| | | | | | ᠰᠢᠨᠬᠤᠧᠠ ᠬᠤᠷᠢᠶ᠎ᠠ ᠪᠡᠭᠡᠵᠢᠩ ᠤᠨ 11 ᠰᠠᠷ᠎ᠠ ᠶᠢᠨ 24 ᠤ ᠡᠲᠦᠷ ᠤᠨ ᠴᠠᠬᠢᠯᠭᠠᠨ ᠮᠡᠲᠡᠭᠡ ᠡᠷᠲᠡ | ᠦᠳᠡᠯᠬᠦ ᠭᠡᠮ ᠨᠢ ᠨᠢᠭᠡ ᠵᠦᠢᠯ ᠤᠨ ᠬᠠᠴᠢᠨ ᠲᠤᠬᠢᠶᠠᠯᠲᠤᠬᠤ ᠤᠲᠤᠮᠯᠠᠯ ᠤᠨ ᠴᠢᠨᠠᠷᠲᠠᠢ ᠡᠪᠡᠳᠴᠢᠨ᠂ ᠡᠪᠡᠳᠴᠢᠲᠠᠨ | ᠨᠢᠯᠬ᠎ᠠ ᠦᠶ᠎ᠠ ᠠᠴᠠ ᠡᠬᠢᠯᠡᠨ ᠦᠲᠡᠯᠵᠦ ᠬᠦᠭᠰᠢᠷᠡᠨ ᠬᠠᠮᠤᠭ ᠤᠨ ᠡᠴᠤᠰ ᠲᠤ ᠴᠢᠰᠤᠨ ᠰᠤᠲᠠᠯ ᠤᠨ ᠬᠠᠲᠠᠭᠤᠷᠠᠯ | ᠪᠤᠶᠤ ᠵᠢᠷᠦᠭᠡ ᠴᠢᠰᠤᠨ ᠰᠤᠲᠠᠯ ᠤᠨ ᠡᠪᠡᠳᠴᠢᠨ ᠢᠶᠠᠷ ᠦᠬᠦᠲᠡᠭ᠂ ᠤᠲᠤᠬᠠᠨ ᠳᠤ ᠪᠦᠲᠦᠮᠵᠢᠲᠡᠢ ᠡᠮᠴᠢᠯᠡᠭᠡᠨ ᠤ | ᠠᠷᠭ᠎ᠠ ᠪᠠᠢᠬᠤ ᠦᠭᠡᠢ᠃ ᠤᠯᠠᠨ ᠤᠯᠤᠰ ᠤᠨ ᠰᠢᠨᠡᠬᠡᠨ ᠰᠤᠲᠤᠯᠭᠠᠨ ᠳᠤ ᠨᠢᠭᠡ ᠵᠦᠢᠯ ᠤᠨ ᠰᠢᠨ᠎ᠡ ᠭᠧᠨ ᠤ | ᠡᠮᠴᠢᠯᠡᠭᠡᠨ ᠤ ᠠᠷᠭ᠎ᠠ ᠨᠢ ᠡᠷᠲᠡ ᠦᠳᠡᠯᠬᠦ ᠶᠢ ᠡᠮᠴᠢᠯᠡᠨ ᠵᠠᠰᠠᠬᠤ ᠰᠤᠩᠭᠤᠯᠲᠠ ᠪᠤᠯᠤᠭᠰᠠᠨ ᠪᠠᠢᠵᠤ ᠮᠡᠲᠡᠨ᠎ᠡ᠃ | ᠰᠧᠧᠳᠧᠨ ᠤ ᠺᠠᠷᠤᠯᠢᠨ ᠠᠨᠠᠭᠠᠬᠤ ᠤᠬᠠᠭᠠᠨ ᠤ ᠲᠡᠭᠡᠳᠦ ᠰᠤᠷᠭᠠᠭᠤᠯᠢ ᠪᠤᠯᠤᠨ ᠢᠲ᠋ᠠᠯᠢ ᠶᠢᠨ ᠦᠮᠡᠨ | ᠡᠪᠡᠳᠴᠢᠨ ᠢ ᠰᠤᠲᠤᠯᠬᠤ ᠰᠠᠭᠤᠷᠢ ᠮᠦᠩᠬᠦᠨ ᠤ ᠨᠡᠢᠭᠡᠮᠯᠢᠭ ᠤᠨ ᠮᠢᠯᠠᠨ ᠮᠤᠯᠧᠺᠦ᠋ᠯ ᠬᠤᠤᠷᠲᠤ ᠬᠠᠪᠤᠲᠠᠷ ᠢ | ᠰᠤᠲᠤᠯᠬᠤ ᠭᠠᠵᠠᠷ ᠤᠨ ᠰᠤᠲᠤᠯᠭᠠᠲᠠᠳ ᠠᠴᠠ ᠤᠢᠷ᠎ᠠ ᠳᠤ ᠠᠩᠭ᠍ᠯᠢ ᠶᠢᠨ 《 ᠪᠠᠢᠭᠠᠯᠢ᠂ ᠴᠢᠮᠡᠭᠡ ᠨᠡᠪᠲᠡᠷᠡᠬᠦᠯᠭᠡ 》 | ᠰᠠᠳᠬᠦᠯ ᠳᠤ ᠦᠬᠦᠯᠡᠯ ᠨᠡᠢᠲᠡᠯᠡᠵᠦ᠂ ᠡᠪᠡᠳᠴᠢᠲᠠᠨ ᠤ ᠡᠰ ᠢ ᠰᠤᠲᠤᠯᠤᠭᠰᠠᠨ ᠪᠠ ᠠᠮᠢᠲᠠᠨ ᠤ ᠲᠤᠷᠰᠢᠯᠲᠠ ᠶᠢᠨ | ᠦᠷ᠎ᠡ ᠳ᠋ᠦ᠋ᠩ ᠳᠤ ᠦᠵᠡᠬᠦᠯᠦᠭᠰᠡᠨ ᠢᠶᠠᠷ᠂ ᠤᠯᠢᠭᠤᠨᠤ᠋ᠺᠯᠧᠦᠲ᠋ᠢᠳ᠋ (Antisense oligonucleotide | therapy᠂ 反义寡核苷酸疗法) ᠨᠢ ᠡᠷᠲᠡ ᠦᠳᠡᠯᠬᠦ ᠡᠪᠡᠳᠴᠢᠲᠠᠨ ᠤ ᠪᠠᠢᠲᠠᠯ ᠢ | ᠬᠤᠪᠢᠷᠠᠭᠤᠯᠵᠤ ᠠᠮᠢ ᠨᠠᠰᠤ ᠶᠢ ᠨᠢ ᠤᠷᠲᠤᠳᠬᠠᠬᠤ ᠪᠤᠯᠤᠨ᠎ᠠ ᠭᠡᠵᠡᠢ᠃ |