| | | | ᠨᠢᠭᠡ᠂ ᠮᠤᠩᠭᠤᠯ ᠡᠮᠨᠡᠯᠭᠡ ᠶᠢᠨ ᠬᠦᠯᠦᠷᠡᠭᠦᠯᠬᠦ ᠲᠠᠪᠤᠨ ᠠᠷᠭ᠎ᠠ 1. ᠳ᠋ᠢᠭᠲᠡ—4 ᠶᠢᠨ ᠲᠠᠩ ᠲᠡᠭᠡᠷ᠎ᠡ | ᠼᠧᠳᠦ᠋ᠮ ᠢ ᠨᠡᠮᠡᠵᠤ ᠠᠷᠠᠰᠤᠨ ᠤ ᠬᠦᠯᠦᠰᠦ ᠶᠢ ᠭᠠᠷᠭᠠᠨ᠎ᠠ᠃ 2. ᠮᠠᠨᠤ—4 ᠶᠢᠨ ᠲᠠᠩ ᠢᠶᠠᠷ ᠰᠤᠲᠠᠯ ᠰᠤᠲᠠᠰᠤ | ᠶᠢᠨ ᠬᠦᠯᠦᠰᠦ ᠶᠢ ᠭᠠᠷᠭᠠᠨ᠎ᠠ᠃ 3. ᠪᠠᠷᠠᠶᠢᠪᠤ—3 ᠶᠢᠨ ᠲᠠᠩ ᠢᠶᠠᠷ ᠮᠢᠬᠠᠨ ᠤ ᠬᠦᠯᠦᠰᠦ ᠶᠢ ᠭᠠᠷᠭᠠᠨ᠎ᠠ᠃ 4. | ᠯᠧᠲᠡᠷᠢ—7 ᠶᠢᠨ ᠲᠠᠩ ᠢᠶᠠᠷ ᠵᠢᠷᠤᠬᠡᠨ ᠤ ᠲᠤᠤᠷᠠᠬᠢ ᠬᠦᠯᠦᠰᠦ ᠶᠢ ᠭᠠᠷᠭᠠᠨ᠎ᠠ 5. ᠵᠤᠩᠯᠤᠩ ᠷᠦᠭ ᠲᠠᠩ ᠢᠶᠠᠷ | ᠴᠡᠭᠡᠵᠢᠨ ᠤ ᠲᠤᠲᠤᠷ᠎ᠠ ᠰᠢᠷᠭᠤᠭᠰᠠᠨ ᠬᠠᠯᠠᠭᠤᠨ ᠤ ᠬᠦᠯᠦᠰᠦ ᠶᠢ ᠭᠠᠷᠭᠠᠨ᠎ᠠ᠃ ᠬᠤᠶᠠᠷ᠂ ᠮᠤᠩᠭᠤᠯ ᠡᠮᠨᠡᠯᠭᠡ ᠶᠢᠨ | ᠬᠦᠯᠦᠷᠡᠭᠦᠯᠬᠦ᠂ ᠲᠤᠭᠤᠯᠭᠠᠬᠤ ᠵᠠᠰᠠᠯ ᠤᠨ ᠤᠨᠤᠯ ᠲᠤᠷᠰᠢᠯᠭ᠎ᠠ 1. ᠬᠡᠷᠪᠡ ᠬᠦᠯᠦᠰᠦ ᠨᠢ ᠵᠠᠭᠤᠷᠮᠠᠭ ᠭᠠᠷᠪᠠᠯ ᠤᠰᠤ | ᠨᠢ ᠵᠢᠷᠤᠬᠡᠨ ᠤ ᠲᠤᠤᠷ᠎ᠠ ᠪᠤᠢ ᠶᠢᠨ ᠰᠢᠯᠲᠠᠭᠠᠨ ᠠᠴᠠ ᠬᠠᠭᠤᠷᠠᠢ ᠪᠠᠷ ᠤᠬᠰᠢᠨ ᠬᠠᠨᠢᠶᠠᠯᠭᠠᠲᠠᠭ ᠲᠤᠯᠠ ᠲᠡᠭᠦᠨ ᠳᠤ | ᠯᠧᠲᠡᠷᠢ—7 ᠶᠢᠨ ᠲᠠᠩ ᠲᠡᠭᠡᠷ᠎ᠡ ᠳ᠋ᠠᠷᠪᠤ᠂ ᠪᠤᠩᠭᠠᠷ ᠢ ᠨᠡᠮᠡᠵᠤ ᠬᠡᠷᠡᠭᠯᠡᠭᠡᠷᠡᠢ᠃ 2. ᠬᠡᠷᠪᠡ ᠬᠠᠯᠠᠭᠤᠷᠠᠨ | ᠴᠢᠬᠤᠯᠲᠠᠵᠤ ᠤᠮᠲᠠᠭᠠᠰᠬᠤ ᠪᠦᠭᠡᠲᠡᠯᠡ ᠤᠰᠤ ᠤᠤᠭᠤᠮᠠᠬᠴᠠ ᠲᠠᠷᠤᠢ ᠪᠦᠭᠡᠯᠵᠢᠬᠦ ᠰᠢᠨᠵᠢ ᠲᠠᠢ ᠪᠤᠯᠪᠠᠯ ᠲᠡᠭᠦᠨ ᠢ | ᠤᠰᠤ ᠪᠤᠷᠤᠭᠤᠲᠠᠭᠰᠠᠨ ᠭᠡᠨ᠎ᠡ᠃ ᠰᠢᠭᠡᠬᠦ ᠦᠭᠡᠢ ᠳᠤᠨᠢ ᠰᠧᠮᠡ—3 ᠶᠢᠨ ᠲᠠᠩ ᠲᠡᠭᠡᠷ᠎ᠡ ᠵᠠᠳᠤᠩᠳᠦ᠋ᠮᠪᠤᠤ᠂ | ᠪᠠᠯᠢᠭ᠎ᠠ ᠬᠤᠶᠠᠷ ᠢ ᠨᠡᠮᠡᠵᠦ ᠦᠭ᠃ 3. ᠬᠡᠷᠪᠡ ᠬᠦᠯᠦᠷᠡᠭᠰᠡᠨ ᠤ ᠬᠤᠶᠢᠨ᠎ᠠ᠂ ᠵᠢᠷᠤᠬᠡᠨ ᠲᠤᠤᠷ᠎ᠠ ᠬᠠᠲᠠᠭᠤᠷᠠᠵᠤ | ᠬᠠᠭᠤᠷᠠᠢ ᠪᠠᠷ ᠵᠠᠩᠬᠢᠷᠠᠬᠤ᠂ ᠦᠮᠦᠬᠡᠢ ᠪᠠᠷ ᠬᠡᠬᠡᠷᠡᠬᠦ ᠪᠦᠭᠡᠳ ᠬᠠᠪᠢᠷᠭᠠᠨ ᠤ ᠲᠤᠤᠷ᠎ᠠ ᠤᠰᠤ ᠬᠤᠷᠠᠵᠤ ᠬᠡᠪᠡᠯᠢ ᠶᠢᠨ | ᠲᠤᠲᠤᠷ᠎ᠠ ᠭᠤᠷᠴᠢᠬᠢᠨᠠᠨ ᠲᠤᠤᠭᠠᠷᠴᠦ ᠶᠤᠯᠬᠤᠲᠤᠰᠤᠯᠠᠪᠠᠯ ᠡᠪᠡᠳᠴᠢᠨ ᠤ ᠬᠦᠴᠦᠨ ᠬᠡᠲᠦᠶᠢᠪᠡᠷ ᠬᠡᠪᠡᠯᠢ ᠶᠢᠨ | ᠲᠤᠲᠤᠷ᠎ᠠ ᠪᠤᠢ ᠪᠤᠯᠪᠠᠴᠦ ᠡᠪᠡᠳᠴᠢᠨ ᠤ ᠦᠨᠲᠦᠰᠦ ᠨᠢ ᠵᠢᠷᠤᠭᠡᠨ ᠤ ᠲᠤᠤᠷ᠎ᠠ ᠪᠠᠶᠢᠭ᠎ᠠ ᠭᠡᠲᠡᠭ ᠢ ᠮᠡᠲᠡᠵᠦ ᠲᠡᠭᠦᠨ ᠢ | ᠲᠠᠷᠬᠠᠭᠠᠬᠤ ᠶᠢᠨ ᠲᠦᠯᠦᠭᠡ ᠳ᠋ᠦᠷᠽᠢᠷᠢᠯᠭᠠᠷ ᠢ ᠭᠤᠶᠤᠤ ᠶᠢᠨ ᠤᠰᠤ ᠪᠠᠷ ᠲᠠᠷᠤᠭᠤᠯᠵᠤ ᠤᠤᠭᠤᠯᠭ᠎ᠠ᠃ ᠡᠨᠡ ᠪᠣᠯ | ᠤᠰᠤᠨ ᠤ ᠬᠤᠤᠷ ᠲᠡᠭᠡᠷ᠎ᠡ ᠪᠡᠯᠴᠢᠭᠡᠷ ᠲᠤ ᠪᠤᠢ ᠪᠤᠯᠬᠤᠷ ᠲᠡᠭᠦᠨ ᠢ ᠬᠦᠯᠦᠷᠡᠭᠦᠯᠵᠦ ᠠᠷᠢᠯᠭᠠᠬᠤ ᠶᠢᠨ ᠠᠷᠭ᠎ᠠ ᠮᠥᠨ᠃ | 4. ᠬᠡᠷᠪᠡ ᠠᠲᠡᠭᠦᠷᠡᠵᠦ ᠲᠤᠭᠤᠯᠤᠭᠤᠯᠤᠭᠠᠳ ᠵᠢᠷᠤᠬᠡᠨ ᠠᠴᠠ ᠨᠠᠷᠢᠨ ᠭᠡᠲᠡᠰᠦ ᠬᠦᠷᠲᠡᠯ᠎ᠡ ᠬᠠᠲᠠᠭᠤᠷᠠᠨ ᠲᠦᠭᠦᠷᠴᠦ | ᠡᠪᠡᠷᠰᠢᠶᠡᠭᠡᠳ ᠬᠠᠪᠢᠷᠠᠵᠤ ᠨᠤᠭᠤᠵᠤ ᠪᠤᠯᠬᠤ ᠦᠭᠡᠢ ᠪᠤᠯᠪᠠᠯ ᠬᠡᠢ ᠤᠰᠤ ᠬᠤᠶᠠᠷ ᠵᠠᠩᠬᠢᠷᠠᠭᠰᠠᠨ ᠲᠡᠮᠲᠡᠭ ᠮᠥᠨ᠂ | ᠲᠡᠭᠦᠨ ᠤ ᠰᠤᠲᠠᠯ ᠨᠢ ᠤᠲᠠᠭᠠᠯᠢᠭ ᠪᠣᠯ ᠴᠡᠭᠡᠵᠢᠨ ᠤ ᠶᠡᠭᠡ ᠵᠠᠩᠬᠢᠷᠠᠭ᠎ᠠ ᠡᠪᠡᠳᠴᠢᠨ ᠭᠡᠨ᠎ᠡ᠂ ᠲᠡᠭᠦᠨ ᠳᠤ | ᠪᠠᠷᠠᠬᠱᠦ᠋ᠨ—4 ᠶᠢᠨ ᠷᠢᠯᠤ ᠶᠢ ᠡᠷᠬᠢᠮ ᠪᠤᠯᠭ᠎ᠠ᠃ 5. ᠬᠡᠷᠪᠡ ᠬᠦᠵᠦᠭᠦᠦ ᠨᠢ ᠬᠠᠲᠠᠭᠤᠷᠠᠵᠤ᠂ ᠵᠦᠭᠡᠯᠡᠨ | ᠬᠠᠨᠲᠠᠷᠠᠬᠤ ᠪᠠᠶᠢᠲᠠᠯ ᠲᠠᠢ ᠪᠣᠯ ᠨᠠᠷᠤ᠋ ᠰᠦᠮ ᠵᠤᠷ ᠢ ᠳ᠋ᠠᠩᠮᠨᠠᠶᠢᠵᠤᠭ ᠲᠠᠢ ᠬᠠᠪᠰᠤᠷᠤᠭᠤᠯᠤᠨ ᠭᠤᠶᠤᠤ ᠶᠢᠨ ᠤᠰᠤ | ᠪᠠᠷ ᠲᠠᠷᠤᠭᠤᠯᠵᠤ ᠤᠤᠭᠤᠯᠭ᠎ᠠ᠃ ᠡᠪᠡᠳᠴᠢᠨ ᠤ ᠬᠦᠴᠦ ᠨᠢ ᠲᠤᠤᠷ᠎ᠠ ᠠᠴᠠ ᠡᠭᠦᠰᠦᠭᠰᠡᠨ ᠳᠤᠨᠢ ᠲᠠᠩ ᠡᠮ ᠢ | ᠬᠡᠷᠡᠭᠯᠡᠵᠦ᠂ ᠡᠪᠡᠳᠴᠢᠨ ᠤ ᠬᠦᠴᠦ ᠨᠢ ᠲᠡᠭᠡᠷ᠎ᠡ ᠠᠴᠠ ᠡᠭᠦᠰᠦᠭᠰᠡᠨ ᠳᠤᠨᠢ ᠷᠢᠯᠦ ᠶᠢ ᠡᠷᠬᠢᠮᠯᠡᠨ ᠬᠡᠷᠡᠭᠯᠡᠪᠡᠯ ᠵᠤᠬᠢᠨ᠎ᠠ | ᠃ 6. ᠵᠢᠷᠤᠬᠡᠨ ᠤ ᠲᠤᠤᠷ᠎ᠠ ᠵᠠᠩᠬᠢᠷᠠᠵᠤ᠂ ᠲᠠᠷᠤᠪᠠᠯ ᠡᠪᠡᠳᠬᠦ ᠪᠠ ᠰᠤᠲᠠᠯ ᠨᠢ ᠲᠡᠭᠲᠡᠬᠦ ᠪᠦᠭᠡᠳ ᠭᠤᠯᠭᠤᠷᠠᠵᠤ | ᠢᠷᠡᠪᠡᠯ ᠴᠡᠭᠡᠵᠢᠨ ᠤ ᠪᠠᠭ᠎ᠠ ᠵᠠᠩᠬᠢᠷᠠᠭ᠎ᠠ ᠡᠪᠡᠳᠴᠢᠨ ᠮᠥᠨ᠃ ᠡᠪᠡᠳᠴᠢᠨ ᠤ ᠭᠡᠮ ᠨᠢ ᠰᠤᠲᠠᠯ ᠳᠤ ᠪᠠᠶᠢᠪᠠᠯ ᠠᠭᠠᠷ— | 35 ᠶᠢ ᠬᠡᠷᠡᠭᠯᠡ᠃ 7. ᠬᠡᠷᠪᠡ ᠴᠡᠭᠡᠵᠢᠨ ᠳᠤ ᠬᠠᠯᠠᠭᠤᠨ ᠦᠭᠡᠢ ᠪᠣᠯ ᠬᠦᠢᠲᠡᠨ ᠡᠵᠡᠯᠡᠭᠰᠡᠨ ᠵᠠᠩᠬᠢᠷᠠᠭ᠎ᠠ | ᠡᠪᠡᠳᠴᠢᠨ ᠮᠥᠨ᠂ ᠲᠡᠭᠦᠨ ᠳᠤ ᠪᠠᠷᠠᠬᠱᠦ᠋ᠨ — 4 ᠶᠢᠨ ᠷᠢᠯᠤ ᠵᠤᠬᠢᠷᠠᠨᠠ᠂ ᠵᠠᠩᠬᠢᠷᠠᠭ᠎ᠠ ᠨᠢ ᠬᠦᠩᠭᠡᠨ ᠪᠣᠯ | ᠳ᠋ᠠᠩᠮᠨᠠᠶᠢᠵᠤᠭ ᠤᠨ ᠲᠡᠭᠡᠷ᠎ᠡ ᠷᠦᠲᠠ ᠶᠢ ᠨᠡᠮᠡᠵᠤ ᠭᠤᠶᠤᠤ ᠶᠢᠨ ᠤᠰᠤ ᠪᠠᠷ ᠲᠠᠷᠤᠭᠤᠯᠵᠤ ᠤᠤᠭᠤᠯᠭᠠᠪᠠᠯ ᠰᠠᠶᠢᠨ᠃ | ᠬᠡᠷᠪᠡ ᠵᠢᠷᠤᠬᠡᠨ ᠤ ᠲᠤᠤᠷ᠎ᠠ ᠬᠠᠲᠠᠭᠤᠷᠠᠨ ᠲᠦᠭᠦᠷᠴᠦ᠂ ᠬᠠᠪᠢᠷᠭᠠᠨ ᠤ ᠲᠤᠤᠷ᠎ᠠ ᠡᠪᠡᠳᠬᠦ ᠪᠦᠭᠡᠳ ᠬᠠᠭᠤᠷᠠᠢ ᠪᠠᠷ | ᠤᠬᠰᠢᠭᠠᠳ ᠠᠮᠢᠰᠬᠤᠯ ᠤᠬᠤᠷᠲᠠᠬᠤ ᠪᠠ ᠬᠦᠯᠦᠷᠡᠬᠦ ᠵᠡᠷᠭᠡ ᠰᠢᠨᠵᠢ ᠪᠤᠢ ᠪᠤᠯᠪᠠᠴᠦ ᠬᠠᠷᠢᠨ ᠲᠠᠭᠠᠷᠠᠲᠠᠰᠤ ᠬᠦᠷᠬᠦ | ᠦᠭᠡᠢ᠂ ᠭᠤᠷᠪᠠᠨ ᠪᠠᠯᠴᠢᠷ ᠤᠨ ᠲᠠᠮᠢᠷ ᠨᠢ ᠲᠡᠭᠡᠷ᠎ᠡ᠂ ᠲᠤᠮᠲᠠ᠂ ᠲᠤᠤᠷ᠎ᠠ ᠵᠡᠷᠭᠡ ᠪᠠᠷ ᠲᠡᠭᠡᠭᠰᠢᠯᠡᠬᠦ ᠲᠤᠷᠤᠬᠰᠢᠯᠬᠠᠤ | ᠨᠢ ᠲᠡᠩᠴᠡᠭᠦᠷᠢ ᠪᠠᠨ ᠠᠯᠲᠠᠵᠤ᠂ ᠨᠡᠪᠲᠡᠷᠬᠦᠶᠡ ᠪᠡᠷᠬᠡ ᠪᠠᠶᠢᠲᠠᠭ ᠪᠣᠯ ᠬᠠᠯᠠᠵᠠᠶᠢᠲᠠᠪ ᠪᠤᠯᠤᠨ ᠽᠤᠮᠤ—3 ᠶᠢᠨ ᠲᠠᠩ | ᠢᠶᠠᠷ ᠭᠤᠤᠯ ᠪᠤᠯᠭᠠᠨ ᠵᠠᠰᠠᠨ᠎ᠠ᠃ ᠡᠨᠡ ᠪᠣᠯ ᠤᠰᠤ ᠨᠢ ᠲᠤᠮᠲᠠ ᠪᠡᠯᠴᠢᠭᠡᠷ ᠲᠤ ᠠᠬᠤᠢ ᠶᠢᠨ ᠰᠢᠯᠲᠠᠭᠠᠨ ᠠᠴᠠ | ᠲᠤᠮᠲᠠ ᠳᠠᠭᠠᠨ ᠲᠦᠭᠦᠷᠦᠭᠰᠡᠨ ᠢ ᠲᠤᠲᠤᠷ ᠠᠴᠠ ᠨᠢ ᠲᠤᠭᠤᠯᠤᠭᠤᠯᠬᠤ ᠠᠷᠭ᠎ᠠ ᠪᠤᠯᠤᠨ᠎ᠠ᠃ ᠬᠡᠷᠪᠡ ᠲᠤᠯᠤᠭᠠᠢ | ᠡᠪᠡᠳᠴᠦ᠂ ᠬᠦᠵᠦᠭᠦᠦ ᠬᠦᠰᠢᠵᠦ᠂ ᠨᠠᠷᠢᠨ ᠬᠠᠯᠠᠭᠤᠨ ᠲᠠᠢ ᠪᠤᠯᠪᠠᠴᠦ ᠬᠦᠯᠦᠰᠦ ᠦᠭᠡᠢ᠂ ᠵᠢᠷᠤᠬᠡᠨ ᠤ ᠲᠤᠤᠷ᠎ᠠ | ᠲᠦᠭᠦᠷᠦᠭᠡᠳ ᠦᠴᠦᠬᠡᠨ ᠡᠪᠡᠳᠬᠦ ᠰᠢᠭᠡᠰᠦ ᠱᠢᠪᠡᠷᠡᠬᠦ ᠰᠢᠨᠵᠢ ᠲᠠᠢ ᠪᠣᠯ ᠲᠠᠪᠤᠰᠠᠩ ᠤᠨ ᠤᠰᠤ ᠨᠡᠪᠲᠡᠷᠡᠬᠦ ᠦᠭᠡᠢ | ᠠᠴᠠ ᠪᠤᠯᠵᠤ ᠬᠡᠢ ᠴᠢᠰᠤ ᠲᠡᠭᠰᠢ ᠪᠤᠰᠤ ᠪᠤᠯᠤᠭᠠᠳ ᠬᠦᠯᠦᠷᠡᠵᠦ ᠴᠢᠲᠠᠬᠤ ᠦᠭᠡᠢ ᠪᠠᠶᠢᠭ᠎ᠠ ᠶᠢᠨ ᠰᠢᠯᠲᠠᠭᠠᠨ ᠮᠥᠨ | ᠲᠤᠯᠠ᠂ ᠲᠡᠭᠦᠨ ᠳᠤ ᠵᠤᠩᠯᠤᠩ ᠷᠦᠭ ᠲᠠᠩ ᠤᠨ ᠲᠡᠭᠡᠷ᠎ᠡ ᠨᠢᠥᠭᠯᠤ᠂ ᠽᠧ ᠰᠢᠶᠧ ᠪᠤᠯᠤᠨ ᠰᠢᠷ᠎ᠠ ᠴᠠᠢ ᠶᠢ ᠨᠠᠮᠠᠵᠤ | ᠴᠢᠨᠠᠵᠤ ᠤᠤᠭᠤᠯᠭᠠᠪᠠᠯ ᠲᠠᠷᠤᠢ ᠲᠤᠰᠠᠯᠠᠨ᠎ᠠ᠂ ᠡᠨᠡ ᠪᠣᠯ ᠤᠰᠤᠨ ᠤ ᠬᠤᠤᠷ ᠲᠤᠤᠷ᠎ᠠ ᠪᠡᠯᠴᠢᠭᠡᠷ ᠲᠤ ᠪᠤᠢ ᠪᠤᠯᠬᠤᠷ | ᠲᠤᠷᠤᠬᠰᠢ ᠤᠲᠤᠷᠢᠲᠤᠨ ᠠᠷᠢᠯᠭᠠᠬᠤ ᠵᠠᠰᠠᠯ ᠮᠥᠨ᠃ | | | | |