ᠳᠦᠪ ᠤᠨ ᠤᠬᠠᠭᠤᠯᠬᠤ ᠬᠡᠯᠳᠡᠰ ᠵᠡᠷᠭᠡ ᠰᠠᠯᠠᠭ᠎ᠠ ᠮᠦᠴᠢᠷ ᠮᠡᠳᠡᠭᠳᠡᠯ ᠲᠠᠷᠬᠠᠭᠠᠵᠤ᠂ ᠺᠢᠨᠤ᠋ ᠲᠧᠯᠸᠢᠰ ᠤᠨ ᠠᠵᠢᠯ ᠲᠦᠷᠦᠯ ᠳᠠᠬᠢ ᠶᠡᠭᠡ ᠦᠨ᠎ᠡ ᠶᠢᠨ ᠬᠠᠷᠡᠮᠵᠢ᠂ ︽ᠦᠨᠡᠨ ᠬᠤᠳᠠᠯ ᠭᠡᠷ᠎ᠡ︾᠂ ᠭᠠᠶᠢᠯᠢ ᠠᠴᠠ ᠵᠠᠶᠢᠯᠠᠵᠤ ᠲᠤᠳᠠᠭᠠᠬᠤ ᠵᠡᠷᠭᠡ ᠠᠰᠠᠭᠤᠳᠠᠯ ᠢ ᠴᠡᠭᠴᠡᠯᠡᠨ ᠵᠠᠰᠠᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2018/6/29
     ᠲᠦᠷᠦᠬᠦᠭᠡᠨ ᠳᠤ᠂ ᠲᠦᠪ ᠬᠤᠷᠢᠶᠠᠨ ᠤ ᠤᠬᠠᠭᠤᠯᠬᠤ ᠬᠡᠯᠳᠡᠰ᠂ ᠰᠤᠶᠤᠯ  ᠵᠢᠭᠤᠯᠴᠢᠯᠠᠯ ᠤᠨ  ᠶᠠᠮᠤᠨ᠂  ᠤᠯᠤᠰ ᠤᠨ ᠭᠠᠶᠢᠯᠢ ᠶᠢᠨ ᠶᠠᠪᠤᠳᠠᠯ ᠤᠨ ᠲᠤᠪᠴᠢᠶ᠎ᠠ᠂ ᠤᠯᠤᠰ ᠤᠨ ᠷᠠᠳᠢᠤ᠋ ᠲᠧᠯᠸᠢᠰ ᠤᠨ ᠶᠡᠷᠦᠩᠭᠡᠢ ᠲᠤᠪᠴᠢᠶ᠎ᠠ᠂  ᠤᠯᠤᠰ ᠤᠨ  ᠺᠢᠨᠤ᠋  ᠎ ᠶᠢᠨ ᠲᠤᠪᠴᠢᠶ᠎ᠠ ᠵᠡᠷᠭᠡ ᠰᠠᠯᠠᠭ᠎ᠠ ᠮᠦᠴᠢᠷ ᠬᠠᠮᠳᠤᠷᠠᠨ ︽ᠮᠡᠳᠡᠭᠳᠡᠯ︾ ᠲᠠᠷᠬᠠᠭᠠᠵᠤ᠂ ᠺᠢᠨᠤ᠋ ᠲᠧᠯᠸᠢᠰ ᠤᠨ ᠠᠵᠢᠯ ᠲᠦᠷᠦᠯ ᠳᠠᠬᠢ  ᠶᠡᠭᠡ ᠦᠨ᠎ᠡ ᠶᠢᠨ ᠬᠠᠷᠠᠮᠵᠢ᠂ ︽ᠦᠨᠡᠨ ᠬᠤᠳᠠᠯ ᠭᠡᠷ᠎ᠡ︾᠂ ᠭᠠᠶᠢᠯᠢ ᠠᠴᠠ ᠵᠠᠶᠢᠯᠠᠵᠤ  ᠲᠤᠳᠠᠭᠠᠬᠤ  ᠵᠡᠷᠭᠡ  ᠠᠰᠠᠭᠤᠳᠠᠯ ᠢ  ᠴᠢᠩᠭ᠎ᠠ ᠴᠡᠭᠴᠡᠯᠡᠨ ᠵᠠᠰᠠᠵᠤ᠂ ᠵᠦᠢ ᠪᠤᠰᠤ ᠬᠠᠷᠠᠮᠵᠢ ᠶᠢ ᠬᠢᠵᠠᠭᠠᠷᠯᠠᠨ᠂ ᠬᠠᠤᠯᠢ ᠶᠤᠰᠤᠭᠠᠷ ᠭᠠᠶᠢᠯᠢ ᠲᠤᠰᠢᠶᠠᠬᠤ ᠶᠢ  ᠠᠬᠢᠭᠤᠯᠵᠤ᠂  ᠺᠢᠨᠤ᠋ ᠲᠧᠯᠸᠢᠰ ᠤᠨ ᠦᠢᠯᠡᠰ ᠤᠨ ᠡᠷᠡᠬᠦᠯ ᠬᠦᠭᠵᠢᠯᠲᠡ ᠶᠢ ᠠᠬᠢᠭᠤᠯᠬᠤ ᠬᠡᠷᠡᠭᠲᠠᠢ ᠭᠡᠵᠤ ᠱᠠᠭᠠᠷᠳᠠᠵᠠᠢ᠃                ︽ᠮᠡᠳᠡᠭᠳᠡᠯ︾᠎ ᠳᠤ ᠵᠢᠭᠠᠵᠤ ᠭᠠᠷᠭᠠᠭᠰᠠᠨ ᠨᠢ᠂ ᠤᠢᠢᠷ᠎ᠠ ᠶᠢᠨ ᠵᠢᠯ ᠳᠤ  ᠮᠠᠨ ᠤ  ᠤᠯᠤᠰ ᠤᠨ  ᠺᠢᠨᠤ᠋  ᠲᠧᠯᠸᠢᠰ ᠤᠨ ᠦᠢᠯᠡᠰ ᠲᠦᠷᠭᠡᠨ ᠬᠦᠭᠵᠢᠵᠤ᠂ ᠶᠡᠷᠦᠩᠭᠡᠢ ᠳᠡᠭᠡᠨ ᠰᠠᠶᠢᠨ ᠬᠠᠨᠳᠤᠰᠢ ᠲᠠᠢ ᠪᠠᠶᠢᠨ᠎ᠠ᠃ ᠡᠬᠦᠨ ᠤ ᠬᠠᠮᠳᠤ ᠪᠠᠰᠠ  ᠶᠡᠭᠡ  ᠦᠨ᠎ᠡ ᠶᠢᠨ ᠬᠠᠷᠠᠮᠵᠢ᠂ ︽ᠦᠨᠡᠨ ᠬᠤᠳᠠᠯ ᠭᠡᠷ᠎ᠡ︾᠂ ᠭᠠᠶᠢᠯᠢ ᠠᠴᠠ ᠵᠠᠶᠢᠯᠠᠵᠤ ᠲᠤᠳᠠᠭᠠᠬᠤ ᠵᠡᠷᠭᠡ  ᠠᠰᠠᠭᠤᠳᠠᠯ  ᠢᠯᠡᠷᠡᠪᠡ᠃  ᠡᠳᠡᠭᠡᠷ ᠠᠰᠠᠭᠤᠳᠠᠯ ᠨᠢ ᠺᠢᠨᠤ᠋ ᠲᠧᠯᠸᠢᠰ ᠤᠨ ᠫᠷᠦᠭᠷᠠᠮ ᠦᠢᠯᠡᠳᠬᠦ ᠦᠪᠡᠷ ᠤᠨ ᠦᠷᠲᠡᠭ ᠢ ᠦᠰᠭᠡᠵᠤ᠂ ᠺᠢᠨᠤ᠋ ᠲᠧᠯᠸᠢᠰ ᠤᠨ  ᠵᠤᠬᠢᠶᠠᠨ ᠪᠦᠲᠦᠭᠡᠯᠭᠡ ᠶᠢᠨ ᠶᠡᠷᠦᠩᠭᠡᠢ ᠴᠢᠨᠠᠷ ᠴᠢᠨᠰᠠᠭ᠎ᠠ ᠶᠢ ᠨᠦᠯᠦᠭᠡᠯᠡᠨ᠂ ᠺᠢᠨᠤ᠋ ᠲᠧᠯᠸᠢᠰ ᠤᠨ ᠠᠵᠢᠯ  ᠲᠦᠷᠦᠯ ᠤᠨ  ᠡᠷᠡᠬᠦᠯ  ᠰᠠᠶᠢᠬᠠᠨ ᠠᠮᠢ ᠠᠬᠤᠢ ᠶᠢ ᠡᠪᠳᠡᠬᠦ ᠪᠠᠷ ᠪᠠᠷᠠᠬᠤ ᠦᠭᠡᠢ ᠪᠠᠰᠠ ᠮᠦᠡᠭᠬᠦ ᠰᠢᠳᠦᠬᠦ ᠦᠵᠡᠯ ᠤᠨ ᠬᠡᠯᠪᠡᠷᠢᠯ ᠢ ᠪᠤᠢ ᠪᠤᠯᠭᠠᠵᠤ᠂  ᠵᠠᠯᠠᠭᠤᠴᠤᠳ ᠪᠠᠭᠠᠴᠤᠳ ᠲᠤ ᠪᠤᠷᠤᠭᠤ ᠲᠠᠨᠢᠯᠲᠠ ᠦᠭᠴᠦ ᠰᠤᠬᠤᠷ ᠪᠠᠯᠠᠢ ᠪᠠᠷ ᠺᠢᠨᠤ᠋ ᠲᠧᠯᠸᠢᠰ ᠤᠨ ᠨᠡᠷᠡᠳᠤ ᠬᠦᠮᠦᠰ ᠢ ᠰᠢᠳᠦᠬᠦ  ᠪᠤᠯᠭᠠᠵᠤ᠂ ᠨᠡᠶᠢᠭᠡᠮ ᠤᠨ ᠦᠷᠲᠡᠭ ᠤᠨ ᠦᠵᠡᠯᠲᠡ ᠶᠢ ᠭᠠᠵᠢᠭᠤᠳᠠᠭᠤᠯᠬᠤ ᠤᠴᠢᠷ ᠠᠴᠠ ᠡᠷᠬᠡᠪᠰᠢ ᠪᠦᠲᠦᠮᠵᠢᠲᠠᠢ ᠠᠷᠭ᠎ᠠ ᠬᠡᠮᠵᠢᠶ᠎ᠡ  ᠠᠪᠴᠦ ᠦᠨᠡᠨ ᠬᠦ ᠴᠢᠩᠭ᠎ᠠ ᠴᠡᠭᠴᠡᠯᠡᠨ ᠵᠠᠰᠠᠬᠤ ᠬᠡᠷᠡᠭᠲᠠᠢ᠃                ︽ᠮᠡᠳᠡᠭᠳᠡᠯ︾᠎ ᠳᠤ ᠴᠢᠬᠤᠯᠠᠴᠢᠯᠠᠭᠰᠠᠨ ᠨᠢ᠂ ᠺᠢᠨᠤ᠋  ᠲᠧᠯᠸᠢᠰ ᠤᠨ  ᠫᠷᠦᠭᠷᠠᠮ ᠤᠨ  ᠬᠠᠷᠠᠮᠵᠢ  ᠎ ᠶᠢᠨ  ᠪᠠᠷᠢᠮᠵᠢᠶ᠎ᠠ  ᠎ ᠶᠢ ᠲᠤᠭᠲᠠᠭᠠᠵᠤ᠂ ᠲᠤᠭᠯᠠᠭᠴᠢ ᠪᠠ ᠫᠷᠦᠭᠷᠠᠮ ᠤᠨ ᠵᠤᠴᠢᠨ ᠤ  ᠬᠠᠮᠤᠭ ᠤᠨ  ᠦᠨᠳᠤᠷ  ᠬᠠᠷᠠᠮᠵᠢ  ᠎ ᠶᠢᠨ  ᠬᠢᠵᠠᠭᠠᠷ ᠢ  ᠲᠤᠳᠤᠷᠬᠠᠢ ᠲᠤᠭᠲᠠᠭᠠᠬᠤ ᠬᠡᠷᠡᠭᠲᠠᠢ᠂ ᠤᠳᠤᠬᠢ ᠱᠠᠳᠤᠨ ᠳᠤ  ᠨᠢᠭᠡᠨᠲᠡ  ᠲᠤᠭᠲᠠᠭᠠᠭᠰᠠᠨ  ᠲᠤᠭᠲᠠᠭᠠᠯ ᠢ  ᠴᠢᠩᠭ᠎ᠠ  ᠨᠠᠶᠢᠳᠠᠪᠤᠷᠢᠵᠢᠭᠤᠯᠵᠤ᠂ ᠺᠢᠨᠤ᠋᠂ ᠲᠧᠯᠸᠢᠰ ᠵᠦᠴᠦᠭᠡ᠂ ᠰᠦᠯᠵᠢᠶᠡᠨ ᠤ ᠦᠵᠡᠵᠤ ᠰᠤᠨᠤᠰᠬᠤ ᠫᠷᠦᠭᠷᠠᠮ ᠤᠨ ᠪᠦᠬᠦ  ᠲᠤᠭᠯᠠᠭᠴᠢ᠂  ᠵᠤᠴᠢᠨ ᠤ  ᠶᠡᠷᠦᠩᠭᠡᠢ ᠬᠠᠷᠠᠮᠵᠢ ᠶᠢ ᠦᠢᠯᠡᠳᠬᠦ ᠪᠦᠬᠦ ᠦᠪᠡᠷ ᠤᠨ ᠦᠷᠲᠡᠭ ᠤᠨ 40%᠎ ᠠᠴᠠ ᠲᠠᠪᠠᠭᠤᠯᠵᠤ ᠪᠤᠯᠬᠤ ᠦᠭᠡᠢ᠂  ᠭᠤᠤᠯ  ᠲᠤᠭᠯᠠᠭᠴᠢ ᠶᠢᠨ ᠬᠠᠷᠠᠮᠵᠢ ᠶᠢ ᠪᠦᠬᠦ ᠬᠠᠷᠠᠮᠵᠢ  ᠎ ᠶᠢᠨ  70%  ᠎ ᠠᠴᠠ  ᠬᠡᠲᠦᠷᠡᠬᠦᠯᠵᠤ  ᠪᠤᠯᠬᠤ  ᠦᠭᠡᠢ᠃  ᠺᠢᠨᠤ᠋  ᠲᠧᠯᠸᠢᠰ ᠤᠨ ᠠᠵᠢᠯ ᠲᠦᠷᠦᠯ ᠤᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠬᠢᠨᠠᠯᠲᠠ  ᠬᠠᠮᠢᠶᠠᠷᠤᠯᠲᠠ  ᠎ ᠪᠠᠨ  ᠴᠢᠩᠭᠠᠳᠬᠠᠵᠤ᠂  ᠺᠢᠨᠤ᠋  ᠲᠧᠯᠸᠢᠰ ᠤᠨ ᠨᠡᠷᠡᠳᠤ ᠬᠦᠮᠦᠰ ᠤᠨ ᠤᠳᠬ᠎ᠠ ᠤᠷᠠᠯᠢᠭ ᠵᠤᠭ᠎ᠠ ᠴᠡᠩᠭᠡᠯ ᠤᠨ ᠫᠷᠦᠭᠷᠠᠮ᠂ ᠭᠡᠷ ᠪᠦᠯᠢ ᠶᠢᠨ  ᠲᠦᠷᠦᠯ ᠤᠨ  ᠫᠷᠦᠭᠷᠠᠮ᠂  ᠦᠨᠡᠨ ᠬᠦᠮᠦᠨ ᠤ ᠲᠤᠭᠯᠠᠯᠲᠠ ᠶᠢᠨ ᠫᠷᠦᠭᠷᠠᠮ ᠵᠡᠷᠭᠡ ᠳᠤ  ᠤᠷᠤᠯᠴᠠᠬᠤ  ᠎ ᠶᠢ  ᠬᠢᠵᠠᠭᠠᠷᠯᠠᠵᠤ᠂  ᠰᠦᠯᠵᠢᠶᠡᠨ ᠤ  ᠦᠵᠡᠵᠤ  ᠰᠤᠨᠤᠰᠬᠤ ᠫᠷᠦᠭᠷᠠᠮ ᠤᠨ ᠬᠢᠨᠠᠨ ᠵᠦᠪᠰᠢᠶᠡᠷᠡᠬᠦ ᠲᠦᠷᠢᠮ ᠢ ᠴᠢᠩᠭ᠎ᠠ ᠬᠡᠷᠡᠭᠵᠢᠬᠦᠯᠵᠤ᠂ ᠺᠢᠨᠤ᠋ ᠲᠧᠯᠸᠢᠰ ᠵᠦᠴᠦᠭᠡ᠂ ᠰᠦᠯᠵᠢᠶᠡᠨ ᠤ  ᠦᠵᠡᠵᠤ ᠰᠤᠨᠤᠰᠬᠤ ᠫᠷᠦᠭᠷᠠᠮ ᠤᠨ ᠬᠠᠷᠠᠮᠵᠢ ᠶᠢᠨ ᠭᠡᠷ᠎ᠡ ᠶᠢᠨ ᠬᠠᠮᠢᠶᠠᠷᠤᠯᠲᠠ ᠶᠢ ᠴᠢᠩᠭ᠎ᠠ ᠵᠢᠷᠤᠮᠵᠢᠭᠤᠯᠵᠤ᠂  ᠭᠠᠶᠢᠯᠢ  ᠎ ᠠᠴᠠ  ᠵᠠᠶᠢᠯᠠᠵᠤ ᠲᠤᠳᠠᠭᠠᠬᠤ ᠦᠢᠯᠡ ᠠᠵᠢᠯᠯᠠᠭ᠎ᠠ ᠶᠢ ᠵᠠᠯᠬᠠᠭᠠᠨ ᠰᠢᠳᠭᠡᠬᠦ ᠡᠷᠴᠢᠮ ᠎ ᠢᠶᠠᠨ ᠴᠢᠩᠭᠠᠷᠠᠭᠤᠯᠬᠤ ᠬᠡᠷᠡᠭᠲᠠᠢ᠃ ᠲᠧᠯᠸᠢᠰ ᠬᠤᠷᠢᠶ᠎ᠠ᠂ ᠺᠢᠨᠤ᠋ ᠲᠧᠯᠸᠢᠰ ᠦᠢᠯᠡᠳᠬᠦ ᠪᠠᠶᠢᠭᠤᠯᠤᠮᠵᠢ᠂ ᠲᠢᠶᠠᠲᠷ ᠤᠨ ᠬᠡᠯᠬᠢᠶ᠎ᠡ᠂ ᠢᠨᠲ᠋ᠧᠷ  ᠰᠦᠯᠵᠢᠶᠡᠨ ᠤ  ᠦᠵᠡᠵᠤ  ᠰᠤᠨᠤᠰᠬᠤ  ᠰᠦᠯᠵᠢᠶ᠎ᠡ᠂ ᠠᠷᠠᠳ ᠤᠨ ᠡᠵᠡᠩᠨᠡᠭᠰᠡᠨ ᠺᠢᠨᠤ᠋ ᠲᠧᠯᠸᠢᠰ ᠤᠨ ᠲᠠᠷᠬᠠᠭᠠᠵᠤ ᠨᠡᠪᠲᠡᠷᠡᠬᠦᠯᠬᠦ ᠺᠤᠮᠫᠠᠨᠢ ᠬᠠᠷ᠎ᠠ ᠪᠠᠯᠠᠢ ᠪᠠᠷ ᠦᠷᠢᠰᠦᠯᠳᠦᠵᠤ᠂ ᠦᠨ᠎ᠡ ᠬᠠᠨᠭ᠍ᠰᠢ ᠶᠢ ᠡᠷᠤᠢ ᠬᠤᠷᠤᠢ ᠦᠭᠡᠢ ᠦᠰᠭᠡᠨ ᠺᠢᠨᠤ᠋ ᠲᠧᠯᠸᠢᠰ ᠤᠨ ᠫᠷᠦᠭᠷᠠᠮ ᠢ  ᠬᠤᠳᠠᠯᠳᠤᠨ  ᠠᠪᠴᠦ  ᠨᠡᠪᠲᠡᠷᠡᠬᠦᠯᠵᠤ  ᠪᠤᠯᠬᠤ ᠦᠭᠡᠢ᠂ ᠦᠨᠳᠤᠷ ᠦᠨ᠎ᠡ ᠪᠠᠷ ᠺᠢᠨᠤ᠋ ᠲᠧᠯᠸᠢᠰ ᠤᠨ ᠨᠡᠷᠡᠳᠤ ᠬᠦᠮᠦᠰ ᠢ  ᠤᠷᠢᠬᠤ᠂  ᠦᠷᠢᠰᠦᠯᠳᠦᠨ  ᠨᠡᠭᠡᠬᠦ  ᠡᠷᠡᠬᠦᠯ  ᠪᠤᠰᠤ ᠦᠵᠡᠭᠳᠡᠯ ᠢ ᠡᠷᠡᠰ ᠵᠠᠯᠠᠷᠠᠭᠤᠯᠬᠤ ᠬᠡᠷᠡᠭᠲᠠᠢ᠃ ᠵᠠᠰᠠᠭ ᠤᠨ ᠤᠷᠳᠤᠨ ᠤ ᠪᠡᠯᠡ ᠮᠦᠡᠭᠬᠦ᠂  ᠭᠠᠶᠢᠯᠢ  ᠬᠡᠯᠲᠦᠷᠢᠬᠦᠯᠦᠭᠰᠡᠨ  ᠨᠡᠶᠢᠲᠡ ᠶᠢᠨ ᠠᠰᠠᠷᠠᠮᠵᠢ ᠶᠢᠨ ᠰᠠᠭᠤᠷᠢ ᠮᠦᠡᠭᠬᠦ ᠵᠡᠷᠭᠡ ᠪᠠᠷ ᠵᠤᠬ᠎ᠠ ᠴᠡᠩᠭᠡᠯ ᠤᠨ ᠴᠢᠨᠠᠷ᠂ ᠬᠤᠳᠠᠯᠳᠤᠭᠠᠨ ᠤ ᠴᠢᠨᠠᠷ ᠎ ᠢᠶᠠᠷ  ᠴᠢᠩᠭ᠎ᠠ  ᠺᠢᠨᠤ᠋ ᠲᠧᠯᠸᠢᠰ ᠵᠦᠴᠦᠭᠡ ᠪᠠ ᠰᠦᠯᠵᠢᠶᠡᠨ ᠤ ᠦᠵᠡᠵᠤ ᠰᠤᠨᠤᠰᠬᠤ ᠫᠷᠦᠭᠷᠠᠮ ᠳᠤ ᠪᠡᠯᠡ ᠤᠷᠤᠭᠤᠯᠵᠤ᠂ ᠲᠤᠭᠯᠠᠭᠴᠢ ᠶᠢᠨ  ᠬᠠᠷᠠᠮᠵᠢ ᠶᠢ ᠬᠡᠳᠤ ᠦᠰᠭᠡᠵᠤ ᠪᠤᠯᠬᠤ ᠦᠭᠡᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号