| | —— ᠢ᠊᠂ ᠰᠤᠶᠤᠯᠳᠤ | | | ᠰᠢᠨᠵᠢᠯᠡᠬᠦ ᠤᠬᠠᠭᠠᠨ ᠪᠤᠯ ᠨᠢᠭᠡ ᠵᠦᠢᠯ ᠤᠨ ᠰᠤᠶᠤᠯ ᠤᠨ ᠦᠵᠡᠭᠳᠡᠯ ᠪᠦᠭᠡᠳ ᠮᠥᠨ ᠬᠦ᠋ ᠨᠢᠭᠡ ᠵᠦᠢᠯ | ᠤᠨ ᠬᠦᠨ ᠤᠬᠠᠭᠠᠨ ᠤ ᠦᠵᠡᠭᠳᠡᠯ ᠪᠤᠯᠤᠨ᠎ᠠ᠃ ᠶᠠᠮᠠᠷ ᠮᠠᠶ᠋ᠢᠭ ᠤᠨ ᠰᠤᠶᠤᠯ ᠤᠨ ᠬᠦᠷᠤᠰᠤ ᠪᠠᠶᠢᠪᠠᠯ ᠶᠠᠮᠠᠷ ᠮᠠᠶ᠋ᠢᠭ | ᠤᠨ ᠬᠦᠨ ᠤᠬᠠᠭᠠᠨ ᠪᠠ ᠰᠢᠨᠵᠢᠯᠡᠬᠦ ᠤᠬᠠᠭᠠᠨ ᠪᠤᠢ ᠪᠤᠯᠤᠨ᠎ᠠ︔ ᠡᠬᠦᠨ ᠢᠶᠠᠷ ᠲᠠᠮᠵᠢᠨ ᠡᠴᠣᠰ ᠲᠡᠭᠡᠨ ᠰᠤᠶᠤᠯ᠂ | ᠬᠦᠨ ᠤᠬᠠᠭᠠᠨ᠂ ᠰᠢᠨᠵᠢᠯᠡᠬᠦ ᠤᠬᠠᠭᠠᠨ ᠰᠠᠯᠤᠰᠢ ᠦᠭᠡᠢ ᠨᠢᠭᠡ ᠴᠤᠭᠴᠨ ᠪᠤᠯᠳᠠᠭ᠃ ᠪᠤᠳᠠᠳᠤ ᠪᠠᠶᠢᠳᠠᠯ ᠠᠴᠠ | ᠦᠵᠡᠬᠦ ᠳᠤ᠂ ᠲᠡᠤᠭᠡᠨ ᠲᠡᠭᠡᠷ᠎ᠡ ᠦᠨᠳᠤᠰᠤᠳᠠᠨ ᠪᠤᠯᠭᠠᠨ ᠪᠠᠷᠤᠭ ᠦᠪᠡᠷ ᠤᠨ ᠢᠶᠠᠨ ᠤᠷᠤᠰᠢᠯ ᠲᠤᠭᠳᠠᠨᠢᠯ ᠳᠤ | ᠵᠤᠷᠢᠭᠤᠯᠤᠭᠳᠠᠭᠰᠠᠨ ᠪᠠᠶᠢᠭᠠᠯᠢ ᠨᠡᠶᠢᠭᠡᠮ ᠤᠨ ᠲᠤᠬᠠᠢ ᠰᠢᠨᠵᠢᠯᠡᠯ ᠰᠤᠳᠤᠯᠤᠯ ᠲᠠᠢ ᠪᠠᠶᠢᠭᠰᠠᠨ ᠪᠠᠶᠢᠨ᠎ᠠ᠃ ᠵᠦᠪᠭᠡᠨ | ︽ᠮᠤᠩᠭᠤᠯ ᠠᠨᠠᠭᠠᠬᠤ ᠤᠬᠠᠭᠠᠨ︾᠂ ︽ᠬᠢᠳᠡᠳ ᠠᠨᠠᠭᠠᠬᠤ ᠤᠬᠠᠭᠠᠨ︾᠂ ︽ᠲᠦᠪᠡᠳ ᠠᠨᠠᠭᠬᠤ ᠤᠬᠠᠭᠠᠨ︾᠂ | ︽ᠡᠸᠦ᠋ᠷᠤᠫᠠ ᠠᠨᠠᠭᠠᠬᠤ ᠤᠬᠠᠭᠠᠨ︾ ᠢᠶᠠᠷ ᠵᠢᠱᠢᠶᠡᠯᠡᠬᠦ ᠳᠤ ᠴᠦ ᠡᠬᠦᠨ ᠳᠤ ᠴᠦᠮ ᠲᠤᠳᠤᠷᠬᠠᠢ ᠦᠪᠡᠷ ᠦᠪᠡᠷ | ᠤᠨ ᠵᠤᠬᠢᠬᠤ ᠭᠡᠮᠵᠢᠶᠡᠨ ᠤ ᠰᠢᠰᠲ᠋ᠧᠮ ᠲᠠᠢ ᠪᠠᠶᠢᠵᠠᠢ᠃ | ᠰᠢᠨᠵᠢᠯᠡᠬᠦ ᠤᠬᠠᠭᠠᠨ ᠤ ᠰᠢᠰᠲ᠋ᠧᠮ ᠨᠢ ᠨᠢᠭᠡᠨᠳᠡ ᠪᠦᠷᠢᠯᠳᠦᠭᠰᠠᠨ ᠦᠶ᠎ᠡ ᠳᠤ ᠬᠠᠷᠰᠢᠯᠠᠵᠤ ᠮᠡᠳᠡᠬᠦ | ᠬᠦᠴᠤᠨ ᠵᠦᠢᠯ ᠢ ᠠᠶᠠᠨᠳᠠᠭᠠᠨ ᠭᠠᠳᠠᠭᠤᠷᠴᠢᠯᠠᠭᠳᠠᠳᠠᠭ ᠤᠨᠴᠠᠯᠢᠭ ᠲᠠᠢ᠃ ᠵᠢᠱᠢᠶᠡᠯᠡᠪᠡᠯ᠂ ᠮᠤᠩᠭᠤᠯᠴᠤᠳ ᠡᠷᠳᠡ | ᠦᠶ᠎ᠡ ᠳᠤ ᠬᠦᠳᠡᠷ ᠬᠠᠶᠢᠯᠤᠭᠤᠯᠵᠤ ᠪᠠᠶᠢᠭᠠᠳ ᠬᠠᠶᠠᠭᠰᠠᠨ᠂ ᠰᠢᠪᠠᠷ ᠲᠤᠭᠤᠰᠬ᠎ᠠ ᠪᠠᠷ ᠭᠡᠷ ᠪᠠᠷᠢᠵᠤ ᠴᠢᠳᠠᠵᠤ | ᠪᠠᠶᠢᠭᠠᠳ ᠰᠦᠮ᠎ᠡ ᠤᠷᠳᠤᠨ ᠠᠴᠠ ᠪᠤᠰᠣᠳ ᠤᠷᠤᠨ ᠰᠠᠭᠤᠴᠨ ᠳᠤ ᠶᠡᠷᠤ ᠨᠢ ᠲᠡᠬᠦᠨ ᠢ ᠠᠰᠢᠭᠯᠠᠵᠤ ᠭᠡᠷᠡᠭᠯᠡᠳᠡᠭ | ᠦᠭᠡᠢ ᠪᠠᠶᠢᠭᠠᠳ ᠢᠷᠡᠭᠰᠠᠨ᠂ ᠭᠤᠤᠯ ᠱᠠᠩᠳᠠ᠂ ᠬᠠᠩᠭᠠᠢ ᠰᠢᠯᠢ ᠭᠠᠵᠠᠷ ᠢᠶᠠᠷ ᠬᠠᠭᠠᠯᠪᠤᠷᠢᠯᠠᠵᠤ ᠲᠠᠷᠢᠶ᠎ᠡ ᠲᠡᠷᠢᠬᠤ | ᠶᠢ ᠴᠡᠭᠡᠷᠯᠡᠭᠰᠠᠨ ᠭᠡᠬᠦ ᠮᠡᠳᠤ ᠴᠡᠭᠡᠷ ᠬᠤᠷᠢᠭ᠎ᠠ ᠨᠤᠭᠤᠳ ᠨᠢ ᠡᠳᠡᠭᠡᠷ ᠠᠵᠢᠯ ᠮᠡᠷᠭᠡᠵᠢᠯ ᠳᠤ ᠡᠬᠦᠳᠤᠯᠳᠡ ᠬᠢᠬᠦ ᠠᠴᠠ | ᠵᠠᠶᠢᠯᠠᠭᠰᠠᠨ ᠤᠴᠢᠷ ᠴᠦ ᠪᠢᠰᠢ᠂ ᠬᠠᠷᠢᠨ ᠰᠠᠨᠠᠭᠠᠴᠢᠯᠠᠨ ᠴᠤᠭᠴᠠᠯᠠᠭᠰᠠᠨ ᠦᠨᠳᠤᠰᠤᠳᠠᠨ ᠤ ᠪᠠᠨ ᠨᠢᠭᠡ ᠵᠦᠢᠯ ᠤᠨ | ᠰᠤᠶᠤᠯ ᠤᠨ ᠰᠢᠰᠲ᠋ᠧᠮ ᠢ ᠬᠠᠮᠠᠭᠠᠯᠠᠭᠰᠠᠨ ᠶᠠᠪᠤᠳᠠᠯ ᠪᠤᠯᠬᠤ ᠶᠤᠮ᠃ ᠡᠬᠦᠨ ᠠᠴᠠ ᠪᠢᠳᠠᠭᠢᠳᠡᠳ ᠦᠨᠳᠤᠰᠤᠳᠠᠨ ᠤ | ᠡᠷᠳᠡᠨ ᠤ ᠰᠢᠨᠵᠢᠯᠡᠬᠦ ᠤᠬᠠᠭᠠᠨ ᠪᠤᠯᠤᠨ ᠮᠤᠩᠭᠤᠯ ᠦᠨᠳᠤᠰᠤᠳᠠᠨ ᠤ ᠡᠷᠳᠡᠨ ᠤ ᠰᠢᠨᠵᠢᠯᠡᠬᠦ ᠤᠬᠠᠭᠠᠨ ᠪᠤᠯ ᠲᠤᠰ | ᠪᠦᠷᠢ ᠠᠳᠠᠯᠢ ᠪᠤᠰᠤ ᠨᠦᠭᠦᠴᠡᠯ ᠱᠠᠭᠠᠷᠳᠠᠯᠭ᠎ᠠ ᠠᠴᠠ ᠪᠠᠨ ᠪᠤᠯᠵᠤ ᠠᠳᠠᠯᠢ ᠪᠤᠰᠤ ᠶᠢᠨ ᠭᠡᠯᠪᠡᠷᠢ ᠲᠠᠢ ᠪᠦᠳᠦᠭᠰᠠᠨ | ᠨᠢᠭᠡ ᠵᠦᠢᠯ ᠤᠨ ᠤᠯᠠᠮᠵᠢᠯᠠᠯᠳᠤ ᠰᠤᠶᠤᠯ ᠭᠡᠳᠡᠭ ᠢ ᠠᠵᠢᠭᠯᠠᠨ ᠮᠡᠳᠡᠵᠤ ᠪᠤᠯᠤᠨ᠎ᠠ᠃ ᠠᠽᠢᠶ᠎ᠡ ᠶᠢᠨ ᠦᠨᠳᠤᠰᠤᠳᠠᠨ | ᠨᠦᠭᠦᠳ ᠤᠨᠰᠢᠨᠵᠢᠯᠡᠬᠦ ᠤᠬᠠᠭᠠᠨ ᠨᠢ ᠡᠨᠡ ᠮᠡᠳᠤ ᠪᠠᠷ ᠤᠷᠤᠨ ᠪᠦᠰᠨ ᠶᠢᠨ ᠢᠯᠭᠠᠭ᠎ᠠ᠂ ᠠᠵᠤ ᠡᠵᠡᠩᠨᠡᠯ ᠤᠨ | ᠵᠦᠷᠢᠶ᠎ᠡ ᠠᠴᠠ ᠪᠤᠯᠤᠭᠠᠳ ᠬᠤᠭᠤᠷᠤᠨᠳᠤ ᠪᠠᠨ ᠵᠤᠬᠢᠬᠤ ᠢᠯᠭᠠᠭ᠎ᠠ ᠲᠠᠢ ᠪᠤᠯᠤᠭᠰᠠᠨ ᠶᠤᠮ᠃ ᠨᠡᠬᠦᠳᠡᠯ ᠮᠠᠯᠵᠢᠯ ᠤᠨ | ᠰᠤᠶᠤᠯ ᠤᠨ ᠪᠦᠳᠤᠭᠡᠭᠳᠡᠬᠦᠨ ᠬᠢᠳᠡᠳ ᠦᠨᠳᠤᠰᠤᠳᠡᠨᠳᠥ ᠪᠠᠶᠢᠭ᠎ᠠ ᠦᠭᠡᠢ ᠰᠢᠯᠳᠠᠭᠠᠨ ᠨᠢ ᠲᠡᠳᠡᠨ ᠤ ᠰᠤᠶᠤᠯ ᠤᠨ | ᠭᠧᠨ ᠨᠢ ᠬᠤᠭᠤᠷᠤᠨᠳᠤ ᠪᠠᠨ ᠠᠳᠠᠯᠢ ᠦᠭᠡᠢ ᠠᠴᠠ ᠪᠤᠯᠤᠭᠰᠠᠨ ᠢ ᠬᠠᠷᠠᠭᠤᠯᠵᠤ ᠪᠤᠢ ᠰᠠᠨ᠃ | ᠮᠤᠩᠭᠤᠯᠴᠤᠳ ᠲᠤ ᠦᠨᠡᠨ ᠬᠦ ᠪᠡᠶ᠎ᠡ ᠪᠠᠨ ᠲᠠᠭᠠᠭᠠᠭᠰᠠᠨᠤᠯᠠᠮᠵᠢᠯᠠᠯᠳᠤ ᠰᠢᠨᠵᠢᠯᠡᠬᠦ ᠤᠬᠠᠭᠠᠨ ᠲᠠᠢ | ᠪᠠᠶᠢᠭᠰᠠᠨ ᠭᠡᠵᠤ ᠵᠢᠱᠢᠪᠡᠯ᠂ ᠪᠤᠳᠠᠳᠤ ᠭᠡᠷᠡᠭᠯᠡᠭᠡᠨ ᠳᠤ ᠴᠦ ᠲᠡᠬᠦᠨ ᠲᠠᠢ ᠵᠤᠬᠢᠴᠠᠯᠳᠤᠭᠰᠠᠨ ᠨᠡᠶᠢᠳᠡᠯᠢᠭ ᠤᠨᠴᠠᠯᠢᠭ | ᠲᠠᠢ ᠰᠢᠨᠵᠢᠯᠡᠬᠦ ᠤᠬᠠᠭᠠᠨ ᠮᠡᠷᠭᠡᠵᠢᠯ ᠤᠨᠵᠠᠷᠢᠮ ᠡᠬᠦᠳᠤᠯᠳᠡ ᠪᠦᠳᠤᠭᠡᠯ ᠴᠦ ᠪᠠᠶᠢᠬᠤ ᠨᠢ ᠮᠡᠳᠡᠭᠡᠵᠢ ᠶᠤᠮ᠃ ᠡᠶᠢᠮᠤ | ᠠᠴᠠ ᠮᠤᠩᠭᠤᠯᠴᠤᠳ ᠮᠡᠷᠭᠡᠵᠢᠯ ᠤᠨ ᠲᠠᠯ᠎ᠠ ᠶᠢᠨ ᠠᠰᠠᠭᠤᠳᠠᠯ ᠢ ᠴᠦ ᠬᠦᠨᠳᠤᠳᠭᠡᠨ ᠦᠵᠡᠬᠦ ᠴᠢᠬᠤᠯᠠᠳᠠᠢ᠃ | ᠬᠢᠳᠡᠳ ᠦᠨᠳᠤᠰᠤᠳᠠᠨ ᠰᠤᠷᠪᠤᠯᠵᠢ ᠪᠢᠴᠢᠭ ᠤᠨ ᠳᠡᠮᠳᠡᠭᠯᠡᠯ ᠲᠠᠢ ᠪᠤᠯᠤᠬᠰᠡᠨ ᠠᠴᠠ ᠨᠠᠰᠢ ᠡᠬᠦᠰᠦᠭᠰᠠᠨ ᠴᠠᠭᠠᠰᠤ᠂ | ᠵᠦᠭᠯᠡᠬᠦᠷ᠂ ᠳᠠᠷᠢ᠂ ᠦᠷᠦᠮᠡᠯ ᠦᠰᠦᠭ ᠤᠨ ᠭᠡᠪᠯᠡᠯ ᠮᠡᠳᠤ ᠶᠢᠨ ᠮᠡᠷᠭᠡᠵᠢᠯ ᠤᠨ ᠠᠭᠤᠯᠤᠭᠳᠠᠴᠨ ᠲᠠᠢ ᠡᠬᠦᠳᠤᠯᠳᠡ | ᠪᠦᠳᠤᠭᠡᠯ ᠢ ᠳᠡᠤᠭᠡᠨ ᠳᠡᠭᠡᠷᠡᠭᠢ ᠤᠯᠤᠰ ᠳᠦᠷᠦ᠂ ᠠᠵᠤ ᠠᠬᠤᠢ᠂ ᠰᠤᠶᠤᠯ ᠤᠨ ᠬᠦᠭᠵᠢᠯᠳᠡ ᠳᠤ ᠠᠤᠭ᠎ᠠ ᠶᠡᠭᠡ | ᠳᠦᠯᠭᠢᠴᠡ ᠦᠢᠯᠡᠳᠦᠯ ᠦᠵᠡᠬᠦᠯᠦᠭᠰᠡᠨ ᠤᠯᠠᠮᠵᠢᠯᠠᠯᠳᠤ ᠰᠢᠨᠵᠢᠯᠡᠬᠦ ᠤᠬᠠᠭᠠᠨ ᠮᠡᠷᠭᠡᠵᠢᠯ ᠤᠨ ᠡᠬᠦᠳᠤᠯᠳᠡ ᠭᠡᠵᠤ | ᠦᠵᠡᠵᠤ ᠪᠤᠢ᠃ ᠮᠤᠩᠭᠤᠯᠴᠤᠳ ᠴᠦ ᠭᠡᠰᠡᠨ ᠡᠷᠳᠡᠨ ᠤ ᠤᠯᠠᠮᠵᠢᠯᠡᠯ ᠲᠠᠢ ᠠᠭᠤᠤ ᠶᠡᠭᠡ ᠦᠨᠳᠦᠰᠦᠳᠡᠨ ᠶᠤᠮ᠂ | ᠮᠤᠩᠭᠤᠯᠴᠤᠳ ᠨᠡᠩ ᠡᠷᠳᠡᠨ ᠤ ᠦᠶ᠎ᠡ ᠳᠤ ᠠᠮᠢᠳᠤᠷᠠᠯ ᠤᠨ ᠲᠤᠮᠳᠠᠬᠢ ᠴᠢᠬᠤᠯᠠ ᠭᠡᠷᠡᠭᠯᠡᠭᠡᠨ ᠤ ᠦᠢᠯᠡᠳᠬᠦᠨ ᠤᠳ | ᠢ ᠡᠬᠦᠳᠦᠨ ᠪᠦᠳᠦᠭᠡᠭᠡᠳ ᠳᠡᠬᠦᠨ ᠢᠶᠠᠷ ᠢᠶᠠᠨ ᠨᠡᠬᠦᠳᠡᠯ ᠮᠠᠯᠵᠢᠯ ᠤᠨ ᠠᠵᠤ ᠠᠬᠤᠢ ᠨᠡᠶᠢᠭᠡᠮ ᠤᠨ ᠤᠷᠤᠰᠢᠨ | ᠳᠤᠬᠳᠠᠨᠢᠬᠤ ᠪᠠ ᠬᠦᠭᠵᠢᠬᠦ ᠶᠢᠨ ᠵᠠᠶᠢᠯᠠᠰᠢ ᠦᠭᠡᠢ ᠤᠷᠢᠳᠴᠢ ᠨᠦᠬᠦᠴᠡᠯ ᠪᠤᠯᠭᠠᠵᠤ ᠪᠠᠶᠢᠵᠠᠢ᠃ ᠮᠤᠩᠭᠤᠯᠴᠤᠳ | ᠤᠨ ᠡᠷᠬᠢᠮᠯᠡᠨ ᠲᠡᠭᠡᠳᠤᠯᠡᠳᠡᠭ ᠦᠢᠯᠡᠳᠪᠦᠷᠢᠯᠡᠯ ᠤᠨ ᠭᠡᠷᠡᠭᠰᠠᠯ ᠪᠠ ᠠᠮᠢᠳᠤᠷᠠᠯ ᠤᠨ ᠭᠡᠷᠡᠭᠰᠡᠯ ᠨᠢ ᠪᠠᠶᠢᠭᠠᠯᠢ ᠶᠢ | ᠬᠠᠮᠠᠭᠠᠯᠠᠨ ᠲᠡᠭᠡᠳᠤᠯᠡᠬᠦ ᠪᠠᠷ ᠦᠨᠳᠤᠰᠤᠨ ᠰᠠᠭᠤᠷᠢ ᠪᠠ ᠡᠴᠤᠰ ᠤᠨ ᠵᠤᠷᠢᠯᠳᠠ ᠪᠤᠯᠭᠠᠭᠰᠠᠨ ᠤᠴᠢᠷ ᠠᠴᠠ ᠲᠡᠬᠦᠨ | ᠤ ᠵᠢᠩᠭᠢᠨᠢ ᠪᠠᠶᠢᠭᠠᠯᠢ ᠶᠢᠨ ᠵᠢᠮ᠎ᠡ ᠶᠤᠰᠤᠨ ᠪᠠ ᠬᠦᠮᠤᠨ ᠲᠦᠷᠦᠯᠭᠢᠳᠡᠨ ᠤ ᠨᠦᠭᠡᠴᠠᠳᠠᠢ ᠬᠦᠭᠵᠢᠯᠳᠡ ᠳᠤ | ᠨᠡᠶᠢᠴᠡᠭᠰᠠᠨ ᠦᠷ᠎ᠡ ᠳ᠋ᠦᠩ ᠨᠢ ᠬᠠᠷᠢ ᠦᠨᠳᠤᠰᠤᠳᠠᠨᠳᠥ ᠴᠢᠬᠠᠤᠯᠠᠴᠢᠯᠠᠭᠳᠠᠭᠰᠠᠨ ᠲᠡᠳᠡᠭᠡᠷ ᠤᠯᠠᠮᠵᠢᠯᠠᠯ ᠮᠡᠷᠭᠡᠵᠢᠯ | ᠤᠨ ᠡᠬᠦᠳᠤᠯᠳᠡ ᠲᠠᠢ ᠦᠨᠳᠤᠰᠤᠨ ᠢᠯᠭᠠᠭ᠎ᠠ ᠲᠠᠢ ᠪᠤᠯᠵᠤ᠂ ᠡᠴᠤᠰ ᠲᠡᠭᠡᠨ ᠮᠡᠷᠭᠡᠵᠢᠯ ᠤᠨ ᠡᠬᠦᠳᠤᠯᠳᠠ ᠶᠢᠨ | ᠤᠳᠬ᠎ᠠ ᠠᠭᠤᠯᠭ᠎ᠠ ᠠᠴᠠ ᠪᠠᠨ ᠴᠦ ᠲᠠᠪᠠᠭᠠᠳ ᠬᠠᠷᠢᠨ ᠬᠦᠮᠤᠨ ᠪᠤᠯᠬᠤ ᠶᠢᠨ ᠦᠨᠳᠤᠰᠤᠨ ᠭᠡᠷᠡᠭᠴᠡᠭᠡ ᠶᠢ | ᠪᠠᠶᠢᠩᠭᠤ ᠬᠠᠩᠭᠠᠬᠤ ᠪᠠ ᠨᠡᠯᠢᠶᠡᠳ ᠬᠠᠩᠭᠠᠮᠵᠢᠳᠠᠢ ᠪᠠᠳᠤᠯᠠᠬᠤ ᠶᠢ ᠵᠤᠷᠢᠭᠰᠠᠨ ᠤᠯᠠᠮᠵᠢᠯᠠᠯᠳᠤ ᠰᠢᠨᠵᠢᠯᠡᠬᠦ ᠤᠬᠠᠭᠠᠨ | ᠤ ᠢᠯᠡᠷᠡᠬᠦᠯᠦᠯᠳᠠ ᠶᠢᠨ ᠴᠢᠬᠤᠯᠨ ᠰᠢᠰᠲ᠋ᠧᠮ ᠪᠤᠯᠵᠠᠢ᠃ ᠵᠢᠱᠢᠶᠠᠯᠠᠪᠠᠯ᠂ ᠮᠤᠩᠭᠤᠯ ᠭᠡᠷ᠂ ᠬᠠᠩᠭᠠᠢ ᠲᠡᠷᠭᠡ ᠪᠠ | ᠪᠤᠷᠴᠨ ᠪᠠᠷ ᠭᠢᠭᠰᠡᠨ ᠱᠠᠷᠢᠭ ᠢᠳᠡᠭᠡᠨ ᠪᠤᠯ ᠮᠤᠩᠭᠤᠯᠴᠤᠳ ᠤᠨ ᠤᠯᠠᠨ ᠮᠢᠩᠭᠠᠨ ᠵᠢᠯ ᠤᠨ ᠦᠢᠯᠡᠳᠪᠤᠷᠢᠯᠡᠯ | ᠠᠮᠢᠳᠤᠷᠠᠯ ᠤᠨ ᠲᠤᠭᠳᠠᠭᠤᠨ ᠢᠶᠠᠷ ᠬᠦᠭᠵᠢᠬᠦ ᠶᠡᠷᠤᠩᠭᠡᠢ ᠴᠢᠳᠠᠪᠦᠷᠢ ᠶᠢ ᠨᠡᠯᠢᠶᠡᠳ ᠰᠠᠶᠢᠨ ᠬᠠᠷᠠᠭᠤᠯᠵᠤ ᠴᠢᠳᠠᠬᠤ | ᠴᠢᠬᠤᠯᠨ ᠶᠡᠭᠡ ᠡᠬᠦᠳᠤᠯᠳᠡ ᠶᠢᠨ ᠪᠦᠳᠤᠭᠡᠯ ᠤᠳ ᠪᠤᠯᠬᠤ ᠪᠦᠭᠡᠳ ᠴᠢᠨᠠᠭᠰᠢᠳᠠ ᠬᠤᠭᠤᠷᠤᠨᠳᠤ ᠪᠠᠨ ᠴᠦ ᠰᠠᠯᠵᠤ | ᠪᠤᠯᠤᠰᠢ ᠦᠭᠡᠢ ᠭᠡᠷᠡᠭᠯᠡᠭᠡᠨ ᠤ ᠲᠤᠭᠳᠠᠯᠴᠠᠭ᠎ᠠ ᠲᠠᠢ ᠰᠢᠰᠲ᠋ᠧᠮ ᠪᠤᠯᠤᠭᠰᠠᠨ ᠭᠡᠳᠡᠭ ᠨᠢ ᠮᠠᠰᠢ ᠢᠯᠡᠷᠭᠡᠢ ᠪᠠᠶᠢᠳᠠᠭ᠃ | ᠮᠤᠩᠭᠤᠯᠴᠤᠳ ᠤᠨ ᠨᠡᠬᠦᠳᠡᠯ ᠮᠠᠯ ᠮᠠᠯᠵᠢᠯ ᠤᠨ ᠤᠯᠠᠮᠵᠢᠯᠠᠯᠳᠤ ᠰᠢᠨᠵᠢᠯᠡᠬᠦ ᠤᠬᠠᠭᠠᠨ ᠤ ᠰᠢᠰᠲ᠋ᠧᠮ ᠡᠶᠢᠮᠤ ᠲᠤᠯᠬᠤ | ᠴᠡᠭ ᠲᠤ ᠰᠠᠭᠤᠷᠢᠯᠠᠭᠰᠠᠨ ᠪᠤᠯᠬᠤᠷ ᠦᠭᠡᠷ᠎ᠡ ᠭᠡᠴᠢᠨᠡᠨ ᠵᠦᠢᠯ ᠤᠨ ᠡᠬᠦᠳᠤᠯᠳᠠ ᠪᠦᠳᠤᠭᠡᠯ ᠪᠠᠶᠢᠯ᠎ᠠ ᠴᠦ ᠭᠡᠰᠡᠨ | ᠤᠯᠠᠮᠵᠢᠯᠠᠯᠳᠤ ᠰᠢᠨᠵᠢᠯᠡᠬᠦ ᠤᠬᠠᠭᠠᠨ ᠤ ᠭᠤᠤᠯ ᠪᠦᠳᠤᠭᠡᠯ ᠪᠤᠯᠵᠤ ᠡᠰᠡ ᠴᠢᠳᠠᠨ᠎ᠠ ᠭᠡᠵᠤ ᠤᠶᠢᠯᠠᠭᠠᠭᠳᠠᠬᠤ ᠯᠠ | ᠶᠤᠰᠤᠳᠠᠢ᠃ | 1. ᠮᠤᠩᠭᠤᠯ ᠭᠡᠷ ᠤᠨ ᠡᠬᠦᠳᠤᠯᠳᠡ᠄ ᠬᠠᠭᠤᠴᠢ ᠰᠤᠳᠤᠯᠤᠬᠴᠢᠳ ᠤᠨ ᠢᠯᠡᠷᠡᠬᠦᠯᠦᠭᠰᠡᠨ ᠢᠶᠠᠷ᠂ ᠤᠳᠤ | ᠠᠴᠠ ᠳᠦᠮᠡ ᠭᠠᠷᠤᠢ ᠵᠢᠯ ᠤᠨ ᠡᠮᠤᠨ᠎ᠡ ᠭᠢᠩᠭᠠᠨ ᠳᠠᠪᠠᠭ᠎ᠠ ᠠᠴᠠ ᠡᠮᠤᠨ᠎ᠡ ᠰᠢᠷᠠᠮᠦ᠋ᠷᠡᠨ ᠤ ᠰᠠᠪᠠ ᠳᠤ ᠠᠮᠢᠳᠤᠷᠠᠵᠤ | ᠪᠠᠶᠢᠭᠰᠠᠨ ᠮᠤᠩᠭᠤᠯᠤᠳ ᠬᠦᠮᠤᠨ ᠤ ᠤᠷᠤᠴᠨ ᠪᠠ ᠤᠳᠤ ᠠᠴᠠ ᠨᠠᠢᠮᠠ ᠶᠢᠰᠦᠨ ᠮᠢᠩᠭᠠᠨ ᠵᠢᠯ ᠤᠨ ᠡᠮᠤᠨᠡᠭᠢ ︽ | ᠰᠢᠩ ᠯᠦᠩ ᠸᠠ ᠶᠢᠨ ᠪᠠᠭᠤᠷᠢ︾ ᠶᠢᠨ ᠭᠡᠷ ᠪᠠᠷᠢᠯᠭ᠎ᠠ ᠨᠢ ᠪᠦᠷ ᠮᠤᠩᠭᠤᠯ ᠭᠡᠷ ᠤᠨ ᠤᠤᠭᠠᠯ ᠳᠦᠯᠦᠪᠳᠠᠢ ᠪᠠᠷ | ᠵᠤᠬᠢᠶᠠᠭᠳᠠᠵᠤ ᠪᠠᠶᠢᠵᠠᠢ᠃ ᠤᠨ ᠳᠤᠭᠠᠯᠠᠯ ᠤᠨ ᠡᠮᠤᠨ᠎ᠡ 800 ᠤᠨ ᠤ ᠤᠷᠴᠢᠮ ᠡᠾᠧ ᠯᠠᠨ ᠱᠠᠨ ᠠᠭᠤᠯᠠᠨ | ᠠᠴᠠ ᠡᠮᠤᠨ᠎ᠡ ᠬᠠᠪᠢ ᠳᠤ ᠠᠮᠢᠳᠤᠷᠠᠵᠤ ᠪᠠᠶᠢᠬᠰᠡᠨ ᠬᠦᠮᠦᠨ ᠪᠠ ᠤᠳᠤ ᠶᠢᠨ ᠤᠷᠤᠰ ᠤᠨ ᠳᠤᠸᠠ ᠦᠪᠡᠷᠳᠡᠭᠡᠨ | ᠵᠠᠰᠠᠬᠤ ᠪᠦᠬᠦᠳᠡ ᠨᠠᠶᠢᠷᠠᠮᠳᠠᠬᠤ ᠤᠯᠤᠰ ᠤᠨ ᠨᠤᠳᠤᠭ ᠲᠠᠬᠢ ︽ᠡᠷᠬᠦᠨ᠎ᠡ ᠬᠤᠨ︾ ᠤ ᠮᠤᠩᠭᠤᠯ ᠶᠠᠰᠤᠳᠠᠨ ᠲᠤᠬᠠᠢ | ᠶᠢᠨ ᠦᠶ᠎ᠡ ᠳᠤ ︽ᠮᠤᠩᠭᠤᠯ ᠭᠡᠷ︾ ᠲᠤ ᠰᠠᠭᠤᠵᠤ ᠪᠠᠶᠢᠬᠰᠡᠨ ᠢ ︽ᠳᠡᠤᠭᠡᠨ ᠳᠡᠮᠳᠡᠭᠯᠡᠯ᠂ ᠡᠾᠦ᠋ᠩᠨᠤ ᠶᠢᠨ ᠪᠦᠯᠦᠭ | ︾ ᠲᠤ ᠨᠠᠷᠢᠨ ᠳᠡᠮᠳᠡᠭᠯᠡᠵᠤ ᠪᠠᠶᠢᠳᠠᠭ᠃ | ᠰᠤᠳᠤᠯᠤᠭᠠᠳᠠᠳ ᠤᠨ ᠢᠯᠡᠷᠡᠬᠦᠯᠦᠭᠰᠠᠨ ᠢᠶᠠᠷ᠂ ᠮᠤᠩᠭᠤᠯ ᠭᠡᠷ ᠮᠠᠰᠢ ᠤᠯᠠᠨ ᠲᠠᠪᠠᠭᠤᠯᠢᠭ ᠲᠠᠢ᠃ ᠶᠠᠭᠤᠨ | ᠤ ᠡᠮᠦᠨ᠎ᠡ᠂ ᠶᠠᠩᠵᠤ ᠪᠦᠷᠢ ᠶᠢᠨ ᠨᠡᠬᠦᠳᠡᠯ ᠬᠢᠬᠦ ᠳᠤ ᠲᠤᠭᠢᠷᠠᠮᠵᠢᠳᠠᠢ ᠪᠠᠶᠢᠳᠠᠭ ᠨᠢ ᠲᠡᠬᠦᠨ ᠤ ᠲᠤᠭᠤᠨᠤ᠂ ᠤᠨᠢ᠂ | ᠬᠠᠨ᠎ᠠ ᠭᠡᠰᠡᠨ ᠭᠤᠷᠪᠠᠨ ᠱᠠᠳᠣᠳᠤ ᠪᠦᠳᠤᠴᠨ ᠪᠠᠷ ᠪᠦᠷᠢᠯᠳᠦᠭᠰᠠᠨ ᠤ ᠬᠢᠨᠲ᠋ᠠᠭᠠᠤ ᠭᠡᠰᠡᠭᠯᠡᠨ ᠠᠰᠢᠬᠯᠠᠵᠤ ᠪᠤᠯᠬᠤ᠂ | ᠲᠦᠷᠬᠡᠨ ᠪᠠᠭᠤᠯᠭᠠᠵᠤ ᠪᠤᠯᠬᠤ᠂ ᠶᠡᠭᠡᠰᠭᠡᠵᠤ ᠪᠠᠭᠠᠰᠬᠠᠵᠤ ᠪᠤᠯᠬᠤ᠂ ᠨᠡᠮᠭᠡᠯᠡᠵᠤ ᠵᠤᠵᠠᠭᠠᠯᠠᠵᠤ ᠪᠤᠯᠬᠤ ᠪᠠ ᠠᠴᠢᠵᠤ | ᠨᠡᠬᠦᠯᠬᠡᠭᠦ ᠳᠤ ᠬᠦᠩᠭᠡᠨ᠂ ᠵᠠᠰᠠᠪᠤᠷᠢ ᠬᠢᠬᠦ ᠳᠤ ᠲᠦᠬᠦᠮ ᠵᠡᠷᠭᠡ ᠲᠠᠪᠠᠭᠤᠯᠢᠭ ᠤᠨᠴᠠᠯᠢᠭ ᠲᠠᠢ ᠪᠠᠶᠢᠭᠰᠠᠨ ᠠᠴᠠ | ᠪᠤᠯᠤᠭᠰᠠᠨ ᠶᠤᠮ᠃ ᠲᠠᠷᠠᠭ᠎ᠠ ᠨᠢ᠂ ᠪᠦᠳᠤᠴᠨ ᠶᠢᠨ ᠲᠠᠯ᠎ᠠ ᠠᠴᠠ ᠰᠢᠨᠵᠢᠯᠡᠬᠦ ᠤᠬᠠᠭᠠᠨ ᠤ ᠭᠡᠳᠤ ᠭᠡᠳᠤᠨ | ᠦᠨᠳᠤᠰᠤᠯᠠᠯ ᠳᠤ ᠰᠠᠭᠤᠷᠢᠯᠠᠭᠰᠠᠨ ᠨᠢ ᠨᠡᠩ ᠭᠠᠶᠢᠬᠠᠮᠰᠢᠭᠳᠠᠢ ᠪᠠᠶᠢᠳᠠᠭ᠂ ᠡᠬᠦᠨ ᠳᠤ ᠲᠠᠬᠢᠶᠠᠨ ᠦᠨᠳᠡᠭᠡᠨ ᠬᠠᠯᠢᠰᠤ | ᠰᠢᠭ᠋ ᠪᠦᠮᠪᠤᠭᠡᠷ ᠨᠢᠮᠭᠡᠨ ᠪᠦᠷᠬᠦᠬᠦᠯ ᠤᠨ ᠦᠨᠳᠤᠰᠤᠯᠠᠯ ᠢᠶᠠᠷ ᠡᠷᠴᠢᠮᠰᠢᠯ ᠲᠠᠢ᠂ ᠪᠠᠭᠢ ᠪᠦᠭᠡᠳ ᠮᠠᠲ᠋ᠧᠷᠢᠶᠠᠯ ᠪᠠᠭ᠎ᠠ | ᠭᠡᠷᠡᠭᠯᠡᠭᠳᠡᠭᠰᠡᠨ︔ ᠰᠤᠷᠤᠭᠤᠯ ︵ᠪᠤᠮᠪᠤ︶ ᠤᠨ ᠦᠨᠳᠤᠰᠤᠯᠡᠯ ᠢᠶᠠᠷ ᠮᠤᠩᠭᠤᠯ ᠭᠡᠷ ᠲᠤ ᠲᠡᠭᠡᠷ᠎ᠡ ᠲᠤᠤᠷ᠎ᠠ ᠲᠠᠷᠤᠯᠳᠠ | ᠵᠢᠨᠵᠦ᠋ᠷᠢᠶᠡ ᠡᠬᠦᠰᠴᠤ ᠵᠤᠤᠬ᠎ᠠ ᠨᠢ ᠪᠠᠶᠢᠰᠢᠩ ᠤᠨ ᠬᠠᠨᠵᠤ ᠠᠳᠠᠯᠢ ᠤᠳᠤᠭ᠎ᠠ ᠬᠠᠭ᠋ᠠᠬᠤ ᠶᠠᠪᠤᠳᠠᠯ ᠢ ᠦᠭᠡᠶᠢᠰᠭᠡᠭᠰᠠᠨ | ︔ ᠬᠦᠢᠳᠡᠨ ᠠᠴᠠ ᠬᠠᠯᠬᠠᠯᠠᠵᠤ ᠲᠤᠯᠠᠭᠠᠯᠠᠬᠤ ᠦᠨᠳᠤᠰᠤᠯᠡᠯ ᠢᠶᠠᠷ ᠲᠤᠰᠬᠠᠢ ᠰᠡᠪᠰᠡᠭᠡᠷᠬᠦᠤ ᠢᠰᠡᠬᠡᠢ ᠪᠠᠷ ᠪᠦᠷᠢᠭᠰᠡᠨ | ︔ ᠬᠦᠴᠤ ᠵᠦᠢ ᠶᠢᠨ ᠦᠨᠳᠤᠰᠤᠯᠡᠯ ᠢᠶᠠᠷ ᠰᠢᠬᠦᠷᠡᠨ ᠤᠨᠢ᠂ ᠨᠤᠮᠤᠨ ᠬᠠᠨ᠎ᠠ ᠶᠢᠨ ᠲᠠᠷᠬᠠᠯᠳᠠ ᠨᠢ ᠵᠢᠭᠳᠡ᠂ | ᠬᠤᠯᠪᠤᠯᠳᠠ ᠨᠢ ᠤᠬᠠᠭᠠᠯᠢᠭ᠂ ᠪᠦᠳᠤᠴᠠ ᠨᠢ ᠵᠤᠬᠢᠰᠳᠠᠢ᠂ ᠬᠦᠯᠢᠶᠡᠨ ᠠᠪᠬᠤ ᠬᠦᠴᠤ ᠨᠢ ᠲᠡᠩᠴᠡᠪᠤᠷᠢᠳᠠᠢ᠂ | ᠬᠠᠷᠢᠯᠴᠠᠨ ᠰᠦᠯᠵᠢᠯᠳᠤᠵᠤ ᠬᠠᠷᠢᠯᠴᠠᠨ ᠵᠠᠭᠤᠭᠳᠠᠭᠰᠠᠨ ᠪᠠ ᠨᠢᠭᠡᠳᠦᠭᠰᠠᠨ ᠬᠦᠴᠤ ᠲᠠᠢ ᠪᠤᠯᠭᠠᠭᠰᠠᠨ ᠪᠠ ᠬᠦᠨᠳᠤ | ᠶᠢᠨ ᠬᠦᠴᠤ ᠶᠢ ᠲᠤᠭᠤᠨᠤ ᠨᠢ ᠤᠨᠢ ᠳᠤ ᠲᠠᠮᠵᠢᠭᠤᠯᠬᠤ᠂ ᠤᠨᠢ ᠨᠢ ᠬᠠᠨ᠎ᠠ ᠳᠤ ᠲᠠᠮᠵᠢᠭᠤᠯᠬᠤ᠂ ᠬᠠᠨ᠎ᠠ ᠨᠢ ᠭᠠᠵᠠᠷ | ᠲᠤ ᠲᠡᠮᠵᠢᠭᠤᠯᠳᠠᠭ ᠪᠤᠯᠭᠠᠭᠰᠠᠨ︔ ᠭᠸᠤᠮᠧᠲᠷᠢ ᠶᠢᠨ ᠦᠨᠳᠤᠰᠤᠯᠡᠯ ᠢᠶᠠᠷ ᠨᠢᠭᠡ ᠢᠵᠢᠯᠢ ᠲᠤᠭᠤᠷᠢᠭ ᠤᠨ ᠤᠷᠳᠤ | ᠪᠠᠶᠢᠳᠠᠯ ᠳᠤ ᠲᠤᠭᠤᠷᠢᠭ ᠤᠨ ᠲᠠᠯᠠᠪᠠᠢ ᠨᠢ ᠲᠦᠷᠪᠡᠯᠵᠢᠨ ᠬᠠᠨ᠎ᠠ ᠲᠠᠢ ᠪᠠᠶᠢᠰᠢᠩ ᠢ ᠪᠤᠳᠤᠪᠠᠯ ᠡᠵᠡᠯᠡᠬᠦᠨ ᠨᠢ ᠶᠡᠭᠡ | ᠪᠤᠯᠤᠭᠰᠠᠨ᠂ ᠭᠡᠷᠡᠯ ᠵᠦᠢ ᠶᠢᠨ ᠦᠨᠳᠤᠰᠤᠯᠡᠯ ᠢᠶᠠᠷ ᠲᠤᠭᠤᠨᠤ ᠶᠢ ᠤᠷᠤᠢ ᠳᠤᠨᠢ ᠭᠠᠷᠭᠠᠭᠰᠠᠨ ᠪᠤᠯᠬᠤᠷ ᠨᠠᠷᠨ | ᠲᠤᠰᠬᠤ ᠴᠠᠭ ᠨᠢ ᠨᠠᠷᠨ ᠲᠠᠢ ᠬᠠᠮᠳᠤ ᠶᠠᠪᠤᠭᠳᠠᠵᠤ ᠭᠡᠷ ᠲᠤᠳᠤᠷ᠎ᠠ ᠰᠠᠷᠠᠭᠤᠯ ᠪᠠᠶᠢᠬᠤ ᠶᠢ ᠪᠠᠳᠤᠯᠠᠬᠤ ᠶᠢᠨ ᠬᠠᠮᠳᠤ | ᠲᠤᠭᠤᠨᠤ ᠶᠢᠨ ᠡᠶᠢᠮᠤ ᠪᠦᠳᠤᠴᠨ ᠪᠤᠯᠤᠨ ᠤᠨᠢ ᠶᠢᠨ ᠰᠢᠬᠦᠷ ᠶᠠᠰᠤ ᠨᠢ ᠮᠤᠩᠭᠤᠯ ᠭᠡᠷ ᠲᠤ ᠨᠠᠷᠨ ᠲᠤᠰᠬᠤ ᠴᠠᠭ ᠢ | ᠲᠡᠩᠴᠡᠬᠦᠤ ᠬᠡᠮᠵᠢᠵᠤ ᠴᠢᠳᠠᠳᠠᠭ ᠠᠴᠠ ᠪᠤᠯᠵᠤ ᠴᠠᠭ ᠢ ᠬᠡᠮᠵᠢᠬᠦ ᠨᠠᠷᠠᠨ ᠴᠠᠭᠯᠠᠪᠤᠷᠢ ᠪᠤᠯᠤᠭᠰᠠᠨ ᠵᠡᠷᠭᠡ ᠪᠤᠯ ᠴᠦᠮ | ᠡᠷᠳᠡᠨ ᠤ ᠮᠤᠩᠭᠤᠯᠴᠤᠳ ᠤᠨ ᠰᠢᠨᠵᠢᠯᠡᠬᠦ ᠤᠬᠠᠭᠠᠨ ᠤ ᠰᠡᠳᠬᠢᠴᠨ ᠪᠤᠯᠬᠤ ᠶᠤᠮ᠃ ᠮᠤᠩᠭᠤᠯ ᠭᠡᠷ ᠤᠨ | ᠪᠦᠷᠢᠯᠳᠤᠬᠦᠨ ᠳᠤ ᠮᠤᠳᠤ᠂ ᠰᠢᠷᠢ᠂ ᠢᠰᠡᠭᠡᠢ ᠠᠴᠠ ᠦᠭᠡᠷ᠎ᠡ ᠲᠡᠮᠦᠷᠯᠢᠭ ᠪᠤᠶᠤ ᠲᠤᠭᠤᠰᠬ᠎ᠠ ᠼᠧᠮᠧᠨ᠋ᠲ ᠤᠨ ᠵᠦᠢᠯ | ᠶᠠᠭ ᠭᠡᠷᠡᠭᠯᠡᠭᠳᠡᠳᠡᠭ ᠦᠭᠡᠢ ᠤᠴᠢᠷ ᠠᠴᠠ ᠲᠠᠯ᠎ᠠ ᠨᠤᠳᠤᠭ ᠪᠤᠯᠤᠨ ᠬᠦᠮᠦᠨ ᠳᠤ ᠶᠠᠮᠠᠷ ᠴᠦ ᠪᠤᠭᠢᠷᠳᠤᠯ ᠦᠭᠡᠢ | ᠪᠠᠶᠢᠳᠠᠭ ᠪᠠᠷᠢᠯᠭ᠎ᠠ ᠶᠢᠨ ᠪᠦᠳᠤᠭᠡᠭᠳᠡᠬᠦᠨ ᠪᠤᠯᠬᠤ ᠶᠤᠮ᠃ ᠮᠤᠩᠭᠤᠯ ᠭᠡᠷ ᠨᠢ ᠤᠮᠠᠷᠠᠳᠤ ᠶᠢᠨ ᠦᠨᠳᠤᠰᠦᠳᠡᠨ ᠤ | ᠨᠡᠬᠦᠳᠡᠯ ᠮᠠᠯᠵᠢᠯ ᠤᠨ ᠠᠵᠤ ᠠᠬᠤᠢ ᠨᠡᠶᠢᠭᠡᠮ ᠤᠨ ᠡᠬᠦᠰᠦᠯ ᠪᠦᠷᠢᠯᠳᠦᠯ᠂ ᠤᠷᠤᠰᠢᠯ ᠳᠤᠬᠳᠠᠨᠢᠯ᠂ ᠬᠦᠭᠵᠢᠯ | ᠪᠤᠵᠠᠭᠠᠶᠢᠷᠠᠯ ᠳᠤ ᠳᠦᠢᠯ ᠤᠨ ᠶᠡᠭᠡ ᠦᠢᠯᠡᠳᠤᠯ ᠦᠵᠡᠬᠦᠯᠦᠭᠰᠡᠨ ᠭᠠᠶᠢᠬᠠᠯᠳᠠᠢ ᠶᠡᠭᠡ ᠰᠢᠨᠵᠢᠯᠡᠬᠦ ᠤᠬᠠᠭᠠᠨ ᠤ ᠪᠠ | ᠰᠤᠶᠤᠯ ᠤᠨ ᠪᠦᠳᠦᠭᠳᠡᠬᠦᠨ ᠪᠤᠯᠬᠤ ᠶᠤᠮ᠃ | 2. ᠬᠠᠩᠭᠠᠢ ᠲᠡᠷᠭᠡ ᠶᠢᠨ ᠡᠬᠦᠳᠤᠯᠳᠠ᠄ ᠬᠠᠩᠭᠠᠢ ᠳᠡᠷᠭᠡ ᠶᠢ ᠪᠠᠰᠠ ︽ᠵᠢᠷᠤᠭᠠᠴᠢᠨ ᠳᠡᠷᠭᠡ︾ ᠭᠡᠳᠡᠭ᠃ | ᠳᠦᠮᠡ ᠭᠠᠷᠤᠢ ᠵᠢᠯ ᠤᠨ ᠬᠤᠭᠤᠴᠠᠭ᠎ᠠ ᠶᠢ ᠵᠠᠷᠤᠴᠠᠭᠤᠯᠵᠤ ᠭᠡᠳᠤ ᠭᠡᠳᠤᠨ ᠤᠳᠠᠭ᠎ᠠ ᠶᠢᠨ ᠦᠭᠡᠷᠡᠴᠢᠯᠡᠯᠳᠡ ᠶᠢ | ᠳᠠᠮᠵᠢᠨ ᠳᠦᠯᠦᠪᠰᠢᠷᠡᠬᠦᠯᠵᠠᠢ᠃ ᠰᠢᠨᠵᠢᠯᠡᠬᠦ ᠤᠬᠠᠭᠠᠨ ᠤ ᠲᠡᠤᠭᠡ ᠰᠤᠳᠤᠯᠤᠭᠠᠴᠢ ᠨᠠᠷ ᠤᠨ ᠦᠵᠡᠬᠦ ᠪᠠᠷ᠂ ᠬᠠᠩᠭᠠᠢ | ᠲᠡᠷᠭᠡ ᠮᠤᠩᠭᠤᠯ ᠤᠨ ᠦᠨᠳᠦᠷᠯᠢᠭ ᠲᠤ 5000 ᠵᠢᠯ ᠤᠨ ᠲᠡᠷᠳᠡᠭᠡ ᠠᠳᠤᠭᠤ ᠭᠠᠷᠰᠢᠭᠤᠯᠬᠤ ᠶᠢ ᠲᠠᠭᠠᠯᠳᠤᠨ | ᠡᠬᠦᠰᠴᠠᠢ᠃ ᠠᠳᠤᠭᠤ ᠮᠠᠯᠵᠢᠭᠰᠠᠨ ᠦᠨᠳᠤᠰᠤᠳᠠᠨ ᠯᠠ ᠰᠠᠶ᠋ᠢ ᠲᠡᠷᠭᠡ ᠦᠢᠯᠡᠳᠬᠦ ᠪᠤᠯᠤᠮᠵᠢ ᠲᠠᠢ᠃ ᠮᠤᠩᠭᠤᠯᠴᠤᠳ | ᠶᠡᠷᠤᠨᠢ ᠲᠡᠭᠷᠢ ᠡᠴᠠᠡᠬᠢᠯᠡᠨ ᠪᠦᠬᠦ ᠶᠠᠭᠤᠮ᠎ᠠ ᠲᠤᠭᠤᠷᠢᠭ ᠪᠠᠶᠢᠬᠤ ᠭᠡᠳᠡᠭ ᠲᠤ ᠲᠦᠰᠢᠭᠯᠡᠵᠤ ᠰᠡᠳᠬᠢᠳᠡᠭ ᠪᠤᠯᠬᠤᠷ | ᠠᠮᠢᠳᠤᠷᠠᠯ ᠦᠢᠯᠡᠳᠪᠤᠷᠢᠯᠡᠯ ᠤᠨ ᠭᠡᠷᠡᠭᠴᠡᠭᠡ ᠶᠢ ᠲᠠᠭᠠᠯᠳᠤᠨ ᠲᠤᠭᠤᠷᠢᠭ ᠬᠦᠷᠳᠤ ᠠᠶᠠᠨᠳᠠᠭᠠᠨ ᠡᠬᠦᠰᠦᠭᠰᠠᠨ | ᠪᠠᠶᠢᠳᠠᠭ᠃ ᠡᠬᠦᠨ ᠳᠤ ᠴᠠᠷᠭ᠎ᠠ ᠠᠴᠠ ᠪᠠᠨ ᠲᠤᠭᠤᠷᠢᠭ ᠬᠦᠷᠳᠤ ᠲᠠᠢ ᠪᠤᠯᠤᠭᠰᠠᠨ ᠨᠢ ᠬᠠᠮᠤᠭ ᠤᠨ ᠴᠢᠬᠤᠯᠨ | ᠡᠬᠦᠳᠦᠯᠳᠡ ᠪᠤᠯᠵᠠᠢ᠃ ᠤᠳᠤ ᠶᠢᠨ ᠠᠽᠢᠶ᠎ᠠ ᠳᠢᠪ ᠤᠨ ᠤᠮᠠᠷᠠᠳᠤ ᠶᠢᠨ ᠨᠤᠳᠤᠭ ᠲᠠᠢ ᠡᠰᠺᠢᠮᠤᠰ ᠬᠦᠮᠤᠨ᠂ | ᠠᠯᠠᠰᠺᠢ ᠬᠦᠮᠤᠨ ᠤ ᠭᠡᠷᠡᠭᠯᠡᠵᠤ ᠪᠠᠶᠢᠭ᠎ᠠ ᠨᠤᠬᠠᠢ ᠶᠢᠨ ᠴᠢᠷᠭ᠎ᠠ᠂ ᠪᠤᠭᠤ ᠶᠢᠨ ᠴᠢᠷᠭ᠎ᠠ ᠪᠤᠯ ᠴᠦᠮ ᠮᠠᠨ ᠤ ᠬᠠᠮ | ᠳᠡᠭᠡᠳᠤᠰ ᠠᠴᠠ ᠤᠯᠠᠮᠵᠢᠯᠠᠨ ᠠᠪᠤᠬᠰᠡᠨ ᠶᠤᠮ᠃ ᠳᠦᠷᠪᠡᠨ ᠮᠢᠩᠭ᠎ᠠ ᠭᠠᠷᠤᠢ ᠵᠢᠯ ᠤᠨ ᠡᠮᠤᠨ᠎ᠡ ᠮᠤᠩᠭᠤᠯᠴᠤᠳ ᠤᠨ | ᠳᠡᠭᠡᠳᠤᠰ ᠴᠢᠷᠭ᠎ᠠ ᠳᠤ ᠬᠤᠶᠠᠷ ᠬᠦᠷᠳᠤ ᠳᠠᠭᠠᠷᠠᠭᠤᠯᠤᠨ ᠮᠤᠷᠢ ᠪᠠᠷ ᠪᠤᠶᠤ ᠦᠭᠡᠷ ᠢᠶᠠᠷ ᠴᠢᠷᠤᠳᠡᠭ ᠭᠡᠯᠪᠡᠷᠢ ᠲᠠᠢ | ᠪᠤᠯᠭᠠᠪᠠ᠃ ᠪᠠᠶᠢᠭᠠᠯ ᠨᠠᠭᠤᠷ ᠤᠨ ᠤᠷᠴᠢᠮ ᠤᠨ ᠮᠤᠩᠭᠤᠯ ᠤᠨ ᠦᠨᠳᠦᠷᠯᠢᠭ᠂ ᠡᠾᠧ ᠯᠠᠨ ᠱᠠᠨ ᠠᠭᠤᠯᠠ ᠶᠢᠨ | ᠬᠠᠳᠠᠨ ᠵᠢᠷᠤᠭ ᠲᠤ ᠡᠬᠦᠨ ᠤ ᠵᠢᠷᠤᠭ ᠢᠯᠡᠷᠡᠭᠰᠡᠨ ᠪᠠᠶᠢᠳᠠᠭ᠃ ᠬᠠᠯᠬ᠎ᠠ ᠶᠢᠨ ᠬᠤᠶᠢᠳᠤ ᠳᠤᠸᠠ ᠶᠢᠨ ᠨᠤᠳᠤᠭ ᠲᠤ | ᠢᠯᠡᠷᠡᠭᠰᠡᠨ ᠪᠤᠭᠤᠨ ᠴᠢᠯᠠᠭᠤ ︵鹿石︶ ᠳᠡᠭᠡᠷ᠎ᠡ ᠰᠠᠶᠢᠯᠦᠭᠰᠡᠨ ᠵᠢᠷᠤᠭ ᠤᠨ ᠦᠯᠡᠳᠡᠴᠡ ᠠᠴᠠ ᠦᠵᠡᠪᠡᠯ | ᠮᠤᠩᠭᠤᠯᠴᠤᠳ ᠭᠤᠷᠪᠠᠨ ᠮᠢᠩᠭᠠᠨ ᠵᠢᠯ ᠤᠨ ᠳᠡᠷᠳᠡᠭᠡ ᠠᠴᠠ ᠮᠤᠷᠢ ᠪᠠᠷ ᠳᠡᠷᠭᠡ ᠭᠡᠯᠢᠵᠤ ᠭᠡᠷᠡᠭᠯᠡᠵᠤ ᠪᠠᠶᠢᠬᠰᠡᠨ | ᠪᠠᠶᠢᠨ᠎ᠠ᠃ ᠳᠡᠷᠡ ᠦᠶ᠎ᠡ ᠳᠤ ᠪᠦᠷᠢᠶᠠᠳ ᠬᠦᠮᠤᠨ ᠳᠡᠨᠳᠡ ᠠᠮᠢᠳᠤᠷᠠᠵᠤ ᠪᠠᠶᠢᠵᠠᠢ᠃ ︽ᠪᠤᠭᠤ ᠶᠢᠨ ᠴᠢᠯᠠᠭᠤ︾ | ᠳᠡᠭᠡᠷ᠎ᠡ ᠮᠤᠷᠢᠨ ᠤ ᠵᠢᠯᠤᠭᠤ ᠤᠶᠠᠳᠠᠭ ᠳᠡᠭᠡ ᠶᠢ ᠳᠤᠪ ᠳᠤᠳᠤᠷᠬᠠᠢ ᠵᠢᠷᠤᠵᠠᠢ᠃ ᠳᠡᠭᠡ ᠶᠢ ᠳᠡᠷᠭᠡᠴᠢᠨ ᠨᠢ ᠪᠦᠰᠡᠨ | ᠠᠴᠠ ᠪᠠᠨ ᠵᠡᠬᠦᠭᠡᠳ ᠳᠡᠷᠭᠡᠨ ᠳᠡᠭᠡᠷ᠎ᠡ ᠵᠤᠬᠰᠤᠨ ᠵᠢᠯᠤᠭᠤ ᠶᠢ ᠨᠢ ᠳᠡᠬᠦᠨ ᠠᠴᠠ ᠪᠠᠨ ᠡᠯᠬᠦᠵᠤ ᠠᠩ ᠠᠩᠨᠠᠯ᠂ | ᠳᠤᠯᠤᠯᠳᠤᠭᠠᠨ ᠳᠤ ᠨᠤᠮᠤ ᠰᠤᠮᠤ ᠬᠠᠷᠪᠤᠬᠤ ᠳᠤ ᠳᠦᠬᠦᠮ ᠪᠤᠯᠭᠠᠬᠤ ᠪᠠᠷ ᠭᠡᠷᠡᠭᠯᠡᠵᠤ ᠪᠠᠶᠢᠬᠰᠡᠨ ᠪᠠᠶᠢᠨ᠎ᠠ᠃ ᠬᠤᠶᠠᠷ | ᠮᠢᠩᠭ᠎ᠠ ᠭᠠᠷᠤᠢ ᠵᠢᠯ ᠤᠨ ᠡᠮᠤᠨ᠎ᠡ ᠡᠾᠦ᠋ᠩᠨᠤᠴᠤᠳ ᠳᠤᠮᠤ ᠬᠦᠷᠳᠤ ᠲᠠᠢ ᠳᠡᠷᠭᠡ ᠪᠤᠯᠭᠠᠨ ᠭᠡᠷᠡᠭᠯᠡᠵᠠᠢ᠃ ᠡᠨᠡ | ᠳᠡᠷᠭᠡ ᠶᠢ ᠤᠮᠠᠷᠠᠳᠤ ᠸᠧᠢ ᠤᠯᠤᠰ ᠠᠴᠠ ᠬᠤᠶᠢᠨ᠎ᠠ ᠤᠳᠤ ᠶᠢᠨ ᠬᠦᠭᠡᠬᠤᠳᠠ᠂ ᠬᠠᠳᠤᠨ ᠭᠤᠤᠯ ᠤᠨ ᠬᠦᠪᠡᠭᠡ | ᠳᠠᠭᠠᠤ ᠠᠮᠢᠳᠤᠷᠠᠵᠤ ᠪᠠᠶᠢᠬᠰᠡᠨ ᠴᠢᠯᠧ ᠦᠨᠳᠦᠰᠦᠳᠡᠨ ᠴᠦ ᠬᠦᠯᠢᠶᠡᠨ ᠬᠡᠷᠡᠭᠯᠡᠭᠰᠡᠨ ᠪᠠᠶᠢᠳᠠᠭ᠃ | ᠳᠡᠤᠭᠡᠨ ᠲᠡᠭᠡᠷᠡᠬᠢ ᠮᠤᠩᠭᠤᠯ ᠤᠨ ᠳᠡᠭᠡᠳᠤᠰ ᠤᠨ ᠭᠡᠳᠤ ᠤᠳᠠᠭᠠᠨ ᠤ ᠶᠡᠭᠡ ᠨᠡᠬᠦᠳᠡᠯ ᠳᠤ ᠮᠤᠩᠭᠤᠯ | ᠳᠡᠷᠭᠡᠨ ᠤ ᠭᠢᠨᠢ ᠦᠢᠯᠡᠳᠤᠯ ᠳᠦᠢᠯ ᠤᠨ ᠶᠡᠭᠡ ᠪᠠᠳᠠᠷᠠᠭᠤᠯᠤᠬᠳᠠᠬᠰᠡᠨ ᠠᠵᠢ᠃ ᠮᠤᠩᠭᠤᠯ ᠳᠡᠷᠭᠡ ᠶᠢ | ᠮᠤᠩᠭᠤᠯᠴᠤᠳ ᠤᠨ ᠳᠡᠭᠡᠳᠤᠰ ᠪᠦᠳᠦᠭᠡᠭᠰᠡᠨ ᠢᠶᠠᠷ ᠦᠯᠤ ᠪᠠᠷᠠᠮ᠂ ᠭᠢᠳᠡᠳᠴᠤᠳ ᠳᠡᠷᠭᠡ ᠭᠡᠷᠡᠭᠯᠡᠵᠤ ᠡᠭᠢᠯᠡᠬᠦ ᠦᠶ᠎ᠡ | ᠳᠤ ᠮᠤᠩᠭᠤᠯᠴᠤᠳ ᠨᠡᠩ ᠤᠯᠠᠨ ᠭᠡᠷᠡᠭᠴᠡᠭᠡᠳᠠᠢ ᠳᠡᠷᠭᠡ ᠶᠢ ᠵᠤᠭᠢᠶᠠᠨ ᠭᠡᠷᠡᠭᠯᠡᠵᠤ ᠴᠦ ᠪᠠᠶᠢᠵᠠᠢ᠃ ᠳᠤᠯᠤᠳᠤᠭᠠᠷ | ᠵᠠᠭᠤᠨ ᠤ ᠮᠤᠩᠭᠤᠯᠴᠤᠳ ᠤᠨ ᠳᠤᠮᠳᠠ ᠳᠡᠷᠭᠡᠴᠢ ᠭᠡᠳᠡᠭ ᠳᠤᠰᠬᠠᠢ ᠠᠵᠢᠯ ᠳᠦᠷᠦᠯ ᠤᠨ ᠮᠡᠷᠭᠡᠵᠢᠯᠳᠡᠨ ᠪᠤᠢ ᠪᠤᠯᠵᠤ | ᠦᠢᠯᠡᠳᠤᠯ ᠢᠶᠠᠨ ᠶᠡᠭᠡ ᠪᠠᠷ ᠪᠠᠳᠠᠷᠠᠭᠤᠯᠵᠤ ᠪᠠᠶᠢᠵᠠᠢ᠃ ᠡᠬᠦᠨ ᠤ ᠭᠡᠷᠡᠴᠢ ᠨᠢ ᠵᠠᠷᠢᠮ ᠰᠤᠳᠤᠯᠤᠭᠠᠴᠢ ᠶᠢᠨ ᠳᠡᠤᠭᠡ | ᠶᠢᠨ ᠰᠤᠷᠪᠤᠯᠵᠢ ᠪᠢᠴᠢᠭ ᠠᠴᠠ ᠠᠩᠬᠠᠷᠤᠬᠰᠡᠨ ︽7 —8 ᠳ᠋ᠤᠭᠠᠷ ᠵᠠᠭᠤᠨ ᠤ ᠦᠶ᠎ᠡ ᠶᠢᠨ ᠮᠤᠩᠭᠤᠯᠴᠤᠳ | ᠨᠢᠭᠡ ᠳᠡᠷᠭᠡᠨ ᠳᠤ 1— 22 ᠱᠠᠷ ᠦᠭᠡᠷ ᠪᠤᠶᠤ ᠳᠡᠮᠡᠭᠡ ᠬᠦᠯᠯᠡᠵᠤ᠂ ᠬᠦᠰᠭᠡᠨ ᠤ ᠪᠠᠨ ᠳᠠᠭᠠᠭᠠᠴᠠ ᠶᠢ | ᠨᠡᠮᠡᠭᠳᠡᠬᠦᠯᠵᠤ ᠪᠠᠶᠢᠬᠰᠡᠨ︾ ᠳᠠᠳᠤᠢ ᠦᠭᠡᠢ ︽ᠬᠦᠰᠭᠡ ᠳᠡᠷᠭᠡ ᠨᠢ ᠮᠤᠩᠭᠤᠯ ᠤᠨ ᠰᠠᠭᠤᠷᠢᠨ ᠭᠠᠵᠠᠷ ᠲᠤ ᠳᠠᠸᠠᠷ | ᠤᠨ ᠬᠦᠢᠯᠭᠡᠭᠡᠨ ᠳᠤ ᠤᠷᠤᠯᠴᠠᠬᠤ ᠪᠤᠯᠤᠬᠰᠡᠨ︾ ᠭᠡᠰᠡᠨ ᠮᠡᠳᠡᠭᠡᠯᠡᠯ ᠠᠴᠠ ᠤᠯᠭᠤᠵᠤ ᠪᠠᠶᠢᠭ᠎ᠠ ᠶᠤᠮ᠃ 1235 | ᠤᠨ ᠳᠤ ᠤᠷᠬᠤᠨ ᠭᠤᠤᠯ ᠳᠤ ᠪᠠᠶᠢᠭᠤᠯᠤᠬᠰᠡᠨ ᠬᠠᠷ᠎ᠠ ᠬᠤᠷᠢᠮ ᠬᠤᠳᠠ᠂ 13 —14 ᠳ᠋ᠤᠭᠡᠷ ᠵᠠᠭᠤᠨ ᠤ | ᠦᠶ᠎ᠡ ᠳᠤ ᠪᠠᠶᠢᠬᠰᠡᠨ᠂ ᠤᠳᠤ ︽ᠳᠠᠭᠢᠯ ᠤᠨ ᠤᠰᠤ︾ ᠭᠡᠳᠡᠭ ᠤᠷᠠᠴᠤᠯ ᠤᠨ ᠰᠠᠭᠤᠷᠢ ᠶᠢᠨ ᠤᠷᠤ ᠦᠯᠡᠳᠡᠴᠡ | ᠶᠢ ᠮᠠᠯᠳᠠᠬᠤ ᠳᠤ ᠮᠤᠳᠤᠨ ᠳᠡᠷᠭᠡᠨ ᠳᠤ ᠭᠡᠷᠡᠭᠯᠡᠳᠡᠭ ᠳᠡᠮᠤᠷ ᠴᠦᠩ᠂ ᠵᠠᠩ᠂ ᠴᠢᠭᠢ ᠤᠯᠠᠨ ᠤᠯᠠᠳᠠᠬᠰᠡᠨ ᠭᠡᠳᠡᠭ | ᠮᠡᠳᠡᠭᠡᠯᠡᠯ ᠠᠴᠠ ᠦᠵᠡᠪᠡᠯ 12— 13 ᠳ᠋ᠤᠭᠠᠷ ᠵᠠᠭᠤᠨ ᠤ ᠦᠶ᠎ᠡ ᠶᠢᠨ ᠮᠤᠩᠭᠤᠯᠴᠤᠳ ᠬᠦᠰᠭᠡ ᠳᠡᠷᠭᠡ ᠳᠤ | ᠭᠠᠷᠤᠬᠰᠡᠨ ᠪᠦᠭᠡᠳ ᠳᠡᠳᠡ ᠳᠤᠰᠬᠠᠢ ᠳᠡᠮᠤᠷᠴᠢᠨ ᠳᠡᠷᠭᠡ ᠦᠢᠯᠡᠳᠬᠦ ᠳᠤ ᠳᠠᠷᠠᠬᠯᠠᠵᠤ ᠪᠠᠶᠢᠬᠰᠡᠨ ᠭᠡᠳᠡᠭ ᠨᠢ | ᠮᠡᠳᠡᠭᠳᠡᠵᠤ ᠪᠤᠢ᠃ ︽ᠮᠤᠳᠤᠨ ᠪᠤᠯᠤ ᠳᠤ ᠴᠦᠩ ᠰᠠᠭᠤᠯᠭᠠᠵᠤ᠂ ᠮᠤᠳᠤᠨ ᠭᠤᠤᠯ ᠳᠤ ᠵᠠᠩ ᠰᠢᠭᠢᠳᠭᠡᠵᠤ ᠳᠡᠮᠤᠷ | ᠴᠢᠭᠢ ᠭᠡᠷᠡᠭᠯᠡᠭᠰᠡᠨ ᠨᠢ ᠤᠳᠤ ᠴᠠᠭ ᠤᠨ ᠠᠦ᠋ᠲ᠋ᠤ᠋ ᠬᠦᠰᠭᠡᠨ ᠤ ᠬᠤᠯᠬᠤᠪᠴᠢ᠂ ᠦᠷᠡᠯ ᠤᠨ ᠤᠬᠠᠭᠠᠨ ᠤ ᠡᠬᠦᠰᠭᠡᠯ | ᠤᠨ ᠨᠢᠭᠡ ᠨᠢ ᠪᠤᠯᠵᠤ ᠳᠡᠷᠭᠡᠨ ᠤ ᠳᠠᠭᠠᠭᠠᠴᠠ᠂ ᠡᠳ᠋ᠯᠡᠭᠡ ᠶᠢ ᠨᠡᠩ ᠶᠡᠭᠡ ᠨᠡᠮᠡᠭᠳᠡᠬᠦᠯᠵᠤ ᠴᠢᠳᠠᠵᠠᠢ︾ ᠭᠡᠵᠤ ᠵᠠᠷᠢᠮ | ᠰᠤᠳᠤᠯᠤᠭᠠᠴᠢ ᠦᠵᠡᠵᠠᠢ᠃ ᠡᠨᠡ ᠦᠶ᠎ᠡ ᠳᠤ ᠮᠤᠩᠭᠤᠯᠴᠤᠳ ᠬᠠᠷᠠᠭᠤᠳᠠᠢ ᠳᠡᠷᠭᠡ᠂ ᠬᠠᠰᠠᠭ ᠳᠡᠷᠭᠡ᠂ ᠦᠯᠵᠠᠶᠢᠳᠠᠢ | ᠳᠡᠷᠭᠡ᠂ ᠤᠩᠭᠠᠰᠤᠳᠤ ᠳᠡᠷᠭᠡ᠂ ᠬᠠᠭᠠᠳᠠᠢ ᠳᠡᠷᠭᠡ᠂ ᠶᠡᠭᠡ ᠭᠡᠷᠳᠤ ᠳᠡᠷᠭᠡ᠂ ᠤᠷᠳᠤᠨ ᠤ ᠳᠡᠷᠭᠡ ︵ᠪᠤᠶᠤ ᠤᠷᠳᠤ | ᠭᠡᠷ ᠳᠡᠷᠭᠡ︶ ᠭᠡᠬᠦ ᠮᠡᠳᠤ ᠶᠢᠨ ᠵᠦᠢᠯ ᠪᠦᠷᠢ ᠶᠢᠨ ᠭᠡᠯᠪᠡᠷᠢ ᠪᠦᠳᠦᠴᠡ ᠲᠠᠢ ᠬᠦᠰᠭᠡ ᠪᠠᠭᠠᠵᠢ ᠶᠢ ᠠᠮᠵᠢᠯᠳᠡ ᠲᠠᠢ | ᠵᠤᠭᠢᠶᠠᠨ ᠭᠡᠷᠡᠭᠯᠡᠵᠤ ᠪᠠᠶᠢᠬᠰᠡᠨ ᠪᠠᠶᠢᠨ᠎ᠠ᠃ | ᠮᠤᠩᠭᠤᠯ ᠲᠡᠷᠭᠡ ᠪᠤᠯ ᠮᠤᠩᠭᠤᠯᠴᠤᠳ ᠤᠨ ᠳᠡᠤᠭᠡᠨ ᠳᠤ ᠪᠦᠳᠦᠭᠡᠭᠳᠡᠭᠰᠡᠨ ᠡᠳ᠋ ᠤᠨ ᠪᠤᠯᠪᠠᠰᠤᠨ ᠳᠤ | ᠬᠤᠯᠪᠤᠬᠳᠠᠬᠤ ᠨᠡᠶᠢᠭᠡᠮ ᠤᠨ ᠦᠢᠯᠡᠳᠪᠦᠷᠢᠯᠡᠯ ᠤᠨ ᠭᠡᠷᠡᠭᠰᠡᠯ ᠤᠨ ᠴᠢᠬᠤᠯᠠ ᠨᠢᠭᠡᠨ ᠪᠦᠳᠦᠭᠡᠭᠳᠡᠬᠦᠨ ᠪᠤᠯᠤᠨ᠎ᠠ᠃ | ᠮᠤᠩᠭᠤᠯᠴᠤᠳ ᠪᠤᠯ ᠳᠦᠷᠪᠡᠨ ᠤᠯᠠᠷᠢᠯ ᠳᠤ ᠨᠡᠬᠦᠳᠡᠭ ᠨᠡᠬᠦᠳᠡᠯ ᠮᠠᠯᠵᠢᠯ ᠤᠨ ᠰᠤᠶᠤᠯ ᠲᠠᠢ ᠦᠨᠳᠤᠰᠦᠳᠡᠨ ᠶᠤᠮ᠃ | ᠳᠡᠷᠭᠡ ᠪᠤᠢ ᠪᠤᠯᠤᠬᠰᠡᠨ ᠨᠢ ᠮᠠᠯ ᠤᠨ ᠨᠢᠷᠤᠭᠤᠨ ᠳᠤ ᠠᠴᠢᠬᠤ ᠳᠡᠭᠡᠭᠡᠪᠦᠷᠢ ᠠᠴᠠ ᠴᠢᠯᠦᠭᠡᠯᠡᠵᠤ ᠮᠠᠯ ᠢ ᠬᠦᠰᠭᠡᠨ ᠳᠤ | ᠬᠦᠯᠯᠡᠯᠡᠨ ᠳᠡᠷᠭᠡ ᠪᠠᠷ ᠵᠦᠭᠡᠭᠡᠪᠦᠷᠢᠯᠡᠬᠦ ᠪᠤᠯᠭᠠᠬᠰᠡᠨ ᠳᠡᠳᠤᠢ ᠦᠭᠡᠢ᠂ ᠴᠦᠭᠡᠨ ᠤᠨᠤᠭ᠎ᠠ ᠪᠠᠷ ᠨᠡᠩ ᠶᠡᠭᠡ ᠡᠳ᠋ | ᠪᠠᠷᠠᠭ᠎ᠠ ᠶᠢ ᠨᠡᠬᠦᠯᠭᠡᠨ ᠨᠡᠩ ᠠᠯᠤᠰ ᠬᠤᠯᠠ ᠬᠦᠷᠴᠤ ᠴᠢᠳᠠᠬᠤ ᠪᠤᠯᠭᠠᠵᠠᠢ᠃ ᠳᠡᠷᠭᠡ ᠪᠤᠢ ᠪᠤᠯᠤᠬᠰᠡᠨ ᠠᠴᠠ | ᠮᠤᠩᠭᠤᠯᠴᠤᠳ ᠨᠡᠩ ᠶᠡᠭᠡ ᠦᠢᠯᠡᠳᠪᠦᠷᠢᠯᠡᠯ ᠤᠨ ᠭᠡᠷᠡᠭᠰᠡᠯ ᠢ ᠡᠵᠡᠮᠰᠢᠵᠤ᠂ ᠨᠡᠶᠢᠭᠡᠮ ᠤᠨ ᠦᠢᠯᠡᠳᠪᠦᠷᠢᠯᠡᠯ ᠤᠨ | ᠬᠦᠭᠵᠢᠯᠳᠡ ᠶᠢ ᠨᠡᠩ ᠴᠢᠨᠠᠬᠰᠢᠳᠠ ᠠᠭᠢᠭᠤᠯᠵᠠᠢ᠃ ᠡᠨᠡ ᠪᠤᠯ ᠮᠦᠨ ᠮᠤᠩᠭᠤᠯ ᠭᠡᠷ ᠲᠠᠢ ᠠᠳᠠᠯᠢ ᠪᠠᠷ ᠮᠠᠨ ᠤ | ᠮᠤᠩᠭᠤᠯ ᠤᠨ ᠳᠡᠭᠡᠳᠤᠰ ᠤᠷᠳᠤ ᠤᠳᠠᠭᠠᠨ ᠬᠤᠭᠤᠴᠠᠭᠠᠨ᠎ᠠ ᠦᠢᠯᠡᠳᠦᠯᠭᠡ ᠪᠠᠷ ᠢᠶᠠᠨ ᠳᠠᠮᠵᠢᠭᠤᠯᠵᠤ | ᠳᠦᠯᠦᠪᠰᠢᠷᠡᠬᠦᠯᠦᠭᠰᠡᠨ ᠤᠯᠠᠮᠵᠢᠯᠠᠯᠳᠤ ᠰᠢᠨᠵᠢᠯᠡᠬᠦ ᠤᠬᠠᠭᠠᠨ ᠤ ᠡᠬᠦᠳᠦᠯᠳᠡ ᠪᠠ ᠳᠠᠪᠰᠢᠯᠳᠠ ᠲᠠᠢ ᠬᠤᠯᠪᠤᠬᠳᠠᠬᠤ | ᠴᠢᠬᠤᠯᠠ ᠶᠡᠭᠡ ᠡᠬᠦᠳᠦᠨ ᠪᠦᠳᠦᠭᠡᠯᠳᠡ ᠶᠢᠨ ᠨᠢᠭᠡ ᠨᠢ ᠪᠤᠯᠤᠨ᠎ᠠ᠃ | ᠲᠡᠤᠭᠡᠨ ᠲᠡᠭᠡᠷ᠎ᠡ ᠨᠢᠭᠡ ᠦᠶ᠎ᠡ ᠮᠤᠩᠭᠤᠯ ᠲᠡᠷᠭᠡᠨ ᠳᠤ ᠲᠡᠮᠤᠷ ᠮᠠᠲ᠋ᠧᠷᠢᠶᠠᠯ ᠭᠡᠷᠡᠭᠯᠡᠵᠤ ᠪᠠᠶᠢᠭᠰᠠᠨ | ᠪᠤᠯᠪᠠᠴᠤ ᠡᠴᠤᠰ ᠲᠡᠭᠡᠨ ᠲᠡᠬᠦᠨ ᠢ ᠤᠷᠬᠢᠭᠠᠳ ᠴᠤᠯ ᠮᠤᠳᠤᠨ ᠮᠠᠲ᠋ᠧᠷᠢᠶᠠᠯ ᠤᠨ ᠬᠠᠰᠠᠭ ᠲᠡᠷᠭᠡ ᠪᠤᠯᠤᠨ | ᠬᠦᠭᠵᠢᠬᠦᠯᠵᠠᠢ᠃ ᠡᠨᠡ ᠦᠵᠡᠭᠳᠡᠯ ᠨᠢ ᠮᠤᠩᠭᠤᠯᠴᠤᠳ ᠤᠨ ᠪᠠᠶᠢᠭᠠᠯᠢ ᠶᠢ ᠬᠠᠮᠠᠭᠠᠯᠠᠬᠤ ᠦᠵᠡᠯᠳᠡ ᠲᠠᠢ ᠨᠢᠭᠳᠠ | ᠬᠤᠯᠪᠤᠭ᠎ᠠ ᠲᠠᠢ ᠪᠠᠶᠢᠬᠤ ᠠᠴᠠ ᠪᠤᠯᠤᠭᠰᠠᠨ ᠨᠢ ᠮᠡᠳᠡᠭᠳᠡᠨ᠎ᠡ᠃ ᠮᠤᠩᠭᠤᠯᠴᠤᠳ ᠠᠯᠢ ᠡᠷᠳᠡ ᠦᠶ᠎ᠡ ᠳᠤ ᠲᠡᠮᠤᠷ | ᠬᠠᠶᠢᠯᠤᠭᠤᠯᠵᠤ ᠰᠤᠷᠤᠭᠰᠠᠨ ᠪᠤᠯᠪᠠᠴᠤ ᠰᠡᠬᠦᠯᠡᠷ ᠨᠢ ᠤᠷᠬᠢᠭᠰᠠᠨ ᠤ ᠴᠢᠬᠤᠯᠨ ᠰᠢᠯᠳᠠᠭᠠᠨ ᠨᠢ ᠪᠠᠶᠢᠭᠠᠯᠢ ᠶᠢ | ᠪᠤᠬᠢᠷᠳᠤᠭᠤᠯᠬᠤ ᠠᠴᠠ ᠬᠢᠴᠢᠶᠡᠭᠰᠠᠨ ᠨᠢ ᠮᠠᠰᠢ ᠢᠯᠡᠷᠭᠡᠢ ᠪᠠᠶᠢᠳᠠᠭ᠃ ᠡᠶᠢᠮᠤ ᠠᠴᠠ ᠬᠠᠩᠭᠠᠢ ᠲᠡᠷᠭᠡ ᠪᠤᠯ | ᠮᠤᠩᠭᠤᠯᠴᠤᠳ ᠤᠨ ᠪᠠᠶᠢᠭᠠᠯᠢ ᠲᠠᠢ ᠵᠤᠬᠢᠴᠠᠵᠤ ᠪᠠᠶᠢᠭᠠᠯᠢ ᠶᠢ ᠬᠠᠮᠠᠭᠠᠯᠠᠭᠰᠠᠨ ᠲᠡᠤᠭᠡ ᠶᠢᠨ ᠪᠡᠯᠭᠡ ᠲᠡᠮᠳᠡᠭ ᠮᠥᠨ᠃ | 3. ᠱᠠᠷᠢᠭ ᠤᠨ ᠡᠬᠦᠳᠤᠯᠳᠠ᠄ ᠤᠷᠴᠢᠨ ᠴᠠᠭ ᠤᠨ ᠮᠤᠩᠭᠤᠯ ᠭᠡᠯᠡᠨ ᠳᠤ ᠱᠠᠷᠢᠭ ᠢ ᠭᠢᠳᠡᠳ ᠢᠶᠠᠷ ︽肉松 | ︾ ᠭᠡᠵᠤ ᠳᠠᠶᠢᠯᠪᠤᠷᠢᠯᠠᠬᠰᠡᠨ ᠨᠢ ᠦᠨᠳᠤᠰᠦᠨ ᠳᠡᠭᠡᠨ ᠠᠳᠠᠯᠢ ᠠᠭᠤᠯᠭ᠎ᠠ ᠲᠠᠢ ᠪᠤᠯᠪᠠᠴᠤ ᠳᠡᠬᠦᠨ ᠤ ᠳᠡᠤᠭᠡᠨ ᠤᠭ | ᠰᠤᠷᠪᠤᠯᠵᠢ ᠨᠢ ᠬᠠᠷᠢᠨ ᠡᠷᠡᠰ ᠤᠨᠳᠤᠤ ᠪᠠᠶᠢᠳᠠᠭ ᠪᠦᠭᠡᠳ ᠭᠢᠬᠦ ᠠᠷᠭ᠎ᠠ ᠨᠢ ᠴᠦ ᠵᠦᠷᠢᠶ᠎ᠡ ᠲᠠᠢ ᠶᠤᠮ᠃ | ᠰᠤᠳᠤᠯᠤᠭᠴᠢᠳ ᠤᠨ ᠢᠯᠡᠷᠡᠬᠦᠯᠦᠭᠰᠠᠨ ᠢᠶᠠᠷ᠂ ᠤᠳᠤ ᠠᠴᠠ ᠨᠢᠭᠡ ᠳᠦᠮᠡ ᠭᠠᠷᠤᠢ ᠵᠢᠯ ᠤᠨ ᠡᠮᠤᠨ᠎ᠡ | ᠮᠤᠩᠭᠤᠯᠴᠤᠳ ᠤᠨ ᠳᠡᠭᠡᠳᠤᠰ ᠮᠠᠯᠵᠢᠯ ᠪᠠ ᠳᠠᠷᠢᠶᠠᠯᠠᠩ ᠤᠨ ᠴᠠᠭ ᠦᠶ᠎ᠡ ᠳᠤ ᠬᠠᠷᠠᠬᠠᠨ ᠰᠢᠯᠵᠢᠵᠤ ᠤᠷᠤᠭ᠎ᠠ | ᠦᠭᠡᠢ ᠵᠦᠪᠭᠡᠨ ᠳᠡᠬᠦᠵᠤ ᠴᠤᠬᠯᠠᠭᠤᠯᠬᠤ ᠪᠠ ᠠᠩ ᠠᠩᠨᠠᠯ ᠢᠶᠠᠷ ᠠᠮᠢᠳᠤᠷᠠᠵᠤ ᠪᠠᠶᠢᠭᠰᠠᠨ ᠦᠶ᠎ᠡ ᠳᠤ ᠠᠪᠠᠯᠠᠬᠰᠡᠨ | ᠠᠷᠢᠶᠠᠳᠡᠨ ᠤ ᠮᠢᠬ᠎ᠠ ᠪᠠᠨ ᠬᠤᠶᠠᠷ ᠵᠦᠢᠯ ᠤᠨ ᠠᠷᠭ᠎ᠠ ᠪᠠᠷ ᠬᠠᠳᠠᠭᠠᠯᠠᠵᠤ ᠪᠠᠶᠢᠵᠠᠢ᠃ ᠳᠤᠬᠠᠶᠢᠯᠠᠪᠠᠯ᠂ ᠡᠪᠤᠯ ᠤᠨ | ᠤᠯᠠᠷᠢᠯ ᠤᠨ ᠦᠶ᠎ᠡ ᠪᠠᠷ ᠠᠩᠨᠠᠬᠰᠡᠨ ᠬᠦᠷᠦᠭᠡᠰᠤᠨ ᠤ ᠮᠢᠬ᠎ᠠ ᠪᠠᠨ ᠬᠦᠮᠤᠰ ᠬᠠᠳᠠᠨ ᠠᠩ ᠳᠤ ᠳᠡᠯᠪᠢᠵᠤ᠂ ᠭᠡᠭᠡᠷ᠎ᠡ | ᠶᠢᠨ ᠠᠮᠢᠳᠡᠨ ᠳᠤ ᠢᠳᠡᠭᠳᠡᠬᠦ ᠠᠴᠠ ᠪᠤᠯᠭᠤᠮᠵᠢᠯᠠᠵᠤ᠂ ᠳᠡᠭᠡᠷ᠎ᠡ ᠠᠴᠠ ᠨᠢ ᠴᠢᠯᠠᠭᠤ ᠪᠠᠷ ᠳᠠᠷᠤᠨ ᠪᠢᠳᠡᠬᠦᠮᠵᠢᠯᠡᠭᠡᠳ᠂ | ᠢᠷᠡᠬᠦ ᠵᠢᠯ ᠤᠨ ᠬᠠᠪᠤᠷ ᠳᠡᠬᠦᠨ ᠢᠶᠠᠨ ᠭᠠᠷᠭᠠᠵᠤ ᠢᠳᠡᠳᠡᠭ ᠪᠠᠶᠢᠪᠠ᠃ ᠡᠨᠡ ᠵᠦᠢᠯ ᠤᠨ ᠠᠷᠭ᠎ᠠ ᠪᠠᠷ ᠮᠢᠬ᠎ᠠ | ᠬᠠᠳᠠᠭᠠᠯᠠᠳᠠᠭ ᠢ ᠦᠬᠦᠴᠡ ︵u:ce︶ ᠭᠡᠵᠤ ᠭᠡᠯᠡᠳᠡᠭ᠃ ᠭᠡᠷᠪᠡ ᠡᠪᠤᠯ ᠠᠪᠠᠯᠬᠰᠡᠨ ᠠᠷᠢᠶᠠᠳᠡᠨ ᠤ ᠮᠢᠬ᠎ᠠ | ᠠᠷᠪᠢᠨ ᠪᠤᠯ ᠬᠦᠮᠤᠰ ᠳᠡᠬᠦᠨ ᠢᠶᠠᠨ ᠭᠡᠰᠡᠭᠯᠡᠨ ᠪᠤᠷᠴᠠᠯᠭᠠᠳ ᠠᠭᠤᠯᠠ ᠵᠢᠯᠠᠭ᠎ᠠ ᠶᠢᠨ ᠪᠤᠷᠤᠭᠤ ᠬᠠᠵᠠᠭᠤ ᠶᠢᠨ ᠬᠠᠳᠠᠨ | ᠳᠤ ᠳᠡᠬᠦᠵᠢᠯᠡᠨ ᠮᠤᠳᠤᠨ ᠤ ᠰᠠᠯᠠᠭ᠎ᠠ ᠨᠠᠮᠠᠭ᠎ᠠ ᠪᠠᠷ ᠪᠦᠳᠡᠭᠡᠵᠤ ᠳᠠᠯᠪᠢᠵᠤ᠂ ᠭᠡᠭᠡᠷ᠎ᠡ ᠶᠢᠨ ᠠᠮᠢᠳᠡᠨ ᠠᠴᠠ | ᠳᠠᠯᠳᠠᠯᠠᠳᠠᠭ ᠶᠤᠮ᠃ ᠳᠡᠬᠦᠨ ᠢ ᠨᠠᠷᠠ ᠦᠵᠡᠬᠦᠯᠬᠦ ᠦᠭᠡᠢ ᠰᠡᠬᠦᠳᠡᠷ ᠭᠠᠵᠠᠷ ᠲᠤ ᠰᠡᠯᠭᠢᠨ ᠢᠶᠠᠷ ᠦᠯᠢᠶᠡᠯᠭᠡᠨ | ᠬᠠᠳᠠᠭᠠᠭᠠᠳ ᠪᠤᠷᠴᠠ ᠪᠤᠯᠭᠠᠨ ᠢᠷᠡᠬᠦ ᠵᠢᠯ ᠤᠨ ᠬᠠᠪᠤᠷ ᠤᠨ ᠦᠶ᠎ᠡ ᠭᠠᠷᠭᠠᠨ ᠠᠪᠴᠤ ᠬᠦᠨᠡᠰᠦᠯᠡᠳᠡᠭ᠃ ᠡᠶᠢᠮᠤ | ᠠᠷᠭ᠎ᠠ ᠪᠠᠷ ᠪᠤᠯᠪᠠᠰᠤᠷᠠᠭᠤᠯᠤᠬᠰᠡᠨ ᠪᠤᠷᠴᠠ ᠶᠢ ᠤᠳᠤ ᠴᠦ ᠭᠡᠰᠡᠨ ᠠᠷᠠᠳ ᠤᠨ ᠳᠤᠮᠳᠠ ᠭᠡᠷᠡᠭᠯᠡᠭᠰᠡᠭᠡᠷ ᠪᠠᠶᠢᠨ᠎ᠠ᠃ | ᠮᠤᠩᠭᠤᠯᠴᠤᠳ ᠤᠨ ᠳᠡᠭᠡᠳᠤᠰ ᠤᠳᠤ ᠠᠴᠠ 4—5 ᠮᠢᠩᠭ᠎ᠠ ᠭᠠᠷᠤᠢ ᠵᠢᠯ ᠤᠨ ᠡᠮᠤᠨ᠎ᠡ ᠠᠶᠢᠮᠠᠬᠴᠢᠯᠠᠯ | ᠤᠨ ᠦᠶ᠎ᠡ ᠳᠤ ᠳᠠᠪᠰᠢᠨ ᠤᠷᠤᠵᠤ᠂ ᠳᠠᠶᠢᠨ ᠪᠠᠶᠢᠯᠳᠤᠭᠠᠨ ᠳᠠᠰᠤᠷᠠᠯ ᠦᠭᠡᠢ ᠦᠷᠬᠦᠯᠵᠢᠯᠡᠭᠰᠡᠨ ᠢᠶᠠᠷ ᠠᠯᠤᠰ ᠬᠤᠯᠠ | ᠬᠦᠷᠬᠦ ᠱᠠᠭᠠᠷᠳᠠᠯᠭ᠎ᠠ ᠲᠠᠢ ᠪᠤᠯᠤᠬᠰᠡᠨ ᠶᠤᠮ᠃ ᠬᠤᠯᠠ ᠵᠠᠮ ᠤᠨ ᠠᠶᠠᠨ ᠨᠡᠬᠦᠳᠡᠯ ᠳᠤ ᠪᠠᠶᠢᠬᠤ ᠬᠦᠨᠡᠰᠤᠨ ᠤ | ᠠᠰᠠᠭᠤᠳᠠᠯ ᠢ ᠰᠢᠢᠳᠪᠦᠷᠢᠯᠡᠬᠦ ᠳᠤ ᠮᠢᠬ᠎ᠠ ᠶᠢ ᠪᠤᠯᠪᠠᠰᠤᠷᠠᠭᠤᠯᠬᠤ ᠨᠢ ᠪᠤᠰᠤᠳ ᠶᠠᠮᠠᠷᠪᠠ ᠢᠳᠡᠭᠡᠨ ᠢ | ᠪᠤᠯᠪᠠᠰᠤᠷᠠᠭᠤᠯᠤᠬᠰᠡᠨ ᠠᠴᠠ ᠢᠯᠡᠬᠦᠤ ᠳᠠᠪᠠᠭᠤᠯᠢᠭ ᠲᠠᠢ ᠪᠠᠶᠢᠪᠠ᠃ ᠡᠬᠦᠨ ᠠᠴᠠ ᠪᠤᠯᠵᠤ ᠠᠷᠢᠶᠠᠳᠡᠨ ᠤ ᠮᠢᠬ᠎ᠠ | ᠪᠤᠶᠤ ᠦᠭᠡᠷ ᠬᠤᠨᠢᠨ ᠤ ᠬᠠᠷ᠎ᠠ ᠮᠢᠬ᠎ᠠ ᠶᠢ ᠪᠤᠷᠴᠠᠯᠠᠭᠠᠳ ᠳᠡᠭᠡᠷᠡᠭᠢ ᠠᠷᠭ᠎ᠠ ᠪᠠᠷ ᠬᠠᠳᠠᠭᠠᠬᠰᠡᠨ ᠤ ᠳᠠᠷᠠᠭ᠎ᠠ ᠳᠠᠭᠢᠨ | ᠮᠤᠳᠤᠨ ᠤ ᠪᠤᠶᠤ ᠬᠠᠳᠠᠨ ᠤᠭᠤᠷ ᠲᠤ ᠨᠦᠳᠦᠵᠤ ᠨᠤᠨᠳᠠᠬᠯᠠᠨᠠ᠃ ᠳᠡᠭᠡᠭᠡᠳ ᠬᠤᠨᠢᠨ ᠬᠦᠵᠡᠭᠡ᠂ ᠦᠭᠡᠷ ᠤᠨ | ᠳᠠᠪᠤᠰᠡᠩ ᠪᠤᠶᠤ ᠠᠷᠠᠰᠤᠨ ᠳᠤᠯᠤᠮ ᠳᠤ ᠠᠭᠤᠳᠠᠯᠠᠨ ᠠᠶᠠᠨ ᠳᠤ ᠮᠤᠷᠳᠠᠬᠤ ᠦᠶ᠎ᠡ ᠳᠤ ᠡᠮᠡᠭᠡᠯ ᠳᠡᠭᠡᠷ᠎ᠡ ᠪᠠᠨ | ᠭᠠᠨᠵᠤᠭᠠᠯᠠᠨ ᠭᠡᠵᠢᠶ᠎ᠡ ᠬᠠᠮᠢᠭ᠎ᠠ ᠴᠦ ᠳᠦᠬᠦᠮ ᠬᠤᠭᠤᠯᠠ ᠪᠤᠯᠭᠠᠨ ᠬᠦᠷᠳᠡᠵᠤ ᠪᠠᠶᠢᠳᠠᠭ᠃ ︽ᠱᠠᠷᠢᠭ ᠨᠢ ᠳᠠᠪᠤᠰᠠᠩ | ᠳᠠᠭᠠᠨ ᠪᠠᠭᠳᠠᠨ᠎ᠠ︾ ᠭᠡᠵᠤ ᠭᠡᠯᠡᠳᠡᠭ ᠨᠢ ᠶᠠᠭᠠᠭᠢᠵᠤ ᠶᠢᠨ ᠠᠷᠭ᠎ᠠ ᠦᠭᠡᠢ ᠦᠨᠡᠨ ᠢᠶᠠᠷ ᠨᠢ ᠭᠡᠯᠡᠭᠰᠡᠨ ᠶᠤᠮ᠃ | ᠱᠠᠷᠢᠭ ᠨᠢ ᠮᠤᠩᠭᠤᠯᠴᠤᠳ ᠤᠨ ᠳᠡᠭᠡᠳᠤᠰ ᠤᠨ ᠳᠤᠭᠤᠭ᠎ᠠ ᠦᠭᠡᠢ ᠦᠶ᠎ᠡ ᠳᠤ ᠡᠬᠦᠳᠦᠭᠰᠡᠨ ᠪᠠ ᠳᠤᠭᠤᠭ᠎ᠠ ᠭᠡᠷᠡᠭᠯᠡᠬᠦ | ᠦᠭᠡᠢ ᠠᠮᠢ ᠵᠠᠯᠭᠠᠭᠤᠯᠳᠠᠭ ᠭᠠᠶᠢᠬᠠᠯᠳᠠᠢ ᠢᠳᠡᠭᠡᠨ ᠤ ᠪᠦᠳᠦᠭᠡᠭᠳᠡᠬᠦᠨ ᠪᠤᠯᠬᠤ ᠶᠤᠮ᠃ ᠳᠡᠬᠦᠨ ᠳᠤ ᠶᠠᠮᠠᠷ ᠴᠦ | ᠪᠤᠭᠢᠷᠳᠤᠯ ᠭᠡᠵᠤ ᠦᠭᠡᠢ᠃ ᠶᠠᠷᠤᠨᠢ ᠰᠢᠮ᠎ᠡ ᠳᠡᠵᠢᠭᠡᠯ ᠢᠶᠠᠷ ᠬᠠᠩᠭᠠᠮᠵᠢᠳᠠᠢ᠂ ᠦᠯᠳᠠᠢ᠂ ᠠᠪᠴᠤ ᠶᠠᠪᠤᠬᠤ ᠳᠤ | ᠭᠠᠵᠠᠷ ᠡᠵᠡᠯᠡᠬᠦ ᠦᠭᠡᠢ᠂ ᠬᠦᠩᠭᠡᠨ᠂ ᠳᠦᠬᠦᠭᠡᠢ ᠪᠠᠷ ᠨᠢ ᠪᠤᠶᠤ ᠡᠰᠡᠬᠦᠯ᠎ᠡ ᠤᠰᠤ ᠴᠠᠢ ᠪᠠᠷ ᠪᠤᠷᠤᠯᠠᠭᠤᠯᠤᠨ ᠢᠳᠡᠬᠦ᠂ | ᠪᠤᠴᠠᠯᠭᠠᠵᠤ ᠢᠳᠡᠬᠦ ᠳᠤ ᠪᠦᠷ ᠳᠤᠭᠢᠷᠠᠮᠵᠢᠳᠠᠢ᠃ ᠳᠡᠯᠡᠭᠡᠢ ᠳᠡᠭᠡᠷ᠎ᠡ ᠬᠠᠮᠤᠭ ᠤᠨ ᠠᠩᠬᠠᠨ ᠤ ᠠᠬᠰᠢᠭᠤᠯᠤᠬᠰᠡᠨ | ᠢᠳᠡᠭᠡᠨ ᠪᠤᠯ ︽ᠱᠠᠷᠢᠭ︾ ᠪᠤᠯᠤᠨ᠎ᠠ᠃ ᠵᠠᠷᠢᠮ ᠳᠡᠤᠭᠡᠨ ᠮᠠᠲ᠋ᠧᠷᠢᠶᠠᠯ ᠳᠤ ᠳᠡᠮᠳᠡᠭᠯᠡᠭᠰᠡᠨ ᠢᠶᠠᠷ ᠴᠢᠩᠭᠢᠰ ᠬᠠᠭᠠᠨ ᠤ | ᠴᠡᠷᠢᠭ ᠪᠠᠶᠢᠯᠳᠤᠬᠴᠢᠳ ᠴᠦ ︽ᠱᠠᠷᠢᠭ︾ ᠢ ᠶᠡᠭᠡ ᠭᠡᠮᠵᠢᠶ᠎ᠠ ᠪᠠᠷ ᠭᠡᠷᠡᠭᠯᠡᠵᠤ ᠪᠠᠶᠢᠵᠠᠢ᠃ | ᠡᠷᠳᠡᠨ ᠤ ᠮᠤᠩᠭᠤᠯᠴᠤᠳ ᠮᠢᠬ᠎ᠠ ᠶᠢ ᠱᠠᠷᠢᠭ ᠪᠤᠯᠭᠠᠨ ᠪᠤᠯᠪᠠᠰᠤᠷᠠᠭᠤᠯᠤᠭᠰᠠᠨ ᠨᠢ ᠰᠢᠨᠵᠢᠯᠡᠬᠦ ᠤᠬᠠᠭᠠᠨ ᠤ | ᠠᠷᠭ᠎ᠠ ᠪᠠᠷᠢᠯ ᠢ ᠭᠡᠷᠡᠭᠯᠡᠭᠰᠠᠨ ᠶᠠᠪᠤᠳᠠᠯ ᠪᠤᠯᠤᠨ᠎ᠠ᠃ ᠱᠠᠷᠢᠭ ᠨᠢ ᠬᠦᠯᠳᠡᠭᠡᠳ ᠬᠠᠳᠠᠭᠰᠠᠨ ᠬᠤᠶᠠᠷ ᠶᠠᠪᠤᠴᠠ ᠶᠢ | ᠦᠩᠭᠡᠷᠡᠭᠡᠳᠡᠭ᠃ ᠬᠦᠯᠳᠡᠵᠤ ᠪᠠᠶᠢᠬᠤ ᠬᠤᠭᠤᠴᠠᠭᠠᠨ ᠳᠤ ᠮᠢᠬᠠᠨ ᠳᠠᠬᠢ ᠢᠰᠬᠡᠬᠦᠷ ᠤᠨ ᠢᠳᠡᠪᠬᠢ ᠴᠢᠨᠠᠷ | ᠪᠠᠭᠤᠷᠠᠭᠰᠠᠨ ᠠᠴᠠ ᠪᠤᠯᠵᠤ ᠪᠠᠶᠢᠩᠭᠤ ᠰᠢᠨ᠎ᠡ ᠰᠤᠷᠭᠤᠭ ᠴᠢᠨᠠᠷ ᠢᠶᠠᠨ ᠬᠠᠳᠠᠭᠠᠯᠠᠵᠤ ᠪᠠᠶᠢᠳᠠᠭ ᠪᠦᠭᠡᠳ ᠪᠠᠰᠨ | ᠤᠭᠤᠷᠠᠭ ᠦᠭᠡᠬᠦ ᠨᠢ ᠵᠤᠬᠢᠬᠤ ᠭᠡᠮᠵᠢᠶ᠎ᠡ ᠪᠠᠷ ᠵᠠᠳᠠᠷᠠᠭᠰᠠᠨ ᠠᠴᠠ ᠪᠤᠯᠵᠤ ᠰᠢᠮ᠎ᠡ ᠲᠡᠵᠢᠭᠡᠯ ᠨᠢ ᠤᠯᠠᠮ ᠢᠯᠡᠬᠦᠤ | ᠨᠡᠮᠡᠭᠳᠡᠳᠡᠭ᠂ ᠡᠬᠦᠨ ᠢ ᠬᠦᠷᠤᠰᠦᠯᠢᠭᠵᠢᠭᠰᠡᠨ ︵ᠪᠤᠯᠪᠠᠰᠤᠷᠠᠩᠭᠤᠶᠢᠵᠢᠭᠰᠠᠨ︶ ᠭᠡᠵᠤ ᠭᠡᠯᠡᠨ᠎ᠡ᠃ ᠬᠦᠯᠳᠡᠭᠡᠳ | ᠬᠠᠳᠠᠬᠤ ᠨᠢ ᠮᠦᠰᠤ ᠠᠭᠠᠷᠵᠢᠭᠰᠠᠨ ᠶᠠᠪᠤᠴᠠ ᠪᠤᠯᠬᠤ ᠶᠤᠮ᠂ ᠡᠶᠢᠮᠤ ᠦᠶ᠎ᠡ ᠳᠤ ᠮᠦᠰᠤ ᠨᠢ ᠰᠢᠭᠤᠳ ᠠᠭᠠᠷᠵᠢᠵᠤ | ᠂ ᠮᠢᠬᠠᠨ ᠳᠤ ᠪᠠᠺᠲ᠋ᠧᠷᠢ ᠦᠷᠡᠵᠢᠬᠦ ᠨᠦᠭᠦᠴᠡᠯ ᠠᠯᠳᠠᠭᠳᠠᠵᠤ ᠮᠢᠬ᠎ᠠ ᠬᠡᠤᠷᠡᠭᠰᠢᠳᠡᠭ᠃ ᠵᠠᠷᠢᠮ ᠭᠠᠵᠠᠷ ᠮᠢᠬᠠᠨ ᠳᠤ | ᠪᠠᠭ᠎ᠠ ᠬᠡᠮᠵᠢᠶᠡᠨ ᠤ ᠲᠠᠪᠤᠰᠤ ᠰᠠᠴᠤᠵᠤ ᠬᠠᠳᠠᠭᠠᠳᠠᠭ ᠨᠢ ᠮᠢᠬᠠᠨ ᠳᠠᠬᠢ ᠤᠰᠤ ᠶᠢ ᠨᠢ ᠠᠯᠳᠠᠭᠳᠠᠭᠤᠯᠵᠤ ᠪᠠᠺᠲ᠋ᠧᠷᠢ | ᠦᠷᠡᠵᠢᠬᠦ ᠢᠳᠡᠪᠬᠢ ᠴᠢᠨᠠᠷ ᠢ ᠨᠢ ᠪᠠᠭᠤᠷᠠᠭᠤᠯᠤᠭᠰᠠᠨ ᠶᠠᠪᠤᠳᠠᠯ ᠪᠤᠯᠬᠤ ᠶᠤᠮ᠃ ᠲᠠᠯᠬᠠᠬᠠᠳᠠᠭᠰᠠᠨ ᠤ ᠲᠠᠷᠠᠭ᠎ᠠ | ᠦᠭᠡᠷ ᠤᠨ ᠲᠠᠪᠤᠰᠠᠩ ᠳᠤ ᠬᠢᠳᠡᠭ ᠨᠢ ᠮᠢᠬ᠎ᠠ ᠶᠢ ᠠᠭᠠᠷ ᠠᠴᠠ ᠰᠠᠯᠭᠠᠵᠤ ᠴᠢᠬᠢᠭᠳᠦᠬᠦ ᠪᠠ ᠢᠰᠤᠯᠳᠦᠬᠦ ᠠᠴᠠ | ᠰᠡᠷᠬᠡᠶᠢᠯᠡᠭᠰᠠᠨ ᠤᠴᠢᠷ ᠮᠥᠨ᠃ ᠡᠬᠦᠨ ᠠᠴᠠ ᠦᠵᠡᠪᠡᠯ ᠶᠡᠭᠡ ᠮᠤᠩᠭᠤᠯ ᠬᠦᠷᠤᠨ ᠤ ᠦᠶ᠎ᠡ ᠪᠤᠯᠬᠤ | ᠳ᠋ᠥᠮᠤᠩᠭᠤᠯᠴᠤᠳ ᠦᠬᠦᠴᠨ ᠪᠤᠶᠤ ᠪᠤᠷᠴᠨ ᠶᠢ ᠠᠭᠰᠢᠭᠤᠯᠤᠭᠰᠠᠨ ᠢᠳᠡᠭᠡᠨ ᠪᠤᠯᠭᠠᠭᠰᠠᠨ ᠡᠬᠦᠳᠤᠯᠳᠠ ᠶᠢ | ᠪᠡᠶᠡᠯᠡᠬᠦᠯᠦᠭᠰᠠᠨ ᠲᠡᠳᠤᠢ ᠲᠡᠳᠤᠢ ᠦᠭᠡᠢ᠂ ᠴᠢᠨᠠᠭᠰᠢᠳᠠ ᠪᠠᠰᠨᠬᠦ᠋ᠵᠡᠭᠡ ᠪᠤᠶᠤ ᠲᠠᠪᠤᠰᠠᠩ ᠢ ᠠᠰᠢᠭᠯᠠᠵᠤ ᠢᠳᠡᠭᠡᠨ | ᠤᠮᠳᠠᠭᠠᠨ ᠢ ᠤᠷᠳᠤ ᠬᠤᠭᠤᠴᠠᠭ᠎ᠠ ᠠᠭᠠᠷ ᠦᠭᠡᠢ ᠬᠤᠭᠤᠰᠤᠨ ᠵᠠᠢ ᠳᠤ ᠪᠤᠬᠢᠷᠳᠤᠯ ᠦᠭᠡᠢ ᠪᠠᠷ ᠬᠠᠳᠠᠭᠠᠯᠠᠬᠤ | ᠮᠡᠷᠭᠡᠵᠢᠯ ᠢ ᠴᠤ ᠡᠬᠦᠳᠤᠨ ᠭᠡᠷᠡᠭᠯᠡᠵᠠᠢ᠃ ᠡᠨᠡ ᠨᠢ ᠲᠤᠬᠠᠢ ᠶᠢᠨ ᠦᠶ᠎ᠡ ᠳᠤ ᠠᠪᠴᠤ ᠭᠡᠯᠡᠪᠡᠯ ᠤᠳᠤ ᠶᠢᠨ ᠲᠡᠯᠡᠭᠡᠢ | ᠳᠤ ᠰᠢᠨᠵᠢᠯᠡᠬᠦ ᠤᠬᠠᠭᠠᠨᠳᠠᠳ ᠲᠠᠷᠢᠬᠢ ᠪᠠᠨ ᠰᠢᠪᠬᠠᠵᠤ ᠪᠠᠶᠢᠭᠠᠳ ᠠᠯᠤᠰ ᠵᠠᠢ ᠳᠤ ᠵᠤᠷᠢᠭᠰᠠᠨ ᠰᠠᠨᠰᠠᠷ ᠤᠨ ᠠᠶᠠᠯᠠᠯ | ᠳᠤ ᠨᠢᠭᠡ ᠵᠦᠢᠯ ᠤᠨ ᠰᠢᠮ᠎ᠡ ᠲᠡᠵᠢᠭᠡᠯ ᠲᠠᠢ ᠠᠭᠰᠢᠭᠤᠯᠤᠭᠰᠠᠨ ᠢᠳᠡᠭᠡᠨ ᠵᠤᠬᠢᠶᠠᠨ ᠪᠦᠳᠤᠭᠡᠵᠤ ᠭᠡᠷᠡᠭᠯᠡᠬᠦᠯᠦᠭᠰᠠᠨ ᠢ | ᠴᠢᠬᠤᠯᠨ ᠡᠬᠦᠳᠤᠯᠳᠡ ᠭᠡᠵᠤ ᠦᠵᠡᠭᠰᠠᠨ ᠲᠠᠢ ᠠᠳᠠᠯᠢᠬᠠᠨ ᠤᠳᠬ᠎ᠠ ᠠᠭᠠᠤᠯᠭᠠ ᠲᠠᠢ ᠶᠤᠮ᠃ ᠤᠳᠤ ᠴᠦ ᠭᠡᠰᠡᠨ | ᠠᠷᠠᠳ ᠤᠨ ᠲᠤᠮᠳᠠ ᠲᠡᠷᠨ ᠤᠯᠨ ᠮᠦᠷ ᠨᠢ ᠦᠯᠡᠳᠡᠭᠰᠠᠭᠡᠷ ᠪᠠᠶᠢᠳᠠᠭ ᠨᠢ ᠲᠡᠬᠦᠨ ᠳᠤ ᠵᠦᠢᠳᠠᠢ ᠴᠢᠨᠠᠷ | ᠠᠭᠤᠯᠤᠭᠳᠠᠵᠤ ᠪᠠᠶᠢᠨ᠎ᠠ ᠭᠡᠰᠡᠨ ᠢ ᠬᠠᠷᠠᠭᠤᠯᠵᠤ ᠪᠠᠶᠢᠨ᠎ᠠ᠃ | ᠮᠤᠩᠭᠤᠯ ᠦᠨᠳᠤᠰᠤᠳᠠᠨ ᠤ ᠡᠷᠳᠡᠨ ᠤ ᠤᠯᠠᠮᠵᠢᠯᠠᠯᠳᠤ ᠰᠢᠨᠵᠢᠯᠡᠬᠦ ᠤᠬᠠᠭᠠᠨ ᠤ ᠡᠬᠦᠳᠤᠯᠳᠡ ᠶᠢᠨ ᠤᠨᠴᠠᠯᠢᠭ ᠨᠢ | ᠶᠠᠭᠤᠨ ᠤ ᠡᠮᠦᠨ᠎ᠡ ᠮᠠᠰᠢ ᠴᠢᠩᠭ᠎ᠠ ᠭᠡᠷᠡᠭᠯᠡᠭᠡᠨ ᠤ ᠤᠨᠴᠠᠯᠢᠭ ᠲᠠᠢ᠂ ᠤᠷᠤᠰᠢᠨ ᠠᠮᠢᠳᠤᠷᠠᠬᠤ ᠪᠠ ᠦᠢᠯᠡᠳᠪᠤᠷᠢᠯᠡᠯ | ᠳᠤ ᠦᠢᠯᠡᠴᠢᠯᠡᠬᠦ ᠪᠠᠷ ᠱᠠᠭᠠᠷᠳᠠᠯᠭ᠎ᠠ ᠪᠠᠨ ᠪᠤᠯᠭᠠᠵᠠᠢ᠃ ᠲᠠᠷᠠᠭ᠎ᠠ ᠨᠢ᠂ ᠡᠷᠳᠡᠨ ᠤ ᠮᠤᠩᠭᠤᠯ ᠦᠨᠳᠤᠰᠤᠳᠠᠨ ᠤ | ᠰᠢᠨᠵᠢᠯᠡᠬᠦ ᠤᠬᠠᠭᠠᠨ ᠮᠡᠷᠭᠡᠵᠢᠯ ᠤᠨ ᠬᠦᠭᠵᠢᠯᠳᠡ ᠨᠢ ᠦᠷᠬᠦᠯᠵᠢᠯᠡᠬᠦ ᠴᠢᠨᠠᠷ ᠲᠠᠢ ᠲᠡᠭᠡᠷ᠎ᠡ ᠪᠠᠨ ᠪᠠᠰᠨ ᠱᠠᠳᠤᠴᠢ | ᠴᠢᠨᠠᠷ ᠤᠨ ᠤᠨᠴᠠᠯᠢᠭ ᠲᠠᠢ᠃ ᠭᠤᠷᠪᠠᠳᠤᠭᠠᠷ ᠲᠤ᠂ ᠨᠡᠬᠦᠳᠡᠯ ᠮᠠᠯᠵᠢᠯ ᠤᠨ ᠠᠵᠤ ᠠᠬᠤᠢ ᠲᠠᠢ ᠨᠢᠭᠳᠠ ᠬᠤᠯᠪᠤᠭ᠎ᠠ | ᠲᠠᠢ ᠡᠬᠦᠳᠤᠯᠳᠡ ᠪᠦᠳᠤᠭᠡᠯ ᠨᠢ ᠨᠡᠩ ᠢᠯᠡᠬᠦᠤ ᠬᠦᠭᠵᠢᠯᠳᠡ ᠪᠠᠨ ᠤᠯᠤᠭᠰᠠᠨ ᠪᠠᠶᠢᠨ᠎ᠠ᠃ ᠲᠦᠷᠪᠡᠳᠤᠭᠡᠷ ᠲᠤ᠂ | ᠮᠤᠩᠭᠤᠯᠴᠤᠳ ᠤᠨ ᠤᠯᠠᠮᠵᠢᠯᠠᠯᠳᠤ ᠡᠬᠦᠳᠤᠯᠳᠡ ᠪᠦᠳᠤᠭᠡᠯ ᠨᠢ ᠨᠢᠭᠡᠳᠭᠡᠬᠦ ᠪᠠ ᠵᠤᠬᠢᠴᠠᠯᠳᠤᠬᠤ ᠪᠦᠬᠦᠶᠢᠯᠨ ᠴᠤᠭᠴᠨ | ᠶᠢᠨ ᠪᠦᠳᠤᠴᠨ ᠶᠢ ᠠᠩᠬᠠᠷᠴᠤ᠂ ᠴᠢᠳᠠᠮᠵᠢ ᠶᠢ ᠴᠢᠬᠤᠯᠠᠴᠢᠯᠠᠭᠰᠠᠨ ᠦᠪᠡᠷᠮᠢᠴᠨ ᠭᠡᠷᠡᠭᠯᠡᠭᠡᠨ ᠤ ᠰᠢᠨᠵᠢᠯᠡᠬᠦ ᠤᠬᠠᠭᠠᠨ | ᠤ ᠰᠢᠰᠲ᠋ᠧᠮ ᠢ ᠪᠦᠷᠢᠯᠳᠤᠬᠦᠯᠵᠠᠢ᠃ ᠲᠠᠪᠤᠳᠤᠭᠠᠷ ᠲᠤ᠂ ᠮᠤᠩᠭᠤᠯᠴᠤᠳ ᠤᠨ ᠡᠷᠳᠡᠨ ᠤ ᠤᠯᠠᠮᠵᠢᠯᠠᠳᠤ ᠭᠡᠷᠡᠭᠯᠡᠭᠡᠨ | ᠤ ᠮᠡᠷᠭᠡᠵᠢᠯ ᠤᠳ ᠠᠮᠢᠳᠤᠷᠠᠯ ᠳᠤ ᠦᠷᠬᠦᠯᠵᠢᠯᠡᠨ ᠭᠡᠷᠡᠭᠯᠡᠭᠳᠡᠭᠰᠠᠨ ᠨᠢ ᠴᠤᠯ ᠮᠡᠷᠭᠡᠵᠢᠯ ᠤᠨ ᠠᠰᠠᠭᠤᠳᠠᠯ ᠭᠡᠰᠡᠨ | ᠶᠠᠪᠤᠳᠠᠯ ᠪᠢᠰᠢ᠂ ᠬᠠᠷᠢᠨ ᠰᠢᠨᠵᠢᠯᠡᠬᠦ ᠤᠬᠠᠭᠠᠨᠴᠢ ᠭᠡᠰᠡᠨ ᠨᠢ ᠭᠡᠷᠡᠴᠢᠯᠡᠭᠳᠡᠭᠰᠠᠨ ᠪᠠᠶᠢᠨ᠎ᠠ᠃ | | | | | | | |