ᠢᠨᠵᠠᠨᠨᠠᠰᠢ
ᠨᠡᠶᠢᠲᠡᠯᠡᠭᠰᠡᠨ ᠴᠠᠭ᠄
2019/1/29
      ᠢᠨᠵᠠᠨᠨᠠᠰᠢ ︵1837 —1892︶᠄ ᠠᠷᠪᠠ ᠶᠢᠰᠦᠳᠦᠭᠡᠷ ᠵᠠᠭᠤᠨ ᠤ ᠦᠶ᠎ᠡ ᠶᠢᠨ ᠠᠬᠤᠶᠢᠴᠢ ᠦᠵᠡᠯ ᠤᠨ ᠶᠡᠭᠡ ᠵᠣᠬᠢᠶᠠᠯᠴᠢ᠂ ᠭᠠᠷᠮᠠᠭᠠᠢ ᠲᠡᠦᠬᠡᠴᠢᠨ᠂ ᠣᠷᠴᠢᠭᠤᠯᠤᠭᠴᠢ᠂ ᠪᠣᠳᠣᠯᠭᠠᠲᠠᠨ᠂ ᠰᠢᠯᠦᠭᠴᠢᠨ᠂ ᠵᠢᠷᠤᠭᠴᠢᠨ ᠮᠥᠨ ᠃ ᠵᠣᠰᠣᠲᠤ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠰᠢᠳᠤᠷᠭᠤ ᠪᠠᠳᠤ ᠬᠤᠷᠤᠭ᠎ᠠ ︵ᠤᠳᠤ ᠶᠢᠨ ᠯᠢᠶᠤᠤᠨᠢᠩ ᠮᠤᠵᠢ ᠶᠢᠨ ᠪᠸᠢ ᠫᠢᠶᠤᠤ ᠰᠢᠶᠠᠨ ᠤ ᠳᠤᠤᠷᠠᠳᠤ ᠬᠤᠷᠤᠭ᠎ᠠ ᠭᠠᠴᠠᠭ᠎ᠠ︶᠎ ᠶᠢᠨ ᠬᠥᠮᠥᠨ ᠮᠥᠨ᠃ ᠲᠡᠷᠡ1837 ᠤᠨ ᠤ ᠪᠢᠯᠢᠭ ᠤᠨ ᠤᠯᠠᠷᠢᠯ ᠤᠨ4 ᠰᠠᠷ᠎ᠠ ᠶᠢᠨ16᠎ ᠤ ᠡᠳᠤᠷ ︽ᠪᠠᠳᠤ ᠡᠯᠪᠡᠷᠢᠯᠲᠦ ᠴᠢᠩ ᠵᠢᠳᠭᠦᠭᠰᠡᠨ ᠵᠦᠩ ᠬᠡᠩᠭᠡᠷᠭᠡᠲᠦ ᠶᠢᠨ ᠨᠢᠭᠡᠨ ᠭᠡᠷ᠂ ᠪᠠᠭᠠᠳᠤᠷ ᠵᠢᠷᠤᠮ ᠢ ᠰᠢᠮᠳᠠᠨ ᠬᠢᠴᠢᠶᠡᠭᠰᠡᠨ ᠪᠢᠴᠢᠭ ᠵᠢᠷᠤᠭᠳᠤ ᠨᠢᠭᠡᠨ ᠡᠷᠦᠬᠡ︾ ᠭᠡᠵᠦ ᠤᠶᠢᠷ᠎ᠠ ᠤᠷᠴᠢᠮ ᠳᠤ ᠪᠠᠨ ᠨᠡᠷ᠎ᠡ ᠠᠯᠳᠠᠷᠰᠢᠵᠤ ᠪᠠᠶᠢᠭᠰᠠᠨ ᠨᠤᠶᠠᠨ ᠸᠠᠩᠴᠢᠨᠪᠠᠯᠠ ᠶᠢᠨ ᠭᠡᠷ ᠎ ᠲᠤ ᠮᠡᠨᠳᠦᠯᠡᠵᠡᠢ᠃ ᠴᠢᠩᠭᠢᠰ ᠬᠠᠭᠠᠨ ᠤ ᠬᠤᠷᠢᠨ ᠨᠠᠢᠮᠠᠳᠤᠭᠠᠷ ᠦᠶ᠎ᠡ ᠶᠢᠨ ᠣᠮᠪᠣᠯᠣ ᠮᠥᠨ᠃ ᠪᠠᠭ᠎ᠠ ᠶᠢᠨ ᠨᠡᠷ᠎ᠡ ᠨᠢ ᠬᠠᠰᠴᠢᠯᠠᠭᠤ᠂ ᠬᠢᠲᠠᠳ ᠨᠡᠷ᠎ᠡ ᠨᠢ ᠪᠣᠤ ᠡᠾᠧᠩ ᠱᠠᠨ᠂ ᠡᠷᠭᠦᠭᠰᠡᠨ ᠨᠡᠷ᠎ᠡ ᠨᠢ ᠷᠦᠨ ᠲᠢᠩ᠃ ᠲᠡᠭᠦᠨ ᠤ ᠡᠴᠢᠭᠡ ᠸᠠᠩᠴᠢᠨᠪᠠᠯᠠ ᠪᠣᠯ ᠡᠬᠡ ᠣᠷᠣᠨᠴᠢ ᠵᠠᠩᠵᠤᠨ ᠪᠦᠭᠡᠳ ᠲᠡᠦᠬᠡᠨ ᠪᠢᠴᠢᠭ ᠢ ᠬᠠᠳᠠᠭᠠᠯᠠᠭᠴᠢ᠂ ᠲᠡᠦᠬᠡ ᠶᠢᠨ ᠡᠷᠳᠡᠮᠲᠡᠨ ᠮᠥᠨ᠃ ᠢᠨᠵᠠᠨᠨᠠᠰᠢ ᠬᠠᠷᠠᠬᠠᠨ ᠪᠠᠭ᠎ᠠ ᠠᠴᠠ ᠪᠠᠨ ᠭᠡᠷ ᠤᠨ ᠪᠠᠭᠰᠢ ᠠᠴᠠ ᠮᠣᠩᠭᠤᠯ᠂ ᠬᠢᠲᠠᠳ᠂ ᠮᠠᠨᠵᠤ᠂ ᠲᠥᠪᠡᠳ ᠪᠢᠴᠢᠭ ᠰᠤᠷᠴᠤ ᠡᠵᠡᠮᠰᠢᠨ᠂ ᠮᠣᠩᠭᠤᠯ ᠬᠢᠲᠠᠳ ᠡᠷᠲᠡᠨ ᠤ ᠤᠳᠬ᠎ᠠ ᠵᠣᠬᠢᠶᠠᠯ᠂ ᠳᠤᠮᠳᠠᠳᠤ ᠤᠯᠤᠰ ᠤᠨ ᠲᠡᠦᠬᠡ᠂ ᠮᠣᠩᠭᠤᠯ ᠦᠨᠳᠦᠰᠦᠲᠡᠨ ᠤ ᠲᠡᠦᠬᠡ ᠵᠡᠷᠭᠡ ᠳᠤ ᠨᠡᠯᠢᠶᠡᠳ ᠨᠡᠪᠲᠡᠷᠡᠭᠰᠡᠨ ᠪᠦᠭᠡᠳ ᠰᠢᠯᠦᠭ ᠪᠢᠴᠢᠵᠦ ᠵᠢᠷᠤᠭ ᠵᠢᠷᠤᠬᠤ ᠳᠤ ᠴᠦ ᠮᠠᠰᠢ ᠪᠣᠯᠪᠠᠰᠤᠷᠠᠩᠭᠤᠢ ᠪᠠᠶᠢᠵᠠᠢ᠃ ᠢᠨᠵᠠᠨᠨᠠᠰᠢ ᠨᠢᠭᠡ ᠨᠠᠰᠤᠨ ᠳᠠᠭᠠᠨ ᠨᠣᠶᠠᠨ ᠰᠠᠭᠤᠭᠰᠠᠨ ᠦᠭᠡᠢ᠂ ᠭᠡᠪᠡᠴᠦ ᠲᠡᠷᠡ ᠭᠡᠷ ᠲᠤ ᠪᠠᠨ ᠰᠠᠭᠤᠭᠠᠳ ᠪᠢᠴᠢᠭ ᠨᠣᠮ ᠤᠩᠰᠢᠭᠰᠠᠨ ᠲᠡᠳᠦᠢ ᠯᠡ ᠪᠢᠰᠢ᠂ ᠬᠠᠷᠢᠨ ᠮᠣᠩᠭᠤᠯ ᠭᠠᠵᠠᠷ ᠢᠶᠠᠷ ᠲᠣᠭᠤᠷᠢᠵᠤ ᠮᠣᠩᠭᠤᠯ ᠤᠨ ᠡᠷᠳᠡᠮᠲᠡᠨ ᠮᠡᠷᠭᠡᠳ ᠡᠪᠦᠭᠡᠳ ᠨᠠᠰᠤᠲᠠᠳ ᠢ ᠰᠤᠷᠪᠤᠯᠵᠢᠯᠠᠨ ᠶᠠᠪᠤᠵᠤ ᠪᠠᠶᠢᠭᠰᠠᠨ ᠪᠦᠭᠡᠳ ᠪᠠᠰᠠ ᠬᠢᠲᠠᠳ ᠭᠠᠵᠠᠷ ᠢᠶᠠᠷ ᠲᠣᠭᠤᠷᠢᠵᠤ᠂ ᠪᠡᠭᠡᠵᠢᠩ᠂ ᠵᠢᠨᠵᠸᠦ ᠵᠡᠷᠭᠡ ᠬᠤᠲᠠᠳ ᠲᠤ ᠬᠡᠳᠦᠨ ᠵᠢᠯ ᠢᠶᠠᠷ ᠰᠠᠭᠤᠳᠠᠭ ᠪᠠᠶᠢᠭᠰᠠᠨ ᠲᠤᠯᠠ ᠲᠤᠬᠠᠢ ᠶᠢᠨ ᠦᠶ᠎ᠡ ᠶᠢᠨ ᠮᠣᠩᠭᠤᠯᠴᠤᠳ ᠤᠨ ᠪᠠᠶᠢᠳᠠᠯ ᠬᠢᠭᠡᠳ ᠪᠦᠬᠦ ᠳᠤᠮᠳᠠᠳᠤ ᠤᠯᠤᠰ ᠤᠨ ᠪᠠᠶᠢᠳᠠᠯ ᠲᠠᠢ ᠲᠠᠨᠢᠯᠴᠠᠵᠤ᠂ ᠴᠢᠨᠠᠭᠰᠢᠯᠠᠭᠠᠳ ᠳᠡᠯᠡᠬᠡᠢ ᠶᠢᠨ ᠪᠠᠶᠢᠳᠠᠯ ᠢ ᠴᠦ ᠰᠣᠨᠢᠷᠬᠠᠨ ᠰᠣᠨᠣᠰᠴᠤ ᠪᠠᠶᠢᠵᠠᠢ᠃ ᠡᠨᠡ ᠨᠢ ᠲᠡᠭᠦᠨ ᠤ ᠡᠷᠳᠡᠮ ᠮᠡᠳᠡᠯᠭᠡ ᠶᠢ ᠨᠡᠮᠡᠭᠳᠡᠭᠦᠯᠦᠨ᠂ ᠬᠠᠷᠠᠭ᠎ᠠ ᠶᠢ ᠨᠢ ᠥᠷᠭᠡᠳᠭᠡᠨ᠂ ᠵᠣᠬᠢᠶᠠᠨ ᠪᠦᠲᠦᠭᠡᠬᠦ ᠳᠤ ᠰᠠᠭᠤᠷᠢ ᠲᠠᠯᠪᠢᠵᠤ ᠥᠭᠴᠡᠢ᠃ ᠡᠨᠡ ᠦᠶ᠎ᠡ ᠳᠤ ᠲᠡᠷᠡ ᠥᠪᠡᠷ ᠤᠨ ᠵᠠᠯᠠᠭᠤ ᠪᠠᠭ᠎ᠠ ᠨᠠᠰᠤᠨ ᠤ ᠠᠮᠢᠳᠤᠷᠠᠯ ᠢᠶᠠᠷ ᠢᠶᠠᠨ ᠰᠡᠳᠦᠪᠴᠢᠯᠡᠭᠰᠡᠨ ᠤᠤᠭᠠᠨ ᠪᠦᠲᠦᠭᠡᠯ ︽ᠤᠯᠠᠭᠠᠨ ᠥᠩᠭᠡᠲᠡᠨ ᠤ ᠨᠢᠯᠪᠤᠰᠤ︾ ᠭᠡᠬᠦ ᠵᠣᠬᠢᠶᠠᠯ ᠢᠶᠠᠨ ᠪᠢᠴᠢᠵᠦ ᠳᠠᠭᠤᠰᠬᠠᠭᠠᠳ ᠪᠠᠰᠠ ︽ᠰᠠᠷᠠᠨ ᠬᠦᠬᠦᠭᠡ ᠶᠢᠨ ᠱᠠᠰᠳᠢᠷ︾ ᠭᠡᠬᠦ ᠲᠤᠭᠤᠵᠢ ᠶᠢ ᠲᠤᠭᠤᠷᠪᠢᠨ ᠪᠢᠴᠢᠪᠡ᠃       ᠢᠨᠵᠠᠨᠨᠠᠰᠢ ᠶᠢᠨ ᠭᠤᠴᠢᠨ ᠨᠠᠰᠤᠨ ᠤ ᠦᠶ᠎ᠡ ᠠᠴᠠ ᠡᠬᠢᠯᠡᠨ ᠠᠵᠤ ᠠᠮᠢᠳᠤᠷᠠᠯ ᠨᠢ ᠳᠣᠷᠣᠶᠢᠲᠠᠨ ᠪᠠᠭᠤᠷᠠᠭᠰᠠᠨ ᠤ ᠳᠡᠭᠡᠷ᠎ᠡ ᠡᠮ᠎ᠡ ᠦᠷ᠎ᠡ ᠨᠢ ᠴᠦ ᠦᠬᠦᠭᠡᠳ ᠠᠯᠢᠪᠠ ᠵᠦᠢᠯ ᠨᠢ ᠴᠦᠮ ᠥᠭᠡᠳᠡ ᠦᠭᠡᠢ ᠪᠣᠯᠣᠭᠰᠠᠨ ᠪᠦᠭᠡᠳ ᠲᠡᠭᠦᠨ ᠠᠴᠠ ᠬᠤᠶᠢᠰᠢ ᠳᠠᠬᠢᠨ ᠡᠷᠭᠢᠯᠲᠡ ᠭᠠᠷᠤᠭᠰᠠᠨ ᠦᠭᠡᠢ ᠪᠢᠯᠡ᠃ ᠨᠡᠶᠢᠭᠡᠮ ᠤᠨ ᠬᠤᠪᠢᠰᠤᠯᠲᠠ᠂ ᠭᠡᠷ ᠪᠦᠯᠢ ᠶᠢᠨ ᠳᠣᠷᠣᠶᠢᠲᠠᠯ ᠨᠢ ᠢᠨᠵᠠᠨᠨᠠᠰᠢ ᠶᠢᠨ ᠦᠵᠡᠯ ᠰᠠᠨᠠᠭᠠᠨ ᠤ ᠬᠤᠪᠢᠷᠠᠯᠲᠠ ᠳᠤ ᠲᠤᠩ ᠶᠡᠭᠡ ᠨᠥᠯᠥᠭᠡ ᠦᠵᠡᠭᠦᠯᠵᠦ ᠡᠷᠭᠢᠯᠲᠡ ᠭᠠᠷᠭᠠᠭᠰᠠᠨ ᠪᠦᠭᠡᠳ ᠴᠢᠨᠠᠭᠰᠢᠯᠠᠭᠠᠳ ᠨᠢᠳᠦᠨ ᠬᠠᠷᠠᠭ᠎ᠠ ᠶᠢ ᠨᠢ ᠨᠡᠭᠡᠭᠡᠭᠳᠡᠭᠦᠯᠵᠦ ᠦᠵᠡᠯ ᠰᠠᠨᠠᠭ᠎ᠠ ᠶᠢ ᠨᠢ ᠥᠭᠡᠷᠡᠲᠦᠭᠦᠯᠵᠡᠢ᠃ ᠢᠨᠵᠠᠨᠨᠠᠰᠢ ᠬᠤᠪᠢ ᠶᠢᠨ ᠠᠵᠤ ᠠᠮᠢᠳᠤᠷᠠᠯ ᠤᠨ ᠵᠣᠪᠠᠯᠠᠩᠲᠦ ᠪᠠᠶᠢᠳᠠᠯ ᠬᠢᠭᠡᠳ ᠰᠡᠳᠭᠢᠯ ᠰᠠᠨᠠᠭᠠᠨ ᠤ ᠭᠤᠨᠢᠭ ᠭᠤᠲᠤᠷᠠᠯ ᠤᠨ ᠬᠦᠯᠢᠶᠡᠰᠦᠨ ᠠᠴᠠ ᠠᠩᠭᠢᠵᠢᠷᠠᠵᠤ᠂ ᠴᠢᠩ ᠤᠯᠤᠰ ᠤᠨ ᠦᠨᠳᠦᠰᠦᠲᠡᠨ ᠢ ᠮᠥᠬᠦᠭᠡᠬᠦ ᠲᠡᠷᠰᠯᠡᠭᠦᠦ ᠲᠥᠷᠥ ᠶᠢᠨ ᠪᠣᠳᠣᠯᠭ᠎ᠠ ᠶᠢᠨ ᠳᠣᠣᠷ᠎ᠠ ᠡᠳᠦᠷ ᠢᠷᠡᠬᠦᠶ᠎ᠡ ᠳᠣᠷᠣᠶᠢᠲᠠᠨ ᠪᠠᠭᠤᠷᠠᠵᠤ ᠪᠠᠶᠢᠬᠤ ᠮᠣᠩᠭᠤᠯ ᠦᠨᠳᠦᠰᠦᠲᠡᠨ ᠢᠶᠠᠨ ᠠᠪᠤᠷᠠᠬᠤ ᠶᠢᠨ ᠲᠥᠯᠦᠭᠡ ᠪᠢᠷ ᠴᠠᠭᠠᠰᠤ ᠲᠠᠢ ᠨᠥᠬᠦᠷᠯᠡᠨ ᠠᠯᠢ ᠣᠯᠠᠨ ᠵᠣᠬᠢᠶᠠᠯ ᠪᠢᠴᠢᠵᠡᠢ᠃ ᠲᠡᠷᠡ ︽ᠮᠣᠩᠭᠤᠯ ᠲᠣᠭᠠᠲᠠᠨ ᠪᠦᠭᠦᠳᠡᠭᠡᠷ ᠤᠭ ᠦᠨᠳᠦᠰᠦᠨ ᠪᠠ ᠢᠵᠠᠭᠤᠷ ᠤᠳᠤᠮ ᠢᠶᠠᠨ ᠮᠡᠳᠡᠲᠦᠭᠡᠢ︾ ᠭᠡᠮᠡᠨ ᠡᠴᠢᠭᠡ ᠶᠢᠨ ᠢᠶᠠᠨ ᠳᠤᠲᠠᠭᠤ ᠪᠢᠴᠢᠭᠰᠡᠨ ︽ᠶᠡᠭᠡ ᠶᠤᠸᠠᠨ ᠤᠯᠤᠰ ᠤᠨ ᠮᠠᠨᠳᠤᠭᠰᠠᠨ ᠲᠥᠷᠥ ᠶᠢᠨ ᠬᠥᠬᠡ ᠰᠤᠳᠤᠷ︾᠎ ᠢ120 ᠪᠦᠯᠦᠭ ᠪᠣᠯᠲᠠᠯ᠎ᠠ ᠵᠠᠯᠭᠠᠨ ᠪᠢᠴᠢᠪᠡ᠃ ᠡᠭᠦᠨ ᠠᠴᠠ ᠭᠠᠳᠠᠨ᠎ᠠ ᠲᠤᠬᠠᠢ ᠶᠢᠨ ᠦᠶ᠎ᠡ ᠶᠢᠨ ᠨᠡᠶᠢᠭᠡᠮ ᠤᠨ ᠠᠮᠢᠳᠤᠷᠠᠯ ᠢᠶᠠᠷ ᠰᠡᠳᠦᠪᠯᠡᠭᠰᠡᠨ ᠠᠷᠠᠳᠴᠢᠯᠠᠭᠰᠠᠨ ᠦᠵᠡᠯ ᠲᠠᠢ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ ᠭᠡᠬᠦ ᠠᠯᠳᠠᠷᠲᠤ ᠷᠣᠮᠠᠨ ᠢ ᠪᠢᠴᠢᠵᠡᠢ᠃ ᠪᠠᠰᠠ ᠨᠡᠶᠢᠭᠡᠮ ᠤᠨ ᠵᠥᠪ ᠪᠣᠰᠤ ᠦᠵᠡᠭᠳᠡᠯ ᠢ ᠬᠤᠱᠤᠩᠨᠠᠨ ᠰᠢᠭᠦᠮᠵᠢᠯᠡᠵᠦ᠂ ᠪᠤᠷᠬᠠᠨ ᠱᠠᠰᠢᠨ ᠤ ᠬᠤᠭᠤᠰᠤᠨ ᠨᠣᠮᠯᠠᠯ ᠢ ᠢᠯᠡᠴᠢᠯᠡᠨ ᠪᠤᠷᠤᠭᠤᠰᠢᠶᠠᠭᠰᠠᠨ ᠪᠣᠳᠠᠰᠴᠢ ᠦᠵᠡᠯ ᠢ ᠢᠯᠡᠳᠭᠡᠭᠰᠡᠨ ︽ᠴᠢᠯᠠᠭᠤᠨ ᠳᠡᠷ᠎ᠡ ᠶᠢᠨ ᠰᠢᠭᠦᠮᠵᠢᠯᠡᠯ︾᠂ ︽ᠨᠣᠮᠴᠢ ᠶᠢᠨ ᠬᠠᠭᠤᠷᠮᠠᠭ︾᠂ ︽ᠦᠵᠡᠯ ᠰᠠᠨᠠᠭ᠎ᠠ ᠶᠢ ᠨᠢ ᠡᠰᠡ ᠮᠡᠳᠡᠪᠡ︾᠂ ︽ᠡᠷᠳᠡᠮᠲᠡᠨ ᠢ ᠵᠠᠨᠤᠵᠤ ᠴᠢᠳᠠᠯᠲᠠᠨ ᠢ ᠬᠤᠷᠣᠰᠤᠭᠴᠢᠳ︾᠂ ︽ᠢᠲᠡᠭᠡᠵᠦ ᠪᠤᠯᠬᠤ ᠦᠭᠡᠢ︾᠂ ︽ᠨᠤᠮ ᠪᠠ ᠪᠢᠴᠢᠭ︾᠂ ︽ᠤᠭ ᠢᠵᠠᠭᠤᠷ ᠢᠶᠠᠨ ᠮᠠᠷᠳᠠᠵᠤ ᠪᠤᠯᠬᠤ ᠦᠭᠡᠢ︾ ᠭᠡᠬᠦ ᠵᠡᠷᠭᠡ ᠶᠢᠨ ᠶᠣᠵᠣᠲᠤ ᠥᠭᠦᠯᠡᠯ ᠢ ᠪᠢᠴᠢᠭᠰᠡᠨ ᠪᠦᠭᠡᠳ ᠠᠳᠠᠯᠢ ᠪᠤᠰᠤ ᠲᠢᠭ ᠬᠡᠯᠪᠡᠷᠢ ᠪᠠᠷ ᠮᠠᠰᠢ ᠤᠯᠠᠨ ᠰᠢᠯᠦᠭ ᠪᠢᠴᠢᠭᠰᠡᠨ ᠶᠤᠮ᠃ ᠵᠢᠱᠢᠶᠡᠯᠡᠪᠡᠯ᠂ ᠵᠠᠯᠠᠭᠤ ᠪᠠᠭ᠎ᠠ ᠨᠠᠰᠤᠨ ᠳᠤ ᠪᠠᠨ ᠪᠢᠴᠢᠭᠰᠡᠨ ᠰᠢᠯᠦᠭ ᠭᠡᠪᠡᠯ᠄ ︽ᠬᠦᠬᠡ ᠬᠠᠳᠠ︾᠂ ︽ᠠᠳᠠᠪᠠᠰᠢ ᠦᠵᠡᠮᠵᠢᠲᠡᠢ︾᠂ ︽ᠦᠪᠡᠷᠮᠢᠴᠡ ᠬᠦᠨ ᠠᠷᠢᠭᠤᠨ︾᠂ ︽ᠰᠠᠶᠢᠬᠠᠨ ᠬᠤᠷ᠎ᠠ ᠰᠢᠨ᠎ᠡ ᠪᠤᠷᠤᠭᠠᠨ︾᠂ ︽ᠡᠬᠡ ᠪᠠᠨ ᠮᠦᠷᠦᠭᠡᠳᠦᠭᠰᠡᠨ ᠰᠤᠯᠠ ᠰᠢᠯᠦᠭᠯᠡᠯ︾᠂ ︽ᠦᠩᠭᠡᠲᠦ ᠰᠤᠯᠤᠩᠭ᠎ᠠ ᠰᠢᠩᠭᠡᠪᠡᠢ︾᠂ ︽ᠤᠯᠠᠭᠠᠨ ᠳᠤᠭᠤᠰᠤᠳᠤ ᠤᠷᠰᠢᠭᠳᠤ ᠶᠢᠷᠲᠢᠨᠴᠦ︾᠂ ︽ᠦᠩᠭᠡᠲᠦ ᠶᠢᠷᠲᠢᠨᠴᠦ ᠶᠢ ᠳᠡᠪᠴᠢᠮᠦᠢ︾᠂ ︽ᠵᠢᠭᠰᠢᠮᠦᠷᠢᠲᠦ ᠬᠦᠮᠦᠨ︾᠂ ︽ᠰᠡᠷᠭᠦᠭᠡᠪᠡᠢ︾ ᠵᠡᠷᠭᠡ ᠰᠢᠯᠦᠭ ᠤᠳ︔ ᠢᠳᠡᠷ ᠨᠠᠰᠤᠨ ᠳᠤ ᠎ ᠪᠠᠨ ᠪᠢᠴᠢᠭᠰᠡᠨ ᠰᠢᠯᠦᠭ ᠭᠡᠪᠡᠯ᠄ ︽ᠴᠠᠭᠠᠨ ᠡᠭᠦᠯᠡ︾᠂ ︽ᠳᠣᠷᠣᠨ᠎ᠠ ᠰᠠᠯᠬᠢᠨ ᠬᠡᠶᠢᠰᠲᠦᠭᠡᠢ︾᠂ ︽ᠬᠠᠷᠢᠶᠠᠴᠠᠢ ᠬᠤᠯᠤᠰᠤᠨ᠎ᠠ ᠤᠬᠢᠯᠠᠮᠤᠢ︾᠂ ︽ᠬᠤᠤᠰ ᠪᠤᠯᠵᠤᠮᠤᠷ︾᠂ ︽ᠡᠷᠪᠡᠬᠡᠢ ᠪᠠ ᠴᠡᠴᠡᠭ︾ ᠭᠡᠬᠦ ᠠᠯᠳᠠᠷᠲᠤ ᠰᠢᠯᠦᠭ ᠪᠠ ︽ᠤᠳ᠋ᠪᠠᠯ᠎ᠠ ᠴᠡᠴᠡᠭ ᠦᠪᠡᠷ ᠯᠦᠭᠡ ᠠᠳᠠᠯᠢ︾᠂ ︽ᠰᠠᠷᠠᠨ ᠢ ᠤᠭᠳᠤᠬᠤ︾᠂ ︽ᠰᠠᠷᠠᠨ ᠢ ᠦᠳᠡᠬᠦ︾᠂ ︽ᠰᠠᠷᠠᠨ ᠢ ᠵᠢᠭᠡᠯᠡᠬᠦ︾᠂ ︽ᠰᠠᠷᠠᠨ ᠳᠤᠷ ᠪᠠᠶᠠᠰᠬᠤ︾᠂ ︽ᠰᠠᠷᠠᠨ ᠢ ᠴᠢᠩᠨᠠᠬᠤ︾᠂ ︽ᠰᠠᠷᠠᠨ ᠳᠤᠷ ᠭᠤᠨᠢᠶᠠᠬᠤ︾ ᠂ ︽ᠨᠠᠮᠤᠷ ᠤᠨ ᠰᠦᠨᠢ ᠰᠠᠷᠠᠨ ᠬᠦᠷᠢᠶᠡᠯᠡᠭᠰᠡᠨ ᠢ ᠭᠠᠶᠢᠬᠠᠵᠤ ᠨᠠᠶᠢᠷᠠᠭᠤᠯᠤᠭᠰᠠᠨ ᠰᠢᠯᠦᠭᠯᠡᠯ︾᠂ ︽ᠶᠠᠳᠠᠭᠤ ᠲᠠᠷᠢᠶᠠᠴᠢᠨ︾᠂ ︽ᠪᠥᠭᠲᠥᠷ ᠨᠣᠶᠠᠨ︾ ᠵᠡᠷᠭᠡ ᠭᠠᠶᠢᠬᠠᠯᠳᠠᠢ ᠤᠶᠠᠩᠭᠠᠯᠠᠯ ᠤᠳ ᠪᠤᠢ᠂ ᠡᠳᠡᠭᠡᠷ ᠪᠦᠲᠦᠭᠡᠯ ᠤᠳ ᠨᠢ ᠲᠦᠯᠦᠭᠡᠯᠡᠬᠦ ᠰᠢᠨᠵᠢᠲᠡᠢ ᠶᠤᠮ᠃ ᠦᠳᠡᠯᠦᠭᠡ ᠨᠠᠰᠤᠨ ᠳᠤ ᠪᠠᠨ ᠪᠢᠴᠢᠭᠰᠡᠨ ᠰᠢᠯᠦᠭ ᠭᠡᠪᠡᠯ᠄ ︽ᠰᠢᠨ᠎ᠡ ᠵᠢᠯ ᠤᠨ ᠡᠬᠢᠨ ᠤ ᠡᠳᠤᠷ︾᠂ ︽ᠴᠠᠭᠠᠨ ᠰᠠᠷ᠎ᠠ ᠶᠢᠨ ᠠᠷᠪᠠᠨ ᠳᠠᠪᠤᠨ︾᠂ ︽ᠳᠠᠪᠢᠨ ᠳᠠᠪᠤᠨ ᠤ ᠲᠦᠷᠦᠭᠰᠡᠨ ᠡᠳᠤᠷ︾᠂ ︽ᠢᠩ ᠳᠤᠤ ᠴᠡᠴᠡᠭ︾᠂ ︽ᠮᠦᠩᠬᠦᠨ ᠡᠭᠦᠯᠡᠰ ᠤᠨ ᠳᠤᠨᠤᠮᠠᠯ ᠳᠤᠶᠠᠭ᠎ᠠ︾᠂ ︽ᠤᠷᠳᠤᠨ ᠤ ᠦᠵᠡᠮᠵᠢ ᠶᠢᠨ ᠰᠢᠯᠦᠭ︾᠂ ︽ᠰᠣᠳᠤᠷ ᠳᠡᠮᠳᠡᠭᠯᠡᠯ ᠢ ᠪᠠᠶᠢᠴᠠᠭᠠᠭᠰᠠᠨ ᠠᠨᠤ︾᠂ ︽ᠦᠭᠡᠰ ᠭᠡᠮᠡᠭᠴᠢ︾᠂ ︽ᠦᠨᠡᠨ ᠶᠤᠰᠤ︾᠂ ︽ᠤᠴᠢᠷ ᠶᠤᠰᠤ︾᠂ ︽ᠶᠤᠰᠤᠳᠠᠢ ᠰᠣᠳᠤᠷ︾᠂ ︽ᠳᠡᠮᠳᠡᠭᠯᠡᠯ︾᠂ ︽ᠶᠠᠳᠤᠭ᠎ᠠ︾ ᠵᠡᠷᠭᠡ ᠠᠯᠢ ᠣᠯᠠᠨ ᠰᠣᠨᠢᠷᠬᠠᠯᠲᠠᠢ ᠰᠠᠶᠢᠬᠠᠨ ᠰᠢᠯᠦᠭ ᠪᠢᠴᠢᠵᠡᠢ᠃ ᠢᠨᠵᠠᠨᠨᠠᠰᠢ ᠶᠢᠨ ᠰᠢᠯᠦᠭ ᠤᠨ ᠤᠷᠠᠯᠢᠭ ᠤᠨ ᠤᠨᠴᠠᠯᠢᠭ ᠨᠢ ᠬᠤᠯᠪᠤᠨ ᠪᠤᠳᠤᠯᠳᠠ ᠨᠢ ᠪᠠᠶᠠᠯᠢᠭ᠂ ᠰᠡᠳᠬᠢᠮᠵᠢ ᠨᠢ ᠤᠷᠠᠨ᠂ ᠰᠠᠨᠠᠭ᠎ᠠ ᠠᠬᠤᠢ ᠨᠢ ᠭᠤᠴᠤ ᠰᠠᠶᠢᠬᠠᠨ ᠪᠠᠶᠢᠳᠠᠭ᠃ ᠲᠡᠷᠡ ᠪᠠᠰᠠ ᠣᠷᠴᠢᠭᠤᠯᠭ᠎ᠠ ᠳᠤ ᠴᠦ ᠲᠤᠩ ᠴᠠᠭᠠᠷᠠᠵᠠᠢ᠃ ᠲᠡᠷᠡ ︽ᠤᠯᠠᠭᠠᠨ ᠠᠰᠠᠷ ᠤᠨ ᠵᠡᠭᠦᠳᠦ︾ ᠬᠢᠭᠡᠳ ︽ᠬᠡᠪ ᠳᠤᠮᠳᠠᠳᠤ︾᠎ ᠶᠢ ᠣᠷᠴᠢᠭᠤᠯᠤᠭᠠᠳ ᠨᠢᠭᠡᠨᠲᠡ ᠪᠤᠲᠠᠷᠠᠨ ᠭᠡᠭᠡᠭᠳᠡᠵᠡᠢ᠃       ᠢᠨᠵᠠᠨᠨᠠᠰᠢ1892 ᠣᠨ ᠤ 2 ᠰᠠᠷ᠎ᠠ ᠶᠢᠨ25᠎ ᠤ ᠡᠳᠦᠷ ᠵᠢᠨᠵᠸᠦ ᠬᠤᠲᠠ ᠶᠢᠨ ᠣᠲᠠᠴᠢ ᠶᠢᠨ ᠰᠦᠮ᠎ᠡ ᠎ ᠳᠤ ᠨᠠᠰᠤ ᠪᠠᠷᠠᠵᠠᠢ᠃ ᠲᠡᠭᠦᠨ ᠤ ᠵᠣᠬᠢᠶᠠᠯ ᠪᠦᠲᠦᠭᠡᠯ ᠨᠢ ᠦᠨᠳᠦᠰᠦᠲᠡᠨ ᠤ ᠤᠳᠬ᠎ᠠ ᠵᠣᠬᠢᠶᠠᠯ ᠤᠨ ᠡᠷᠳᠡᠨᠢ ᠶᠢᠨ ᠰᠠᠩ ᠢ ᠪᠠᠶᠠᠯᠢᠭᠵᠢᠭᠤᠯᠵᠤ᠂ ᠮᠣᠩᠭᠤᠯ ᠬᠢᠲᠠᠳ ᠦᠨᠳᠦᠰᠦᠲᠡᠨ ᠤ ᠰᠣᠶᠣᠯ ᠤᠨ ᠰᠣᠯᠢᠯᠴᠠᠭ᠎ᠠ ᠶᠢ ᠠᠬᠢᠭᠤᠯᠤᠭᠰᠠᠨ ᠮᠥᠷᠲᠡᠭᠡᠨ ᠮᠣᠩᠭᠤᠯ ᠤᠳᠬ᠎ᠠ ᠵᠣᠬᠢᠶᠠᠯ ᠤᠨ ᠲᠥᠷᠥᠯ ᠰᠲ᠋ᠢᠯᠢ ᠪᠠ ᠬᠡᠯᠡ ᠬᠡᠯᠡᠯᠭᠡ ᠶᠢ ᠪᠠᠶᠠᠯᠢᠭᠵᠢᠭᠤᠯᠬᠤ ᠪᠠ ᠬᠥᠭᠵᠢᠭᠦᠯᠬᠦ ᠳᠤ ᠯᠤᠲᠤ ᠶᠡᠭᠡ ᠭᠠᠪᠢᠶ᠎ᠠ ᠵᠢᠳᠬᠦᠯ ᠦᠵᠡᠭᠦᠯᠵᠡᠢ᠃ ᠶᠠᠭ ᠡᠭᠦᠨ ᠠᠴᠠ ᠪᠤᠯᠵᠤ᠂ ᠢᠨᠵᠠᠨᠨᠠᠰᠢ ᠤᠶᠢᠷ᠎ᠠ ᠦᠶ᠎ᠡ ᠶᠢᠨ ᠮᠤᠩᠭᠤᠯ ᠤᠷᠠᠨ ᠵᠤᠬᠢᠶᠠᠯ ᠤᠨ ᠲᠡᠦᠬᠡᠨ ᠳᠠᠬᠢ ᠨᠢᠭᠡᠨ ᠠᠪᠤᠷᠭᠤ ᠤᠳᠤᠨ᠂ ᠨᠤᠶᠠᠨ ᠤᠷᠬᠢᠯ ᠪᠤᠯᠤᠭᠰᠠᠨ ᠪᠠᠶᠢᠨ᠎ᠠ᠃
 
ᠢᠷᠡᠯᠲᠡ᠄ ᠨᠠ᠊ · ᠰᠠᠶᠢᠰᠢᠶᠠᠯᠲᠦ ᠶᠢᠨ ᠡᠷᠬᠢᠯᠡᠨ ᠨᠠᠶᠢᠷᠠᠭᠤᠯᠤᠭᠰᠠᠨ ︽ᠮᠤᠩᠭᠤᠯ ᠤᠷᠠᠨ ᠵᠤᠬᠢᠶᠠᠯ ᠤᠨ ᠳᠡᠦᠭᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号