠣᠩᠭᠤᠯᠴᠤᠳ ᠲᠤ ᠬᠡᠷᠡᠭᠵᠢᠭᠦᠯᠵᠦ | ᠪᠠᠶᠢᠭ᠎ᠠ ᠬᠤᠣᠰ ᠬᠡᠯᠡᠨ ᠤ ᠰᠤᠷᠭᠠᠨ ᠬᠥᠮᠥᠵᠢᠯ ᠳᠤ ᠡᠷᠬᠡᠪᠰᠢ ᠰᠢᠨᠵᠢᠯᠡᠯᠲᠡ ᠬᠢᠵᠦ᠂ ᠳᠠᠬᠢᠨ ᠲᠠᠨᠢᠵᠤ᠂ ᠵᠥᠪ ᠢᠶᠠᠷ | ᠲᠤᠩᠭᠠᠨ ᠥᠭᠡᠷᠡᠴᠢᠯᠡᠯᠲᠡ ᠬᠢᠬᠦ ᠬᠡᠷᠡᠭᠲᠡᠢ᠃ | | | | |