| | | | —— ᠷᠢ᠊᠂ ᠰᠡᠴᠡᠨᠲᠦ | | | ᠡᠮᠤᠨ᠎ᠡ ᠶᠢ ᠵᠤᠷᠢᠭᠰᠠᠨ ᠰᠢᠪᠠᠭᠤᠳ ᠲᠡᠭᠷᠢ ᠦᠨᠴᠤᠭ᠍ᠯᠡᠵᠤ᠂ ᠡᠪᠡᠰᠤ ᠪᠤᠳᠠᠨ ᠤ ᠲᠤᠯᠤᠭᠠᠢ ᠦᠷᠡᠯᠡᠨ | ᠬᠤᠩᠭᠤᠷᠳᠠᠭᠰᠠᠨ 1975 ᠤᠨ ᠤ ᠲᠡᠷᠡ ᠰᠠᠶᠢᠬᠠᠨ ᠰᠢᠷᠭᠠᠯ ᠨᠠᠮᠤᠷ ᠤᠨ 9 ᠰᠠᠷ᠎ᠠ ᠶᠢᠨ 1 ᠭᠡᠵᠤ ᠮᠢᠨᠤ ᠭᠡᠤᠭᠡᠳ | ᠪᠠᠭ᠎ᠠ ᠨᠠᠰᠤᠨ ᠤ ᠭᠡᠭᠡᠨ ᠲᠤᠷᠠᠰᠤᠮᠵᠢ ᠶᠢᠨ ᠡᠬᠢ ᠪᠠᠶᠢᠵᠤ ᠳ᠋ᠠ︕ ᠵᠢᠯ ᠵᠢᠯ ᠤᠨ ᠡᠨᠡ ᠯᠡ ᠦᠶ᠎ᠡ ᠨᠠᠮᠠᠢᠢ ᠤᠯᠠᠮ ᠯᠡ | ᠨᠢᠯᠬᠠᠮᠰᠤᠭᠤᠯᠤᠨ᠂ ᠡᠷᠪᠡᠬᠡᠢ ᠴᠠᠭᠠᠨ ᠴᠠᠮᠴᠠ ᠲᠠᠢ ᠲᠡᠷᠪᠡᠬᠦ ᠬᠡᠤᠭᠡᠳ ᠪᠤᠯᠭᠠᠨ ᠢ ᠦᠪᠡᠷ ᠤᠨ ᠪᠠᠭ᠎ᠠ ᠶᠢᠨ ᠲᠦᠷᠢ | ᠵᠢᠷᠤᠭ ᠰᠢᠭ᠋ ᠢᠶᠠᠨ ᠱᠤᠬᠤᠭᠤᠷᠬᠠᠨ ᠬᠠᠷᠠᠭᠤᠯᠬᠤ ᠨᠢ ᠶᠠᠭᠠᠬᠢᠭᠰᠠᠨ ᠬᠠᠴᠢᠨ ᠴᠠᠶᠢᠯᠭᠠᠨ ᠮᠦᠷᠤᠭᠡᠰᠤᠯ ᠲᠦᠷᠤᠬᠦᠯᠤᠨᠡᠮ | ᠪᠤᠢ᠃ | ᠲᠡᠷᠡ ᠠᠯᠳᠠᠨ ᠨᠠᠮᠤᠷ᠂ ᠮᠠᠨᠠᠶᠢᠬᠢ ᠨᠠᠶᠢᠭᠠ ᠠᠪᠤ ᠶᠢᠨ ᠬᠢ ᠲᠠᠢ ᠬᠠᠷ᠎ᠠ ᠲᠤᠯᠤᠭᠠᠢ ᠭᠡᠬᠦ ᠨᠠᠭᠤᠷ ᠤᠨ | ᠵᠡᠬᠦᠨ ᠲᠡᠭᠡᠷᠡᠬᠢ ᠲᠡᠮᠡᠴᠡᠯ ᠤᠨ ᠲᠤᠰᠢ ᠶᠢ ᠬᠤᠶᠢᠨ᠎ᠡ ᠡᠮᠤᠨ᠎ᠡ ᠪᠠᠨ ᠰᠤᠨᠳᠡᠯᠡᠨ ᠨᠠᠮᠤᠷᠵᠢᠭᠰᠠᠨ ᠵᠢᠯ ᠶᠤᠮ᠃ ᠴᠤᠭᠭᠠᠷ | ᠪᠠᠷᠢᠭᠠᠳᠠ ᠶᠢᠨ 500 ᠭᠠᠷᠤᠢ ᠰᠠᠶᠢᠨ ᠡᠬᠦᠯᠳᠡᠷ ᠤᠨ ᠬᠤᠨᠢ ᠶᠢ ᠬᠠᠷᠢᠭᠤᠯᠵᠤ ᠪᠠᠶᠢᠯ᠎ᠠ᠃ ᠰᠤᠷᠭᠠᠭᠤᠯᠢ ᠴᠤᠭᠯᠠᠬᠤ | 9 ᠰᠠᠷ᠎ᠠ ᠶᠢᠨ 1 ᠤ ᠦᠷᠯᠦᠭᠡ ᠠᠪᠤ ᠮᠠᠨᠢ ᠲᠡᠬᠦᠤ ᠪᠢᠳᠡ ᠬᠤᠶᠠᠷ ᠢ ᠪᠠᠶᠠᠨ ᠠᠭᠤᠯᠠ ᠶᠡᠷᠦᠩᠬᠡᠶᠢᠯᠡᠭᠰᠡᠨ ᠪᠦᠷᠢᠨ | ᠪᠠᠭ᠎ᠠ ᠰᠤᠷᠭᠠᠭᠤᠯᠢ ᠳᠤ ᠰᠢᠨ᠎ᠡ ᠰᠤᠷᠤᠭᠴᠢ ᠪᠠᠷ ᠤᠷᠤᠭᠤᠯᠵᠤ ᠦᠭᠬᠦ ᠭᠡᠵᠤ ᠬᠠᠮ ᠲᠡᠷᠭᠡᠨ ᠳᠤ ᠰᠠᠭᠤᠯᠭᠠᠵᠤ᠂ | ᠬᠦᠨᠵᠢᠯᠡ ᠲᠡᠪᠢᠰᠬᠡᠷ᠂ ᠤᠬᠢᠶᠠᠯᠭ᠎ᠠ ᠰᠠᠪᠠ ᠪᠤᠯᠤᠨ ᠵᠢᠵᠢᠭ ᠠᠪᠳᠠᠷ᠎ᠠ᠂ ᠡᠨᠡ ᠲᠡᠷᠡ ᠶᠢ ᠲᠡᠭᠡᠭᠡᠵᠤ ᠬᠠᠷ᠎ᠠ ᠲᠠᠷᠯᠠᠨ | ᠦᠬᠡᠷ ᠢᠶᠠᠨ ᠱᠤᠤᠬᠢᠳᠡᠯᠡ ᠠᠯᠬᠤᠭᠤᠯᠤᠨ ᠶᠠᠪᠤᠳᠠᠯ᠎ᠠ ᠨᠠᠶᠢᠭᠠ ᠠᠪᠤ ᠶᠢᠨ ᠬᠦᠭᠰᠢᠨ ᠭᠠᠳᠠᠨ᠎ᠠ ᠠᠴᠠ ᠪᠠᠨ ᠲᠠᠯᠠᠯᠬᠤ | ᠰᠢᠭ᠋ ᠪᠤᠯᠤᠭᠰᠠᠨ ᠢᠶᠠᠨ ᠪᠢᠳᠡᠨ ᠢ ᠲᠤᠰᠤᠨ ᠢᠷᠡᠵᠤ᠄ ︽ᠢᠱᠢ ᠡᠨᠡ ᠬᠤᠶᠠᠷ ᠵᠠᠪ ᠦᠭᠡᠢ ᠰᠤᠷᠭᠠᠭᠤᠯᠢ ᠳᠤ ᠶᠠᠪᠤᠬᠤ | ᠪᠤᠯᠴᠢᠬᠠᠵᠤ ᠳ᠋ᠠ︕ ᠦᠴᠤᠭᠡᠳᠤᠷᠬᠡᠨ ᠭᠡᠮᠡᠷ ᠬᠡᠳᠤᠨ ᠬᠤᠨᠢ ᠪᠠᠨ ᠬᠠᠯᠠᠭᠤᠨ ᠳᠤ ᠶᠠᠪᠤᠵᠤ ᠦᠭᠬᠦ ᠦᠭᠡᠢ ᠳᠤ | ᠬᠦᠷᠮ᠎ᠡ ᠬᠠᠨᠳᠠᠭᠠᠰᠤ ᠪᠠᠨ ᠲᠠᠶᠢᠯᠤᠨ ᠰᠠᠪᠠᠵᠤ ᠬᠦᠪᠢᠨ ᠦᠷᠬᠦᠭᠡᠵᠤ ᠪᠠᠶᠢᠭᠰᠠᠨ ᠵᠤᠯᠢᠭ ᠤᠳ ᠴᠢᠨᠢ︾ ᠭᠡᠳ | ᠡᠪᠤᠷ ᠢᠶᠠᠨ ᠲᠡᠮᠳᠡᠷᠢᠨ᠂ ᠴᠠᠢ ᠶᠢᠨ ᠪᠤᠷᠤ ᠴᠠᠭᠠᠰᠤ ᠰᠢᠭ᠋ ᠪᠤᠷᠤ ᠭᠠᠳᠠᠷ ᠲᠠᠢ ᠠᠷᠪᠠᠭᠠᠳ ᠲᠡᠪᠳᠡᠷ᠂ ᠬᠠᠷᠠᠨᠳᠡ᠂ | ᠪᠠᠰᠠ ᠬᠠᠷᠠᠨᠳᠡ ᠵᠤᠷᠭᠤᠬᠤ ᠵᠢᠵᠢᠭᠬᠡᠨ ᠰᠠᠶᠢᠬᠠᠨ ᠲᠤᠭᠤᠷ᠎ᠠ ᠶᠢᠨ ᠬᠡᠯᠪᠡᠷᠢ ᠲᠠᠢ ᠬᠢᠳᠤᠭ᠎ᠠ᠂ ᠪᠡᠯᠡᠯᠤᠭᠤᠷ ᠭᠠᠷᠭᠠᠨ | ᠢᠷᠡᠵᠤ ᠲᠡᠬᠦᠤ ᠪᠢᠳᠡ ᠬᠤᠶᠠᠷ ᠤᠨ ᠵᠤᠯᠠᠢ ᠲᠡᠭᠡᠷ᠎ᠡ ᠨᠢᠭᠡ ᠨᠢᠭᠡ ᠦᠨᠤᠰᠴᠤ᠄ ︽ᠨᠤᠮ ᠢᠶᠠᠨ ᠰᠠᠶᠢᠨ ᠰᠤᠷ᠂ | ᠨᠦᠬᠦᠳ ᠲᠠᠢ ᠪᠠᠨ ᠰᠠᠶᠢᠬᠠᠨ ᠨᠠᠶᠢᠵᠠᠯᠠ᠂ ᠨᠤᠮᠤᠬᠠᠨ ᠲᠠᠷᠤᠤ ᠶᠢ ᠨᠢ ᠴᠤ ᠪᠠᠰᠠ ᠰᠤᠷ᠂ ᠲᠡᠭᠡᠭᠡᠳ ᠰᠠᠶᠢᠬᠠᠨ | ᠡᠷᠳᠡᠮ ᠪᠢᠴᠢᠭ ᠲᠠᠢ ᠬᠦᠮᠤᠨ ᠪᠤᠯᠤᠭᠠᠷᠠᠢ︾ ᠭᠡᠳ ᠲᠡᠬᠦᠤ ᠪᠢᠳᠡ ᠬᠤᠶᠠᠷ ᠲᠤ ᠲᠤᠰ ᠪᠦᠷᠢ ᠬᠤᠪᠢᠶᠠᠨ ᠦᠭᠴᠦ | ᠪᠢᠯᠡ᠃ | ᠢᠨᠵᠠᠭᠠᠨ ᠨᠠᠮᠤᠷ ᠤᠨ ᠡᠪᠡᠰᠤᠨ ᠰᠤᠷ ᠬᠠᠯᠢᠭᠤᠷᠠᠨ ᠬᠠᠶᠠᠯᠠᠭᠰᠠᠨ ᠲᠠᠯ᠎ᠠ ᠲᠤᠮᠳᠠᠭᠤᠷ ᠲᠡᠬᠦᠤ ᠪᠢᠳᠡ | ᠬᠤᠶᠠᠷ ᠰᠤᠷᠭᠠᠭᠤᠯᠢ ᠰᠤᠶᠤᠯ ᠤᠨ ᠠᠯᠳᠠᠨ ᠪᠤᠱᠤᠭ᠎ᠠ ᠶᠢ ᠠᠯᠬᠤᠬᠤ ᠭᠡᠵᠤ ᠬᠦᠯ ᠭᠠᠵᠠᠷ ᠬᠦᠷᠤᠯ ᠦᠭᠡᠢ ᠲᠡᠪᠡᠷᠡᠵᠤ | ᠶᠠᠪᠤᠭᠰᠠᠨ ᠲᠠᠯ᠎ᠠ ᠶᠢᠨ ᠵᠦᠷᠢᠭ᠂ ᠲᠡᠮᠡᠴᠡᠯ ᠤᠨ ᠲᠤᠱᠢᠨ ᠲᠡᠭᠡᠷᠡᠬᠢ ᠨᠠᠮᠤᠷᠵᠢᠶᠡ᠂ ᠬᠠᠷ᠎ᠠ ᠲᠤᠯᠤᠭᠠᠢ ᠶᠢᠨ ᠨᠠᠭᠤᠷ | ᠮᠠᠨᠢ ᠪᠢᠳᠡᠨ ᠤ ᠠᠷᠤ ᠳᠤ ᠤᠰᠤ ᠪᠠᠷ ᠢᠶᠠᠨ ᠮᠡᠯᠮᠡᠷᠡᠵᠤ᠂ ᠤᠶᠠᠩᠭ᠎ᠠ ᠰᠢᠪᠠᠭᠤᠳ ᠢᠶᠠᠷ ᠭᠠᠨᠭ᠍ᠭᠠᠨᠠᠨ ᠬᠤᠴᠤᠷᠴᠤ ᠪᠢᠯᠡ | ᠡ᠃ | ᠡᠷᠤᠬᠡᠨ ᠤᠭᠤᠰᠤᠷ ᠰᠠᠯᠬᠢᠨ ᠤ ᠠᠶᠠᠰ ᠢᠶᠠᠷ ᠲᠡᠪᠢᠵᠤ ᠦᠷᠤᠨ᠎ᠡ ᠶᠢᠨ ᠴᠡᠩᠬᠡᠷ ᠲᠠᠯ᠎ᠠ ᠬᠦᠬᠡᠷᠤᠨ | ᠤᠨᠢᠶᠠᠷᠳᠤᠭᠰᠠᠨ ᠲᠡᠷᠡ ᠯᠡ ᠨᠠᠮᠤᠷ ᠠᠴᠠ ᠡᠬᠢᠯᠡᠨ ᠪᠢ ᠰᠢᠪᠠᠭᠤᠳ ᠶᠠᠭᠠᠬᠢᠵᠤ ᠪᠤᠴᠠᠵᠤ᠂ ᠴᠡᠴᠡᠭ ᠶᠠᠭᠠᠬᠢᠵᠤ | ᠵᠤᠯᠭᠠᠷᠠᠬᠤ ᠶᠢ ᠭᠡᠳᠡᠰᠤ ᠦᠯᠤᠰᠴᠤ᠂ ᠭᠡᠷ ᠢᠶᠠᠨ ᠰᠠᠨᠠᠬᠤ ᠪᠤᠯᠭᠠᠨ᠂ ᠵᠢᠷᠤᠬᠡ ᠰᠡᠳᠬᠢᠯ ᠤᠨ ᠬᠦᠨ ᠠᠴᠠ ᠪᠠᠨ | ᠠᠷᠭ᠎ᠠ ᠦᠭᠡᠢ ᠤᠬᠠᠭᠠᠷᠠᠨ ᠮᠡᠳᠡᠷᠡᠵᠤ᠂ ᠬᠤᠶᠠᠷ ᠨᠢᠳᠤᠨ ᠳᠡᠭᠡᠨ ᠨᠢᠯᠪᠤᠰᠤ ᠵᠠᠶᠢᠷᠳᠤᠭᠤᠯᠤᠨ ᠶᠠᠪᠤᠵᠠᠢ᠃ | ᠴᠤᠩᠬᠤ ᠪᠤᠯᠭᠠᠨ ᠠᠴᠠ ᠨᠠᠷᠠ ᠲᠤᠨᠤᠷᠠᠭᠰᠠᠨ ᠠᠭᠤᠵᠢᠮ ᠰᠠᠷᠠᠭᠤᠯᠬᠠᠨ ᠠᠩᠬᠢ ᠶᠢᠨ ᠭᠡᠷ ᠲᠤ ᠮᠠᠨ ᠤ | ᠬᠤᠷᠢᠨ ᠵᠢᠷᠭᠤᠭᠠᠨ ᠭᠡᠤᠭᠡᠳ ᠨᠡᠷ᠎ᠡ ᠤᠰᠤ ᠪᠠᠨ ᠮᠡᠳᠡᠯᠴᠡᠨ ᠬᠠᠮᠳᠤ ᠰᠤᠷᠤᠭᠴᠢ ᠪᠤᠯᠤᠯᠴᠠᠨ ᠨᠢᠭᠡ ᠪᠠᠭᠰᠢ ᠶᠢᠨ | ᠱᠠᠪᠢ ᠪᠤᠯᠤᠯ᠎ᠠ᠃ ᠬᠠᠮᠳᠤ ᠰᠤᠷᠤᠭᠴᠢᠳ ᠮᠠᠨᠢ ᠶᠠᠩᠵᠤ ᠶᠠᠩᠵᠤ ᠶᠢᠨ ᠭᠡᠤᠭᠡᠳ ᠤᠳ ᠪᠠᠶᠢᠯ᠎ᠠ᠃ ᠲᠠᠭᠤ ᠦᠭᠡᠢ | ᠨᠤᠮᠤᠬᠠᠨ ᠬᠤᠪᠢ ᠪᠠᠨ ᠬᠦᠭᠡᠭᠡᠭᠰᠡᠨ᠂ ᠭᠡᠷ ᠭᠠᠳᠠᠨ᠎ᠠ ᠦᠭᠡᠢ ᠨᠤᠴᠤᠯᠳᠤᠨ ᠵᠢᠭᠤᠷᠠᠳᠠᠭ᠂ ᠶᠠᠭᠤᠮᠠᠨ ᠤ | ᠲᠦᠷᠦᠬᠦᠨ ᠳᠤ ᠭᠠᠷ ᠡᠷᠬᠦᠨ ᠭᠤᠵᠤᠭᠠᠨᠠᠭᠰᠠᠨ᠂ ᠲᠡᠭᠡᠷ᠎ᠡ ᠤᠨ ᠤ ᠠᠬ᠎ᠠ ᠡᠭᠡᠴᠢ ᠨᠠᠷ ᠤᠨ ᠢᠶᠠᠨ ᠰᠦᠷ ᠲᠤ ᠡᠷᠳᠤᠨ | ᠴᠡᠭᠡᠵᠢ ᠪᠠᠨ ᠠᠯᠠᠭᠠᠳᠠᠵᠤ ᠪᠡᠶ᠎ᠡ ᠪᠠᠨ ᠲᠤᠭᠤᠳᠠᠭ᠂ ᠲᠡᠩᠳᠡᠬᠦᠤ ᠰᠠᠶᠢᠬᠠᠨ ᠠᠭᠠᠰᠢᠯᠠᠭᠰᠠᠨ᠂ ᠦᠷᠯᠦᠭᠡ ᠰᠠᠶᠢᠨ | ᠪᠠᠶᠢᠭᠠᠳ ᠤᠷᠤᠢ ᠨᠢ ᠮᠠᠭᠤᠳᠠᠳᠠᠭ ᠤᠷᠭᠤᠮᠴᠢ᠂ ᠤᠷᠪᠠᠮᠠᠳᠠᠭᠠᠢ ᠨᠢᠭᠡᠨ ᠴᠤ ᠪᠠᠶᠢᠯ᠎ᠠ᠃ | ᠠᠩᠬᠠᠨ ᠤ ᠬᠢᠴᠢᠶᠡᠯ ᠤᠨ ︽ᠠ᠂ ᠡ᠂ ᠢ︾ ᠶᠢ ᠪᠢ ᠨᠠᠶᠢᠭᠠ ᠡᠵᠢ ᠶᠢᠨ ᠬᠦᠷᠭᠡᠭᠰᠡᠨ ᠪᠤᠷᠤ ᠲᠡᠪᠳᠡᠷ | ᠲᠡᠭᠡᠷ᠎ᠡ ᠪᠠᠨ ᠬᠢᠨᠠᠮᠠᠭᠠᠢ ᠰᠠᠶᠢᠬᠠᠨ ᠰᠠᠶᠢᠷᠡᠬᠦᠯᠤᠨ ᠵᠦᠪ ᠲᠤᠳᠤ ᠲᠡᠭᠰᠢᠬᠡᠨ ᠴᠤ ᠪᠢᠴᠢᠯ᠎ᠠ᠃ ᠮᠢᠨᠤ ᠰᠤᠶᠤᠯ | ᠭᠡᠭᠡᠷᠡᠯ ᠤᠨ ᠠᠯᠳᠠᠨ ᠨᠠᠷᠠ ᠡᠨᠡ ᠪᠤᠷᠤ ᠲᠠᠪᠳᠡᠷ ᠲᠡᠭᠡᠷ᠎ᠡ ᠠᠴᠠ ᠲᠤᠶᠠᠭᠠᠷᠠᠨ᠂ ᠤᠶᠢᠭᠤᠷᠵᠢᠨ ᠮᠤᠩᠭᠤᠯ ᠪᠢᠴᠢᠭ ᠤᠨ | ᠡᠷᠳᠡᠮ ᠤᠨ ᠠᠩᠬᠠᠨ ᠤ ︽ᠠ︾ ᠦᠰᠦᠭ ᠢᠩᠬᠢᠵᠤ ᠮᠠᠨᠳᠤᠯᠡᠭᠰᠡᠨ ᠶᠤᠮ᠃ ᠡᠬᠡ ᠮᠤᠩᠭᠤᠯ ᠬᠡᠯᠡᠨ ᠤ ᠮᠢᠨᠢ | ᠤᠭᠤᠷᠠᠭ ᠴᠠᠭᠠᠨ ᠰᠦ᠋ ᠶᠢᠨ ᠲᠡᠭᠡᠵᠢ ᠪᠤᠯᠤᠭᠰᠠᠨ ᠡᠷᠳᠡᠮ ᠤᠨ ︽ᠠ︾ ᠶᠢ ᠪᠢ ᠲᠤᠭᠤᠢ ᠴᠠᠭᠠᠨ ᠴᠢᠷᠠᠢ ᠲᠠᠢ᠂ | ᠨᠠᠮᠤᠭᠤᠨ ᠲᠤᠭᠳᠠᠭᠤᠨ ᠵᠠᠩ ᠲᠠᠢ ᠨᠧᠷᠮᠡ ᠭᠡᠭᠴᠢ ᠪᠠᠭᠰᠢ ᠠᠴᠠ ᠪᠠᠨ ᠵᠢᠭᠠᠯᠭᠠᠨ ᠨᠢᠭᠡᠳ ᠨᠢᠭᠡ ᠪᠠᠷ ᠨᠢ ᠮᠠᠷᠳᠠᠯ | ᠦᠭᠡᠢ ᠰᠠᠶᠢᠬᠠᠨ ᠴᠡᠭᠡᠵᠢᠯᠡᠨ ᠠᠪᠴᠤ ᠪᠢᠯᠡ ᠡ᠃ | ᠵᠠᠷᠢᠮ ᠳᠠᠭᠠᠨ ᠪᠢ ᠶᠠᠮᠠᠷ ᠨᠢᠭᠡ ᠭᠡᠤᠭᠡᠳ ᠲᠤ ᠪᠢᠷ᠎ᠡ ᠴᠢᠳᠠᠯ ᠢᠶᠠᠷ ᠲᠡᠶᠢᠯᠦᠭᠳᠡᠬᠦ ᠪᠤᠶᠤ ᠶᠠᠯᠢᠮ ᠦᠭᠡᠢ | ᠶᠠᠭᠤᠮᠠᠨ ᠳᠤ ᠭᠠᠷᠳᠠᠭᠠᠭᠳᠠᠪᠠᠯ ᠨᠠᠶᠢᠭᠠ ᠨᠠᠰᠤᠳᠠᠨ ᠤ ᠶᠠᠪᠤᠵᠤ ᠰᠠᠭᠤᠵᠤ ᠪᠠᠶᠢᠭᠰᠠᠨ ᠲᠡᠷᠡ ᠬᠦ ᠢᠳᠡᠷᠡᠬᠦᠨ | ᠵᠤᠷᠢᠭᠵᠢᠭᠤᠨ ᠲᠦᠷᠢ ᠪᠠᠶᠢᠳᠠᠯ ᠨᠢ ᠦᠷᠬᠦᠯᠵᠢ ᠨᠠᠳᠠ ᠶᠠᠮᠠᠷ ᠨᠢᠭᠡ ᠲᠠᠯᠳᠡ ᠶᠢᠨ ᠬᠦᠴᠤ ᠲᠡᠩᠬᠢᠯ ᠢᠶᠠᠷ | ᠨᠦᠬᠦᠭᠡᠳᠡᠭᠡ ᠪᠠᠨ ᠰᠠᠨᠠᠭᠠᠨ ᠳᠤ ᠤᠷᠤᠳᠠᠭ᠃ ᠲᠤᠬᠠᠢ ᠶᠢᠨ ᠦᠶ᠎ᠡ ᠳᠤ ᠴᠤᠬᠤᠮ ᠶᠠᠭᠠᠬᠢᠭᠠᠳ ᠶᠤᠮ ᠭᠡᠰᠡᠨ ᠢ ᠪᠢ | ᠲᠡᠷᠡ ᠲᠠᠷᠤᠢ ᠴᠤ ᠪᠤᠳᠤᠵᠤ ᠤᠯᠳᠠᠭ ᠦᠭᠡᠢ᠃ ᠠᠷᠪᠠᠨ ᠰᠠᠷ᠎ᠠ ᠶᠢᠨ ᠴᠢᠯᠦᠭᠡ ᠪᠠᠷ ᠲᠡᠬᠦᠤ ᠪᠢᠳᠡ ᠬᠤᠶᠠᠷ ᠭᠡᠷ | ᠤᠷᠤᠭᠤ ᠪᠠᠨ ᠬᠦᠶᠤᠭᠡᠳ ᠬᠦᠷᠬᠦ ᠳᠤ ᠨᠠᠶᠢᠭᠠ ᠠᠪᠤ ᠮᠠᠨ ᠤ ᠳᠤ ᠢᠷᠡᠭᠡᠳ ᠠᠪᠤ ᠲᠠᠢ ᠬᠤᠶᠠᠭᠤᠯᠠ ᠶᠠᠷᠢᠯᠴᠠᠨ | ᠰᠠᠭᠤᠵᠤ ᠪᠠᠶᠢᠯ᠎ᠠ᠃ ᠡᠵᠢ ᠮᠠᠨᠢ ᠲᠡᠬᠦᠤ ᠪᠢᠳᠡ ᠬᠤᠶᠠᠷ ᠢ ᠬᠠᠴᠡᠷ ᠨᠢᠭᠤᠷ ᠢᠶᠠᠨ ᠴᠠᠬᠤᠯᠠᠶᠢᠳᠠᠭᠤᠯᠤᠨ᠂ ᠲᠤᠭᠤᠰᠤ | ᠰᠢᠷᠤᠢ ᠳᠤ ᠬᠠᠯᠳᠠᠷᠰᠢᠭᠰᠠᠨ ᠶᠠᠭᠤᠮ᠎ᠠ ᠬᠠᠭᠠᠯᠭ᠎ᠠ ᠲᠦᠯᠬᠢᠨ ᠴᠦᠯᠳᠦᠬᠢᠭᠡᠳ ᠤᠷᠤᠬᠤ ᠳᠤ ᠤᠴᠢᠷ ᠦᠭᠡᠢ ᠶᠡᠭᠡ | ᠰᠠᠨᠳᠤᠷᠤᠭᠰᠠᠨ ᠮᠠᠶ᠋ᠢᠭ ᠲᠠᠢ᠄ ︽ᠦᠭᠡᠢ᠂ ᠲᠠ ᠬᠤᠶᠠᠷ ᠢ ᠡᠭᠡᠴᠢ ᠴᠢᠨᠢ ᠲᠤᠰᠤᠨᠡ ᠭᠡᠳ ᠶᠠᠪᠤᠭᠰᠠᠨ ᠶᠤᠮ︾ | ᠭᠡᠬᠦ ᠳᠤ ᠪᠢ᠄ ︽ᠮᠠᠨ ᠤ ᠦᠬᠡᠷ ᠲᠡᠷᠭᠡ ᠬᠠᠷᠠᠭᠳᠠᠭᠰᠠᠨ ᠦᠭᠡᠢ︾ ᠭᠡᠬᠦ ᠳᠤ ᠨᠠᠶᠢᠭᠠ ᠠᠪᠤ ᠲᠡᠮᠡᠬᠢᠨ ᠤ ᠪᠠᠨ | ᠦᠨᠡᠰᠤ ᠶᠢ ᠠᠶᠠᠷᠬᠠᠨ ᠬᠦᠪᠢᠭᠰᠡᠨ ᠢᠶᠠᠨ᠄ ︽ᠡᠨᠡ ᠬᠤᠭᠤᠷᠤᠨᠳᠤ ᠡᠳᠡ ᠲᠤᠷᠬᠤ ᠶᠠᠭᠤᠮ᠎ᠡ ᠪᠢᠰᠢ᠂ ᠬᠡᠤᠭᠡᠳ ᠶᠤᠮ | ᠴᠢᠨᠢ ᠬᠦᠶᠤᠵᠤ ᠯᠡ ᠪᠠᠶᠢᠭ ᠳ᠋ᠠ︾ ᠭᠡᠳ ᠪᠢᠳᠡᠨ ᠤ ᠶᠠᠳᠡᠷᠡᠵᠤ ᠵᠦᠳᠡᠷᠡᠭᠰᠡᠨ ᠪᠠᠶᠢᠳᠠᠯ ᠢ ᠦᠷᠤᠪᠳᠥᠵᠤ | ᠬᠠᠷᠠᠭᠠᠯᠵᠠᠭᠰᠠᠨ ᠶᠠᠩᠵᠤ ᠦᠭᠡᠢ᠃ ᠠᠪᠤ ᠲᠠᠢ ᠢᠷᠡᠬᠦ ᠡᠪᠤᠯ ᠤᠨ ᠲᠠᠯ᠎ᠠ ᠪᠠᠷ ᠴᠠᠰᠤᠨ ᠤ ᠬᠢᠷᠢ ᠵᠡᠷᠭᠡ ᠤᠨᠠᠬᠤ᠂ | ᠬᠦᠢᠳᠡᠨ ᠶᠠᠮᠠᠷ ᠪᠤᠯᠬᠤ ᠭᠡᠳ ᠦᠩᠭᠡᠷᠡᠬᠦᠯᠦᠭᠰᠡᠨ ᠤᠨ ᠵᠢᠯ ᠤᠳ ᠠᠴᠠ ᠪᠠᠨ ᠲᠦᠰᠤᠭᠡᠯᠡᠯ ᠠᠪᠴᠤ ᠶᠡᠷᠢᠵᠤ | ᠪᠠᠶᠢᠬᠤ ᠳᠤ ᠲᠡᠬᠦᠤ ᠪᠢᠳᠡ ᠬᠤᠶᠠᠷ ᠪᠤᠭᠴᠤ ᠪᠠᠨ ᠬᠠᠨ᠎ᠠ ᠶᠢᠨ ᠲᠤᠯᠤᠭᠠᠢ ᠳᠤ ᠡᠯᠬᠦᠭᠰᠡᠨ ᠢᠶᠠᠨ ᠠᠶᠠᠭᠠᠨ ᠤ | ᠠᠮᠠᠰᠠᠷ ᠲᠤ ᠠᠮᠠ ᠬᠦᠷᠴᠤ᠂ ᠵᠢᠭᠠᠬᠠᠨ ᠴᠢᠷᠠᠢ ᠵᠢᠰᠤ ᠤᠷᠤᠨ ᠪᠠᠶᠢᠬᠤ ᠳᠤ ᠡᠭᠡᠴᠢ ᠴᠤ ᠬᠦᠷᠴᠤ ᠢᠷᠡᠵᠤ᠂ | ᠬᠤᠷᠰᠢᠶᠡᠨ ᠠᠴᠠ ᠠᠪᠤᠭᠰᠠᠨ ᠵᠢᠭᠠᠯᠬᠠᠨ ᠰᠢᠬᠢᠷ ᠪᠤᠭᠤᠷᠰᠤᠭ ᠢᠶᠠᠨ ᠡᠵᠢ ᠳᠤ ᠲᠤᠰᠢᠶᠡᠨ᠂ ᠠᠪᠤ ᠡᠵᠢ᠂ ᠡᠭᠡᠴᠢ | ᠲᠡᠬᠦᠤ ᠪᠠᠨ ᠰᠠᠨᠠᠭᠰᠠᠨ ᠪᠢᠳᠡ ᠬᠤᠶᠠᠷ ᠢ ᠶᠠᠭᠤᠨ ᠲᠦᠷᠦᠬᠦᠨ ᠳᠤ ᠤᠷᠮᠠᠰᠢᠭᠤᠯᠤᠨ᠂ ᠠᠯᠠᠭᠠᠨ ᠬᠤᠩᠬᠤᠷ | ᠲᠦᠬᠦᠷᠭᠡᠨ ᠡᠵᠢ ᠰᠢᠬᠢᠷ ᠪᠤᠭᠤᠷᠰᠤᠭ ᠦᠭᠴᠤ ᠰᠠᠨᠠᠭ᠎ᠠ ᠰᠡᠳᠬᠢᠯ᠂ ᠭᠤᠮᠤᠳᠠᠯ ᠮᠦᠷᠤᠭᠡᠳᠤᠯ ᠢ ᠮᠢᠨᠢ ᠶᠠᠮᠠᠷ ᠴᠤ | ᠦᠭᠡ ᠲᠠᠶᠢᠳᠬᠤᠷᠠᠯ ᠦᠭᠡᠢ ᠪᠠᠷ ᠨᠢᠭᠡ ᠯᠡ ᠲᠤᠤᠷ᠎ᠠ ᠲᠠᠶᠢᠯᠪᠡ᠃ | ᠨᠠᠶᠢᠭᠠ ᠠᠪᠤ ᠶᠠᠪᠤᠬᠤ ᠶᠢᠨ ᠢᠶᠠᠨ ᠡᠮᠤᠨᠡᠬᠡᠨ ᠲᠡᠬᠦᠤ ᠪᠢᠳᠡ ᠬᠤᠶᠠᠷ ᠢ ᠯᠠᠪᠳᠠᠭᠤᠨ ᠭᠡᠭᠴᠢ ᠨᠢᠭᠡ ᠰᠠᠶᠢᠨ | ᠬᠠᠷᠠᠭᠰᠠᠨ ᠢᠶᠠᠨ᠄ ︽ᠰᠠᠶᠢᠬᠠᠨ ᠴᠠᠭ ᠤᠨ ᠡᠷᠭᠡᠨ ᠳᠤ ᠨᠤᠮ ᠰᠤᠷᠬᠤ ᠨᠢ ᠲᠡᠭᠡᠷ᠎ᠡ ᠤᠤ ᠰᠠᠯᠬᠢ ᠪᠤᠷᠤᠭᠠᠨ ᠳᠤ | ᠬᠡᠳᠡᠷᠯᠡᠵᠤ ᠵᠤᠭᠰᠤᠭᠠᠳ ᠶᠠᠪᠤᠳᠠᠭ ᠦᠭᠡᠢ ᠰᠠᠭᠠᠷᠮᠠᠭ ᠬᠤᠨᠢ ᠪᠠᠨ ᠰᠠᠪᠠᠯᠠᠵᠤ ᠭᠤᠶᠠᠳᠠᠯᠠᠵᠤ ᠬᠦᠭᠡᠭᠡᠬᠦ ᠨᠢ ᠲᠡᠭᠡᠷ᠎ᠡ | ᠤᠤ︖︾ ᠭᠡᠵᠤ ᠠᠰᠠᠭᠤᠬᠤ ᠳᠤ ᠲᠡᠬᠦᠤ ᠬᠦᠭᠵᠢᠯᠳᠠᠢ ᠲᠡᠰᠭᠡᠯ ᠦᠭᠡᠢ᠄ ︽ᠬᠤᠨᠢ ᠬᠠᠷᠠᠬᠤ ᠪᠠᠷ ᠨᠤᠮ | ᠰᠤᠷᠬᠤ ᠨᠢ ᠲᠡᠭᠡᠷ᠎ᠡ᠂ ᠬᠤᠭᠤᠯᠠ ᠴᠠᠢ ᠨᠢ ᠮᠠᠭᠤ ᠪᠤᠯᠬᠤ ᠪᠠᠷ ᠭᠡᠷ ᠲᠡᠭᠡᠨ ᠰᠠᠭᠤᠭᠰᠠᠨ ᠲᠡᠭᠡᠷ᠎ᠡ︾ ᠭᠡᠬᠦ * ᠰᠢᠭ | ᠶᠠᠭᠤᠮ᠎ᠠ ᠶᠠᠷᠢᠬᠤ ᠳᠤ ᠨᠠᠶᠢᠭᠠ ᠠᠪᠤ ᠤᠴᠢᠷ ᠦᠭᠡᠢ ᠢᠨᠢᠶᠡᠭᠰᠡᠨ ᠢᠶᠠᠨ᠄ ︽ᠵᠤᠯᠢᠭ ᠴᠢᠨᠢ ᠮᠠᠯᠴᠢᠨ ᠪᠤᠯᠬᠤ ᠨᠢ ᠡ᠂ | ᠡᠨᠡ ᠰᠡᠴᠡᠨᠳᠤ ᠬᠠᠷᠢᠨ ᠨᠤᠮ ᠲᠠᠢ ᠬᠦᠮᠤᠨ ᠪᠤᠯᠬᠤ ᠨᠢ ᠪᠤᠯᠤᠯᠳᠠᠢ︕ ᠰᠠᠶᠢᠨ ᠰᠤᠷᠤᠯᠴᠠᠭᠤᠯ︾ ᠭᠡᠳ ᠭᠠᠷᠴᠤ | ᠶᠠᠪᠤᠭᠰᠠᠨ ᠶᠤᠮ᠃ ᠨᠠᠶᠢᠭᠠ ᠠᠪᠤ ᠶᠠᠪᠤᠭᠰᠠᠨ ᠤ ᠲᠠᠷᠠᠭ᠎ᠠ ᠡᠵᠢ ᠮᠠᠨᠢ ᠲᠡᠬᠦᠤ ᠶᠢ᠄ ︽ᠲᠤᠮᠤ ᠬᠦᠮᠤᠨ ᠤ | ᠦᠭᠡᠳᠡ ᠠᠴᠠ ᠶᠠᠷ ᠶᠠᠷ ᠭᠡᠳ ᠡᠨᠡ ᠶᠡᠷᠤ ᠨᠢ ᠬᠤᠩᠰᠢᠶᠡᠷ ᠠᠮᠠ ᠨᠢ ᠵᠦᠭᠡᠷ ᠪᠠᠶᠢᠵᠤ ᠴᠢᠳᠠᠳᠠᠭ ᠦᠭᠡᠢ ᠨᠢ︾ ᠭᠡᠳ | ᠰᠤᠷᠭᠠᠪᠠ᠃ ᠪᠢ ᠲᠡᠷᠡ ᠦᠶ᠎ᠡ ᠳᠤ ᠨᠠᠶᠢᠭᠠ ᠠᠪᠤ ᠶᠢ ᠭᠡᠴᠡᠬᠦᠤ ᠶᠡᠭᠡ ᠶᠠᠭᠤᠮ᠎ᠠ ᠮᠡᠳᠡᠳᠡᠭ ᠬᠦᠮᠤᠨ ᠤ ᠨᠢᠭᠡ ᠪᠠᠷ | ᠪᠢᠰᠢᠷᠡᠵᠤ ᠰᠠᠨᠠᠵᠤ ᠪᠠᠶᠢᠪᠠ᠃ | ᠲᠡᠬᠦᠤ ᠠᠴᠠ ᠦᠪᠡᠷ ᠢ ᠪᠠᠨ ᠶᠡᠭᠡ ᠭᠡᠴᠡᠬᠦᠤ ᠬᠦᠮᠤᠨ ᠪᠤᠯᠤᠨ᠎ᠠ ᠭᠡᠵᠤ ᠪᠢ ᠢᠯᠭᠠᠨ ᠰᠠᠯᠭᠠᠨ ᠪᠤᠳᠤᠳᠠᠭ | ᠪᠠᠶᠢᠵᠠᠢ᠃ ᠤᠴᠢᠷ ᠨᠢ ᠨᠠᠶᠢᠭᠠ ᠠᠪᠤ ᠨᠠᠮᠠᠢᠢ ᠨᠤᠮ ᠪᠢᠴᠢᠭ ᠲᠠᠢ ᠬᠦᠮᠤᠨ ᠪᠤᠯᠤᠨ᠎ᠠ ᠭᠡᠵᠤ ᠬᠡᠯᠡᠭᠰᠡᠨ ᠠᠴᠠ ᠲᠡᠶᠢᠮᠤ | ᠯᠡ ᠡᠷᠴᠢ ᠬᠦᠴᠤ ᠨᠠᠮᠠᠢᠢ ᠬᠢᠴᠢᠶᠡᠯ ᠰᠢᠯᠭᠠᠯᠳᠡ ᠪᠤᠯᠭᠠᠨ ᠳᠤ ᠤᠨᠴᠠ ᠰᠠᠶᠢᠨ ᠳ᠋ᠦ᠋ᠩ ᠳᠤ ᠬᠦᠷᠭᠡᠵᠤ ᠪᠠᠶᠢᠯ᠎ᠠ᠃ | ᠲᠡᠭᠡᠭᠡᠳ ᠴᠤ ᠪᠤᠷᠤ ᠭᠠᠳᠠᠷ ᠲᠠᠢ ᠲᠠᠰᠬᠠᠯ ᠤᠨ ᠲᠡᠪᠳᠡᠷ᠂ ᠬᠠᠷᠠᠡᠳᠠ᠂ ᠲᠡᠷᠡ ᠪᠦᠬᠦᠨ ᠮᠢᠨᠤ ᠤᠮᠤᠭᠰᠢᠯ ᠬᠠᠶᠢᠷ᠎ᠠ | ᠪᠠᠭᠠᠷᠬᠠᠯ ᠪᠠᠶᠢᠯ᠎ᠠ᠃ | ᠡᠨᠡ ᠪᠤᠷᠤ ᠲᠡᠪᠳᠡᠷ ᠤᠨ ᠲᠦᠷᠪᠡ ᠶᠢ ᠨᠢ ᠲᠠᠰᠬᠠᠯ ᠬᠢᠬᠦ ᠳᠡᠭᠡᠨ ᠬᠡᠷᠡᠭᠯᠡᠵᠤ ᠨᠢᠭᠡ ᠲᠡᠪᠳᠡᠷ ᠲᠤ ᠨᠢ ᠶᠡᠷᠤ | ᠶᠠᠭᠤ ᠴᠤ ᠪᠢᠴᠢᠯ ᠦᠭᠡᠢ ᠤᠤᠯ ᠬᠡᠪ ᠢᠶᠠᠷ ᠨᠢ ᠪᠢ ᠲᠤᠮᠳᠠᠳᠤ ᠰᠤᠷᠭᠠᠭᠤᠯᠢ ᠳᠤ ᠤᠷᠤᠳᠠᠯ᠎ᠠ ᠬᠠᠳᠠᠭᠠᠯᠠᠭᠰᠠᠨ ᠶᠤᠮ᠃ | ᠴᠤᠬᠤᠮ ᠶᠠᠮᠠᠷ ᠤᠴᠢᠷ᠂ ᠪᠤᠳᠤᠯ ᠰᠡᠳᠬᠢᠭᠳᠡᠯ ᠠᠴᠠ ᠪᠤᠯᠤᠭᠠᠳ ᠲᠡᠭᠡᠵᠤ ᠴᠠᠪ ᠴᠠᠭᠠᠨ ᠢᠶᠠᠷ ᠨᠢ ᠦᠯᠡᠳᠡᠭᠰᠡᠨ ᠢᠶᠠᠨ | ᠰᠠᠨᠠᠳᠠᠭ ᠦᠭᠡᠢ ᠶᠤᠮ᠃ ᠪᠠᠭ᠎ᠠ ᠲᠡᠬᠦᠤ ᠴᠤ ᠪᠢᠳᠡᠨ ᠤ ᠡᠯᠡᠭᠡᠭᠰᠡᠨ ᠰᠤᠷᠭᠠᠭᠤᠯᠢ ᠶᠢᠨ ᠪᠤᠱᠤᠭ᠎ᠠ ᠠᠯᠬᠤᠵᠤ | ᠠᠷᠤ ᠠᠴᠠ ᠮᠢᠨᠢ ᠰᠤᠷᠭᠠᠭᠤᠯᠢ ᠳᠤ ᠤᠷᠤᠭᠰᠠᠨ ᠶᠤᠮ᠃ ᠮᠢᠨᠤ ᠬᠤᠷᠢᠶᠠᠵᠤ᠂ ᠡᠯᠳᠡᠪ ᠭᠢᠯᠠᠭᠠᠷ ᠰᠢᠯᠤᠨ | ᠤᠭᠤᠳᠡ ᠳᠤ ᠬᠢᠭᠰᠡᠨ ᠨᠤᠮ ᠲᠡᠪᠳᠡᠷ ᠢ ᠬᠡᠨ ᠨᠢ ᠴᠤ ᠬᠦᠳᠡᠯᠭᠡᠳᠡᠭ ᠦᠭᠡᠢ ᠪᠠᠶᠢᠯ᠎ᠠ᠃ ᠮᠠᠨᠠᠶᠢᠬᠢᠨ ᠮᠦᠨ ᠲᠡᠷᠡ ᠬᠦ | ᠬᠠᠷ᠎ᠠ ᠲᠤᠯᠤᠭᠠᠢ ᠶᠢᠨ ᠨᠠᠭᠤᠷ ᠤᠨ ᠵᠡᠬᠦᠨ ᠲᠡᠭᠡᠷ᠎ᠡ ᠨᠠᠮᠤᠷᠵᠢᠵᠤ ᠪᠠᠶᠢᠭᠰᠠᠨ ᠨᠢᠭᠡ ᠨᠠᠮᠤᠷ ᠪᠢ ᠲᠤᠮᠳᠠᠳᠤ | ᠰᠤᠷᠭᠠᠭᠤᠯᠢ ᠠᠴᠠ ᠪᠠᠨ ᠴᠢᠯᠦᠭᠡᠨ ᠤ ᠬᠤᠭᠤᠴᠠᠭ᠎ᠠ ᠪᠠᠷ ᠭᠡᠷ ᠲᠡᠭᠡᠨ ᠢᠷᠡᠵᠤ᠂ ᠡᠨᠡ ᠲᠡᠷᠡ ᠨᠤᠮ ᠲᠡᠪᠳᠡᠷ᠂ | ᠬᠠᠭᠤᠴᠢᠨ ᠲᠠᠰᠬᠠᠯ ᠤᠨ ᠲᠡᠪᠳᠡᠷ ᠢᠶᠠᠨ ᠵᠦᠭᠯᠡᠬᠦᠯᠵᠤ ᠪᠠᠶᠢᠬᠤ ᠳᠤ ᠠᠯᠢ ᠵᠠᠪ ᠲᠤ ᠨᠢ ᠶᠤᠮ ᠪᠤᠤ ᠮᠡᠳᠡ᠂ ᠲᠡᠬᠦᠤ | ᠪᠢᠯᠢᠭᠳᠦ ᠮᠠᠨᠢ ᠬᠡᠴᠢᠨᠡᠬᠡᠨ ᠵᠢᠯ ᠨᠠᠠᠳᠢᠩᠨᠠᠨ ᠬᠠᠳᠠᠭᠠᠯᠠᠵᠤ ᠪᠠᠶᠢᠭᠰᠠᠨ ᠪᠤᠷᠤ ᠳᠡᠪᠳᠡᠷ ᠤᠨ ᠳᠡᠬᠡᠷ᠎ᠠ ᠡᠯᠳᠡᠪ ᠡᠰᠡ ᠶᠢᠨ | ᠶᠠᠭᠤᠮ᠎ᠠ ᠡᠷᠢᠶᠡᠴᠢᠵᠤ ᠭᠠᠷᠬᠤ ᠳᠤ ᠠᠭᠤᠷ ᠬᠦᠷᠤᠭ᠍ᠰᠡᠨ ᠭᠡᠵᠤ ᠨᠢᠳᠤ ᠤᠷᠤᠢ ᠲᠡᠭᠡᠷ᠎ᠡ ᠪᠠᠨ ᠭᠠᠷᠬᠤ ᠵᠠᠪᠳᠤᠵᠤ ᠁ | ᠭᠡᠷ ᠱᠦᠬᠦᠷᠳᠡᠳᠡᠭ ᠲᠤᠮᠤ ᠱᠦᠬᠦᠷ ᠢ ᠢᠯᠡᠨ ᠲᠠᠯᠠᠨ ᠦᠭᠡᠢ ᠰᠢᠬᠦᠷᠴᠤ ᠠᠪᠤᠭᠠᠳ ᠲᠡᠬᠦᠤ ᠶᠢ ᠡ ᠠ ᠶᠢ ᠨᠢ | ᠠᠯᠳᠠᠳᠠᠯ᠎ᠠ ᠲᠡᠨᠳᠡ ᠨᠢ ᠤᠨᠠᠭᠠᠨ ᠵᠤᠳᠤᠪᠠ᠃ | ᠲᠡᠬᠦᠤ ᠤᠬᠢᠯᠠᠬᠤ ᠶᠢᠨ ᠶᠡᠭᠡ ᠪᠠᠷ ᠤᠬᠢᠯᠠᠵᠤ᠂ ᠪᠢ ᠲᠡᠪᠳᠡᠷ ᠢᠶᠠᠨ ᠪᠤᠯᠢᠶᠠᠵᠤ ᠠᠪᠤᠭᠠᠳ ᠦᠵᠡᠬᠦ ᠳᠤ | ᠡᠷᠡᠬᠦᠯ ᠨᠢᠭᠤᠷ ᠭᠡᠵᠤ ᠨᠢᠭᠡ ᠴᠤ ᠠᠯᠠᠭ᠎ᠠ ᠪᠤᠯᠤᠭᠰᠠᠨ ᠪᠤᠯᠬᠤᠷ ᠠᠭᠤᠷ ᠤᠴᠠᠭᠠᠷ ᠲᠡᠬᠢᠨᠳᠡ ᠪᠠᠳᠠᠷᠡᠵᠦ ᠲᠡᠬᠦᠤ ᠶᠢ | ᠪᠠᠰᠠ ᠬᠡᠳᠤ ᠲᠡᠬᠢᠨ ᠢᠰᠬᠦᠯᠬᠦ ᠳᠤ ᠡᠵᠢ᠄ ︽ᠦᠭᠡᠢ ᠡᠨᠡ ᠴᠢᠨᠢ ᠮᠠᠭᠤ ᠲᠡᠬᠦᠤ ᠪᠠᠨ ᠠᠯᠠᠬᠤ ᠶᠤᠮ ᠤᠤ᠂ ᠡᠭᠡᠴᠢ | ᠴᠢᠨᠢ ᠮᠦᠳᠳᠤ ᠲᠡᠷᠡ ᠲᠡᠪᠳᠡᠷ ᠢ ᠴᠢᠨᠢ ᠬᠤᠷᠰᠢᠶᠡᠨ ᠠᠴᠠ ᠠᠪᠤᠭᠠᠳ ᠦᠭᠪᠡᠯ ᠪᠤᠯᠴᠢᠬᠠᠬᠤ ᠪᠢᠰᠢ ᠶᠤᠮ ᠤᠤ︾ | ᠭᠡᠵᠤ ᠨᠠᠮᠠᠢᠢ ᠵᠤᠭᠰᠤᠭᠠᠵᠤ ᠲᠡᠬᠦᠤ ᠶᠢ ᠠᠷᠭᠠᠳᠠᠨ ᠠᠪᠤᠯ᠎ᠠ᠃ | ᠲᠡᠷᠡ ᠡᠳᠤᠷ ᠪᠢ ᠭᠡᠷ ᠲᠤ ᠭᠠᠳᠠᠨ᠎ᠠ ᠦᠭᠡᠢ ᠭᠡᠨᠡᠨ ᠭᠤᠨᠠᠨ ᠭᠡᠵᠤ ᠰᠡᠳᠬᠢᠯ ᠠᠯᠭᠠᠰᠠᠨ ᠶᠠᠭᠤ ᠨᠢᠭᠡ ᠨᠠᠨᠳᠢᠨ | ᠵᠦᠢᠯ ᠢᠶᠠᠨ ᠭᠡᠭᠡᠵᠤ ᠤᠷᠬᠢᠭᠰᠠᠨ ᠶᠤᠮ ᠰᠢᠭ᠋ ᠰᠠᠨᠠᠭ᠎ᠠ ᠲᠤᠮᠳᠠᠭᠤᠷᠬᠠᠨ ᠪᠠᠶᠢᠵᠤ ᠤᠷᠤᠢ ᠠᠪᠤ ᠬᠤᠨᠢᠨ ᠠᠴᠠ | ᠢᠷᠡᠬᠦ ᠳᠤ ᠤᠷᠮ᠎ᠠ ᠮᠠᠭᠤᠳᠠᠶᠢᠬᠠᠨ ᠮᠤᠷᠢ ᠶᠢ ᠨᠢ ᠲᠤᠰᠴᠤ ᠠᠪᠤᠭᠠᠳ ᠤᠰᠤᠯᠠᠬᠤ ᠪᠠᠷ ᠶᠠᠪᠤᠬᠤ ᠳᠠᠭᠠᠨ ᠲᠡᠷᠡ | ᠵᠢᠯ ᠤᠨ ᠨᠠᠶᠢᠭᠠ ᠡᠵᠢ ᠶᠢᠨ ᠵᠠᠮ ᠲᠤᠰᠴᠤ ᠢᠷᠡᠭᠡᠳ ᠲᠡᠪᠳᠡᠷ ᠬᠠᠷᠠᠨᠳᠠ ᠦᠭᠬᠦᠭᠰᠡᠨ ᠭᠠᠵᠠᠷ ᠮᠤᠷᠢᠨ ᠠᠴᠠ ᠪᠠᠨ | ᠦᠪᠡᠷ ᠤᠨ ᠡᠷᠬᠡ ᠦᠭᠡᠢ ᠪᠠᠭᠤᠵᠤ᠄ ︽ᠲᠠᠨ ᠤ ᠨᠠᠠᠳᠢᠨ ᠰᠤᠷᠭᠠᠯ ᠢ ᠴᠡᠭᠡᠵᠢᠯᠡᠨ᠂ ᠲᠠᠨ ᠤ ᠨᠠᠨᠳᠢᠨ ᠲᠡᠪᠳᠡᠷ ᠢ | ᠬᠡᠳᠤᠨ ᠵᠢᠯ ᠬᠠᠳᠠᠭᠠᠯᠠᠵᠤ ᠶᠠᠪᠤᠭᠰᠠᠨ ᠢᠶᠠᠨ ᠦᠨᠤ ᠦᠭᠡᠢ ᠬᠢᠴᠢᠬᠡᠯ᠎ᠡ︾ ᠭᠡᠵᠤ ᠨᠠᠮᠠᠨᠴᠢᠯᠠᠵᠤ᠂ ᠶᠠᠭ ᠲᠡᠷᠡ | ᠭᠠᠵᠠᠷ ᠲᠤ ᠨᠢ ᠵᠢᠵᠢᠭᠬᠡᠨ ᠴᠢᠯᠠᠭᠤ ᠤᠪᠤᠭᠠᠯᠠᠨ ᠲᠡᠯᠪᠢᠵᠤ᠂ ᠰᠡᠳᠬᠢᠯ ᠢᠶᠠᠨ ᠲᠦᠷ ᠲᠠᠶᠢᠳᠬᠤᠷᠠᠭᠤᠯᠵᠤ ᠪᠢᠯᠡ᠃ | ᠠᠪᠤ ᠤᠷᠤᠢ ᠨᠢ ᠡᠨᠡ ᠲᠤᠬᠠᠢ ᠤᠴᠢᠷ ᠤᠬᠠᠭᠠᠨ ᠢ ᠲᠡᠬᠦᠤ ᠶᠢᠨ ᠤᠬᠢᠯᠠᠭᠰᠠᠨ ᠬᠠᠯᠳᠠᠷ ᠴᠢᠷᠡᠢ ᠠᠴᠠ ᠲᠦᠰᠤᠭᠡᠯᠡᠨ | ᠮᠡᠳᠡᠵᠤ᠂ ᠮᠠᠯ ᠤᠨᠤᠭᠠᠨ ᠤ ᠪᠠᠨ ᠭᠠᠷᠤᠵᠠ ᠬᠤᠬᠢᠷᠡᠯ ᠢ ᠲᠡᠮᠳᠡᠭᠯᠡᠬᠦ ᠭᠡᠵᠤ ᠠᠪᠤᠭᠰᠠᠨ᠂ ︽1976 ᠤᠨ︾ | ᠭᠡᠰᠡᠨ ᠲᠤᠭ᠎ᠠ ᠲᠠᠢ ᠤᠰᠤᠨ ᠴᠦᠬᠦᠷᠤᠮ ᠪᠤᠯᠤᠨ ᠦᠳᠬᠡᠨ ᠤᠷᠭᠤᠭᠰᠠᠨ ᠲᠠᠷᠢᠶᠡᠨ ᠲᠤᠮᠳᠠᠭᠤᠷ ᠬᠤᠶᠠᠷ ᠺᠤᠮᠪᠠᠶᠢᠨ | ᠶᠠᠪᠤᠵᠤ᠂ ᠴᠠᠭᠠᠨ᠎ᠠ ᠨᠢ ᠴᠠᠬᠢᠯᠭᠠᠨ ᠰᠳ᠋ᠨᠽᠢ ᠰᠡᠷᠢᠭᠰᠡᠨ ᠵᠢᠷᠤᠭ ᠲᠠᠢ ᠭᠤᠶᠤ ᠤᠯᠠᠭᠠᠨ ᠰᠦᠯᠢᠶᠤᠤ ᠭᠠᠳᠠᠷᠳᠤ | ᠲᠡᠪᠳᠡᠷ ᠢᠶᠠᠨ ᠨᠠᠳᠡ ᠦᠭᠪᠡ᠃ ᠪᠢ ᠲᠤᠮᠳᠠᠳᠤ ᠰᠤᠷᠭᠠᠭᠤᠯᠢ ᠲᠡᠬᠦᠰᠳᠡᠯ᠎ᠡ ᠪᠠᠨ ᠠᠪᠤ ᠶᠢᠨ ᠡᠨᠡ ᠤᠯᠠᠭᠠᠨ ᠭᠠᠳᠠᠷᠳᠤ | ᠲᠡᠮᠳᠡᠭᠯᠡᠯ ᠤᠨ ᠲᠡᠪᠳᠡᠷ ᠢ ᠪᠤᠷᠤ ᠭᠠᠳᠠᠷᠳᠤ ᠲᠠᠰᠬᠠᠯ ᠤᠨ ᠲᠡᠪᠳᠡᠷ ᠤᠨ ᠢᠶᠠᠨ ᠵᠠᠯᠭᠠᠮᠵᠢ ᠭᠡᠵᠤ ᠦᠷᠬᠦᠯᠵᠢ ᠨᠡᠨᠳᠢᠩᠨᠡᠨ | ᠬᠠᠶᠢᠷᠠᠯᠠᠵᠤ᠂ ᠮᠦᠨ ᠡᠨᠡ ᠲᠡᠪᠳᠡᠷ ᠲᠡᠭᠡᠷ᠎ᠡ ᠪᠠᠨ ᠠᠩᠬᠠᠨ ᠤ ᠰᠢᠯᠦᠭ ᠵᠤᠬᠢᠶᠠᠯ ᠤᠨ ᠢᠶᠠᠨ ᠦᠬᠦᠯᠡᠪᠤᠷᠢ ᠶᠢᠨ | ᠡᠬᠢᠨ ᠤ ᠤᠯᠠᠭᠠᠨ ᠮᠦᠷ ᠢ ᠭᠠᠷᠭᠠᠵᠤ᠄ ︽ᠮᠢᠨᠤ ᠦᠰᠦᠭᠰᠡᠨ ᠨᠤᠳᠤᠭ ᠤᠨ ᠨᠠᠭᠤᠷ ᠤᠰᠤᠨ︾ ᠭᠡᠰᠡᠨ ᠦᠴᠦᠬᠡᠨ | ᠨᠠᠶᠢᠷᠠᠭᠤᠯᠤᠯ ᠢᠶᠠᠨ ᠪᠢᠴᠢᠵᠤ ᠪᠢᠯᠡ᠃ ᠪᠤᠳᠤᠪᠡᠯ ᠡᠨᠡ ᠪᠤᠷᠤ ᠲᠡᠪᠳᠡᠷ ᠤᠨ ᠵᠠᠯᠭᠠᠮᠵᠢ ᠤᠯᠠᠭᠠᠨ ᠭᠠᠳᠠᠷᠳᠤ ᠲᠡᠪᠳᠡᠷ᠂ | ᠲᠡᠷᠡ ᠡᠪᠤᠭᠡᠨ ᠤ ᠬᠡᠯᠡᠭᠰᠡᠨ ︽ᠡᠨᠡ ᠰᠡᠴᠡᠨᠳᠤ ᠬᠠᠷᠢᠨ ᠨᠤᠮ ᠲᠠᠢ ᠬᠦᠮᠤᠨ ᠪᠤᠯᠬᠤ ᠨᠢ ᠪᠤᠯᠤᠯᠳᠠᠢ︕ ᠰᠠᠶᠢᠨ | ᠰᠤᠷᠤᠯᠴᠠᠭᠤᠯ︾ ᠭᠡᠰᠡᠨ ᠰᠤᠷᠭᠠᠯ ᠨᠠᠮᠠᠢᠢ ᠲᠡᠷᠡ ᠶᠠᠭᠤ ᠴᠤ ᠪᠢᠴᠢᠯ ᠦᠭᠡᠢ ᠤᠤᠯ ᠬᠡᠪ ᠢᠶᠠᠷ ᠢᠶᠠᠨ ᠬᠠᠳᠠᠭᠠᠯᠠᠨ | ᠪᠠᠶᠢᠭᠰᠠᠨ ᠲᠡᠪᠳᠡᠷ ᠪᠦᠷᠢ ᠶᠢᠨ ᠴᠠᠪ ᠴᠠᠭᠠᠨ ᠬᠠᠭᠤᠳᠠᠰᠤ ᠪᠠᠷ ᠨᠠᠮᠠᠢᠢ ︽ᠨᠤᠮ ᠢᠶᠠᠨ ᠰᠠᠶᠢᠨ ᠰᠤᠷᠴᠤ᠂ | ᠨᠤᠮᠤᠬᠠᠨ ᠢ ᠨᠢ ᠪᠠᠰᠠ ᠭᠠᠶᠢᠭᠤᠢ ᠰᠤᠷᠴᠤ᠂ ᠪᠢᠴᠢᠭ ᠨᠤᠮ ᠲᠠᠢ ᠬᠦᠮᠤᠨ ᠪᠤᠯᠤᠭᠠᠳ ᠢᠷᠡᠭᠡᠷᠡᠢ︾ ᠭᠡᠵᠤ | ᠬᠦᠭᠰᠢᠨ ᠤ ᠬᠢᠨ ᠬᠡᠯᠡᠭᠰᠡᠨ ᠦᠭᠡ ᠨᠢ ᠬᠡᠴᠢᠨᠡᠬᠡᠨ ᠵᠢᠯ ᠤᠨ ᠲᠠᠷᠠᠭ᠎ᠠ ᠡᠨᠡ ᠤᠯᠠᠭᠠᠨ ᠭᠠᠳᠠᠷᠳᠤ ᠲᠡᠪᠳᠡᠷ ᠲᠤ | ᠠᠩᠬᠠᠨ ᠤ ᠵᠤᠬᠢᠶᠠᠯ ᠪᠤᠯᠵᠤ ᠤᠩᠰᠢᠬᠳᠡᠨ ᠲᠤᠳᠤᠷᠠᠨ᠎ᠠ ᠭᠡᠵᠤ ᠬᠦᠯᠢᠶᠡᠵᠤ ᠪᠠᠶᠢᠭᠰᠠᠨ ᠴᠤ ᠪᠤᠯᠪᠠ ᠤᠤ︖ | ᠪᠢ ᠨᠠᠮᠤᠷ ᠨᠠᠮᠤᠷ ᠤᠨ ᠵᠢᠰᠤᠨ ᠰᠠᠷ᠎ᠠ ᠶᠢᠨ ᠨᠢᠭᠡᠨ ᠢᠶᠠᠷ ᠠᠩᠬ᠎ᠠ ᠪᠠᠭ᠎ᠠ ᠰᠤᠷᠭᠠᠭᠤᠯᠢ ᠳᠤ ᠤᠷᠤᠵᠤ | ᠪᠠᠶᠢᠭ᠎ᠠ ᠭᠡᠤᠭᠡᠳ ᠲᠤ ᠲᠠᠰᠬᠠᠯ ᠤᠨ ᠲᠡᠪᠳᠡᠷ ᠠᠪᠴᠤ ᠦᠭᠬᠦ ᠰᠠᠶᠢᠨ ᠲᠤᠷ᠎ᠠ ᠶᠢᠨ ᠲᠤᠷᠠᠰᠢᠯ ᠲᠠᠢ ᠪᠤᠯᠤᠭᠰᠠᠨ ᠮᠠᠨᠢ | ᠡᠬᠦᠨ ᠠᠴᠠ ᠡᠬᠢ ᠤᠯᠪᠠᠭ᠎ᠠ ᠲᠠᠢ ᠶᠤᠮ ᠳ᠋ᠠ᠃ ᠭᠡᠳᠡᠯ᠎ᠡ ᠲᠡᠷᠡ ᠵᠢᠵᠢᠭᠬᠡᠨ ᠴᠢᠯᠠᠭᠤᠨ ᠤᠪᠤᠭᠠᠨ ᠳᠤ ᠬᠤᠯᠠ ᠶᠢᠨ | ᠨᠤᠳᠤᠭ ᠠᠴᠠ ᠨᠠᠮᠤᠷ ᠨᠠᠮᠤᠷ ᠭᠠᠯᠠᠭᠤᠨ ᠲᠠᠭᠤᠨ ᠢᠶᠠᠷ ᠰᠦ᠋ ᠡᠷᠬᠦᠬᠦ ᠠᠴᠠ ᠠᠷᠭ᠎ᠠ ᠦᠭᠡᠢ ᠪᠤᠳᠤᠵᠤ ᠯᠡ ᠰᠠᠭᠤᠨ᠎ᠠ | ᠳ᠋ᠠ︕ | | | | | | |