ᠮᠤᠩᠭᠤᠯ ᠰᠤᠷᠬᠤ ᠪᠢᠴᠢᠭ ᠲᠤ ᠤᠷᠤᠰᠢᠵᠦ ᠪᠠᠶᠢᠭ᠎ᠠ ᠠᠰᠠᠭᠤᠳᠠᠯ  ᠤᠨ ᠲᠤᠬᠠᠢ ᠨᠠᠶᠢᠷᠠᠭᠤᠯᠤᠭᠴᠢ ᠲᠠᠢ ᠶᠠᠷᠢᠯᠴᠠᠭᠰᠠᠨ ᠨᠢ
ᠨᠡᠶᠢᠲᠡᠯᠡᠭᠰᠡᠨ ᠴᠠᠭ᠄
2019/12/2
      ᠮᠤᠩᠭᠤᠯ ᠰᠤᠷᠬᠤ ᠪᠢᠴᠢᠭ ᠲᠤ ᠤᠷᠤᠰᠢᠵᠦ ᠪᠠᠶᠢᠭ᠎ᠠ ᠡᠯ᠎ᠡ ᠵᠦᠢᠯ  ᠤᠨ ᠬᠦᠨᠳᠦ ᠨᠤᠴᠢᠳᠠᠢ ᠠᠰᠠᠭᠤᠳᠠᠯ  ᠤᠨ ᠲᠤᠬᠠᠢ ᠨᠡᠯᠢᠶᠡᠳ ᠡᠷᠳᠡ  ᠠᠴᠠ ᠬᠦᠮᠦᠰ  ᠰᠢᠬᠦᠮᠵᠢᠯᠠᠨ ᠶᠠᠷᠢᠯᠴᠠᠭᠰᠠᠭᠠᠷ ᠢᠷᠡᠭᠰᠡᠨ ᠶᠤᠮ᠃ ᠭᠡᠪᠡᠴᠦ ᠮᠢᠨᠤ ᠬᠡᠦᠬᠡᠳ ᠦᠰᠴᠦ ᠦᠭᠡᠯᠠᠢ ᠪᠤᠯᠤᠭᠰᠠᠨ ᠪᠠ ᠠᠵᠢᠯ ᠠᠮᠢᠳᠤᠷᠠᠯ  ᠤᠨ ᠶᠠᠭᠠᠷᠤ  ᠠᠴᠠ ᠪᠤᠯᠵᠦ ᠮᠤᠩᠭᠤᠯ ᠰᠤᠷᠬᠤ ᠪᠢᠴᠢᠭ᠂ ᠤᠨᠴᠠᠭᠠᠶᠢᠯᠠᠨ ᠬᠡᠦᠬᠡᠳ  ᠤᠨ ᠴᠡᠴᠡᠷᠯᠢᠭ᠂ ᠪᠠᠭ᠎ᠠ ᠲᠤᠮᠳᠠᠳᠤ ᠰᠤᠷᠭᠠᠭᠤᠯᠢ ᠵᠡᠷᠭᠡ ᠦᠨᠳᠦᠰᠤᠨ ᠰᠤᠷᠭᠠᠨ ᠬᠦᠮᠦᠵᠢᠯ  ᠤᠨ ᠵᠢᠭᠠᠬᠤ ᠪᠢᠴᠢᠭ  ᠢ ᠰᠡᠬᠦᠵᠦ ᠦᠵᠡᠬᠦ ᠴᠢᠯᠦᠭᠡ ᠦᠭᠡᠢ ᠤᠨ ᠤᠳᠠᠯ᠎ᠠ᠃ ᠦᠴᠦᠭᠡᠳᠤᠷ ᠰᠦᠯᠵᠢᠶᠡᠨ ᠳᠤ ᠳᠡᠭᠡᠷ᠎ᠡ  ᠠᠴᠠ ᠪᠡ᠊᠂ ᠪᠤᠯᠤᠳ ᠭᠤᠸᠠᠢ  ᠶᠢᠨ ︽ᠰᠤᠷᠬᠤ ᠪᠢᠴᠢᠭ ᠰᠤᠬᠤᠯᠠᠬᠤ ᠪᠢᠴᠢᠭ ᠪᠤᠯᠵᠠᠢ︾ ᠭᠡᠳᠡᠭ ᠵᠤᠬᠢᠶᠠᠯ  ᠢ ᠤᠯᠵᠦ ᠤᠡᠭᠰᠢᠭᠠᠳ ᠮᠤᠩᠭᠤᠯ ᠰᠤᠷᠬᠤ ᠪᠢᠴᠢᠭ ᠲᠤ ᠦᠨᠡᠭᠡᠷ ᠬᠦᠨᠳᠤ ᠨᠤᠴᠢᠳᠠᠢ ᠠᠰᠠᠭᠤᠳᠠᠯ ᠤᠷᠤᠰᠢᠵᠦ ᠪᠠᠶᠢᠭ᠎ᠠ  ᠶᠢ ᠤᠯᠵᠦ ᠮᠡᠳᠡᠭᠰᠡᠨ ᠶᠤᠮ᠃       ᠲᠤᠰ ᠵᠤᠬᠢᠶᠠᠯ ᠳᠤ ᠬᠡᠳᠦᠶᠢᠪᠡᠷ ᠤᠯᠠᠨ ᠠᠷᠪᠢᠨ ᠵᠢᠱᠢᠶ᠎ᠠ ᠲᠠᠳᠠᠭᠰᠠᠨ ᠦᠭᠡᠢ ᠪᠤᠯᠪᠠᠴᠦ ᠰᠤᠷᠬᠤ ᠪᠢᠴᠢᠭ  ᠲᠤ ᠤᠷᠤᠭᠰᠠᠨ ︽ᠬᠤᠶᠠᠷ ᠪᠢᠴᠢᠬᠠᠨ ᠬᠡᠦᠭᠡᠳ \ ᠳ᠋ᠢᠶᠠᠩᠬᠤᠸᠠ ᠴᠤᠬᠢᠵᠦ ᠪᠠᠶᠢᠨ᠎ᠠ \ ᠸᠧᠢ ᠸᠧᠢ ᠸᠧᠢ \ ᠴᠢ ᠶᠠᠭᠤ ᠬᠢᠵᠦ ᠪᠠᠶᠢᠨ᠎ᠠ︖ \ ᠠᠢ ᠠᠢ ᠠᠢ \ ᠪᠢ ᠳᠠᠭᠤᠤ ᠰᠤᠷᠴᠦ ᠪᠠᠶᠢᠨ᠎ᠠ  ︾ ᠭᠡᠬᠦ ᠪᠤᠭᠤᠨᠢᠬᠠᠨ ᠳᠠᠭᠤᠤ  ᠶᠢᠨ ᠦᠭᠡ ᠪᠠᠷ ᠵᠢᠱᠢᠶᠠᠯᠡᠵᠦ᠂ ᠨᠠᠶᠢᠷᠠᠭᠤᠯᠤᠭᠴᠢ  ᠶᠢᠨ ᠪᠤᠶᠤ ᠲᠤᠰ ᠳᠠᠭᠤᠤ  ᠶᠢᠨ ᠦᠭᠡ ᠳᠤ ᠤᠷᠤᠰᠢᠵᠦ ᠪᠠᠶᠢᠭ᠎ᠠ ᠦᠨᠳᠦᠰᠦᠳᠡᠨ  ᠤ ᠢᠷᠠᠭᠤ ᠰᠠᠶᠢᠬᠠᠨ ᠦᠭᠡ ᠬᠡᠯᠡ᠂ ᠵᠠᠩ ᠵᠠᠩᠰᠢᠯ᠂ ᠰᠡᠳᠬᠢᠬᠦᠢ ᠪᠠᠨ ᠠᠯᠳᠠᠵᠦ ᠪᠠᠶᠢᠭ᠎ᠠ ᠬᠦᠨᠳᠦ ᠨᠤᠴᠢᠳᠠᠢ ᠠᠰᠠᠭᠤᠳᠠᠯ  ᠢ ᠬᠦᠴᠦᠳᠠᠢ ᠪᠤᠷᠤᠭᠤᠰᠢᠶᠠᠨ ᠰᠢᠭᠦᠮᠵᠢᠯᠡᠵᠡᠢ᠃ ᠲᠡᠶᠢᠮᠤ ᠡ᠂ ᠬᠢᠳᠠᠳ ᠵᠤᠬᠢᠶᠠᠯ  ᠢ ᠮᠢᠬᠠᠴᠢᠯᠠᠨ ᠤᠷᠴᠢᠭᠤᠯᠵᠦ ᠰᠤᠷᠬᠤ ᠪᠢᠴᠢᠭ ᠲᠤ ᠬᠠᠰᠢ ᠶᠠᠰᠢ ᠪᠠᠷ ᠤᠷᠤᠭᠤᠯᠵᠦ ᠪᠠᠶᠢᠭ᠎ᠠ ᠶᠠᠪᠤᠳᠠᠯ ᠪᠤᠯ ᠦᠨᠳᠦᠰᠦᠳᠡᠨ  ᠤ ᠬᠡᠯᠡ ᠰᠤᠶᠤᠯ  ᠢᠶᠠᠨ ᠭᠠᠵᠢᠭᠤᠳᠠᠭᠤᠯᠤᠨ ᠦᠭᠡᠶᠢᠬᠢᠵᠦ ᠪᠠᠶᠢᠭ᠎ᠠ ᠶᠠᠪᠤᠳᠠᠯ ᠮᠦᠨ᠂ ᠦᠷ᠎ᠡ ᠬᠤᠶᠢᠴᠢᠰ ᠪᠠᠨ ᠴᠢᠰᠤ ᠦᠭᠡᠢ ᠠᠯᠠᠵᠤ ᠪᠠᠶᠢᠭ᠎ᠠ ᠶᠠᠪᠤᠳᠠᠯ ᠮᠦᠨ᠃       ᠵᠠᠷᠢᠮ ᠬᠦᠮᠦᠰ  ᠤᠨ ᠬᠡᠯᠡᠬᠦ ᠪᠠᠷ ᠡᠨᠡ ᠪᠤᠯ ᠬᠢᠳᠠᠳ ᠲᠠᠭᠤᠤ  ᠶᠢᠨ ᠦᠭᠡ  ᠶᠢ ᠤᠷᠴᠢᠭᠤᠯᠤᠭᠰᠠᠨ ᠵᠦᠢᠯ ᠭᠡᠵᠦ ᠪᠠᠶᠢᠨ᠎ᠠ᠃ ᠤᠷᠴᠢᠭᠤᠯᠤᠭᠰᠠᠨ ᠵᠦᠢᠯ ᠪᠠᠶᠢᠵᠤ ᠪᠤᠯᠤᠨ᠎ᠠ᠂ ᠭᠡᠪᠡᠴᠦ ᠤᠷᠴᠢᠭᠤᠯᠭ᠎ᠠ  ᠤᠨ ᠵᠦᠢᠯ ᠪᠤᠯᠤᠭᠰᠠᠨ ᠴᠤ ᠵᠠᠪᠠᠯ ᠮᠤᠩᠭᠤᠯ ᠦᠭᠡ ᠬᠡᠯᠯᠡᠭᠡ᠂ ᠮᠤᠩᠭᠤᠯ ᠰᠡᠳᠬᠢᠬᠦᠢ᠂ ᠮᠤᠩᠭᠤᠯ ᠵᠠᠩ ᠠᠷᠠᠨᠰᠢᠨ ᠳᠤ ᠨᠡᠶᠢᠴᠡᠭᠦᠯᠦᠨ ᠤᠷᠴᠢᠭᠤᠯᠤᠭᠰᠠᠨ ᠪᠠᠶᠢᠬᠤ ᠬᠡᠷᠡᠭᠳᠡᠢ᠃ ᠦᠴᠦᠬᠡᠨ ᠪᠢ ᠬᠡᠳᠦᠶᠢᠪᠡᠷ ᠰᠤᠷᠬᠤ ᠪᠢᠴᠢᠭ  ᠢ ᠨᠠᠶᠢᠷᠠᠭᠤᠯᠳᠠᠭ ᠪᠠᠭᠰᠢ  ᠶᠢᠨ ᠪᠠᠭᠰᠢ ᠬᠦᠮᠦᠨ ᠪᠢᠰᠢ ᠪᠤᠯᠪᠠᠴᠦ ᠬᠠᠷᠢᠨ ᠡᠨᠡᠬᠦ ᠳᠠᠭᠤᠤ  ᠶᠢᠨ ᠦᠭᠡ  ᠶᠢ ︽ᠬᠤᠶᠠᠷ ᠬᠦᠭᠡᠷᠦᠬᠡᠨ ᠪᠦᠦᠪᠠᠢ \  ᠬᠠᠷᠢᠯᠴᠠᠨ ᠤᠳᠠᠰᠤᠳᠠᠵᠦ ᠪᠠᠶᠢᠨ᠎ᠠ \  ᠰᠠᠶᠢᠨ ᠪᠠᠶᠢᠨ᠎ᠠ ᠤᠤ ᠰᠠᠶᠢᠨ ᠪᠠᠶᠢᠨ᠎ᠠ ᠤᠤ \  ᠰᠠᠶᠢᠨ ᠪᠠᠶᠢᠨ᠎ᠠ ᠰᠠᠶᠢᠨ ᠪᠠᠶᠢᠨ᠎ᠠ \ ᠰᠠᠶᠢᠬᠠᠨ ᠳᠠᠭᠤᠤ ᠰᠤᠷᠴᠦ ᠪᠠᠶᠢᠨ᠎ᠠ ᠪᠢ︾ ᠭᠡᠵᠦ ᠮᠤᠩᠭᠤᠯᠵᠢᠭᠤ ᠤᠷᠴᠢᠭᠤᠯᠵᠦ ᠪᠤᠯᠤᠮᠠᠷ ᠪᠠᠶᠢᠨ᠎ᠠ᠃ ᠨᠠᠳᠠ ᠠᠴᠠ ᠨᠡᠩ ᠰᠠᠶᠢᠨ ᠤᠷᠴᠢᠭᠤᠯᠬᠤ ᠡᠷᠳᠡᠮᠳᠡᠨ ᠮᠡᠷᠭᠡᠳ ᠪᠠᠶᠢᠬᠤ ᠯᠡ ᠳ᠋ᠠ᠂ ᠶᠠᠭᠤ ᠭᠡᠵᠦ ᠰᠤᠷᠬᠤ ᠪᠢᠴᠢᠭ  ᠢ ᠡᠨᠡ ᠮᠡᠳᠤ ᠪᠤᠯᠬᠢ ᠪᠦᠳᠦᠭᠦᠯᠢᠭ  ᠢᠶᠠᠷ ᠤᠷᠴᠢᠭᠤᠯᠤᠨ ᠦᠢᠯᠡᠳᠳᠡᠭ ᠪᠤᠢ︖ ᠲᠤᠰ ᠠᠰᠠᠭᠤᠳᠠᠯ ᠪᠤᠯ ᠡᠩ  ᠤᠨ ᠠᠰᠠᠭᠤᠳᠠᠯ ᠪᠢᠰᠢ᠂ ᠵᠢᠵᠢᠭ ᠠᠰᠠᠭᠤᠳᠠᠯ ᠪᠢᠰᠢ᠂ ᠬᠠᠷᠢᠨ ᠦᠨᠳᠦᠰᠦᠳᠡᠨ  ᠤ ᠬᠡᠯᠡ ᠰᠤᠶᠤᠯ ᠪᠤᠯᠤᠨ ᠬᠤᠶᠢᠴᠢ ᠦᠶ᠎ᠡ ᠳᠤ ᠪᠠᠨ ᠬᠠᠷᠢᠭᠤᠴᠠᠯᠭ᠎ᠠ ᠠᠯᠳᠠᠵᠦ ᠪᠠᠶᠢᠭ᠎ᠠ ᠬᠦᠨᠳᠤ ᠨᠤᠴᠢᠳᠠᠢ ᠠᠰᠠᠭᠤᠳᠠᠯ ᠮᠦᠨ᠃       ᠲᠡᠭᠡᠭᠡᠳ ᠪᠢ ᠡᠨᠡᠬᠦ ᠵᠤᠬᠢᠶᠠᠯ  ᠢ ᠮᠢᠨᠤ ᠲᠠᠨᠢᠳᠠᠭ ᠭᠡᠳᠦᠨ ᠬᠡᠪᠯᠡᠯ  ᠤᠨ ᠬᠤᠷᠢᠶᠠᠨ  ᠤ ᠨᠠᠶᠢᠷᠠᠭᠤᠯᠤᠭᠴᠢᠳ  ᠲᠤ ᠸᠠᠶᠢᠴᠠᠲ ᠪᠠᠷ ᠲᠠᠮᠵᠢᠭᠤᠯᠤᠨ ᠢᠯᠡᠭᠡᠵᠦ᠂  ᠡᠳᠡᠭᠡᠷ ᠠᠰᠠᠭᠤᠳᠠᠯ  ᠤᠨ ᠲᠤᠬᠠᠢ ᠴᠤᠬᠤᠰ ᠶᠠᠷᠢᠯᠴᠠᠭᠰᠠᠨ ᠶᠤᠮ᠃  ᠡᠳᠡᠭᠡᠷ ᠶᠠᠷᠢᠯᠴᠠᠭ᠎ᠠ  ᠶᠢᠨ ᠠᠭᠤᠯᠭ᠎ᠠ  ᠶᠢ ᠬᠤᠷᠢᠶᠠᠩᠭᠤᠶᠢᠯᠠᠪᠠᠯ᠄       1. ᠤᠳᠤ  ᠶᠢᠨ ᠰᠤᠷᠬᠤ ᠪᠢᠴᠢᠭ ᠲᠤ ᠮᠠᠰᠢ ᠤᠯᠠᠨ ᠠᠰᠠᠭᠤᠳᠠᠯ ᠤᠷᠤᠰᠢᠵᠦ ᠪᠠᠶᠢᠨ᠎ᠠ᠃ ᠡᠳᠡᠭᠡᠷ ᠠᠰᠠᠭᠤᠳᠠᠯ ᠨᠢ ᠨᠠᠷᠢᠨ ᠪᠤᠳᠤᠯᠢᠶᠠᠨᠳᠠᠢ ᠪᠠᠶᠢᠳᠠᠭ ᠪᠦᠭᠡᠳ ᠵᠠᠰᠠᠨ ᠵᠠᠯᠠᠷᠠᠭᠤᠯᠬᠤ ᠳᠤ ᠵᠤᠬᠢᠬᠤ ᠦᠭᠡᠷᠡᠴᠢᠯᠡᠯᠳᠡ᠂ ᠵᠤᠬᠢᠬᠤ ᠴᠠᠭ ᠪᠤᠯᠤᠨ ᠶᠠᠪᠤᠴᠠ  ᠶᠢ ᠦᠡᠭᠭᠡᠷᠡᠭᠡᠬᠦ ᠬᠡᠷᠡᠭᠳᠠᠢ᠃       2. ᠤᠳᠤ  ᠶᠢᠨ ᠰᠤᠷᠬᠤ ᠪᠢᠴᠢᠭ ᠲᠤ ᠪᠤᠷᠤᠭᠤ ᠦᠰᠦᠭ ᠮᠠᠰᠢ ᠤᠯᠠᠨ ᠪᠠᠶᠢᠨ᠎ᠠ︔ ᠦᠨᠳᠦᠰᠦᠳᠡᠨ  ᠤ ᠲᠡᠦᠬᠡ ᠰᠤᠶᠤᠯ᠂ ᠵᠠᠩ ᠵᠠᠩᠰᠢᠯ᠂ ᠦᠪᠡᠷᠮᠢᠴᠠ ᠦᠭᠡ ᠬᠡᠯᠡᠯᠭᠡ ᠳᠤ ᠨᠡᠶᠢᠴᠡᠬᠦ ᠦᠭᠡᠢ ᠬᠡᠯᠡ ᠬᠡᠯᠡᠯᠭᠡ ᠪᠤᠶᠤ ᠮᠠᠰᠢ ᠤᠨᠤᠪᠴᠢ ᠦᠭᠡᠢ ᠤᠷᠴᠢᠭᠤᠯᠭ᠎ᠠ  ᠶᠢᠨ ᠬᠡᠯᠡ ᠬᠡᠯᠡᠯᠭᠡ᠂ ᠨᠡᠷ᠎ᠡ ᠲᠤᠮᠢᠶ᠎ᠠ ᠬᠠᠷᠠᠭᠳᠠᠵᠦ ᠪᠠᠶᠢᠨ᠎ᠠ᠃ ᠤᠨᠴᠠᠭᠠᠶᠢᠯᠠᠨ ᠮᠤᠩᠭᠤᠯ  ᠤᠨ ᠨᠡᠭᠦᠳᠡᠯ  ᠤᠨ ᠰᠤᠶᠤᠯ ᠪᠤᠯᠪᠠᠰᠤᠨ ᠳᠤ ᠯᠡ ᠪᠠᠶᠢᠳᠠᠭ ᠮᠠᠰᠢ ᠪᠠᠶᠠᠯᠢᠭ᠂ ᠮᠠᠰᠢ ᠦᠪᠡᠷᠮᠢᠴᠠ ᠦᠭᠡ ᠬᠡᠯᠡᠯᠭᠡ ᠭᠡᠭᠡᠭᠳᠡᠵᠦ ᠪᠠᠶᠢᠨ᠎ᠠ᠃       3. ᠰᠤᠷᠬᠤ ᠪᠢᠴᠢᠭ  ᠤᠨ ᠬᠢᠷᠢ ᠭᠡᠮ  ᠢ ᠪᠠᠳᠤᠯᠠᠬᠤ ᠪᠦᠳᠦᠮᠵᠢ ᠲᠠᠢ ᠠᠷᠭ᠎ᠠ ᠠᠪᠴᠢᠯ ᠪᠤᠯᠤᠨ ᠬᠠᠮᠢᠶᠠᠷᠤᠯᠳᠠ  ᠶᠢᠨ ᠠᠷᠭ᠎ᠠ ᠪᠠᠷᠢᠯ ᠲᠤᠳᠠᠭᠳᠠᠵᠦ ᠪᠠᠶᠢᠨ᠎ᠠ᠃       4. ᠨᠠᠶᠢᠷᠠᠭᠤᠯᠤᠭᠴᠢ ᠬᠠᠷᠢᠭᠤᠴᠠᠯᠭ᠎ᠠ ᠠᠯᠳᠠᠵᠦ ᠪᠠᠶᠢᠭ᠎ᠠ ᠠᠰᠠᠭᠤᠳᠠᠯ ᠪᠤᠯ ᠮᠠᠨ  ᠤ ᠬᠡᠪᠡᠯᠡᠯ  ᠤᠨ ᠡᠳᠡᠭᠡᠳ ᠲᠤ ᠨᠡᠶᠢᠳᠡᠮ ᠤᠷᠤᠰᠢᠵᠦ ᠪᠠᠶᠢᠭ᠎ᠠ ᠠᠰᠠᠭᠤᠳᠠᠯ ᠮᠦᠨ᠃ ᠵᠠᠷᠢᠮ ᠡᠷᠬᠢᠯᠡᠭᠴᠢ ᠨᠠᠶᠢᠷᠠᠭᠤᠯᠤᠭᠴᠢ ᠵᠦᠪᠬᠡᠨ ᠬᠦᠮᠦᠨ ᠬᠤᠭᠤᠷᠤᠨᠳᠤ  ᠶᠢᠨ ᠬᠠᠷᠢᠴᠠᠭ᠎ᠠ  ᠶᠢ ᠴᠢᠬᠤᠯᠠᠴᠢᠯᠠᠵᠦ ᠳᠠᠷᠤᠭ᠎ᠠ ᠪᠤᠯᠵᠦ ᠲᠡᠭᠡᠭᠰᠢ ᠲᠠᠪᠰᠢᠬᠤ  ᠶᠢ ᠪᠤᠳᠤᠬᠤ  ᠠᠴᠠ ᠪᠢᠰᠢ᠂ ᠲᠤᠬᠠᠶᠢᠯᠠᠭᠰᠠᠨ ᠠᠵᠢᠯ  ᠤᠨ ᠬᠠᠷᠢᠭᠤᠴᠠᠯᠭ᠎ᠠ ᠪᠠᠷ ᠲᠤᠳᠠᠮᠠᠭ ᠪᠠᠶᠢᠵᠦ᠂ ᠦᠪᠡᠷ  ᠤᠨ ᠬᠠᠷᠢᠭᠤᠴᠠᠵᠦ ᠪᠠᠶᠢᠭ᠎ᠠ ᠰᠤᠷᠬᠤ ᠪᠢᠴᠢᠭ  ᠤᠨ ᠬᠢᠷᠢ ᠭᠡᠮ  ᠢ ᠰᠠᠶᠢᠳᠤᠷ ᠬᠢᠨᠠᠨ ᠰᠢᠭᠦᠵᠦ ᠦᠵᠡᠬᠦ ᠦᠭᠡᠢ᠂  ᠬᠠᠷᠢᠨ ᠨᠡᠶᠢᠭᠡᠮ  ᠤᠨ ᠬᠠᠷᠢᠴᠠᠭ᠎ᠠ ᠪᠤᠶᠤ ᠪᠤᠰᠤᠳ ᠶᠠᠪᠤᠳᠠᠯ ᠳᠤ ᠶᠠᠭᠠᠷᠴᠦ ᠪᠠᠶᠢᠨ᠎ᠠ᠃       5. ᠨᠢᠭᠡ ᠪᠦᠯᠦᠭ ᠰᠢᠯᠢᠳᠡᠭ ᠠᠬᠠᠮᠠᠳ ᠨᠠᠶᠢᠷᠠᠭᠤᠯᠤᠭᠴᠢᠳ ᠠᠵᠢᠯ  ᠤᠨ ᠠᠮᠠᠷᠠᠯᠳᠠ ᠪᠠᠨ ᠠᠪᠤᠭᠰᠠᠨ  ᠤ ᠬᠠᠷᠠᠭ᠎ᠠ ᠪᠠᠷ᠂ ᠮᠠᠨ  ᠤ ᠨᠠᠶᠢᠷᠠᠭᠤᠯᠤᠭᠴᠢ  ᠶᠢᠨ ᠡᠩᠨᠡᠭᠡ ᠳᠤ ᠭᠤᠤᠯᠳᠠᠭᠤ ᠵᠠᠯᠠᠭᠤᠴᠤᠳ ᠤᠯᠠᠨ ᠪᠤᠯᠪᠠ᠃ ᠵᠠᠷᠢᠮ ᠵᠠᠯᠠᠭᠤ ᠨᠠᠶᠢᠷᠠᠭᠤᠯᠤᠭᠴᠢ  ᠶᠢᠨ ᠰᠤᠶᠤᠯ  ᠤᠨ ᠬᠢᠷᠢ ᠬᠡᠮᠵᠢᠶ᠎ᠡ ᠨᠡᠯᠢᠶᠡᠳ ᠲᠤᠤᠷ᠎ᠠ᠂ ᠤᠨᠴᠠᠭᠠᠶᠢᠯᠠᠨ ᠦᠨᠳᠦᠰᠦᠳᠡᠨ  ᠤ ᠲᠡᠦᠬᠡ ᠰᠤᠶᠤᠯ᠂ ᠵᠠᠩ ᠵᠠᠩᠰᠢᠯ᠂ ᠦᠪᠡᠷᠮᠢᠴᠠ ᠦᠭᠡ ᠬᠡᠯᠡᠯᠭᠡ  ᠶᠢ ᠡᠵᠡᠮᠰᠢᠭᠰᠡᠨ ᠲᠠᠯ᠎ᠠ ᠪᠠᠷ ᠬᠦᠢᠴᠡᠳ ᠦᠭᠡᠢ ᠪᠠᠶᠢᠨ᠎ᠠ᠃ ᠲᠡᠶᠢᠮᠦ  ᠠᠴᠠ ᠵᠠᠷᠢᠮ ᠨᠠᠶᠢᠷᠠᠭᠤᠯᠤᠭᠴᠢ ︽ᠪᠦᠭᠦ ᠤᠯᠤᠰ  ᠤᠨ ᠬᠡᠪᠯᠡᠯ  ᠤᠨ ᠰᠢᠯᠭᠠᠯᠳᠠ︾ ᠳᠤ ᠬᠢᠷᠢ ᠲᠡᠩᠴᠡᠭᠡ ᠦᠭᠡᠢ᠃ ᠤᠯᠤᠰ  ᠤᠨ ᠪᠠᠷᠢᠮᠵᠢᠶ᠎ᠠ  ᠶᠢ ᠦᠨᠳᠦᠰᠦᠯᠡᠪᠡᠯ᠂ ᠪᠦᠬᠦ ᠤᠯᠤᠰ  ᠤᠨ ᠲᠤᠮᠳᠠ ᠵᠡᠷᠭᠡ  ᠶᠢᠨ ᠰᠢᠯᠳᠠᠭᠠᠯᠳᠠ ᠳᠤ ᠬᠢᠷᠢ ᠭᠦᠷᠪᠡᠯ ᠰᠠᠶ᠋ᠢ ᠨᠢᠭᠡ ᠨᠤᠮ  ᠢ ᠬᠠᠷᠢᠭᠤᠴᠠᠨ ᠨᠠᠶᠢᠷᠠᠭᠤᠯᠵᠦ ᠪᠤᠯᠳᠠᠭ ᠪᠦᠭᠡᠳ ᠠᠩᠬ᠎ᠠ ᠬᠢᠨᠠᠯᠳᠠ  ᠶᠢ ᠬᠦᠢᠴᠡᠳᠭᠡᠵᠦ ᠪᠤᠯᠳᠠᠭ · · · ·  ᠦᠨᠳᠦᠷ ᠵᠡᠷᠭᠡ  ᠶᠢᠨ ᠳᠡᠳ᠋ ᠠᠵᠢᠯ ᠮᠡᠷᠭᠡᠵᠢᠯ  ᠤᠨ ᠴᠤᠯᠠ  ᠠᠴᠠ  ᠲᠡᠭᠡᠭᠰᠢᠬᠢ ᠬᠢᠷᠢ ᠭᠡᠮ ᠲᠠᠢ ᠬᠦᠮᠦᠨ ᠰᠠᠶ᠋ᠢ ᠨᠢᠭᠡᠨ ᠨᠤᠮ ᠳᠤ ᠲᠠᠬᠢᠨ ᠬᠢᠨᠠᠯᠳᠠ ᠬᠢᠵᠦ ᠪᠤᠯᠳᠠᠭ ᠪᠤᠶᠤ ᠡᠷᠬᠢᠯᠡᠭᠴᠢ ᠪᠤᠯᠵᠦ ᠪᠤᠯᠳᠠᠭ · · · · ᠲᠡᠶᠢᠮᠤ  ᠠᠴᠠ ᠶᠠᠷᠢᠶᠠᠨ ᠦᠭᠡᠢ ᠰᠤᠷᠬᠤ ᠪᠢᠴᠢᠭ ᠲᠤ ᠯᠠᠪ ᠤᠯᠠᠨ ᠠᠯᠳᠠᠭ᠎ᠠ ᠪᠤᠷᠤᠭᠤ ᠪᠠᠶᠢᠬᠤ ᠨᠢ ᠲᠠᠮᠵᠢᠭ ᠦᠭᠡᠢ᠃       6.  ᠭᠡᠪᠡᠴᠦ  ︽ᠪᠦᠭᠦ ᠤᠯᠤᠰ  ᠤᠨ ᠬᠡᠪᠯᠡᠯ  ᠤᠨ ᠲᠤᠰᠬᠠᠢ ᠮᠡᠷᠭᠡᠵᠢᠯ  ᠤᠨ ᠰᠢᠯᠭᠠᠯᠳᠠ︾᠂ ︽ᠨᠠᠶᠢᠷᠠᠭᠤᠯᠤᠭᠴᠢ  ᠶᠢᠨ ᠬᠢᠷᠢ ᠭᠡᠮ  ᠤᠨ ᠰᠢᠯᠭᠠᠯᠳᠠ︾  ᠭᠡᠳᠡᠭ ᠨᠢ ᠴᠤᠯᠤ ᠬᠢᠳᠠᠳ ᠰᠤᠷᠬᠤ ᠪᠢᠴᠢᠭ ᠨᠠᠶᠢᠷᠠᠭᠤᠯᠬᠤ ᠰᠢᠯᠭᠠᠯᠳᠠ ᠪᠠᠶᠢᠵᠦ᠂ ᠮᠤᠩᠭᠤᠯ ᠰᠤᠷᠬᠤ ᠪᠢᠴᠢᠭ ᠨᠠᠶᠢᠷᠠᠭᠤᠯᠬᠤ ᠪᠤᠶᠤ ᠴᠦᠭᠡᠨ ᠲᠤᠭᠠᠳᠤ ᠦᠨᠳᠦᠰᠦᠳᠡᠨ  ᠤ ᠬᠡᠯᠡ ᠪᠢᠴᠢᠭ  ᠢᠶᠠᠷ ᠰᠤᠷᠬᠤ ᠪᠢᠴᠢᠭ ᠨᠠᠶᠢᠷᠠᠭᠤᠯᠬᠤ ᠳᠤ ᠮᠠᠰᠢ ᠵᠤᠬᠢᠴᠠᠬᠤ ᠦᠭᠡᠢ ᠰᠢᠯᠭᠠᠯᠳᠠ ᠪᠠᠶᠢᠳᠠᠭ᠃ ᠲᠡᠭᠡᠬᠦ ᠳᠤ ᠪᠠᠨ ᠵᠠᠷᠢᠮ ᠠᠭᠤᠯᠭ᠎ᠠ  ᠶᠢᠨ ᠲᠠᠯ᠎ᠠ ᠪᠠᠷ ᠶᠠᠮᠠᠷ ᠨᠤᠮ  ᠢ ᠬᠡᠪᠯᠡᠪᠡᠯ ᠭᠡᠳᠦᠢ ᠮᠦᠡᠭᠬᠦ ᠤᠯᠳᠠᠭ ᠭᠡᠬᠦ ᠵᠡᠷᠭᠡ ᠠᠵᠢᠯ ᠮᠡᠷᠭᠡᠵᠢᠯ ᠲᠠᠢ ᠳᠡᠮᠡᠢ ᠬᠤᠯᠪᠤᠭ᠎ᠠ ᠦᠭᠡᠢ ᠵᠦᠢᠯᠡᠰ ᠴᠤ ᠪᠠᠶᠢᠵᠦ᠂ ᠮᠤᠩᠭᠤᠯ ᠬᠡᠯᠡᠨ  ᠤ ᠨᠠᠶᠢᠷᠠᠭᠤᠯᠤᠭᠴᠢ  ᠶᠢᠨ ᠬᠢᠷᠢ ᠭᠡᠮ  ᠢ ᠬᠢᠨᠠᠨ ᠲᠤᠭᠳᠠᠭᠠᠬᠤ ᠳᠤ ᠶᠠᠮᠠᠷ ᠴᠤ ᠬᠤᠯᠪᠤᠭ᠎ᠠ ᠦᠭᠡᠢ ᠶᠠᠭᠤᠮᠠᠰ ᠪᠠᠶᠢᠳᠠᠭ᠃ ᠶᠠᠷᠢᠶᠠᠨ ᠦᠭᠡᠢ᠂ ᠲᠤᠰ ᠰᠢᠯᠭᠠᠯᠳᠠ ᠳᠤ ᠬᠡᠷᠬᠢᠨ ᠰᠡᠳᠦᠪ ᠰᠤᠩᠭᠤᠵᠦ ᠲᠦᠯᠦᠪᠵᠢᠭᠦᠯᠬᠦ᠂ ᠡᠬᠡ ᠨᠤᠤᠷᠠᠭ  ᠢ ᠬᠡᠷᠬᠢᠨ ᠬᠢᠨᠠᠵᠦ ᠵᠠᠰᠬᠤ᠂ ᠬᠢᠨᠠᠵᠦ ᠬᠠᠷᠭᠤᠭᠤᠯᠬᠤ᠂ ᠡᠯ᠎ᠡ ᠵᠦᠢᠯ  ᠤᠨ ᠵᠢᠷᠤᠭ ᠲᠦᠯᠦᠪᠯᠡᠯᠭᠡ᠂ ᠭᠡᠪᠯᠡᠯ  ᠤᠨ ᠬᠠᠤᠯᠢ᠂ ᠨᠤᠮ  ᠤᠨ ᠴᠢᠨᠠᠷ ᠴᠢᠨᠰᠠᠭ᠎ᠠ  ᠶᠢ ᠬᠡᠷᠬᠢᠨ ᠪᠠᠳᠤᠯᠠᠨ ᠬᠠᠮᠢᠶᠠᠷᠠᠬᠤ · · · · ᠵᠡᠷᠭᠡ ᠮᠠᠰᠢ ᠨᠠᠷᠢᠨ ᠮᠡᠷᠭᠡᠵᠢᠯ  ᠤᠨ ᠠᠭᠤᠯᠭ᠎ᠠ ᠴᠤ ᠪᠦᠷᠢᠨ ᠪᠠᠶᠢᠳᠠᠭ᠃ ᠭᠡᠪᠡᠴᠦ ᠮᠠᠨ  ᠤ ᠨᠠᠶᠢᠷᠠᠭᠤᠯᠤᠭᠴᠢᠳ ᠲᠤ ᠪᠠᠰᠠ ᠡᠨᠡᠬᠦ ᠰᠢᠯᠭᠠᠯᠳᠠ  ᠶᠢ ᠬᠦᠨᠳᠦᠳᠭᠡᠨ ᠦᠵᠡᠬᠦ ᠦᠭᠡᠢ᠂ ᠰᠠᠶᠢᠳᠤᠷ ᠰᠤᠷᠤᠯᠴᠠᠬᠤ ᠦᠭᠡᠢ ᠵᠠᠷᠭᠡ ᠤᠯᠠᠨ ᠨᠠᠵᠠᠭᠠᠢ ᠲᠠᠯ᠎ᠠ ᠴᠤ ᠤᠷᠤᠰᠢᠵᠦ ᠪᠤᠢ᠃ ᠠᠬᠠᠮᠠᠳ ᠨᠠᠶᠢᠷᠠᠭᠤᠯᠤᠭᠴᠢ ᠨᠠᠷ ᠡᠷᠳᠡᠨ  ᠤ ᠬᠢᠳᠠᠳ ᠬᠡᠯᠡ ᠪᠤᠶᠤ ᠮᠤᠩᠭᠤᠯ ᠬᠡᠯᠡ ᠰᠢᠯᠭᠠᠵᠦ ᠠᠵᠢᠯ ᠮᠡᠷᠭᠡᠵᠢᠯ  ᠤᠨ ᠴᠤᠯᠠ ᠪᠠᠨ ᠴᠦᠮ ᠠᠪᠳᠠᠭ ᠪᠠᠶᠢᠭᠰᠠᠨ ᠪᠤᠯ ᠤᠳᠤ ᠵᠠᠯᠠᠭᠤ ᠨᠠᠶᠢᠷᠠᠭᠤᠯᠤᠭᠴᠢᠳ  ᠢ ᠪᠦᠬᠦ ᠤᠯᠤᠰ  ᠤᠨ ᠬᠢᠳᠠᠳ ᠬᠡᠯᠡᠨ  ᠤ ᠨᠠᠶᠢᠷᠠᠭᠤᠯᠤᠭᠴᠢᠳ  ᠤᠨ ᠨᠢᠭᠡᠳᠦᠯᠳᠠᠢ ᠰᠢᠯᠭᠠᠯᠳᠠ ᠪᠠᠷ ᠰᠢᠯᠭᠠᠳᠠᠭ ᠪᠤᠯᠵᠦ ᠬᠠᠰᠢᠭᠠᠳ ᠲᠠᠯᠪᠢᠴᠢᠬᠠᠵᠠᠢ᠃ ᠡᠭᠦᠨ  ᠤ ᠳᠡᠭᠡᠷ᠎ᠡ ᠬᠡᠪᠯᠡᠯ  ᠤᠨ ᠬᠤᠷᠢᠶ᠎ᠠ ᠠᠵᠤ ᠠᠬᠤᠶᠢᠯᠠᠯ ᠪᠤᠯᠤᠭᠰᠠᠨ  ᠠᠴᠠ ᠬᠤᠶᠢᠰᠢ ᠵᠦᠪᠬᠡᠨ ᠠᠰᠢᠭ ᠬᠤᠨᠵᠢᠪᠤᠷᠢ  ᠶᠢ ᠯᠡ ᠬᠦᠭᠡᠭᠡᠴᠡᠯᠳᠦᠬᠦ ᠬᠠᠨᠳᠤᠰᠢ ᠲᠠᠢ ᠪᠤᠯᠵᠦ᠂  ᠴᠢᠨᠠᠷ ᠴᠢᠨᠰᠠᠭ᠎ᠠ  ᠶᠢ ᠬᠠᠮᠢᠶᠠᠷᠠᠬᠤ ᠪᠠᠷ ᠠᠨᠠᠢ ᠪᠤᠯᠪᠠ᠃       7. ᠵᠠᠷᠢᠮ ᠳᠤ ᠪᠠᠨ ᠠᠵᠢᠯ  ᠤᠨ ᠴᠢᠬᠤᠯᠠᠴᠢᠯᠠᠭ᠎ᠠ  ᠠᠴᠠ ᠪᠤᠯᠵᠦ ᠭᠠᠳᠠᠨ᠎ᠠ  ᠠᠴᠠ ᠨᠢᠭᠡ ᠪᠦᠯᠦᠭ ᠤᠷᠴᠢᠭᠤᠯᠤᠭᠴᠢ  ᠶᠢ ᠤᠷᠢᠵᠦ ᠬᠢᠳᠠᠳ ᠬᠡᠯᠡᠨ  ᠠᠴᠠ ᠰᠤᠷᠬᠤ ᠪᠢᠴᠢᠭ  ᠢ ᠮᠤᠩᠭᠤᠯᠴᠢᠯᠠᠳᠠᠭ᠃ ᠤᠷᠴᠢᠭᠤᠯᠤᠭᠴᠢ  ᠶᠢᠨ ᠬᠢᠷᠢ ᠭᠡᠮ  ᠢ ᠤᠮᠳᠠᠭᠠᠶᠢᠯᠠᠭᠰᠠᠨ  ᠠᠴᠠ ᠪᠤᠯᠵᠦ ᠰᠤᠷᠬᠤ ᠪᠢᠴᠢᠭ ᠲᠤ ᠬᠠᠶᠠ ᠮᠢᠬᠠᠴᠢᠯᠠᠨ ᠤᠷᠴᠢᠭᠤᠯᠤᠭᠰᠠᠨ ᠵᠦᠢᠯᠡᠰ ᠪᠤᠶᠤ ᠤᠨᠤᠪᠴᠢ ᠦᠭᠡᠢ ᠢᠨᠢᠶᠡᠳᠦᠮᠳᠠᠢ ᠵᠦᠢᠯᠡᠰ ᠲᠤ ᠬᠠᠷᠠᠭᠳᠠᠬᠤ ᠪᠤᠯᠵᠠᠢ᠃       8. ᠮᠠᠨ  ᠤ ᠤᠳᠤᠷᠢᠳᠤᠯᠭ᠎ᠠ ᠪᠤᠯᠤᠨ ᠨᠠᠶᠢᠷᠠᠭᠤᠯᠤᠭᠴᠢᠳ ᠪᠠᠰᠠ ᠡᠳᠡᠭᠡᠷ ᠤᠷᠤᠰᠢᠵᠦ ᠪᠠᠶᠢᠭ᠎ᠠ ᠠᠰᠠᠭᠤᠳᠠᠯ ᠪᠤᠯᠤᠨ ᠨᠡᠶᠢᠭᠡᠮ ᠨᠡᠶᠢᠳᠡ  ᠶᠢᠨ ᠰᠠᠨᠠᠯ ᠰᠢᠭᠦᠮᠵᠢ  ᠶᠢ ᠴᠦᠮ ᠮᠡᠳᠡᠵᠦ ᠪᠤᠢ᠃ ᠤᠷᠴᠢᠮ ᠰᠤᠷᠬᠤ ᠪᠢᠴᠢᠭ ᠲᠤ ᠤᠷᠤᠰᠢᠵᠦ ᠪᠠᠶᠢᠭ᠎ᠠ ᠡᠳᠡᠭᠡᠷ ᠠᠰᠠᠭᠤᠳᠠᠯ  ᠢ ᠨᠡᠩ ᠶᠡᠭᠡ ᠪᠠᠷ ᠴᠢᠬᠤᠯᠠᠴᠢᠯᠠᠨ ᠦᠵᠡᠵᠦ᠂  ᠰᠤᠷᠭᠠᠨ ᠬᠦᠮᠦᠵᠢᠯ  ᠤᠨ ᠬᠡᠪᠯᠡᠯ  ᠤᠨ ᠬᠤᠷᠢᠶᠠᠨ ᠠᠴᠠ ᠬᠡᠪᠯᠡᠭᠰᠡᠨ ᠪᠤᠢ ᠪᠦᠬᠦᠢ ᠨᠤᠮ  ᠢ ᠲᠠᠬᠢᠨ ᠬᠢᠨᠠᠨ ᠨᠠᠶᠢᠷᠠᠭᠤᠯᠵᠦ ᠪᠠᠶᠢᠨ᠎ᠠ᠃ ᠨᠤᠮ ᠨᠢᠭᠡᠪᠦᠷᠢ  ᠶᠢ 6  ᠨᠠᠶᠢᠷᠠᠭᠤᠯᠤᠭᠴᠢ ᠪᠠᠭᠰᠢ ᠰᠢᠭᠦᠨ ᠤᠡᠭᠰᠢᠵᠦ ᠪᠤᠢ᠃ ᠪᠠᠰᠠ ᠵᠠᠷᠢᠮ ᠠᠵᠢᠯ  ᠠᠴᠠ ᠪᠠᠨ ᠠᠮᠠᠷᠠᠭᠰᠠᠨ ᠠᠬᠠᠮᠠᠳ ᠨᠡᠶᠢᠷᠠᠭᠤᠯᠤᠭᠴᠢ  ᠶᠢ ᠤᠷᠢᠨ ᠵᠠᠯᠠᠵᠦ ᠬᠢᠨᠠᠨ ᠦᠵᠡᠭᠦᠯᠵᠦ ᠪᠤᠢ᠃ ᠰᠤᠷᠬᠤ ᠪᠢᠴᠢᠭ ᠲᠤ ᠤᠷᠤᠰᠢᠵᠦ ᠪᠠᠶᠢᠭ᠎ᠠ ᠠᠰᠠᠭᠤᠳᠠᠯ ᠪᠤᠶᠤ ᠠᠰᠠᠭᠤᠳᠠᠯ ᠲᠠᠢ ᠰᠤᠷᠬᠤ ᠪᠢᠴᠢᠭ ᠤᠳᠠᠯ ᠦᠭᠡᠢ ᠰᠢᠢᠳᠪᠦᠷᠢᠯᠡᠭᠳᠡᠬᠦ ᠳᠤ ᠪᠢᠳᠡ ᠪᠠᠳᠤ ᠢᠳᠡᠭᠡᠯ ᠲᠠᠢ ᠪᠠᠶᠢᠨ᠎ᠠ᠃       ᠲᠡᠭᠡᠷᠡᠬᠢ ᠬᠤᠷᠢᠶᠠᠩᠭᠭᠤᠶᠢᠯᠠᠯ ᠠᠴᠠ ᠪᠢᠳᠡ ᠲᠤᠮᠳᠠᠳᠤ  ᠶᠢᠨ ᠤᠨᠴᠠᠯᠢᠭ ᠲᠠᠢ ᠵᠠᠰᠠᠭᠴᠢᠯᠠᠯ  ᠤᠨ ᠬᠠᠨᠳᠤᠰᠢ ᠬᠡᠪᠯᠡᠯ  ᠤᠨ ᠬᠤᠷᠢᠶᠠᠨ ᠳᠤ ᠪᠠᠰᠠ ᠬᠦᠨᠳᠤ ᠨᠤᠴᠢᠳᠠᠢ ᠤᠷᠤᠰᠢᠵᠦ ᠪᠠᠶᠢᠭ᠎ᠠ᠂ ᠨᠠᠶᠢᠷᠠᠭᠤᠯᠤᠭᠴᠢᠳ ᠦᠪᠡᠷᠰᠡᠳ  ᠢᠶᠠᠨ ᠲᠤᠰ ᠠᠰᠠᠭᠤᠳᠠᠯ  ᠢ ᠶᠠᠭᠤ ᠬᠡᠵᠦ ᠦᠵᠡᠵᠦ ᠪᠠᠶᠢᠬᠤ᠂ ᠬᠡᠷᠬᠢᠨ ᠰᠢᠢᠳᠪᠦᠷᠢᠯᠡᠬᠦ ᠲᠤᠬᠠᠢ ᠶᠠᠭᠠᠬᠢᠵᠦ ᠦᠵᠡᠵᠦ ᠪᠤᠳᠤᠵᠦ ᠬᠢᠵᠦ ᠪᠠᠶᠢᠭ᠎ᠠ ᠵᠡᠷᠭᠡ  ᠶᠢ ᠤᠯᠵᠦ ᠮᠡᠳᠡᠵᠦ ᠪᠤᠯᠤᠨ᠎ᠠ᠃ᠲᠡᠶᠢᠮᠦ ᠡ᠂ ᠬᠡᠪᠯᠡᠯ  ᠤᠨ ᠬᠤᠷᠢᠶ᠎ᠠ ᠪᠤᠯ ᠮᠦᠨ ᠶᠡᠭᠡ ᠲᠡᠭᠡᠳᠤ ᠰᠤᠷᠭᠠᠭᠤᠯᠢ ᠲᠠᠢ ᠠᠳᠠᠯᠢ ᠪᠠᠷ ᠠᠵᠢᠯ ᠮᠡᠷᠭᠡᠵᠢᠯ  ᠤᠨ ᠪᠠᠶᠢᠭᠤᠯᠤᠮᠵᠢ ᠪᠤᠯᠬᠤ  ᠠᠴᠠ ᠪᠢᠰᠢ ᠵᠠᠰᠠᠭ  ᠤᠨ ᠤᠷᠳᠤᠨ ᠪᠢᠰᠢ᠃ ᠬᠦᠭᠵᠢᠭᠰᠡᠨ ᠤᠯᠤᠰ ᠤᠷᠤᠨ  ᠤ ᠶᠡᠭᠡ ᠲᠡᠭᠡᠳᠤ ᠰᠤᠷᠭᠠᠭᠤᠯᠢ  ᠶᠢᠨ ᠡᠯ᠎ᠡ ᠰᠠᠯᠪᠤᠷᠢ ᠬᠦᠷᠢᠶᠡᠯᠠᠩ  ᠤᠨ ᠡᠷᠬᠢᠯᠡᠭᠴᠢ ᠨᠢ ᠡᠷᠬᠡᠪᠰᠢ ᠬᠤᠯᠪᠤᠭᠳᠠᠯ ᠪᠦᠬᠦᠢ ᠲᠤᠰᠬᠠᠢ ᠮᠡᠷᠭᠡᠵᠢᠯ  ᠤᠨ ᠡᠷᠳᠡᠮ ᠰᠢᠨᠵᠢᠯᠡᠭᠡᠨ  ᠤ ᠳᠠᠭᠠᠭᠤᠯᠤᠭᠴᠢ ᠡᠷᠳᠡᠮᠳᠡᠨ ᠪᠠᠶᠢᠬᠤ ᠬᠡᠷᠡᠭᠳᠠᠢ ᠪᠠᠶᠢᠳᠠᠭ ᠲᠠᠢ ᠠᠳᠠᠯᠢ ᠪᠠᠷ᠂ ᠬᠡᠪᠯᠡᠯ  ᠤᠨ ᠬᠤᠷᠢᠶᠠᠨ  ᠤ ᠡᠯ᠎ᠡ ᠬᠡᠯᠳᠡᠰ  ᠤᠨ ᠡᠷᠬᠢᠯᠡᠭᠴᠢ ᠨᠠᠷ ᠨᠢ ᠪᠠᠰᠠ ᠨᠢᠭᠡᠨ ᠲᠤᠰᠬᠠᠢ ᠮᠡᠷᠭᠡᠵᠢᠯ  ᠤᠨ ᠠᠬᠠᠮᠠᠳ ᠡᠷᠳᠡᠮᠳᠡᠳ ᠪᠠᠶᠢᠬᠤ ᠶᠤᠰᠤᠳᠠᠢ᠃  ᠲᠤᠤᠷ᠎ᠠ ᠨᠢ ᠠᠵᠢᠯᠯᠠᠳᠠᠭ ᠨᠠᠶᠢᠷᠠᠭᠤᠯᠤᠭᠴᠢ ᠨᠠᠷ ᠨᠢ ᠭᠡᠳ ᠬᠢᠷᠢ ᠲᠡᠭᠴᠡᠭᠰᠡᠨ ᠫᠧᠷᠤᠹᠧᠰᠰᠤᠷ ᠨᠠᠷ ᠲᠠᠢ ᠠᠳᠠᠯᠢ ᠪᠠᠷ ᠵᠤᠬᠢᠬᠤ ᠨᠢᠭᠡᠨ ᠲᠤᠰᠬᠠᠢ ᠮᠡᠷᠭᠡᠵᠢᠯ ᠳᠤ ᠨᠡᠪᠳᠡᠷᠬᠡᠢ ᠂ ᠬᠡᠯᠡ ᠪᠢᠴᠢᠭ᠂ ᠲᠡᠦᠬᠡ ᠰᠤᠶᠤᠯ  ᠤᠨ ᠮᠡᠳᠡᠯᠭᠡ ᠪᠠᠷ ᠬᠦᠨ ᠠᠬᠠᠮᠠᠳ ᠬᠦᠮᠦᠰ  ᠠᠴᠠ ᠪᠦᠷᠢᠯᠳᠦᠭᠰᠡᠨ ᠪᠠᠶᠢᠬᠤ ᠶᠤᠰᠤᠳᠠᠢ ᠶᠤᠮ᠃       ᠡᠬᠦᠨ  ᠠᠴᠠ ᠭᠠᠳᠠᠨ᠎ᠠ᠂ ᠡᠯ᠎ᠡ ᠲᠡᠰ  ᠤᠨ ᠮᠤᠩᠭᠤᠯ ᠰᠤᠷᠬᠤ ᠪᠢᠴᠢᠭ  ᠢ ᠨᠠᠶᠢᠷᠠᠭᠤᠯᠤᠨ ᠵᠤᠬᠢᠶᠠᠬᠤ ᠬᠢᠷᠢ ᠭᠡᠮ  ᠤᠨ ᠪᠦᠬᠦ ᠤᠯᠤᠰ  ᠤᠨ ᠪᠠᠷᠢᠮᠵᠢᠶ᠎ᠠ  ᠶᠢ ᠲᠤᠭᠳᠠᠭᠠᠵᠦ᠂ ᠡᠯ᠎ᠡ ᠮᠡᠷᠭᠡᠵᠢᠯ  ᠤᠨ ᠠᠬᠠᠮᠠᠳ ᠡᠷᠳᠡᠮᠳᠡᠳ  ᠠᠴᠠ ᠪᠦᠷᠢᠯᠳᠦᠭᠰᠡᠨ ᠬᠢᠨᠠᠨ ᠵᠦᠪᠯᠡᠭᠴᠢ  ᠶᠢᠨ ᠪᠠᠶᠢᠡᠭᠭᠤ  ᠶᠢᠨ ᠲᠤᠭᠤᠶᠢᠯᠠᠩ  ᠢ ᠵᠤᠬᠢᠶᠠᠨ ᠪᠠᠶᠢᠭᠤᠯᠵᠦ᠂ ᠰᠠᠶᠢᠳᠤᠷ ᠬᠢᠨᠠᠨ ᠵᠠᠰᠠᠭᠠᠳ ᠲᠦᠷᠢᠮᠵᠢᠭᠦᠯᠦᠨ ᠪᠤᠯᠪᠠᠰᠤᠷᠠᠭᠤᠯᠵᠦ ᠬᠡᠪᠡᠯᠡᠨ ᠲᠠᠷᠬᠠᠭᠠᠬᠤ ᠬᠡᠷᠡᠭᠳᠡᠢ ᠪᠠᠶᠢᠳᠠᠭ᠃ ᠬᠠᠷᠢᠨ ᠬᠡᠯᠡ ᠰᠤᠶᠤᠯ  ᠢᠶᠠᠨ ᠠᠯᠳᠠᠭᠰᠠᠨ᠂ ᠬᠢᠳᠠᠳ ᠴᠤ ᠪᠢᠰᠢ᠂ ᠮᠤᠩᠭᠤᠯ ᠴᠤ ᠪᠢᠰᠢ ᠬᠤᠶᠠᠷ  ᠤᠨ ᠬᠤᠭᠤᠷᠤᠨᠳᠤ ᠭᠤᠷᠪᠠ  ᠶᠢᠨ ᠲᠤᠮᠳᠠᠬᠢ ᠨᠢᠭᠡ ᠬᠤᠶᠠᠷ ᠨᠠᠶᠢᠷᠠᠭᠤᠯᠤᠭᠴᠢ  ᠶᠢᠨ ᠬᠤᠤᠨᠳᠤᠭ  ᠤᠨ ᠮᠡᠯᠡᠬᠡᠢ  ᠶᠢᠨ ᠲᠡᠳᠦᠢ ᠮᠡᠳᠡᠯᠭᠡ ᠪᠠᠷ᠂ ᠳᠠᠯᠠᠢ ᠪᠠᠶᠠᠯᠢᠭ ᠮᠤᠩᠭᠤᠯ ᠬᠡᠯᠡ ᠰᠤᠶᠤᠯ  ᠤᠨ ᠰᠤᠷᠬᠤ ᠪᠢᠴᠢᠭ  ᠢ ᠬᠤᠪᠢ  ᠶᠢᠨ ᠨᠤᠮ ᠮᠡᠳᠤ ᠦᠪᠡᠷ  ᠤᠨ ᠲᠤᠷ᠎ᠠ  ᠪᠠᠷ᠂ ᠬᠢᠯᠪᠡᠷ ᠲᠦᠭᠦᠮ  ᠢᠶᠠᠷ᠂ ᠬᠠᠰᠢ ᠶᠠᠰᠢ ᠪᠠᠷ ᠬᠡᠪᠯᠡᠨ ᠲᠠᠷᠬᠠᠭᠠᠵᠦ ᠪᠤᠯᠬᠤ ᠶᠠᠪᠤᠳᠠᠯ ᠤᠭᠳᠤ ᠪᠢᠰᠢ ᠶᠤᠮ᠃       ᠰᠤᠷᠬᠤ ᠪᠢᠴᠢᠭ ᠨᠠᠶᠢᠷᠠᠭᠤᠯᠬᠤ ᠳᠤ᠂ ᠨᠠᠶᠢᠷᠠᠭᠤᠯᠤᠭᠴᠢ ᠬᠦᠮᠦᠨ ᠡᠷᠬᠡᠪᠰᠢ ᠵᠦᠪ ᠬᠠᠨᠳᠤᠯᠭ᠎ᠠ ᠲᠠᠢ ᠪᠠᠶᠢᠬᠤ ᠬᠡᠷᠡᠭᠳᠡᠢ᠃ ᠰᠤᠷᠬᠤ ᠪᠢᠴᠢᠭ ᠨᠠᠶᠢᠷᠠᠭᠤᠯᠬᠤ ᠠᠵᠢᠯ ᠪᠤᠯ ᠦᠬᠡ ᠬᠡᠯᠠ ᠳᠤ ᠪᠠᠨ ᠬᠠᠷᠢᠭᠤᠴᠠᠨ ᠬᠠᠨᠳᠤᠬᠤ᠂ ᠦᠪ ᠰᠤᠶᠤᠯ  ᠤᠨ ᠤᠯᠠᠮᠵᠢᠯᠠᠯ ᠳᠤ ᠪᠠᠨ ᠬᠠᠷᠢᠭᠤᠴᠠᠨ ᠬᠠᠨᠳᠤᠬᠤ᠂ ᠦᠨᠳᠦᠰᠦᠳᠡᠨ ᠤᠭᠰᠠᠭ᠎ᠠ ᠳᠤ ᠪᠠᠨ‌ᠬᠠᠷᠢᠭᠤᠴᠠᠨ ᠬᠠᠨᠳᠤᠬᠤ᠂ ᠦᠷ᠎ᠡ ᠬᠤᠶᠢᠴᠢᠰ ᠲᠤ ᠪᠠᠨ ᠬᠠᠷᠢᠭᠤᠴᠠᠨ ᠬᠠᠨᠳᠤᠬᠤ  ᠬᠦᠨᠳᠤ ᠴᠢᠬᠤᠯᠠ ᠬᠠᠷᠢᠭᠤᠴᠠᠯᠭ᠎ᠠ ᠪᠤᠯᠤᠨ ᠬᠠᠨᠳᠤᠯᠭ᠎ᠠ ᠭᠡᠳᠡᠭ  ᠢ ᠡᠷᠬᠡᠪᠰᠢ ᠲᠠᠨᠢᠵᠦ ᠤᠯᠬᠤ ᠭᠡᠷᠡᠭᠳᠠᠢ᠃ ᠰᠤᠷᠬᠤ ᠪᠢᠴᠢᠭ  ᠤᠨ ᠨᠠᠶᠢᠷᠠᠭᠤᠯᠤᠭᠴᠢ ᠪᠤᠯ ᠪᠠᠭᠰᠢ  ᠶᠢᠨ ᠪᠠᠭᠰᠢ ᠮᠦᠨ᠃ ᠪᠠᠭᠰᠢ ᠴᠢᠨᠤ ᠨᠠᠶᠢᠷᠠᠭᠤᠯᠤᠭᠰᠠᠨ ᠰᠤᠷᠬᠤ ᠪᠢᠴᠢᠭ  ᠢ ᠬᠡᠷᠡᠭᠯᠡᠵᠦ ᠰᠤᠷᠤᠭᠴᠢᠳ ᠲᠤ ᠡᠳᠦᠷ ᠪᠦᠷᠢ ᠡᠷᠳᠡᠮ ᠮᠡᠳᠡᠯᠭᠡ ᠵᠢᠭᠠᠳᠠᠭ ᠭᠡᠳᠡᠭ  ᠢ ᠮᠠᠷᠳᠠᠵᠦ ᠪᠤᠯᠬᠤ ᠦᠭᠡᠢ᠃ ᠲᠡᠶᠢᠮᠤ ᠪᠤᠯᠬᠤᠷ ᠨᠠᠶᠢᠷᠠᠭᠤᠯᠤᠭᠴᠢ ᠬᠦᠮᠦᠨ ᠰᠤᠷᠬᠤ ᠪᠢᠴᠢᠭ ᠲᠤ ᠦᠨᠦᠴᠢᠨ ᠲᠤᠰᠤᠯ ᠴᠡᠭ  ᠤᠨ ᠠᠯᠳᠠᠭ᠎ᠠ ᠭᠡᠰᠡᠨ ᠴᠤ ᠭᠠᠷᠭᠠᠵᠦ ᠪᠤᠯᠳᠠᠭ ᠦᠭᠡᠢ ᠶᠤᠮ᠃       ᠰᠤᠷᠬᠤ ᠪᠢᠴᠢᠭ ᠭᠡᠳᠡᠭ ᠪᠤᠯ ᠬᠡᠯᠡ ᠰᠡᠳᠬᠢᠬᠦᠢ  ᠶᠢᠨ ᠲᠦᠪ ᠬᠢᠨᠠᠮᠠᠭᠠᠢ ᠪᠠᠷᠢᠮᠵᠢᠶ᠎ᠠ᠂ ᠰᠤᠶᠤᠯ ᠤᠯᠠᠮᠵᠢᠯᠠᠯ  ᠤᠨ ᠵᠢᠭᠠᠨ ᠵᠢᠯᠤᠭᠤᠳᠤᠯᠭ᠎ᠠ᠂ ᠰᠤᠷᠤᠭᠴᠢ  ᠶᠢᠨ ᠭᠠᠷ ᠠᠪᠤᠯᠭ᠎ᠠ  ᠶᠢᠨ ᠲᠤᠯᠢ ᠪᠢᠴᠢᠭ᠂ ᠭᠡᠷ — ᠪᠠᠶᠢᠷᠢ — ᠬᠢᠴᠢᠶᠡᠯ  ᠤᠨ ᠭᠡᠷ  ᠤᠨ ᠬᠤᠭᠤᠷᠤᠨᠳᠤ ᠬᠡᠵᠢᠶᠡᠳᠠ ᠰᠤᠷᠤᠭᠴᠢ  ᠶᠢ ᠲᠠᠭᠠᠨ ᠶᠠᠪᠤᠳᠠᠭ ᠴᠠᠭᠠᠨ ᠴᠠᠭᠠᠰᠤᠨ ᠳᠡᠭᠡᠷ᠎ᠡ ᠬᠠᠷ᠎ᠠ ᠦᠰᠦᠭ ᠪᠠᠷ ᠲᠤᠷᠠᠶᠢᠵᠦ ᠪᠠᠶᠢᠭ᠎ᠠ ᠳᠠᠭᠤ ᠦᠭᠡᠢ ᠪᠠᠭᠰᠢ ᠶᠤᠮ᠃ ᠲᠡᠶᠢᠮᠦ  ᠠᠴᠠ ᠰᠤᠷᠬᠤ ᠪᠢᠴᠢᠭ  ᠢ ᠡᠨᠡ ᠮᠡᠳᠤ ᠬᠠᠰᠢ ᠶᠠᠰᠢ ᠪᠠᠷ ᠶᠠᠭᠠᠬᠢᠭᠰᠠᠨ ᠴᠤ ᠬᠡᠪᠯᠡᠨ ᠲᠠᠷᠬᠠᠭᠠᠵᠤ ᠪᠤᠯᠬᠤ ᠦᠭᠡᠢ᠂ ᠨᠢᠭᠡᠨᠳᠡ ᠬᠡᠪᠯᠡᠨ ᠲᠠᠷᠬᠠᠭᠠᠭᠰᠠᠨ ᠪᠠᠶᠢᠪᠠᠯ ᠬᠤᠯᠪᠤᠭᠳᠠᠯ ᠪᠦᠬᠦᠢ ᠰᠠᠯᠠᠭ᠎ᠠ ᠮᠦᠴᠢᠷ ᠪᠤᠯᠤᠨ ᠬᠠᠤᠯᠢ  ᠶᠢᠨ ᠲᠢᠩᠬᠢᠮ ᠳᠤ ᠢᠯᠡᠴᠢᠯᠡᠨ ᠵᠠᠭᠠᠯᠳᠤᠵᠦ ᠬᠠᠷᠢᠭᠤᠴᠠᠭᠰᠠᠨ ᠨᠠᠶᠢᠷᠠᠭᠤᠯᠤᠭᠴᠢ ᠪᠤᠯᠤᠨ ᠬᠢᠨᠠᠨ ᠵᠠᠰᠠᠭᠴᠢ  ᠶᠢᠨ ᠬᠠᠷᠢᠭᠤᠴᠠᠯᠭ᠎ᠠ  ᠶᠢ ᠨᠡᠭᠡᠮᠵᠢᠯᠡᠵᠦ᠂ ᠰᠤᠷᠬᠤ ᠪᠢᠴᠢᠭ  ᠤᠨ ᠡᠶᠢᠮᠦᠷᠬᠦᠤ ᠬᠦᠨᠳᠤ ᠨᠤᠴᠢᠳᠠᠢ ᠠᠯᠳᠠᠭ᠎ᠠ ᠪᠤᠷᠤᠭᠤ  ᠶᠢ ᠳᠠᠷᠤᠶᠢᠬᠠᠨ ᠵᠠᠰᠠᠨ ᠵᠠᠯᠠᠷᠠᠭᠤᠯᠵᠦ᠂ ᠦᠨᠳᠦᠰᠦᠳᠡᠨ  ᠤ ᠬᠡᠯᠡ ᠪᠢᠴᠢᠭ  ᠢᠶᠠᠨ ᠵᠦᠪ  ᠢᠶᠠᠷ ᠤᠯᠠᠮᠵᠢᠯᠠᠨ ᠵᠠᠯᠭᠠᠮᠵᠢᠯᠠᠵᠦ᠂ ᠬᠤᠶᠢᠴᠢ ᠦᠶ᠎ᠡ ᠪᠠᠨ ᠪᠤᠷᠤᠭᠤ  ᠪᠠᠷ ᠵᠢᠭᠠᠨ ᠰᠤᠷᠭᠠᠬᠤ  ᠠᠴᠠ ᠵᠠᠶᠢᠯᠠᠰᠬᠢᠵᠦ᠂ ᠦᠨᠳᠦᠰᠤᠳᠠᠨ  ᠤ ᠬᠡᠯᠡ ᠰᠤᠶᠤᠯ  ᠢᠶᠠᠨ ᠢᠡᠭᠬᠢᠵᠦ ᠭᠠᠵᠢᠭᠤᠳᠠᠭᠤᠯᠤᠨ ᠠᠯᠳᠠᠬᠤ  ᠠᠴᠠ ᠬᠢᠴᠢᠶᠡᠬᠦ ᠬᠡᠷᠡᠭᠳᠡᠢ ᠪᠠᠶᠢᠨ᠎ᠠ᠃       ᠲᠡᠭᠡᠷᠡᠬᠢ ᠶᠠᠷᠢᠯᠴᠠᠭ᠎ᠠ  ᠠᠴᠠ ᠤᠯᠵᠦ ᠮᠡᠳᠡᠭᠰᠡᠨ ᠨᠢᠭᠡᠨ ᠰᠠᠶᠢᠨ ᠮᠡᠳᠡᠭᠡ ᠭᠡᠪᠡᠯ ᠦᠪᠦᠷ ᠮᠤᠩᠭᠤᠯ  ᠤᠨ ᠰᠤᠷᠭᠠᠨ ᠬᠦᠮᠦᠵᠢᠯ  ᠤᠨ ᠬᠡᠪᠯᠡᠯ  ᠤᠨ ᠬᠤᠷᠢᠶᠠᠨ ᠠᠴᠠ ᠬᠡᠪᠯᠡᠭᠰᠡᠨ ᠪᠤᠢ ᠪᠦᠬᠦᠢ ᠨᠤᠮ  ᠢ ᠲᠠᠬᠢᠨ ᠬᠢᠨᠠᠨ ᠨᠠᠶᠢᠷᠠᠭᠤᠯᠵᠦ ᠪᠠᠶᠢᠨ᠎ᠠ ᠭᠡᠨ᠎ᠡ᠃ ᠨᠤᠮ ᠨᠢᠭᠡᠪᠦᠷᠢ  ᠶᠢ 6  ᠨᠠᠶᠢᠷᠠᠭᠤᠯᠤᠭᠴᠢ ᠪᠠᠭᠰᠢ ᠰᠢᠭᠦᠨ ᠤᠡᠭᠰᠢᠵᠦ ᠪᠠᠶᠢᠨ᠎ᠠ ᠭᠡᠨ᠎ᠡ᠃ ᠲᠠᠬᠢᠨ ᠬᠡᠪᠯᠡᠭᠳᠡᠬᠦ ᠰᠤᠷᠬᠤ ᠪᠢᠴᠢᠭ ᠨᠢ ᠯᠠᠪ ᠦᠨᠳᠦᠷ ᠲᠦᠪᠰᠢᠨ ᠳᠤ ᠬᠦᠷᠬᠦ ᠪᠠᠶᠢᠬᠤ ᠭᠡᠳᠡᠭ ᠲᠤ ᠢᠳᠡᠭᠡᠯ ᠲᠤᠮᠳᠠᠭᠤᠷ ᠪᠤᠯᠪᠠᠴᠦ ᠬᠦᠰᠡᠯ ᠭᠤᠷᠢᠳᠠᠯ ᠲᠠᠢ ᠬᠦᠯᠢᠶᠠᠨ ᠪᠠᠷᠠᠯᠠᠵᠦ ᠪᠤᠢ᠃       ᠰᠤᠷᠬᠤ ᠪᠢᠴᠢᠭ ᠲᠤ ᠰᠤᠬᠤᠯᠠᠭᠤᠯᠤᠮᠠᠷ ᠪᠠᠶᠢᠭ᠎ᠠ       ᠰᠤᠷᠬᠤ ᠨᠠᠰᠤᠨ  ᠤ ᠬᠡᠦᠭᠡᠳ ᠲᠡᠭᠦᠨᠡᠷ ᠮᠢᠨᠢ       ᠬᠤᠷᠤᠢ ᠬᠤᠷᠤᠢ᠂       ᠰᠡᠷᠡᠯᠵᠢ ᠲᠤᠤᠷ ᠲᠤ ᠬᠤᠷᠢᠭᠳᠠᠨ ᠪᠠᠶᠢᠭ᠎ᠠ       ᠰᠤᠶᠢᠬᠤ ᠨᠠᠰᠤᠨ  ᠤ ᠬᠦᠯᠦᠭ ᠮᠤᠷᠢᠳ ᠮᠢᠨᠢ       ᠭᠤᠷᠤᠢ ᠭᠤᠷᠤᠢ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号