ᠪᠢ ᠠᠶᠢᠯ ᠤᠨ ᠲᠣᠮᠣ ᠦᠬᠢᠨ ᠬᠦᠮᠦᠨ ᠤ ᠲᠤᠮᠤ ᠡᠭᠡᠴᠢ
ᠨᠡᠶᠢᠲᠡᠯᠡᠭᠰᠡᠨ ᠴᠠᠭ᠄
2019/10/31
       ︵ᠮᠣᠩᠭᠤᠯ ᠤᠯᠤᠰ︶ ᠪᠡ᠊ · ᠡᠨᠡᠪᠢᠰᠢ ᠪᠢᠳᠡᠷᠳᠡᠬᠤ ᠬᠦᠭᠡ ᠠᠭᠤᠯᠠᠰ ᠬᠠᠩᠭᠠᠢ ᠪᠠᠨ ᠲᠦᠰᠢᠭᠡᠳ ᠬᠠᠩᠬᠠᠶᠢᠨ᠎ᠠ ᠪᠢᠴᠢᠬᠠᠨ ᠬᠤᠶᠠᠷ ᠲᠡᠭᠦᠦ ᠪᠠᠨ ᠡᠭᠡᠴᠢ ᠨᠢ ᠲᠦᠰᠢᠭᠡᠳ ᠵᠢᠷᠭᠠᠨ᠎ᠠ ᠬᠤᠣᠰᠯᠠᠬᠤ ᠤᠶᠠᠩᠭ᠎ᠠ ᠲᠠᠢ ᠨᠠᠭᠤᠷ ᠲᠤ ᠠᠩᠭᠢᠷ ᠤᠨ ᠴᠣᠪᠣᠭ᠎ᠠ ᠦᠳᠡᠯᠡᠭᠡᠳ ᠬᠠᠮᠤᠭ ᠠᠴᠠ ᠬᠠᠶᠢᠷ᠎ᠠ ᠲᠠᠢ ᠢᠵᠢᠢ ᠳᠡᠭᠡᠨ ᠭᠤᠷᠪᠠᠨ ᠦᠷ᠎ᠡ ᠨᠢ ᠡᠷᠬᠡᠯᠡᠨ᠎ᠡ ᠲᠥᠭᠡ ᠵᠢᠭᠠᠬᠠᠨ ᠪᠡᠶ᠎ᠡ ᠨᠢ ᠲᠦᠳᠡᠬᠦ ᠦᠭᠡᠢ ᠮᠦᠴᠡ ᠳᠤ ᠦᠰᠦᠭᠡᠳ ᠲᠦᠮᠡᠨ ᠦᠢᠮᠡᠭᠡᠨ ᠤ ᠡᠵᠡᠳ ᠮᠢᠨᠢ ᠨᠠᠮᠪᠠ ᠰᠠᠭᠤᠭᠰᠠᠨ ᠢᠵᠢ ᠠᠪᠤ ᠪᠣᠯᠣᠨ᠎ᠠ ᠪᠤᠭᠤᠷᠤᠯ ᠵᠠᠯᠭᠠᠭᠰᠠᠨ ᠭᠤᠷᠪᠠᠨ ᠲᠣᠯᠣᠭᠠᠢ ᠪᠢᠯᠢᠭ ᠠᠷᠭ᠎ᠠ ᠶᠢᠨ ᠰᠢᠨ᠎ᠡ ᠶᠢᠨ ᠨᠢᠭᠡᠨ ᠳᠤ ᠭᠤᠩᠭᠠᠨᠠᠭᠰᠠᠨ ᠣᠯᠠᠨ ᠦᠷᠡᠰ ᠢᠶᠠᠨ ᠬᠦᠳᠦᠯᠦᠭᠡᠳ ᠭᠦᠩᠭᠠᠷᠠᠪᠠ ᠳᠤ ᠵᠠᠯᠠᠷᠠᠭᠰᠠᠨ ᠦᠪᠦᠸ᠋ ᠳᠡᠭᠡᠨ ᠮᠦᠷᠭᠦᠨ᠎ᠡ ᠨᠠᠰᠤᠨ ᠬᠡᠪᠡᠶᠢᠵᠦ ᠨᠠᠯᠠᠶᠢᠭᠰᠠᠨ ᠢᠵᠢ ᠠᠪᠤ ᠳᠠᠭᠠᠨ ᠦᠨᠦᠰᠦᠭᠦᠯᠦᠨ᠎ᠡ᠃ ᠡᠭᠡᠴᠢ ᠨᠢ ᠡᠨᠡ ᠵᠢᠷᠭᠠᠯ ᠢ ᠰᠢᠯᠦᠭᠯᠡᠨ ᠨᠢᠭᠡ ᠪᠢᠴᠢᠨ᠎ᠡ ᠡᠷᠬᠡ ᠬᠤᠩᠭᠤᠷ ᠰᠡᠪᠡᠯᠭᠡ ᠶᠢ ᠨᠢ ᠰᠠᠨᠠᠨ ᠨᠢᠭᠡ ᠲᠠᠷᠯᠠᠨ᠎ᠠ ᠡᠭᠡᠳᠡᠷᠡᠭᠡ ᠲᠤᠭᠤᠴᠢᠭᠰᠠᠨ ᠵᠠᠮᠨᠠᠯ ᠢ ᠳᠤᠷᠠᠰᠤᠨ ᠨᠢᠭᠡ ᠮᠥᠩᠬᠡᠯᠡᠨ᠎ᠡ ᠵᠢᠭᠠᠬᠠᠨ ᠬᠤᠶᠠᠷ ᠳᠡᠭᠦᠦ ᠪᠠᠷ ᠢᠶᠠᠨ ᠪᠠᠭ᠋ᠠᠷᠬᠠᠵᠤ ᠨᠢᠭᠡ ᠳᠠᠭᠤᠯᠠᠨ᠎ᠠ ᠵᠢᠷᠭᠠᠯ ᠲᠠᠢ ᠪᠠᠭ᠎ᠠ ᠨᠠᠰᠤ ᠪᠠᠨ ᠬᠥᠭᠡᠷᠦᠯᠳᠦᠵᠦ ᠨᠢᠭᠡ ᠤᠬᠢᠯᠠᠨ᠎ᠠ ᠪᠢ ᠠᠶᠢᠯ ᠤᠨ ᠲᠤᠮᠤ ᠣᠬᠢᠨ ᠬᠦᠮᠦᠨ ᠤ ᠲᠤᠮᠤ ᠡᠭᠡᠴᠢ᠃                 ︵biirbeh.mn᠎ ᠠᠴᠠ ᠬᠦᠷᠪᠡᠭᠦᠯᠪᠡ︶
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号