ᠠᠩᠬᠠᠲᠤᠭᠠᠷ ᠬᠤᠭᠤᠴᠠᠭᠠᠨ ᠤ ᠪᠡᠭᠡᠵᠢᠩ ᠦᠪᠦᠷ ᠮᠤᠩᠭᠤᠯ ᠤᠨ ᠵᠤᠨ ᠤ ᠲᠠᠯ᠎ᠠ ᠨᠤᠲᠤᠭ ᠲᠤ ᠬᠤᠪᠢ  ᠶᠢᠨ ᠮᠠᠰᠢᠨ ᠢᠶᠠᠷ ᠵᠤᠭᠠᠴᠠᠬᠤ ᠠᠵᠢᠯᠯᠠᠭᠠᠨ ᠡᠭᠢᠯᠡᠪᠡ
ᠨᠡᠶᠢᠲᠡᠯᠡᠭᠰᠡᠨ ᠴᠠᠭ᠄
2018/6/28
     ᠤᠶᠢᠷ᠎ᠠ ᠶᠢᠨ ᠡᠲᠦᠷ᠂ ᠬᠡᠰᠢᠭᠲᠡᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ ᠠᠴᠠ ᠭᠤᠤᠯᠯᠠᠨ ᠡᠷᠭᠢᠯᠡᠵᠦ᠂ ︽ᠬᠤᠪᠢ ᠮᠠᠰᠢᠨ ᠢᠶᠠᠨ ᠵᠢᠯᠤᠭᠤᠳᠴᠦ᠂ ᠲᠠᠯ᠎ᠠ ᠨᠤᠲᠤᠭ ᠢᠶᠠᠷ ᠵᠤᠭᠠᠴᠠᠬᠤ︾ ᠪᠠᠷ ᠭᠤᠤᠯ ᠰᠡᠲᠦᠪ ᠪᠤᠯᠭᠠᠭᠰᠠᠨ ᠠᠩᠬᠠᠲᠤᠭᠠᠷ ᠬᠤᠭᠤᠴᠠᠭᠠᠨ ᠤ ᠪᠡᠭᠡᠵᠢᠩ ᠦᠪᠦᠷ ᠮᠤᠩᠭᠤᠯ ᠤᠨ ᠵᠤᠨ ᠤ ᠲᠠᠯ᠎ᠠ ᠨᠤᠲᠤᠭ ᠲᠤ ᠬᠤᠪᠢ  ᠶᠢᠨ ᠮᠠᠰᠢᠨ ᠢᠶᠠᠷ ᠵᠤᠭᠠᠴᠠᠬᠤ ᠠᠵᠢᠯᠯᠠᠭᠠᠨ ᠤ ᠡᠭᠢᠯᠡᠯᠳᠡ ᠶᠢᠨ ᠶᠤᠰᠤᠯᠠᠯ ᠨᠢ ᠯᠥᠩ ᠺᠧᠦ ᠦᠵᠡᠮᠵᠢ ᠶᠢᠨ ᠤᠷᠤᠨ  ᠳᠤ ᠶᠠᠪᠤᠭᠳᠠᠵᠤ᠂ ᠬᠤᠰᠢᠭᠤᠨ ᠳᠡᠳ᠋ ᠳᠠᠷᠤᠭ᠎ᠠ ᠸᠠᠩ ᠵᠦ ᠡᠭᠢᠯᠡᠯᠳᠡ ᠶᠢᠨ ᠶᠤᠰᠤᠯᠠᠯ ᠳᠡᠭᠡᠷ᠎ᠡ ᠶᠠᠷᠢᠶ᠎ᠠ ᠳᠠᠯᠪᠢᠪᠠ᠃ ᠲᠡᠷᠡ ᠵᠢᠭᠠᠵᠦ ᠭᠠᠷᠭᠠᠭᠰᠠᠨ ᠨᠢ ᠳᠤᠰ ᠤᠳᠠᠭᠠᠨ ᠤ ᠠᠵᠢᠯᠯᠠᠭᠠᠨ ᠨᠢ ︽ᠨᠦᠭᠦᠷᠯᠡᠯ ᠢᠶᠠᠨ ᠵᠤᠵᠠᠭᠠᠳᠬᠠᠵᠦ᠂ ᠰᠤᠯᠢᠯᠴᠠᠭ᠎ᠠ ᠪᠠᠨ ᠠᠭᠢᠭᠤᠯᠬᠤ ᠬᠦᠭᠦᠷᠭᠡ︾ ᠪᠠᠶᠢᠵᠦ᠂ ᠬᠡᠰᠢᠭᠲᠡᠨ ᠬᠤᠰᠢᠭᠤᠨ ᠤ ᠵᠢᠭᠤᠯᠴᠢᠯᠠᠯ ᠤᠨ ᠲᠦᠷᠢ ᠲᠦᠷᠬᠦ ᠪᠠ ᠰᠤᠶᠤᠯ ᠵᠢᠭᠤᠯᠴᠢᠯᠠᠯ ᠤᠨ ᠬᠢᠷᠢ ᠲᠦᠪᠰᠢᠨ ᠢ ᠳᠡᠭᠡᠭᠰᠢᠯᠡᠬᠦᠯᠬᠦ ᠳᠤ ᠠᠯᠤᠰ ᠬᠡᠲᠦ ᠶᠢᠨ ᠨᠦᠯᠦᠭᠡ ᠦᠵᠡᠭᠦᠯᠬᠦ ᠪᠤᠯᠤᠨ᠎ᠠ ᠭᠡᠪᠡ᠃ ᠪᠡᠭᠡᠵᠢᠩ ᠠᠴᠠ ᠢᠷᠡᠭᠰᠡᠨ 120 ᠬᠤᠪᠢ ᠶᠢᠨ ᠮᠠᠰᠢᠨ ᠤ 260 ᠨᠡᠷ᠎ᠡ ᠵᠢᠭᠤᠯᠴᠢᠯᠠᠭᠰᠠᠳ ᠡᠭᠢᠯᠡᠯᠳᠡ ᠶᠢᠨ ᠶᠤᠰᠤᠯᠠᠯ ᠳᠤ ᠤᠷᠤᠯᠴᠠᠪᠠ᠃       ᠡᠭᠢᠯᠡᠯᠳᠡ ᠶᠢᠨ ᠶᠤᠰᠤᠯᠠᠯ ᠳᠠᠭᠤᠰᠤᠭᠰᠠᠨ ᠤ ᠳᠠᠷᠠᠭ᠎ᠠ ᠳᠡᠷᠭᠡᠨ ᠠᠩᠭᠢ ᠳᠤᠰᠪᠤᠷᠢ ᠠᠰᠠᠭᠲᠦ᠂ ᠠᠪᠳᠠᠷᠠᠲᠦ ᠂ ᠳᠠᠯᠠᠢ ᠨᠠᠭᠤᠷ᠂ ᠪᠠᠶ᠋ᠬᠤᠪᠤᠭ᠎ᠠ᠂ ᠤᠯᠠᠭᠠᠨᠪᠤᠲᠤᠩ ᠵᠡᠷᠭᠡ ᠦᠵᠡᠮᠵᠢ ᠶᠢᠨ ᠤᠷᠤᠨ ᠢᠶᠠᠷ ᠲᠤᠭᠤᠷᠢᠨ ᠵᠤᠭᠠᠴᠠᠪᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号