ᠪᠦᠬᠦ ᠴᠡᠷᠢᠭ ᠤᠨ ᠬᠢᠨ ᠠᠩᠬ᠎ᠠ ᠤᠳᠠᠭ᠎ᠠ ᠨᠡᠶᠢᠭᠡᠮ ᠨᠡᠶᠢᠳᠡ ᠠᠴᠠ ᠢᠯᠡ ᠪᠠᠷ  ᠪᠢᠴᠢᠭ ᠤᠨ ᠲᠤᠰᠢᠶᠠᠯᠳᠠᠨ ᠡᠯᠰᠡᠬᠦ ᠪᠠᠷ ᠪᠤᠢ
ᠨᠡᠶᠢᠲᠡᠯᠡᠭᠰᠡᠨ ᠴᠠᠭ᠄
2018/7/12
     7 ᠰᠠᠷ᠎ᠠ ᠶᠢᠨ 12᠎ ᠤᠨ ᠡᠳᠤᠷ ᠠᠴᠠ ᠡᠬᠢᠯᠡᠨ ᠰᠦᠯᠵᠢᠶᠡᠨ ᠲᠡᠭᠡᠷ᠎ᠡ  ᠨᠡᠷ᠎ᠡ ᠮᠡᠳᠡᠬᠦᠯᠵᠤ ᠪᠤᠯᠤᠨ᠎ᠠ      ᠠᠷᠠᠳ ᠤᠨ ᠡᠳᠤᠷ ᠤᠨ ᠰᠤᠨᠢᠨ ᠤ ᠪᠡᠭᠡᠵᠢᠩ ᠤᠨ 7 ᠰᠠᠷ᠎ᠠ ᠶᠢᠨ 10᠎ ᠤ ᠡᠳᠤᠷ  ᠎ ᠤᠨ  ᠮᠡᠳᠡᠭᠡ  ︵᠎ ᠨᠢ  ᠭᠤᠸᠠᠩ ᠾᠦᠢ᠂ ᠵᠠᠨ ᠮᠢᠨ ᠶᠤᠸᠠᠢ︶ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠲᠤᠮᠳᠠᠳᠤ ᠤᠯᠤᠰ ᠤᠨ ᠤᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠤᠯᠤᠨ ᠨᠠᠮ ᠤᠨ ᠠᠷᠪᠠ ᠶᠢᠰᠤᠳᠤᠭᠡᠷ  ᠶᠡᠭᠡ  ᠬᠤᠷᠠᠯ  ᠎ ᠤᠨ  ᠵᠤᠷᠢᠭ  ᠰᠠᠨᠠᠭ᠎ᠠ  ᠎ ᠶᠢ  ᠬᠥᠨᠵᠡᠭᠡᠢ ᠲᠤᠤᠱᠯᠠᠭᠤᠯᠵᠤ᠂ ᠰᠢ ᠶᠢᠨ ᠫᠢᠩ ᠤᠨ ᠴᠡᠷᠢᠭ ᠢ ᠬᠥᠴᠤᠷᠭᠡᠭᠵᠢᠬᠦᠯᠬᠦ ᠦᠵᠡᠯ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ᠂ ᠨᠡᠶᠢᠭᠡᠮ  ᠨᠡᠶᠢᠳᠡ  ᠎ ᠠᠴᠠ  ᠰᠢᠯᠢᠳᠡᠭ  ᠴᠢᠳᠠᠪᠤᠷᠢᠳᠠᠨ  ᠤᠷᠢᠵᠤ  ᠴᠡᠷᠢᠭ  ᠠᠩᠬᠢ  ᠎ ᠶᠢᠨ  ᠪᠦᠳᠤᠭᠡᠨ  ᠪᠠᠶᠢᠭᠤᠯᠤᠯᠳᠡ  ᠎ ᠳᠤ ᠦᠢᠯᠡᠴᠢᠯᠡᠬᠦᠯᠬᠦ ᠶᠢᠨ ᠲᠦᠯᠤᠭᠡ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠪᠠᠷ  ᠵᠦᠪᠰᠢᠶᠡᠷᠡᠬᠦᠯᠤᠭᠡᠳ᠂  ᠲᠦᠪ  ᠎ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠤᠯᠤᠰ ᠲᠦᠷᠤ ᠶᠢᠨ ᠠᠵᠢᠯ ᠤᠨ ᠬᠡᠯᠳᠡᠰ  ᠎ ᠤᠨ  ᠎ ᠬᠢᠨ  ᠦᠢᠷ᠎ᠠ  ᠎ ᠳᠤ  ᠤᠯᠤᠰ  ᠎ ᠤᠨ ᠪᠠᠳᠤᠯᠠᠨ ᠬᠠᠮᠠᠭᠠᠯᠠᠯᠳᠠ ᠪᠠ ᠴᠡᠷᠢᠭ ᠠᠩᠬᠢ ᠶᠢᠨ ᠦᠭᠡᠷᠡᠴᠢᠯᠠᠯᠳᠠ ᠶᠢ ᠬᠥᠨᠵᠡᠭᠡᠶᠢᠷᠡᠬᠦᠯᠦᠭᠰᠡᠨ ᠠᠴᠠ  ᠨᠠᠰᠢᠬᠢ  ᠪᠦᠬᠦ  ᠴᠡᠷᠢᠭ ᠤᠨ ᠬᠢᠨ ᠤ ᠠᠩᠬ᠎ᠠ  ᠤᠳᠠᠭ᠎ᠠ  ᠨᠡᠶᠢᠭᠡᠮ  ᠨᠡᠶᠢᠳᠡ  ᠎ ᠠᠴᠠ  ᠢᠯᠡ  ᠎ ᠪᠠᠷ  ᠪᠢᠴᠢᠭ  ᠎ ᠤᠨ  ᠲᠤᠰᠢᠶᠠᠯᠳᠠᠨ  ᠡᠯᠰᠡᠬᠦ  ᠠᠵᠢᠯ  ᠎ ᠢ ᠪᠠᠶᠢᠷᠢᠰᠢᠭᠤᠯᠤᠨ ᠦᠷᠨᠢᠬᠦᠯᠪᠠ᠃              ᠲᠤᠰ ᠤᠳᠠᠭ᠎ᠠ ᠶᠢᠨ ᠢᠯᠡ ᠪᠠᠷ ᠡᠯᠰᠡᠬᠦ ᠶᠠᠪᠤᠳᠠᠯ ᠨᠢ ᠪᠢᠴᠢᠭ ᠤᠨ ᠲᠤᠰᠢᠶᠠᠯᠳᠠᠨ ᠤ ᠲᠦᠷᠢᠮ ᠢ ᠲᠠᠬᠢᠵᠤ ᠱᠤᠭᠤᠵᠤ ᠪᠦᠳᠤᠭᠡᠬᠦ ᠰᠢᠨ᠎ᠠ ᠤᠨᠴᠠᠯᠢᠭ ᠱᠠᠭᠠᠷᠳᠠᠯᠭ᠎ᠠ ᠲᠠᠢ ᠢᠳᠡᠪᠬᠢᠳᠠᠢ ᠵᠤᠬᠢᠴᠠᠨ᠂ ᠰᠢᠨ᠎ᠠ ᠪᠠᠷ ᠵᠠᠰᠠᠵᠤ ᠲᠤᠬᠳᠠᠭᠠᠭᠰᠠᠨ 《ᠲᠤᠮᠳᠠᠳᠤ ᠤᠯᠤᠰ ᠤᠨ ᠠᠷᠠᠳ ᠤᠨ ᠴᠢᠯᠤᠭᠡᠯᠡᠬᠦ ᠴᠡᠷᠢᠭ ᠤᠨ ᠪᠢᠴᠢᠭ ᠤᠨ ᠲᠤᠰᠢᠶᠠᠯᠳᠠᠨ ᠤ ᠲᠦᠷᠢᠮ》 ᠵᠢᠴᠢ ᠢᠵᠢ ᠪᠦᠷᠢᠳᠤᠬᠦᠯᠦᠭᠰᠡᠨ ᠲᠦᠷᠤ ᠶᠢᠨ ᠪᠤᠳᠤᠯᠭ᠎ᠠ ᠪᠠᠷ ᠦᠨᠳᠤᠰᠤᠯᠡᠯ ᠪᠤᠯᠭᠠᠵᠤ᠂ ᠬᠡᠷᠡᠭᠴᠡᠭᠡ ᠎ ᠪᠠᠷ ᠬᠥᠳᠡᠯᠭᠡᠬᠦᠷ  ᠪᠤᠯᠭᠠᠬᠤ  ᠎ ᠶᠢ  ᠪᠠᠷᠢᠮᠳᠠᠯᠠᠨ᠂  ᠴᠡᠷᠢᠭ ᠠᠩᠬᠢ ᠶᠢᠨ ᠪᠠᠴᠢᠮ ᠬᠡᠷᠡᠭᠴᠡᠭᠡ ᠳᠤ ᠦᠢᠯᠡᠴᠢᠯᠡᠬᠦᠯᠵᠤ᠂ ᠭᠤᠤᠯᠳᠠᠭᠤ ᠨᠢᠭᠡ  ᠪᠦᠯᠦᠭ  ᠭᠤᠤᠯ  ᠲᠤᠯᠭᠠᠭᠤᠷᠢᠯᠠᠬᠤ  ᠲᠤᠰᠬᠠᠢ ᠮᠡᠷᠭᠡᠵᠢᠯ ᠤᠨ ᠲᠠᠯ᠎ᠠ ᠶᠢᠨ᠂ ᠭᠤᠤᠯᠳᠠᠯᠭ᠎ᠠ ᠲᠠᠢ ᠵᠠᠩᠬᠢᠯᠠᠭ᠎ᠠ ᠶᠢᠨ ᠠᠵᠢᠯ ᠤᠨ ᠪᠠᠶᠢᠷᠢ  ᠎ ᠶᠢᠨ  ᠪᠢᠴᠢᠭ  ᠎ ᠤᠨ  ᠲᠤᠰᠢᠶᠠᠯᠳᠠᠨ  ᠎ ᠢ ᠡᠯᠰᠡᠨ᠎ᠠ︔ ᠪᠠᠷᠢᠮᠵᠢᠶ᠎ᠠ ᠶᠠᠰᠤ  ᠴᠢᠨᠠᠷ  ᠎ ᠢ  ᠲᠡᠭᠡᠭᠰᠢᠯᠡᠬᠦᠯᠤᠨ᠂  ᠴᠢᠨᠠᠷ  ᠰᠠᠶᠢᠳᠠᠢ  ᠴᠢᠳᠠᠪᠤᠷᠢᠳᠠᠨ  ᠎ ᠤ  ᠡᠬᠢ  ᠪᠠᠶᠠᠯᠢᠭ  ᠎ ᠲᠤ ᠴᠢᠭᠯᠡᠬᠦᠯᠵᠤ᠂ ᠠᠵᠢᠯ ᠎ ᠤᠨ ᠪᠠᠶᠢᠷᠢ ᠶᠢᠨ ᠱᠠᠭᠠᠷᠳᠠᠯᠭ᠎ᠠ ᠶᠢ ᠨᠠᠷᠢᠯᠢᠭ ᠵᠠᠳᠠᠯᠤᠨ᠂  ᠤᠷᠤᠬᠤ  ᠵᠦᠪᠰᠢᠶᠡᠷᠡᠯ  ᠎ ᠤᠨ  ᠨᠦᠬᠦᠴᠡᠯ  ᠎ ᠢ ᠨᠠᠷᠢᠨ ᠨᠢᠬᠳᠠ ᠪᠠᠶᠢᠯᠭᠠᠵᠤ᠂ ᠠᠵᠢᠯ ᠤᠨ ᠪᠠᠶᠢᠷᠢ ᠶᠢ ᠦᠨᠳᠤᠰᠤᠯᠡᠨ ᠨᠠᠷᠢᠯᠢᠭ ᠤᠨᠤᠴᠠᠳᠠᠢ ᠪᠠᠷ ᠬᠥᠮᠤᠨ ᠰᠤᠩᠭᠤᠵᠤ᠂ ᠪᠢᠴᠢᠭ ᠤᠨ ᠲᠤᠰᠢᠶᠠᠯᠳᠠᠨ ᠤ ᠡᠩᠨᠡᠭᠡ ᠶᠢᠨ ᠰᠢᠯᠢᠳᠡᠭ ᠰᠠᠶᠢᠨ ᠬᠡᠪ ᠰᠤᠷᠳᠠᠯ ᠲᠠᠢ ᠪᠠᠶᠢᠬᠤ ᠶᠢ ᠡᠬᠢ ᠡᠬᠦᠰᠤᠯ ᠠᠴᠠ ᠎ ᠨᠢ ᠪᠠᠳᠤᠯᠠᠨ᠎ᠠ︔ ᠢᠯᠡ ᠲᠤᠳᠤᠷᠬᠠᠢ ᠪᠠᠶᠢᠯᠭᠠᠵᠤ᠂ ᠠᠵᠢᠯ ᠤᠨ ᠪᠠᠶᠢᠷᠢ ᠶᠢᠨ ᠲᠤᠭ᠎ᠠ ᠬᠡᠮᠵᠢᠶ᠎ᠡ᠂ ᠬᠢᠷᠢ ᠭᠡᠮ  ᠎ ᠤᠨ  ᠨᠦᠬᠦᠴᠡᠯ᠂  ᠰᠢᠯᠭᠠᠷᠠᠭᠤᠯᠬᠤ ᠵᠢᠷᠤᠮ᠂ ᠡᠯᠰᠡᠨ ᠬᠡᠷᠡᠭᠯᠡᠬᠦ ᠦᠷ᠎ᠡ ᠳ᠋ᠦᠩ ᠢ ᠢᠯᠠ ᠪᠤᠯᠭᠠᠬᠤ ᠶᠢ ᠪᠠᠷᠢᠮᠳᠠᠯᠠᠨ᠂ ᠡᠯᠰᠡᠨ ᠬᠡᠷᠡᠭᠯᠡᠬᠦ ᠪᠦᠬᠦ ᠶᠠᠪᠤᠴᠠ  ᠎ ᠶᠢᠨ  ᠲᠦᠪ ᠭᠤᠤᠯᠴᠢ ᠡᠷᠭᠡ ᠲᠡᠭᠰᠢ ᠪᠠᠶᠢᠬᠤ ᠶᠢ ᠦᠨᠡᠨ ᠬᠦ ᠪᠠᠳᠤᠯᠠᠵᠤ᠂ ᠴᠡᠷᠢᠭ ᠠᠩᠬᠢ ᠎ ᠶᠢᠨ ᠬᠥᠮᠤᠨ ᠰᠤᠩᠭᠤᠨ ᠬᠡᠷᠡᠭᠯᠡᠬᠦ  ᠲᠠᠯ᠎ᠠ  ᠎ ᠶᠢᠨ ᠰᠠᠶᠢᠨ ᠰᠠᠶᠢᠬᠠᠨ ᠲᠦᠷᠢ ᠲᠦᠷᠬᠦ ᠶᠢ ᠪᠤᠢ ᠪᠤᠯᠭᠠᠨ᠎ᠠ᠃ ᠲᠦᠯᠤᠪᠯᠡᠭᠡ ᠶᠢᠨ ᠲᠤᠬᠢᠷᠠᠭᠤᠯᠤᠯᠳᠡ ᠶᠢ ᠦᠨᠳᠤᠰᠤᠯᠡᠪᠡᠯ᠂ 7 ᠰᠠᠷ᠎ᠠ ᠶᠢᠨ 12᠎ ᠤᠨ ᠡᠳᠤᠷ ᠠᠴᠠ 22᠎ ᠤᠨ ᠡᠳᠤᠷ ᠪᠤᠯᠳᠠᠯ᠎ᠠ᠂  ᠰᠢᠯᠭᠠᠯᠳᠠ  ᠎ ᠳᠤ  ᠨᠡᠷ᠎ᠡ  ᠮᠡᠳᠡᠬᠦᠯᠦᠭᠴᠢ  ᠴᠡᠷᠢᠭ  ᠠᠩᠬᠢ  ᠎ ᠶᠢᠨ ᠴᠢᠳᠠᠪᠤᠷᠢᠳᠠᠨ ᠤ ᠰᠦᠯᠵᠢᠶ᠎ᠡ ᠪᠠᠷ ᠲᠡᠮᠵᠢᠭᠤᠯᠤᠨ ᠨᠡᠷ᠎ᠡ ᠮᠡᠳᠡᠬᠦᠯᠵᠤ ᠪᠤᠯᠤᠨ᠎ᠠ᠂ 8 ᠰᠠᠷ᠎ᠠ ᠶᠢᠨ 26᠎ ᠤ ᠡᠳᠤᠷ ᠪᠦᠬᠦ  ᠴᠡᠷᠢᠭ ᠠᠴᠠ ᠨᠢᠭᠡᠳᠤᠯᠳᠠᠢ ᠰᠢᠯᠭᠠᠯᠳᠠ ᠵᠤᠬᠢᠶᠠᠨ ᠪᠠᠶᠢᠭᠤᠯᠤᠨ᠎ᠠ᠃ ᠰᠢᠯᠭᠠᠬᠤ ᠠᠭᠤᠯᠭ᠎ᠠ ᠳᠤ ᠤᠯᠠᠨ ᠨᠡᠶᠢᠳᠡ ᠶᠢᠨ ᠰᠢᠯᠭᠠᠬᠤ ᠲᠦᠷᠤᠯ ᠪᠠ ᠲᠤᠰᠬᠠᠢ ᠮᠡᠷᠭᠡᠵᠢᠯ ᠤᠨ ᠰᠢᠯᠭᠠᠬᠤ ᠲᠦᠷᠤᠯ ᠪᠠᠭᠳᠠᠨ᠎ᠠ᠂ ᠡᠯ᠎ᠠ ᠰᠢᠯᠭᠠᠬᠤ ᠲᠦᠷᠤᠯ ᠤᠨ  ᠬᠡᠪᠴᠢᠶ᠎ᠡ᠂  ᠠᠭᠤᠯᠭ᠎ᠠ  ᠪᠤᠯᠤᠨ ᠪᠤᠳᠠᠳᠠᠢ ᠱᠠᠭᠠᠷᠳᠠᠯᠭ᠎ᠠ ᠶᠢ ᠨᠢᠭᠡᠨᠳᠡ ᠴᠡᠷᠢᠭ ᠠᠩᠬᠢ ᠶᠢᠨ ᠴᠢᠳᠠᠪᠤᠷᠢᠳᠠᠨ ᠤ ᠰᠦᠯᠵᠢᠶ᠎ᠡ ᠳᠤ ᠨᠡᠶᠢᠳᠡᠯᠡᠭᠰᠡᠨ  ᠪᠠᠶᠢᠨ᠎ᠠ᠃  12 ᠰᠠᠷ᠎ᠠ ᠶᠢᠨ ᠡᠴᠤᠰ ᠠᠴᠠ ᠡᠮᠤᠨ᠎ᠠ  ᠨᠢᠭᠤᠷᠳᠠᠨ  ᠰᠢᠯᠭᠠᠯᠳᠠ  ᠪᠡᠶ᠎ᠡ  ᠎ ᠶᠢᠨ  ᠪᠠᠶᠢᠴᠠᠭᠠᠯᠳᠠ᠂  ᠤᠯᠤᠰ  ᠲᠦᠷᠤ  ᠎ ᠶᠢᠨ  ᠬᠢᠨᠠᠨ ᠰᠢᠯᠭᠠᠯᠳᠠ᠂ ᠶᠡᠷᠤᠩᠭᠡᠢ ᠪᠠᠶᠢᠴᠠᠭᠠᠯᠳᠠ᠂ ᠵᠠᠷᠯᠠᠨ ᠨᠡᠶᠢᠳᠡᠯᠡᠵᠤ ᠬᠢᠨᠠᠨ ᠵᠦᠪᠰᠢᠶᠡᠷᠡᠬᠦ᠂  ᠤᠷᠢᠵᠤ  ᠬᠡᠷᠡᠭᠯᠡᠬᠦ  ᠭᠡᠷ᠎ᠡ  ᠲᠤᠬᠳᠠᠬᠤ ᠵᠡᠷᠭᠡ ᠠᠵᠢᠯ ᠢ ᠲᠠᠭᠤᠰᠬᠠᠨ᠎ᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号