| | | | | | ᠷᠠᠰᠢᠨᠠᠮᠵᠢᠯ ᠪᠣᠯ ᠪᠡᠶᠡ ᠡᠪᠲᠡᠷᠡᠭᠡᠲᠦᠢ ᠦᠬᠢᠨ ᠤ ᠰᠠᠷᠠ ᠶᠢᠨ ᠭᠬᠢᠷ ᠲᠡᠭᠰᠢ ᠦᠭᠡᠢ ᠪᠠ ᠵᠢᠷᠮᠤᠰᠤᠨ ᠡᠬᠡᠨᠡᠷ | ᠬᠦᠩᠭᠡᠵᠢᠭᠰᠡᠨ ᠤ ᠬᠤᠶᠢᠨᠠᠬᠢ ᠡᠯᠲᠡᠪ ᠵᠤᠶᠢᠯ ᠤᠨ ᠡᠪᠡᠳᠴᠢᠨ ᠢ ᠴᠦᠮ ᠵᠠᠰᠠᠨᠠ᠃ ᠬᠡᠷᠪᠡ ᠡᠪᠡᠳᠴᠢᠨ ᠨᠢ ᠬᠦᠨᠲᠦ | ᠪᠣᠯ ᠡᠭᠦᠨ ᠤ ᠲᠤᠲᠤᠷᠠ ᠠᠴᠠ ᠠᠯᠢ ᠲᠤᠬᠢᠷᠠᠬᠤ ᠶᠢ ᠰᠤᠩᠭᠤᠵᠤ ᠬᠡᠷᠡᠭᠯᠡᠬᠦ ᠬᠡᠷᠡᠭᠲᠡᠢ᠃ ᠡᠨᠡ ᠨᠢᠭᠡᠨ ᠵᠤᠷ ᠢᠶᠠᠷ | ᠬᠡᠲᠦᠨ ᠠᠷᠪᠠᠨ ᠵᠤᠶᠢᠯ ᠤᠨ ᠡᠪᠡᠳᠴᠢᠨ ᠢ ᠴᠦᠮ ᠵᠠᠰᠠᠵᠤ ᠪᠤᠯᠬᠤ ᠪᠦᠭᠡᠳ ᠡᠨᠡ ᠪᠣᠯ ᠮᠢᠨᠤ ᠲᠦᠷᠪᠡᠨ ᠦᠶᠡ ᠶᠢᠨ | ᠲᠤᠷᠰᠢ ᠬᠡᠷᠡᠭᠯᠡᠭᠰᠡᠭᠡᠷ ᠢᠷᠡᠭᠰᠡᠨ ᠪᠤᠲᠠᠲᠤ ᠲᠤᠷᠰᠢᠯᠭᠠ ᠮᠥᠨ ᠪᠠᠶᠢᠬᠤ ᠪᠠᠷ ᠪᠠᠷᠠᠬᠤ ᠦᠭᠡᠢ᠂ ᠡᠭᠦᠨ ᠢᠶᠠᠷ ᠡᠮᠨᠡᠵᠤ | ᠵᠠᠰᠠᠭᠠᠳ ᠶᠡᠷᠦ ᠠᠯᠲᠠᠰᠢ ᠭᠠᠷᠤᠬᠰᠠᠨ ᠤᠲᠠᠭᠠ ᠦᠭᠡᠢ ᠪᠢᠯᠡ᠃ ᠡᠭᠦᠨ ᠢ ᠬᠡᠷᠡᠭᠯᠡᠬᠦ ᠳᠡᠭᠡᠨ ᠨᠤᠮᠯᠠᠯ ᠢ ᠪᠠᠷᠢᠮᠲᠠᠯᠠᠵᠤ | ᠪᠤᠯᠬᠤ ᠦᠭᠡᠢ᠃ ᠲᠡᠭᠦᠨ ᠤ ᠬᠦᠯᠭᠡ ᠶᠢ ᠡᠪᠡᠳᠴᠢᠨ ᠤ ᠪᠠᠶᠢᠲᠠᠯ ᠳᠤ ᠲᠤᠰ ᠲᠤᠰ ᠲᠤᠨᠢ ᠲᠤᠬᠢᠷᠠᠭᠤᠯᠤᠨ ᠬᠡᠷᠡᠭᠯᠡᠬᠦ | ᠠᠷᠭᠠ ᠶᠢ ᠲᠤᠤᠷᠠ ᠵᠢᠬᠰᠠᠭᠠᠪᠠ᠃ 1. ᠦᠵᠡᠭᠲᠡᠭᠰᠡᠨ ᠤ ᠬᠤᠶᠢᠨᠠ ᠲᠠᠭᠠᠷᠠᠲᠠᠰᠤ ᠬᠦᠷᠬᠦ᠂ ᠬᠠᠯᠠᠭᠤᠷᠠᠬᠤ᠂ | ᠲᠤᠯᠤᠭᠠᠢ ᠡᠪᠡᠳᠬᠦ᠂ ᠪᠡᠶᠡ ᠡᠪᠡᠳᠬᠦ᠂ ᠰᠤᠲᠠᠯ ᠶᠡᠭᠡ ᠪᠦᠭᠡᠳ ᠬᠦᠴᠦ ᠦᠭᠡᠢ ᠪᠣᠯ ᠬᠡᠢ ᠴᠢᠰᠤᠨ ᠴᠦᠮ ᠪᠠᠭᠤᠷᠠᠢ | ᠪᠤᠯᠤᠬᠰᠠᠨ ᠠᠴᠠ ᠰᠢᠯᠲᠠᠭᠠᠯᠠᠬᠰᠠᠨ ᠲᠤᠯᠠ ᠰᠤᠽᠢᠰᠧᠷᠪᠤ᠂ ᠳ᠋ᠠᠩᠭᠦᠨ ᠢ ᠲᠤᠰ ᠪᠦᠷᠢ 1 ᠯᠠᠩ ᠨᠡᠮᠡᠵᠤ ᠲᠠᠷᠤᠭᠤᠯ᠃ | 2. ᠦᠵᠡᠭᠲᠡᠭᠰᠡᠨ ᠤ ᠬᠤᠶᠢᠨᠠ ᠬᠦᠲᠡᠯᠮᠤᠷᠢ ᠬᠢᠭᠰᠡᠨ ᠨᠢ ᠡᠷᠲᠡᠲᠡᠵᠤ᠂ ᠬᠠᠯᠠᠭᠤᠷᠠᠨ ᠲᠠᠭᠠᠷᠠᠲᠠᠰᠤ ᠬᠦᠷᠪᠡᠯ | ᠪᠤᠯᠭᠤᠬᠰᠠᠨ ᠰᠠᠨᠰᠧᠷ᠂ ᠰᠤᠷᠤᠯᠤᠰᠧᠷᠪᠤ ᠶᠢ ᠲᠤᠰ ᠪᠦᠷᠢ 5 ᠴᠢᠨ ᠨᠡᠮᠡᠵᠤ ᠲᠠᠷᠤᠭᠤᠯ᠃ 3. ᠦᠵᠡᠭᠲᠡᠭᠰᠡᠨ ᠤ | ᠬᠤᠶᠢᠨᠠ ᠮᠠᠭᠤ ᠴᠢᠰᠤ ᠠᠷᠢᠯᠤᠭᠰᠠᠨ ᠦᠭᠡᠢ ᠪᠠᠷ ᠴᠡᠭᠡᠵᠢ ᠲᠡᠯᠡᠵᠤ ᠡᠪᠡᠳᠬᠦ ᠪᠠ ᠬᠡᠪᠡᠯᠢ ᠶᠢᠨ ᠲᠤᠲᠤᠷᠠ | ᠪᠦᠭᠡᠨᠡᠮᠷᠡᠨ ᠬᠦᠲᠦᠶᠢᠵᠦ ᠲᠠᠭᠠᠷᠠᠲᠠᠰᠤ ᠬᠦᠷᠬᠦ ᠪᠦᠭᠡᠳ ᠪᠠᠰᠠ ᠬᠠᠯᠠᠭᠤᠷᠠᠪᠠᠯ ᠮᠠᠭᠤ ᠴᠢᠰᠤᠨ ᠤ ᠰᠢᠯᠲᠠᠭᠠᠨ ᠶᠤᠮ᠃ | ᠡᠭᠦᠨ ᠳᠤ ᠭᠦᠷᠭᠦᠮ᠂ ᠠᠷᠬᠠᠮᠽᠢᠭᠦᠦ᠂ ᠰᠢᠩᠼᠠ᠂ ᠤᠯᠮᠤᠰᠧ᠂ ᠰᠸᠦ᠋ᠰᠢᠮᠱᠦ᠋ᠨᠪᠠᠭ᠂ ᠷᠦᠳᠠ᠂ ᠶᠤᠸᠠᠨ ᠬᠤ᠋ ᠶᠢ | ᠲᠤᠰᠪᠤᠷᠢ 2 ᠴᠢᠨ ᠬᠡᠥᠬᠡᠳ ᠤᠨ ᠰᠢᠭᠡᠰᠦ ᠪᠠᠷ ᠲᠠᠷᠤᠭᠤᠯ᠃ 4. ᠮᠠᠭᠤ ᠴᠢᠰᠤ ᠲᠠᠷᠬᠠᠬᠰᠠᠨ ᠤ ᠬᠤᠶᠢᠨᠠ ᠬᠡᠪᠡᠯᠢ | ᠲᠦᠭᠦᠷᠬᠦ ᠦᠭᠡᠢ ᠪᠦᠭᠡᠳ ᠬᠠᠲᠠᠭᠤ ᠦᠭᠡᠢ᠂ ᠪᠠᠰᠠ ᠡᠪᠡᠳᠬᠦ ᠦᠭᠡᠢ ᠪᠤᠯᠪᠠᠴᠦ ᠬᠡᠢ ᠬᠠᠯᠠᠭᠤᠨ ᠨᠢ ᠪᠠᠭᠤᠷᠠᠬᠰᠠᠨ | ᠦᠭᠡᠢ ᠪᠣᠯ ᠵᠠᠷᠭᠤᠳᠪᠠᠭ᠂ ᠰᠤᠽᠢᠰᠧᠷᠪᠤ ᠪᠠᠷ ᠲᠠᠷᠤᠭᠤᠯ᠃ 5. ᠦᠵᠡᠭᠲᠡᠭᠰᠡᠨ ᠤ ᠬᠤᠶᠢᠨᠠ ᠮᠠᠭᠤ ᠴᠢᠰᠤ ᠪᠦᠷᠢᠨ | ᠠᠷᠢᠯᠤᠭᠰᠠᠨ ᠦᠭᠡᠢ ᠪᠣᠯ ᠮᠠᠭᠤ ᠴᠢᠰᠤ ᠲᠡᠭᠡᠭᠰᠢ ᠪᠠᠲᠠᠷᠠᠵᠤ ᠮᠠᠨᠠᠷᠠᠨ᠂ ᠬᠡᠪᠡᠯᠢ ᠲᠦᠭᠦᠷᠦᠭᠡᠳ ᠬᠠᠲᠠᠭᠤᠷᠠᠵᠤ | ᠡᠪᠡᠲᠦᠨᠡ᠂ ᠲᠡᠭᠦᠨ ᠤ ᠮᠠᠭᠤ ᠴᠢᠰᠤ ᠶᠢ ᠠᠷᠢᠯᠭᠠᠬᠤ ᠶᠢᠨ ᠲᠤᠯᠠ ᠭᠦᠷᠭᠦᠮ᠂ ᠠᠷᠬᠠᠮᠽᠢᠭᠦᠦ᠂ ᠰᠢᠩᠼᠠ᠂ | ᠤᠯᠮᠤᠰᠧ᠂ ᠶᠤᠸᠠᠨ ᠬᠤ᠋ ᠶᠢ ᠨᠡᠮᠡᠵᠤ ᠬᠡᠥᠬᠡᠳ ᠤᠨ ᠰᠢᠭᠡᠰᠦ᠂ ᠭᠠᠨᠵᠢᠶᠠᠩ ᠤᠨ ᠰᠦᠮᠦᠰᠦ ᠪᠠᠷ ᠲᠠᠷᠤᠭᠤᠯ᠃ 6. | ᠦᠵᠡᠭᠲᠡᠭᠰᠡᠨ ᠤ ᠬᠤᠶᠢᠨᠠ ᠬᠡᠪᠡᠯᠢ ᠲᠦᠭᠦᠷᠴᠦ ᠬᠠᠲᠠᠭᠤᠷᠠᠬᠤ ᠦᠭᠡᠢ ᠪᠠᠷ ᠡᠪᠡᠳᠪᠡᠯ ᠮᠠᠭᠤ ᠴᠢᠰᠤᠨ ᠤ ᠭᠡᠮ ᠪᠤᠰᠤ | ᠂ ᠬᠠᠷᠢᠨ ᠲᠡᠯᠢᠭᠦᠦ ᠶᠢᠨ ᠲᠠᠮᠢᠷ ᠪᠠᠭᠤᠷᠠᠬᠰᠠᠨ ᠤ ᠤᠴᠢᠷ ᠶᠤᠮ᠃ ᠲᠡᠭᠦᠨ ᠳᠤ ᠵᠧᠪᠡᠷᠡᠢ᠂ ᠲᠦᠭᠪᠠᠭ ᠢᠶᠠᠷ | ᠲᠠᠷᠤᠭᠤᠯ᠃ 7. ᠦᠵᠡᠭᠲᠡᠭᠰᠡᠨ ᠤ ᠬᠤᠶᠢᠨᠠ ᠮᠠᠭᠤ ᠴᠢᠰᠤ ᠠᠷᠢᠯᠬᠤ ᠦᠭᠡᠢ ᠪᠣᠯ ᠮᠠᠭᠤ ᠴᠢᠰᠤ ᠬᠤᠲᠤᠭᠤᠲᠤ | ᠲᠡᠯᠢᠭᠦᠨ ᠳᠤ ᠪᠠᠭᠤᠬᠰᠠᠨ ᠠᠴᠠ ᠰᠢᠯᠲᠠᠭᠠᠯᠠᠬᠰᠠᠨ ᠪᠠᠶᠢᠨᠠ᠃ ᠬᠡᠪᠡᠯᠢ ᠬᠠᠪᠢᠷᠭᠠ ᠬᠠᠳᠬᠤᠯᠠᠨ ᠡᠪᠡᠳᠬᠦ᠂ ᠡᠰᠡᠭᠦᠯᠡ | ᠬᠠᠪᠤᠳᠬᠤ᠂ ᠲᠦᠭᠦᠷᠬᠦ ᠳᠤᠨᠢ ᠪᠠᠶᠠᠭᠽᠠᠸᠠ᠂ ᠭᠦᠷᠭᠦᠮ᠂ ᠲᠦᠩᠪᠠᠭ᠂ ᠶᠤᠸᠠᠨ ᠬᠤ᠋᠂ ᠰᠢᠩᠼᠠ᠂ ᠤᠨᠪᠠᠭ᠂ | ᠷᠦᠳᠠ ᠶᠢ ᠨᠡᠮᠡᠵᠤ ᠤᠤᠭᠤᠯᠭᠠ᠃ ᠬᠡᠷᠪᠡ ᠡᠲᠦᠷ ᠤᠲᠠᠭᠠᠳ ᠰᠠᠶᠢᠨ ᠪᠤᠯᠬᠤ ᠦᠭᠡᠢ ᠪᠣᠯ ᠴᠢᠰᠤᠨ ᠪᠡᠲᠡᠬᠢ | ᠬᠤᠪᠢᠯᠬᠤ ᠪᠤᠯᠤᠨᠠ᠃ 8. ᠦᠵᠡᠭᠲᠡᠭᠰᠡᠨ ᠤ ᠬᠤᠶᠢᠨᠠ ᠮᠠᠭᠤ ᠴᠢᠰᠤ ᠵᠤᠬᠰᠤᠬᠤ ᠦᠭᠡᠢ ᠪᠣᠯ᠂ ᠴᠢᠰᠤᠨ ᠲᠠᠮᠢᠷ | ᠪᠠᠭᠤᠷᠠᠬᠰᠠᠨ ᠪᠦᠭᠡᠳ ᠴᠢᠰᠤ ᠬᠠᠯᠠᠭᠤᠨ ᠤ ᠰᠢᠯᠲᠠᠭᠠᠨ ᠶᠤᠮ᠃ ᠡᠭᠦᠨ ᠳᠤ ᠰᠤᠽᠢᠰᠧᠷᠪᠤ᠂ ᠰᠠᠰᠧᠷᠲ᠋ᠠᠯ᠂ ᠵᠦᠷᠦᠷᠡ | ᠂ ᠵᠢᠷᠦ᠋ᠭᠲ᠋ᠠᠯ᠂ ᠪᠤᠩᠪᠠᠭᠵᠢᠨ᠂ ᠬᠠᠮᠪᠤᠨᠠᠭ᠂ ᠴᠦᠴᠦ᠋ᠩᠸᠠ᠂ ᠷᠠᠮᠪᠠ ᠪᠡᠭᠡ ᠲᠡᠷᠢᠭᠦᠲᠡᠨ ᠢ ᠨᠡᠮᠡᠵᠤ ᠲᠠᠷᠤᠭᠤᠯ᠃ 9. | ᠦᠵᠡᠭᠲᠡᠭᠰᠡᠨ ᠤ ᠬᠤᠶᠢᠨᠠ ᠴᠢᠰᠤ ᠪᠠᠭᠤᠬᠰᠠᠨ ᠨᠢ ᠬᠡᠲᠦᠷᠡᠭᠰᠡᠨ ᠠᠴᠠ ᠤᠯᠤᠭᠠᠢ ᠶᠢᠨ ᠰᠢᠮᠡ ᠬᠠᠲᠠᠵᠤ᠂ ᠪᠠᠭᠠᠰᠤ | ᠬᠤᠷᠭᠤᠰᠤᠯᠠᠵᠤ ᠨᠡᠪᠲᠡᠷᠡᠬᠦ ᠦᠭᠡᠢ ᠪᠣᠯ ᠮᠠ ᠿᠧᠨ᠂ ᠰᠠᠰᠧᠷ᠂ ᠠᠷᠬᠠᠮᠽᠢᠭᠦᠦ᠂ ᠬᠠᠮᠪᠤᠽᠢᠭᠦᠦ᠂ ᠰᠧᠷᠴᠧᠨ᠂ | ᠰᠸᠦ᠋ᠰᠢᠮᠱᠦ᠋ᠨᠪᠠᠭ᠂ ᠲᠦᠭᠪᠠᠭ᠂ ᠭᠦᠷᠭᠦᠮ ᠢ ᠨᠡᠮᠡᠵᠤ ᠲᠠᠷᠤᠭᠤᠯ᠃ 10. ᠦᠵᠡᠭᠲᠡᠭᠰᠡᠨ ᠤ ᠬᠤᠶᠢᠨᠠ ᠬᠡᠢ ᠴᠢᠰᠤ | ᠮᠡᠭᠦᠰᠲᠡᠵᠤ ᠮᠠᠨᠠᠷᠠᠭᠠᠳ ᠮᠡᠲᠡᠷᠡᠯ ᠦᠭᠡᠢ ᠪᠤᠯᠪᠠᠯ ᠤᠶᠢᠮᠠᠨ ᠰᠤᠴᠢᠭᠠᠵᠤ ᠲᠠᠭᠤᠲᠠᠨ ᠬᠦᠲᠡᠯᠭᠡᠵᠦ ᠪᠤᠯᠬᠤ ᠦᠭᠡᠢ᠂ | ᠲᠡᠭᠦᠨ ᠤ ᠭᠤᠤᠯ ᠲᠠᠮᠢᠷ ᠶᠠᠲᠠᠷᠠᠬᠤ ᠶᠢ ᠰᠡᠷᠬᠡᠶᠢᠯᠡ᠃ ᠲᠡᠭᠦᠨ ᠢ ᠲᠦᠰᠢᠨ ᠪᠤᠰᠬᠠᠵᠤ ᠬᠤᠶᠠᠷ ᠬᠦᠯ ᠢ ᠨᠢ | ᠵᠠᠪᠢᠯᠠᠭᠤᠯᠤᠨ ᠰᠠᠭᠤᠯᠭᠠᠵᠤ᠂ ᠭᠠᠷ ᠢᠶᠠᠷ ᠲᠡᠭᠦᠨ ᠤ ᠦᠰᠦ ᠶᠢ ᠬᠤᠷᠢᠶᠠᠨ ᠠᠳᠬᠤᠵᠤ ᠨᠢᠭᠡᠨ ᠬᠦᠮᠦᠨ ᠢᠶᠠᠷ | ᠨᠠᠮᠤᠬᠠᠨ ᠲᠠᠭᠤᠲᠠᠭᠤᠯᠵᠤ ᠭᠠᠭ᠋ᠠᠢ ᠶᠢᠨ ᠲᠠᠪᠤᠰᠠᠩ ᠤᠨ ᠲᠤᠲᠤᠷᠠ ᠬᠠᠯᠠᠭᠤᠬᠠᠨ ᠰᠢᠭ᠋ ᠲᠠᠪᠤᠰᠤ ᠲᠠᠢ ᠤᠰᠤ ᠶᠢ | ᠬᠢᠵᠦ᠂ ᠲᠤᠯᠤᠭᠠᠢ ᠶᠢᠨ ᠤᠷᠤᠢ ᠲᠡᠭᠡᠷᠡ ᠨᠢ ᠨᠠᠭᠠᠯᠲᠤᠭᠤᠯᠵᠤ ᠪᠠᠷᠢᠪᠠᠯ ᠲᠠᠷᠤᠢ ᠰᠡᠷᠭᠦᠭᠦ ᠪᠤᠯᠤᠨᠠ᠃ ᠡᠰᠡᠭᠦᠯᠡ | ᠲᠡᠭᠡᠷᠡ ᠲᠡᠮᠲᠡᠭᠯᠡᠭᠰᠡᠨ ᠭᠤᠭᠤᠳ᠂ ᠼᠤᠤ ᠪᠠᠷ ᠬᠠᠮᠠᠷ ᠢ ᠨᠢ ᠤᠲᠤᠬᠤ ᠠᠷᠭᠠ ᠶᠢ ᠬᠡᠷᠡᠭᠯᠡᠪᠡᠴᠦ ᠪᠠᠰᠠ ᠪᠤᠯᠤᠨᠠ᠂ | ᠲᠡᠭᠦᠨᠴᠢᠯᠡᠨ ᠰᠤᠽᠢᠰᠧᠷᠪᠤ᠂ ᠳ᠋ᠠᠩᠭᠦᠨ ᠲᠤᠰ ᠪᠦᠷᠢ 1 ᠯᠠᠩ ᠢ ᠨᠡᠮᠡᠵᠤ ᠡᠨᠡ ᠡᠮ ᠢ ᠲᠠᠷᠤᠭᠤᠯᠤᠨ ᠤᠤᠭᠤᠯᠭᠠᠪᠠᠯ | ᠰᠠᠶᠢᠨ ᠪᠤᠯᠤᠨᠠ᠃ 11. ᠦᠵᠡᠭᠲᠡᠭᠰᠡᠨ ᠤ ᠬᠤᠶᠢᠨᠠ ᠰᠠᠭᠤᠯᠭᠠᠵᠤ ᠬᠠᠪᠤᠲᠠᠷ ᠤᠷᠤᠪᠠᠯ ᠤᠨᠪᠤᠢ᠂ ᠲᠦᠭᠪᠠᠭ᠂ | ᠵᠧᠪᠡᠷᠡᠢ᠂ ᠵᠠᠳᠦ᠋ᠩᠽᠠᠸᠠ᠂ ᠪᠠᠯᠢᠭᠠ᠂ ᠭᠤᠶᠤᠱᠦᠦ᠋ᠨᠪᠠᠭ ᠢ ᠬᠡᠷᠡᠭᠯᠡᠨᠡ᠃ ᠬᠡᠷᠪᠡ ᠰᠠᠭᠤᠯᠭᠠᠬᠤ ᠨᠢ ᠬᠦᠨᠲᠦ ᠪᠣᠯ | ᠭᠠᠨᠠᠭ᠂ ᠽᠠᠳᠢ᠂ ᠷᠦᠳᠠ ᠶᠢ ᠨᠠᠮᠠᠵᠤ ᠲᠠᠷᠤᠭᠤᠯ᠃ ᠢᠯᠡᠷᠢ ᠪᠤᠯᠬᠤ ᠦᠭᠡᠢ ᠪᠣᠯ ᠲᠡᠯᠢᠭᠦᠦ ᠶᠢᠨ ᠲᠠᠮᠢᠷ ᠪᠠᠭᠤᠷᠠᠵᠤ | ᠲᠤᠲᠤᠷᠠ ᠲᠦᠭᠦᠷᠭᠦ ᠪᠤᠯᠤᠨᠠ᠃ 12. ᠦᠵᠡᠭᠲᠡᠭᠰᠡᠨ ᠤ ᠬᠤᠶᠢᠨᠠ ᠢᠲᠡᠭᠡᠨ ᠠᠴᠠ ᠬᠡᠮᠲᠦᠵᠦ᠂ ᠬᠤᠲᠤᠭᠤᠲᠤ | ᠲᠡᠯᠢᠭᠦᠦ ᠲᠦᠭᠦᠷᠦᠨ ᠲᠤᠲᠤᠷᠠ ᠬᠦᠭᠡᠵᠦ ᠰᠠᠭᠤᠯᠭᠠᠨ ᠶᠤᠯᠬᠤᠲᠠᠰᠤ ᠪᠤᠯᠪᠠᠯ ᠵᠠᠰᠠᠬᠤᠶᠠ ᠪᠡᠷᠬᠡ ᠶᠤᠮ᠃ ᠲᠡᠭᠦᠨ ᠳᠤ | ᠵᠧᠪᠡᠷᠡᠢ᠂ ᠽᠠᠳᠢ᠂ ᠷᠦᠳᠠ᠂ ᠷᠢᠮᠠᠨ᠂ ᠤᠨᠪᠤᠢ᠂ ᠲᠦᠭᠪᠠᠭ᠂ ᠭᠠᠨᠠᠭ᠂ ᠽᠤᠸᠠᠪᠠᠳᠭᠠᠷᠪᠤ ᠶᠢ ᠨᠡᠮᠡᠵᠤ ᠲᠠᠷᠤᠭᠤᠯ᠃ | 13. ᠦᠵᠡᠭᠲᠡᠭᠰᠡᠨ ᠤ ᠬᠤᠶᠢᠨᠠ ᠲᠤᠷᠠ ᠪᠤᠯᠬᠢᠵᠤ ᠤᠬᠰᠢᠨ ᠪᠦᠭᠡᠯᠵᠢᠬᠦ ᠨᠢ ᠵᠤᠬᠰᠤᠬᠤ ᠦᠭᠡᠢ ᠪᠣᠯ ᠴᠢᠰᠤ | ᠪᠠᠭᠤᠬᠰᠠᠨ ᠨᠢ ᠬᠡᠲᠦᠷᠡᠭᠡᠳ ᠲᠡᠯᠢᠭᠦᠦ ᠬᠤᠲᠤᠭᠤᠲᠤ ᠶᠢ ᠬᠦᠢᠲᠡᠨ ᠬᠡᠢ ᠡᠵᠡᠯᠡᠵᠦ ᠴᠢᠰᠤ ᠴᠦᠭᠡᠲᠡᠭᠰᠡᠨ ᠤ | ᠰᠢᠯᠲᠠᠭᠠᠨ ᠶᠤᠮ᠃ ᠡᠭᠦᠨ ᠳᠤ ᠭᠠᠨᠠᠭ᠂ ᠭᠠᠵᠠ᠂ ᠰᠧᠮᠡ᠂ ᠪᠠᠨᠽᠢ᠂ ᠵᠦᠷᠪᠠᠭ᠂ ᠵᠧᠪᠡᠷᠡᠢ᠂ ᠭᠠᠷᠪᠤᠢ ᠶᠢ ᠨᠡᠮᠡᠵᠤ | ᠲᠠᠷᠤᠭᠤᠯ᠃ 14. ᠦᠵᠡᠭᠲᠡᠭᠰᠡᠨ ᠤ ᠬᠤᠶᠢᠨᠠ ᠮᠠᠭᠤ ᠴᠢᠰᠤ ᠦᠴᠦᠭᠡᠨ ᠪᠠᠭᠤᠬᠰᠠᠨ ᠤ ᠰᠢᠯᠲᠠᠭᠠᠨ ᠢᠶᠠᠷ ᠦᠮᠡᠬᠡᠢ | ᠦᠨᠦᠷ ᠢᠶᠠᠷ ᠤᠬᠰᠢᠭᠤᠯᠵᠤ ᠴᠡᠭᠡᠵᠢ ᠲᠡᠯᠡᠵᠦ ᠬᠡᠪᠡᠯᠢ ᠡᠪᠡᠳᠪᠡᠯ ᠮᠠᠭᠤ ᠴᠢᠰᠤ ᠲᠡᠭᠡᠭᠰᠢ ᠤᠷᠬᠢᠬᠰᠠᠨ ᠠᠴᠠ | ᠪᠤᠯᠤᠬᠰᠠᠨ ᠶᠤᠮ᠃ ᠲᠡᠭᠦᠨ ᠳᠤ ᠰᠢᠩᠼᠠ᠂ ᠽᠠᠳᠢ᠂ ᠵᠧᠪᠡᠷᠡᠢ᠂ ᠲᠦᠭᠪᠠᠭ᠂ ᠭᠦᠷᠭᠦᠮ ᠢ ᠨᠡᠮᠡᠵᠤ ᠲᠠᠷᠤᠭᠤᠯ᠃ | 15. ᠦᠵᠡᠭᠲᠡᠭᠰᠡᠨ ᠤ ᠬᠤᠶᠢᠨᠠ ᠠᠭᠤᠷ ᠬᠢᠯᠢᠩ ᠬᠦᠷᠴᠦ ᠡᠯᠢᠭᠡ ᠬᠦᠨᠦᠭᠡᠭᠲᠡᠭᠡᠳ ᠴᠡᠭᠡᠵᠢ ᠬᠠᠪᠢᠷᠭᠠ ᠬᠠᠳᠬᠤᠵᠤ | ᠡᠪᠡᠳᠬᠦ᠂ ᠲᠤᠲᠤᠷ ᠲᠦᠭᠦᠷᠴᠦ ᠢᠲᠡᠭᠡᠨ ᠤᠮᠲᠠᠭᠠᠨ ᠤᠷᠤᠬᠤ ᠦᠭᠡᠢ ᠪᠦᠭᠡᠳ ᠬᠠᠯᠠᠭᠤᠷᠠᠪᠠᠯ ᠵᠧᠪᠡᠷᠡᠢ᠂ ᠷᠦᠳᠠ᠂ | ᠲᠦᠭᠪᠠᠭ᠂ ᠶᠤᠸᠠᠨ ᠬᠤ᠋᠂ ᠤᠨᠪᠠᠭ᠂ ᠭᠤᠨᠢᠶᠤᠳ ᠢ ᠨᠡᠮᠡᠵᠤ ᠲᠠᠷᠤᠭᠤᠯ᠃ 16. ᠦᠵᠡᠭᠲᠡᠭᠰᠡᠨ ᠤ ᠬᠤᠶᠢᠨᠠ | ᠴᠢᠰᠤᠨ ᠲᠠᠮᠢᠷ ᠮᠠᠭᠤᠵᠢᠷᠠᠬᠰᠠᠨ ᠰᠢᠯᠲᠠᠭᠠᠨ ᠢᠶᠠᠷ ᠬᠠᠯᠠᠭᠤᠨ ᠤᠷᠬᠢᠬᠤ ᠪᠦᠭᠡᠳ ᠬᠠᠯᠠᠭᠤᠷᠠᠬᠤ ᠨᠢ ᠵᠤᠬᠰᠤᠬᠤ | ᠦᠭᠡᠢ᠂ ᠲᠠᠴᠢᠶᠠᠲᠡᠨ ᠰᠤᠴᠢᠵᠤ ᠠᠮᠤᠷ ᠬᠡᠪᠲᠡᠵᠤ ᠤᠨᠲᠠᠵᠤ ᠴᠢᠲᠠᠬᠤ ᠦᠭᠡᠢ᠂ ᠤᠯᠢᠭᠤ ᠰᠤᠯᠢᠭᠤ ᠦᠭᠡ ᠬᠡᠯᠡᠵᠤ | ᠮᠡᠲᠡᠷᠡᠯ ᠠᠯᠲᠠᠪᠠᠯ ᠴᠠᠪᠠᠭᠠᠨ ᠤ ᠴᠢᠮᠦᠭᠡ᠂ ᠨᠢᠥᠭᠱᠦ᠋ᠨ ᠵᠦᠷᠦᠷᠡ᠂ ᠪᠤᠩᠭᠠᠷ᠂ ᠼᠠᠯᠭᠤᠳ᠂ ᠨᠢᠩᠱᠤᠱᠠ ᠶᠢ ᠨᠡᠮᠡᠵᠤ | ᠲᠠᠷᠤᠭᠤᠯ᠃ 17. ᠦᠵᠡᠭᠲᠡᠭᠰᠡᠨ ᠤ ᠬᠤᠶᠢᠨᠠ ᠨᠢᠲᠤ ᠠᠮᠠ ᠨᠢ ᠬᠠᠵᠠᠶᠢᠵᠤ ᠭᠠᠷ ᠬᠦᠯ ᠲᠠᠲᠠᠯᠲᠤᠬᠤ᠂ ᠡᠰᠡᠭᠦᠯᠡ | ᠰᠢᠷᠪᠤᠰᠤ ᠲᠠᠲᠠᠯᠲᠤᠨ᠂ ᠮᠢᠬᠠ ᠴᠡᠴᠡᠷᠡᠬᠦ᠂ ᠡᠰᠡᠭᠦᠯᠡ ᠵᠢᠷᠦᠭᠡ ᠴᠡᠴᠡᠷᠡᠵᠦ ᠦᠯᠦ ᠵᠤᠬᠰᠤᠬᠤ᠂ ᠬᠠᠯᠠᠭᠤᠨ ᠬᠦᠢᠲᠡᠨ | ᠤᠷᠤᠵᠤ ᠰᠤᠲᠠᠯ ᠨᠢ ᠶᠡᠭᠡ ᠪᠦᠭᠡᠳ ᠬᠦᠴᠦ ᠦᠭᠡᠢ ᠪᠤᠯᠬᠤ᠂ ᠡᠰᠡᠭᠦᠯᠡ ᠰᠤᠲᠠᠯ ᠨᠢ ᠲᠠᠮᠢᠷ ᠦᠭᠡᠢ᠂ ᠨᠠᠷᠢᠰᠪᠠᠯ | ᠬᠡᠢ ᠴᠢᠰᠤ ᠪᠠᠭᠤᠷᠠᠢ ᠪᠤᠯᠤᠬᠰᠠᠨ ᠠᠴᠠ ᠰᠤᠲᠠᠯ ᠰᠢᠷᠪᠤᠰᠤ ᠶᠢ ᠰᠢᠮᠡᠵᠢᠭᠦᠯᠵᠦ ᠴᠢᠲᠠᠬᠤ ᠦᠭᠡᠢ ᠪᠤᠯᠤᠬᠰᠠᠨ ᠠᠴᠠ | ᠰᠢᠯᠲᠠᠭᠠᠯᠠᠬᠰᠠᠨ ᠶᠤᠮ᠃ ᠲᠡᠭᠦᠨ ᠳᠤ ᠳ᠋ᠠᠩᠭᠦᠨ᠂ ᠰᠤᠽᠢᠰᠧᠷᠪᠤ ᠶᠢ ᠨᠡᠮᠡᠨᠡ᠃ ᠬᠡᠷᠪᠡ ᠰᠤᠲᠠᠯ ᠲᠡᠭᠲᠡᠵᠦ ᠴᠢᠩᠭᠠ | ᠬᠦᠴᠦ ᠲᠠᠢ ᠪᠣᠯ ᠴᠢᠰᠤ ᠬᠤᠭᠤᠰᠤᠷᠴᠦ ᠰᠡᠭᠦᠲᠡᠷ ᠡᠪᠡᠳᠴᠢᠨ ᠪᠤᠯᠤᠬᠰᠠᠨ ᠪᠤᠯᠤᠨᠠ᠃ ᠡᠭᠦᠨ ᠳᠤ ᠰᠤᠷᠤᠯᠤᠰᠧᠷᠪᠤ᠂ | ᠵᠢᠷᠦ᠋ᠭ᠂ ᠱᠤᠮᠠᠩᠽᠠᠸᠠ ᠶᠢ ᠨᠡᠮᠡ᠃ ᠬᠡᠷᠪᠡ ᠬᠡᠢ ᠭᠡᠵᠦ ᠦᠵᠡᠭᠡᠳ ᠬᠡᠢ ᠶᠢ ᠲᠠᠷᠬᠠᠭᠠᠬᠤ ᠡᠮ ᠢ ᠤᠯᠠᠨᠲᠠ ᠦᠭᠪᠡᠯ | ᠠᠲᠡᠯ ᠪᠤᠯᠬᠤ ᠳᠤ ᠬᠦᠷᠦᠨᠡ᠃ ᠬᠡᠷᠪᠡ ᠴᠡᠷ ᠲᠠᠢ ᠪᠣᠯ ᠨᠢᠶᠦ᠋ᠬᠡᠬᠠᠲᠠ᠂ ᠵᠠᠭᠠ ᠶᠢᠨ ᠰᠢᠮᠡ᠂ ᠪᠠᠨᠽᠢ᠂ ᠵᠦᠷᠪᠠᠭ ᠢ | ᠨᠡᠮᠡᠵᠤ ᠲᠠᠷᠤᠭᠤᠯ᠃ ᠡᠪᠡᠳᠴᠢᠨ ᠤ ᠰᠢᠨᠵᠢ ᠶᠢ ᠰᠠᠶᠢᠲᠤᠷ ᠨᠢᠬᠲᠠᠯᠠᠵᠤ ᠡᠮ ᠠᠲᠡᠭᠦᠷᠡᠵᠦ ᠬᠡᠷᠡᠭᠯᠡᠬᠦ ᠶᠢ ᠬᠢᠴᠢᠶᠡᠬᠦ | ᠬᠡᠷᠡᠭᠲᠡᠢ᠃ 18. ᠦᠵᠡᠭᠲᠡᠭᠰᠡᠨ ᠤ ᠬᠤᠶᠢᠨᠠ ᠵᠢᠷᠤᠬᠡᠨ ᠤ ᠴᠢᠰᠤ ᠬᠤᠭᠤᠰᠤᠷᠴᠦ ᠮᠡᠲᠡᠷᠡᠯ ᠠᠯᠲᠠᠵᠤ ᠲᠤᠬᠲᠠᠪᠤᠷᠢ | ᠦᠭᠡᠢ ᠪᠤᠯᠬᠤ᠂ ᠡᠰᠡᠭᠦᠯᠡ ᠲᠤᠯᠤᠭᠠᠨ ᠰᠡᠳᠬᠢᠯᠭᠡ ᠨᠢ ᠪᠤᠬᠢᠨᠢᠲᠤᠬᠤ ᠪᠤᠶᠤ ᠰᠤᠴᠢᠪᠠᠯ ᠮᠡᠲᠡᠷᠡᠯ ᠪᠠᠯᠠᠷᠠᠨ ᠲᠠᠮᠢᠷ | ᠦᠭᠡᠢ ᠪᠤᠯᠤᠭᠠᠳ ᠴᠡᠷ ᠡᠭᠦᠰᠦᠨ ᠰᠤᠴᠢᠨ ᠰᠠᠮᠠᠭᠤᠷᠠᠵᠤ ᠪᠠᠷᠬᠢᠷᠠᠨ ᠤᠷᠢᠯᠠᠵᠤ ᠶᠠᠪᠤᠬᠤ ᠪᠤᠶᠤ ᠭᠡᠩᠰᠢᠵᠤ ᠲᠠᠭᠤᠯᠠᠬᠤ | ᠂ ᠪᠠᠶᠠᠷᠯᠠᠨ ᠢᠨᠢᠶᠡᠬᠦ᠂ ᠲᠤᠯᠤᠭᠠᠢ ᠴᠡᠴᠡᠷᠡᠨ ᠭᠠᠷ ᠢᠶᠠᠨ ᠡᠷᠬᠢᠭᠦᠯᠬᠦ ᠮᠡᠲᠦ ᠶᠢᠨ ᠪᠠᠶᠢᠲᠠᠯ ᠲᠠᠢ ᠪᠤᠯᠲᠠᠭ᠃ ᠡᠭᠦᠨ | ᠳᠤ ᠨᠢᠶᠦ᠋ᠬᠡᠬᠠᠲᠠ᠂ ᠵᠠᠭᠠ ᠶᠢᠨ ᠰᠢᠮᠡ᠂ ᠪᠠᠭᠤᠪᠦ᠋ᠷᠦ᠂ ᠪᠤᠩᠭᠠᠷ᠂ ᠨᠢᠪᠢᠽᠠᠸᠠ᠂ ᠵᠦᠷᠦᠷᠡ᠂ ᠰᠸᠦ᠋ᠰᠢᠮᠪᠦ᠋ᠷᠦ᠂ | ᠱᠦᠳᠠᠭ᠂ ᠼᠠᠯᠭᠤᠳ᠂ ᠪᠠᠨᠽᠢ᠂ ᠵᠦᠷᠪᠠᠭ ᠢ ᠨᠡᠮᠡᠵᠤ ᠲᠠᠷᠤᠭᠤᠯ᠃ 19. ᠦᠵᠡᠭᠲᠡᠭᠰᠡᠨ ᠤ ᠬᠤᠶᠢᠨᠠ ᠴᠢᠰᠤ | ᠴᠦᠭᠡᠲᠡᠵᠦ ᠲᠡᠯᠢᠭᠦᠦ ᠮᠠᠭᠤᠵᠢᠷᠠᠭᠠᠳ ᠴᠡᠷ ᠡᠭᠦᠰᠦᠨ ᠵᠢᠷᠦᠬᠡᠨ ᠤᠨ ᠰᠦᠪᠡ ᠶᠢ ᠪᠦᠷᠭᠦᠬᠦ ᠶᠢᠨ ᠤᠯᠠᠮ ᠠᠴᠠ | ᠮᠠᠨᠠᠷᠠᠵᠤ ᠤᠨᠠᠬᠤ ᠪᠤᠶᠤ ᠦᠭᠡ ᠬᠡᠯᠡᠵᠤ ᠴᠢᠲᠠᠬᠤ ᠦᠭᠡᠢ ᠪᠤᠯᠪᠠᠯ ᠪᠠᠰᠪᠦ᠋ᠷᠦ᠂ ᠨᠢᠪᠢᠽᠠᠸᠠ᠂ ᠰᠸᠦ᠋ᠰᠢᠮᠪᠦ᠋ᠷᠦ᠂ | ᠱᠦᠳᠠᠭ᠂ ᠰᠦᠭᠷᠠ᠂ ᠨᠢᠶᠦ᠋ᠬᠡᠬᠠᠲᠠ᠂ ᠵᠠᠭᠠ ᠶᠢᠨ ᠰᠢᠮᠡ ᠶᠢ ᠨᠡᠮᠡᠵᠤ ᠲᠠᠷᠤᠭᠤᠯᠵᠤ ᠤᠤᠭᠤᠯᠭᠠ᠃ 20. | ᠦᠵᠡᠭᠲᠡᠭᠰᠡᠨ ᠤ ᠬᠤᠶᠢᠨᠠ ᠵᠢᠷᠦᠬᠡᠨ ᠤ ᠴᠢᠰᠤ ᠬᠤᠭᠤᠰᠤᠷᠤᠬᠰᠠᠨ ᠠᠴᠠ ᠲᠡᠵᠢᠭᠡᠯ ᠮᠠᠭᠤᠲᠠᠵᠤ ᠦᠭᠡ ᠬᠡᠯᠡᠬᠦ ᠲᠠᠮᠢᠷ | ᠦᠭᠡᠢ ᠪᠤᠯᠵᠤ᠂ ᠮᠡᠲᠡᠷᠡᠯ ᠮᠠᠭᠤᠲᠠᠪᠠᠯ ᠪᠠᠭᠤᠪᠦ᠋ᠷᠦ᠂ ᠱᠦᠳᠠᠭ᠂ ᠪᠠᠶᠠᠬᠽᠠᠸᠠ᠂ ᠠᠬᠰᠦ᠋ᠩ᠂ ᠰᠠᠰᠧᠷ᠂ ᠰᠦᠭᠷᠠ᠂ | ᠪᠤᠩᠭᠠᠷ᠂ ᠨᠢᠶᠦ᠋ᠬᠡᠬᠠᠲᠠ᠂ ᠵᠠᠭᠠ ᠶᠢᠨ ᠰᠢᠮᠡ ᠶᠢ ᠨᠡᠮᠡᠵᠤ ᠲᠠᠷᠤᠭᠤᠯ᠃ 21. ᠦᠵᠡᠭᠲᠡᠭᠰᠡᠨ ᠤ ᠬᠤᠶᠢᠨᠠ | ᠪᠠᠭᠤᠬᠰᠠᠨ ᠴᠢᠰᠤ ᠨᠢ ᠬᠡᠲᠦᠷᠡᠵᠦ ᠴᠢᠰᠤ ᠮᠡᠭᠦᠰᠲᠡᠨ ᠬᠠᠪᠤᠳᠪᠠᠯ ᠵᠧᠪᠡᠷᠡᠢ᠂ ᠲᠦᠭᠪᠠᠭ᠂ ᠵᠠᠳᠤᠩᠽᠠᠸᠠ᠂ ᠪᠠᠯᠢᠭᠠ᠂ | ᠭᠠᠷᠪᠤᠢ᠂ ᠽᠧ ᠰᠢᠶᠧ ︵泽泻︶᠂ ᠰᠢᠩᠼᠠ᠂ ᠠᠬᠯᠢᠭ᠂ ᠵᠦᠷᠪᠠᠭ᠂ ᠵᠠᠭᠠ ᠶᠢᠨ ᠬᠠᠯᠢᠰᠤ ᠪᠠᠷ ᠲᠠᠷᠤᠭᠤᠯ | ᠃ 22. ᠦᠵᠡᠭᠲᠡᠭᠰᠡᠨ ᠤ ᠬᠤᠶᠢᠨᠠ ᠴᠢᠰᠤ ᠪᠠᠭᠤᠵᠤ ᠵᠤᠬᠰᠤᠬᠤ ᠦᠭᠡᠢ᠂ ᠲᠡᠯᠢᠭᠦᠦ ᠶᠢᠨ ᠴᠤᠯᠤ ᠳᠤ ᠤᠷᠤᠭᠠᠳ | ᠬᠠᠪᠤᠳᠪᠠᠯ ᠭᠦᠷᠭᠦᠮ᠂ ᠰᠧᠪᠦ᠋ᠷᠦ᠂ ᠵᠧᠪᠡᠷᠡᠢ᠂ ᠷᠦᠳᠠ᠂ ᠵᠠᠳᠤᠩᠽᠠᠸᠠ᠂ ᠪᠠᠯᠢᠭᠠ ᠶᠢ ᠨᠡᠮᠡᠵᠤ ᠲᠠᠷᠤᠭᠤᠯ᠃ 23. | ᠦᠵᠡᠭᠲᠡᠭᠰᠡᠨ ᠤ ᠬᠤᠶᠢᠨᠠ ᠲᠡᠯᠢᠭᠦᠦ ᠮᠠᠭᠤᠵᠢᠷᠠᠵᠤ᠂ ᠲᠤᠲᠤᠷ ᠲᠦᠭᠦᠷᠦᠭᠡᠳ ᠢᠲᠡᠭᠡᠨ ᠤᠮᠲᠠᠭᠠᠨ ᠤᠷᠤᠬᠤ ᠦᠭᠡᠢ | ᠪᠣᠯ ᠵᠧᠪᠡᠷᠡᠢ᠂ ᠰᠦᠭᠮᠧᠯ᠂ ᠲᠦᠭᠪᠠᠭ᠂ ᠷᠦᠳᠠ᠂ ᠰᠦᠭᠮᠡᠷ᠂ ᠫᠠᠪ᠂ ᠰᠤᠸᠠ ᠨᠢᠥᠭᠦ ᠶᠢ ᠨᠡᠮᠡᠵᠤ ᠲᠠᠷᠤᠭᠤᠯ᠃ 24. | ᠦᠵᠡᠭᠲᠡᠭᠰᠡᠨ ᠤ ᠬᠤᠶᠢᠨᠠ ᠴᠢᠰᠤ ᠲᠤᠷᠤᠶᠢᠲᠠᠵᠤ᠂ ᠲᠠᠴᠢᠶᠠᠲᠠᠨ ᠤᠮᠲᠠᠭᠠᠰᠬᠤ ᠨᠢ ᠵᠤᠬᠰᠤᠬᠤ ᠦᠭᠡᠢ ᠪᠣᠯ ᠰᠢᠮᠡ | ᠰᠢᠭᠦᠰᠦ ᠬᠤᠬᠢᠷᠠᠬᠰᠠᠨ ᠠᠴᠠ ᠪᠤᠯᠤᠬᠰᠠᠨ ᠶᠤᠮ᠃ ᠡᠭᠦᠨ ᠳᠤ ᠪᠤᠩᠭᠠᠷ᠂ ᠳ᠋ᠠᠷᠪᠤ᠂ ᠬᠠᠮᠪᠤᠨᠠᠭ᠂ ᠪᠠᠰᠪᠦ᠋ᠷᠦᠭᠠᠷᠪᠤ᠂ | ᠶᠧᠮᠤᠩᠨᠠᠬᠪᠤ᠂ ᠪᠠᠳᠪᠠᠷᠠᠢ᠂ ᠽᠤᠸᠠᠪᠠᠳᠭᠠᠷᠪᠤ ᠶᠢ ᠨᠡᠮᠡᠵᠤ ᠲᠠᠷᠤᠭᠤᠯ᠃ 25. ᠦᠵᠡᠭᠲᠡᠭᠰᠡᠨ ᠤ ᠬᠤᠶᠢᠨᠠ ᠲᠡᠯᠢᠭᠦᠦ | ᠮᠠᠭᠤᠵᠢᠷᠠᠵᠤ᠂ ᠴᠡᠷ ᠡᠭᠦᠰᠦᠨ᠂ ᠠᠮᠢᠰᠬᠤᠯ ᠲᠡᠭᠡᠷᠡᠲᠡᠪᠡᠯ ᠠᠭᠠᠷᠨᠠᠬᠪᠤ᠂ ᠷᠦᠳᠠ᠂ ᠨᠢᠶᠠᠪᠦ᠋ᠷᠦ᠂ ᠲᠦᠭᠪᠠᠭ᠂ | ᠽᠤᠸᠠᠪᠠᠳᠭᠠᠷᠪᠤ᠂ ᠵᠧᠪᠡᠷᠡᠢ᠂ ᠰᠸᠦ᠋ᠰᠢᠮᠪᠦ᠋ᠷᠦ᠂ ᠨᠢᠪᠢᠽᠠᠸᠠ᠂ ᠨᠢᠶᠦ᠋ᠬᠡᠬᠠᠲᠠ᠂ ᠵᠠᠭᠠ ᠶᠢᠨ ᠰᠢᠮᠡ ᠶᠢ ᠨᠡᠮᠡᠵᠤ | ᠲᠠᠷᠤᠭᠤᠯ᠃ 26. ᠦᠵᠡᠭᠲᠡᠭᠰᠡᠨ ᠤ ᠬᠤᠶᠢᠨᠠ ᠬᠡᠲᠦᠷᠡᠲᠡᠯᠡ ᠴᠢᠰᠤ ᠪᠠᠭᠤᠬᠰᠠᠨ ᠰᠢᠯᠲᠠᠭᠠᠨ ᠢᠶᠠᠷ ᠲᠠᠮᠢᠷ ᠪᠠᠭᠤᠷᠠᠢ | ᠪᠤᠯᠵᠤ ᠬᠠᠨᠲᠠᠷᠠᠪᠠᠯ᠂ ᠰᠤᠽᠢᠰᠧᠷᠪᠤ᠂ ᠳ᠋ᠠᠩᠭᠦᠨ᠂ ᠰᠠᠰᠧᠷ᠂ ᠽᠤᠸᠠᠪᠠᠳᠭᠠᠷᠪᠤ᠂ ᠷᠢᠽᠤᠳ᠂ ᠰᠧᠷᠴᠧᠨ ᠢ ᠨᠡᠮᠡᠵᠤ | ᠲᠠᠷᠤᠭᠤᠯ᠃ ᠴᠡᠷ ᠲᠠᠢ ᠪᠣᠯ ᠪᠠᠰᠪᠦ᠋ᠷᠦ᠂ ᠨᠢᠪᠢᠽᠠᠸᠠ᠂ ᠰᠸᠦ᠋ᠰᠢᠮᠪᠦ᠋ᠷᠦ᠂ ᠨᠢᠶᠦ᠋ᠬᠡᠬᠠᠲᠠ᠂ ᠵᠠᠭᠠ ᠶᠢᠨ ᠰᠢᠮᠡ | ᠲᠡᠷᠢᠭᠦᠲᠡᠨ ᠢ ᠨᠡᠮᠡᠵᠤ ᠲᠠᠷᠤᠭᠤᠯ᠃ 27. ᠦᠵᠡᠭᠲᠡᠭᠰᠡᠨ ᠤ ᠬᠤᠶᠢᠨᠠ ᠪᠡᠶᠡ ᠨᠢ ᠲᠡᠩᠭᠡᠯᠢᠭᠦᠨ ᠪᠤᠯᠪᠠᠴᠦ ᠭᠠᠷ | ᠬᠦᠯ ᠢᠶᠠᠨ ᠬᠦᠲᠡᠯᠭᠡᠵᠦ ᠴᠢᠲᠠᠬᠤ ᠦᠭᠡᠢ ᠬᠠᠮᠤᠭ ᠪᠡᠶᠡ ᠨᠢ ᠡᠪᠡᠷᠰᠢᠶᠡᠨ ᠡᠪᠡᠳᠴᠦ ᠬᠦᠲᠡᠯᠬᠦᠶᠡ ᠪᠡᠷᠬᠡ ᠪᠤᠯᠪᠠᠯ | ᠴᠢᠰᠤ ᠮᠡᠬᠦᠰᠲᠡᠵᠤ᠂ ᠬᠡᠢ᠂ ᠴᠡᠷ ᠡᠵᠡᠯᠡᠭᠰᠡᠨ ᠠᠴᠠ ᠪᠤᠯᠤᠬᠰᠠᠨ ᠶᠤᠮ᠃ ᠡᠭᠦᠨ ᠳᠤ ᠨᠢᠪᠢᠽᠠᠸᠠ᠂ ᠵᠢᠷᠦ᠋ᠭᠪᠠ᠂ | ᠤᠯᠮᠤᠰᠧ᠂ ᠱᠤᠮᠠᠩᠽᠠᠸᠠ᠂ ᠤᠨᠪᠤᠢ᠂ ᠪᠦ᠋ᠷᠦ᠋ᠭᠠᠷᠽᠠᠸᠠ ᠰᠤᠷᠤᠯᠤᠰᠧᠷᠪᠤ᠂ ᠨᠢᠶᠦ᠋ᠬᠡᠬᠠᠲᠠ᠂ ᠵᠠᠭᠠ ᠶᠢᠨ ᠰᠢᠮᠡ | ᠵᠡᠷᠭᠡ ᠶᠢ ᠨᠡᠮᠡᠵᠤ ᠲᠠᠷᠤᠭᠤᠯ᠃ 28. ᠦᠵᠡᠭᠲᠡᠭᠰᠡᠨ ᠤ ᠬᠤᠶᠢᠨᠠ ᠬᠡᠪᠡᠯᠢ ᠶᠢᠨ ᠲᠤᠲᠤᠷᠠ ᠠᠩᠬᠠ ᠬᠦᠲᠦᠶᠢᠨ | ᠡᠪᠡᠳᠪᠡᠴᠦ ᠬᠠᠯᠠᠭᠤᠨ ᠬᠦᠢᠲᠡᠨ ᠤᠷᠤᠬᠤ ᠦᠭᠡᠢ ᠪᠣᠯ ᠬᠡᠥᠬᠡᠨ ᠬᠡᠪᠲᠡᠰᠢ ᠡᠪᠡᠳᠬᠦ ᠡᠪᠡᠳᠴᠢᠨ ᠮᠥᠨ᠃ ᠡᠨᠡ ᠨᠢ | ᠲᠤᠯᠤᠭᠠᠨ ᠡᠲᠦᠷ ᠡᠪᠡᠳᠪᠡᠯ ᠦᠪᠡᠷ ᠢᠶᠠᠨ ᠵᠤᠬᠰᠤᠬᠤ ᠪᠤᠶᠤ ᠡᠰᠡᠭᠦᠯᠡ ᠬᠡᠪᠡᠯᠢ ᠡᠪᠡᠳᠴᠦ ᠬᠠᠲᠠᠭᠤᠷᠠᠨ ᠬᠠᠯᠠᠭᠤᠨ | ᠬᠦᠢᠲᠡᠨ ᠤᠷᠤᠵᠤ ᠡᠪᠡᠳᠬᠦ ᠭᠠᠵᠠᠷ ᠨᠢ ᠰᠢᠯᠵᠢᠬᠦ ᠦᠭᠡᠢ ᠪᠠᠶᠢᠲᠠᠭ ᠶᠤᠮ᠃ ᠮᠦᠬᠦᠭᠰᠡᠨ ᠴᠢᠰᠤ ᠪᠠᠷ ᠡᠪᠡᠳᠴᠦ | ᠪᠠᠶᠢᠬᠤ ᠪᠣᠯ ᠲᠡᠭᠦᠨ ᠤ ᠮᠠᠭᠤ ᠴᠢᠰᠤ ᠶᠢ ᠪᠠᠭᠤᠯᠭᠠᠪᠠᠯ ᠵᠤᠬᠢᠨᠠ᠃ ᠲᠡᠭᠦᠨ ᠳᠤ ᠱᠤᠰᠧᠷᠮᠧᠳᠤᠭ᠂ ᠪᠠᠷᠠᠬᠱᠦ᠋ᠨ᠂ | ᠭᠦᠷᠭᠦᠮ᠂ ᠠᠷᠬᠠᠮᠽᠢᠭᠦᠦ ᠶᠢ ᠨᠡᠮᠡᠵᠤ ᠲᠠᠷᠤᠭᠤᠯ᠃ 29. ᠦᠵᠡᠭᠲᠡᠭᠰᠡᠨ ᠤ ᠬᠤᠶᠢᠨᠠ ᠠᠩᠬᠠ ᠬᠠᠯᠠᠭᠤᠷᠠᠪᠠᠯ | ᠰᠦᠨ ᠪᠠᠭᠤᠬᠰᠠᠨ ᠰᠢᠯᠲᠠᠭᠠᠨ ᠢᠶᠠᠷ ᠬᠠᠯᠠᠭᠤᠷᠠᠬᠰᠠᠨ ᠶᠤᠮ᠃ ᠡᠭᠦᠨ ᠳᠤ ᠽᠤᠸᠠᠪᠠᠯᠢᠭᠠ᠂ ᠳ᠋ᠠᠩᠭᠦᠨ᠂ ᠷᠠᠮᠢᠨᠽᠠᠸᠠ᠂ | ᠨᠠᠬᠢ᠂ ᠸᠠᠩ ᠪᠦ᠋ ᠯᠢᠤ ᠰᠢᠩ ︵王不留行︶᠂ ᠰᠢᠩ ᠠᠷ ᠵᠡᠷᠭᠡ ᠶᠢ ᠨᠠᠮᠠᠵᠤ ᠲᠠᠷᠤᠭᠤᠯ᠃ | | | | | | | | | | |