ᠲᠦᠪ ᠬᠤᠷᠢᠶ᠎ᠠ ᠰᠢᠪᠠᠳᠠᠨ ᠵᠢᠯᠤᠭᠤᠳᠬᠤ ᠲᠤᠭᠤᠢᠢᠯᠠᠩ ᠪᠠᠶᠢᠭᠤᠯᠵᠤ᠂ ᠠᠷᠪᠠᠨ ᠮᠤᠵᠢ ᠬᠤᠲᠠ ᠳᠤ ᠤᠴᠢᠭᠤᠯᠤᠨ | ᠰᠢᠪᠠᠳᠠᠨ ᠵᠢᠯᠤᠭᠤᠳᠬᠤ ᠠᠵᠢᠯ ᠦᠷᠨᠢᠬᠦᠯᠬᠦ ᠪᠠᠷ ᠪᠠᠶᠢᠨ᠎ᠠ | | | ᠬᠠᠷ᠎ᠠ ᠬᠠᠷᠬᠢᠰ ᠬᠦᠴᠦᠨ ᠢ ᠤᠰᠠᠳᠬᠠᠬᠤ ᠲᠤᠰᠬᠠᠢ ᠲᠡᠮᠡᠴᠡᠯ ᠢ ᠴᠢᠨᠠᠭᠰᠢᠲᠠ ᠬᠦᠨᠵᠡᠭᠡᠶᠢᠷᠡᠬᠦᠯᠬᠦ ᠶᠢᠨ | ᠲᠦᠯᠦᠭᠡ ᠤᠢᠢᠷ᠎ᠠ ᠳᠤ ᠲᠦᠪ ᠬᠤᠷᠢᠶ᠎ᠠ ᠠᠴᠠ 10 ᠰᠢᠪᠠᠳᠠᠨ ᠵᠢᠯᠤᠭᠤᠳᠬᠤ ᠲᠤᠭᠤᠢᠢᠯᠠᠩ ᠪᠠᠶᠢᠭᠤᠯᠵᠤ᠂ | ᠾᠧᠪᠸᠢ᠂ ᠱᠠᠨ ᠰᠢ᠂ ᠯᠢᠶᠤᠤᠨᠢᠩ᠂ ᠹᠦᠵᠢᠶᠠᠨ᠂ ᠱᠠᠨᠳᠦ᠋ᠩ᠂ ᠾᠧᠨᠠᠨ᠂ ᠬᠤᠪᠸᠢ᠂ ᠭᠤᠸᠠᠩᠳᠦ᠋ᠩ᠂ ᠴᠦᠡᠭᠴᠢᠩ᠂ | ᠰᠧᠴᠤᠸᠠᠨ ᠵᠡᠷᠭᠡ 10 ᠮᠤᠵᠢ ᠬᠤᠲᠠ ᠳᠤ ᠰᠢᠪᠠᠳᠠᠨ ᠵᠢᠯᠤᠭᠤᠳᠬᠤ ᠠᠵᠢᠯ ᠦᠷᠨᠢᠬᠦᠯᠬᠦ ᠪᠠᠷ ᠪᠠᠶᠢᠨ᠎ᠠ᠃ 6 | ᠰᠠᠷ᠎ᠠ ᠶᠢᠨ 24 ᠤ ᠡᠳᠤᠷ᠂ ᠪᠦᠬᠦ ᠤᠯᠤᠰ ᠤᠨ ᠬᠠᠷ᠎ᠠ ᠬᠠᠷᠬᠢᠰ ᠬᠦᠴᠦᠨ ᠢ ᠤᠰᠠᠳᠬᠠᠬᠤ ᠲᠤᠰᠬᠠᠢ ᠲᠡᠮᠡᠴᠡᠯ ᠤᠨ | ᠰᠢᠪᠠᠳᠠᠨ ᠵᠢᠯᠤᠭᠤᠳᠬᠤ ᠠᠵᠢᠯ ᠤᠨ ᠪᠤᠯᠪᠠᠰᠤᠷᠠᠯ ᠤᠨ ᠠᠩᠬᠢ ᠪᠡᠭᠡᠵᠢᠩ ᠳᠤ ᠶᠠᠪᠤᠭᠳᠠᠵᠤ᠂ 335 ᠬᠦᠮᠦᠨ | ᠪᠤᠯᠪᠠᠰᠤᠷᠠᠯ ᠳᠤ ᠤᠷᠤᠯᠴᠠᠵᠠᠢ᠃ | | ᠠᠰᠠᠭᠤᠳᠠᠯ ᠤᠨ ᠤᠳᠤᠷᠢᠳᠤᠮᠵᠢ ᠶᠢ ᠪᠠᠷᠢᠮᠲᠠᠯᠠᠵᠤ᠂ ᠰᠢᠪᠠᠳᠠᠨ ᠵᠢᠯᠤᠭᠤᠳᠬᠤ ᠭᠤᠤᠯᠳᠠᠯᠭ᠎ᠠ ᠶᠢ | ᠤᠨᠤᠪᠴᠢᠲᠠᠢ ᠡᠵᠡᠮᠳᠡᠬᠦ ᠬᠡᠷᠡᠭᠲᠠᠢ | | ᠠᠰᠠᠭᠤᠳᠠᠯ ᠤᠨ ᠤᠳᠤᠷᠢᠳᠤᠮᠵᠢ ᠶᠢ ᠢᠮᠠᠭᠲᠠ ᠪᠠᠷᠢᠮᠲᠠᠯᠠᠵᠤ᠂ ᠭᠤᠤᠯᠳᠠᠯᠭ᠎ᠠ ᠲᠠᠢ ᠠᠰᠠᠭᠤᠳᠠᠯ ᠢ | ᠤᠨᠤᠪᠴᠢᠲᠠᠢ ᠡᠵᠡᠮᠳᠡᠬᠦ ᠨᠢ ᠰᠢᠪᠠᠳᠠᠨ ᠵᠢᠯᠤᠭᠤᠳᠬᠤ ᠠᠵᠢᠯ ᠤᠨ ᠠᠩᠬᠠᠨ ᠤ ᠵᠤᠷᠢᠯᠲᠠ ᠪᠠ ᠡᠴᠦᠰ ᠤᠨ ᠬᠠᠷᠠᠯᠲᠠ | ᠪᠤᠯᠬᠤ ᠪᠠᠷ ᠪᠠᠷᠠᠬᠤ ᠦᠭᠡᠢ ᠪᠠᠰᠠ ᠴᠦ ᠰᠢᠪᠠᠳᠠᠨ ᠵᠢᠯᠤᠭᠤᠳᠬᠤ ᠠᠵᠢᠯ ᠤᠨ ᠪᠠᠭ᠎ᠠ ᠬᠦᠴᠦ ᠪᠠᠷ ᠶᠡᠭᠡ ᠠᠮᠵᠢᠯᠲᠠ | ᠤᠯᠬᠤ ᠶᠢ ᠠᠬᠢᠭᠤᠯᠬᠤ ᠴᠢᠬᠤᠯᠠ ᠭᠠᠷᠳᠠᠴᠠ ᠮᠦᠨ᠃ ᠡᠬᠦᠨ ᠤ ᠲᠤᠯᠠ᠂ ᠪᠤᠯᠪᠠᠰᠤᠷᠠᠯ ᠤᠨ ᠠᠩᠬᠢ ᠨᠢ | ︽ᠭᠤᠷᠪᠠᠨ ᠲᠠᠯ᠎ᠠ ᠳᠤ ᠬᠦᠴᠦᠨ ᠢᠶᠠᠨ ᠲᠦᠪᠯᠡᠷᠡᠬᠦᠯᠬᠦ︾ ᠱᠠᠭᠠᠷᠳᠠᠯᠭ᠎ᠠ ᠲᠤᠷᠠᠳᠴᠦ᠂ ᠰᠢᠪᠠᠳᠠᠨ ᠵᠢᠯᠤᠭᠤᠳᠬᠤ | ᠲᠤᠭᠤᠢᠢᠯᠠᠩ ᠤᠨ ᠰᠢᠪᠠᠳᠠᠨ ᠵᠢᠯᠤᠭᠤᠳᠬᠤ ᠭᠤᠤᠯᠳᠠᠯᠭ᠎ᠠ ᠶᠢ ᠤᠨᠤᠪᠴᠢᠲᠠᠢ ᠡᠵᠡᠮᠳᠡᠬᠦ ᠳᠤ ᠴᠢᠭᠯᠡᠯ ᠪᠠ | ᠵᠢᠯᠤᠭᠤᠳᠤᠯᠭ᠎ᠠ ᠬᠠᠨᠭ᠍ᠭᠠᠭᠰᠠᠨ ᠪᠠᠶᠢᠨ᠎ᠠ᠄ | — ᠵᠤᠬᠢᠶᠠᠨ ᠪᠠᠶᠢᠭᠤᠯᠵᠤ ᠪᠠᠶᠢᠷᠢᠯᠠᠭᠤᠯᠬᠤ ᠪᠠᠶᠢᠳᠠᠯ ᠳᠤ ᠠᠩᠬᠠᠷᠤᠯ ᠢᠶᠠᠨ ᠲᠦᠪᠯᠡᠷᠡᠬᠦᠯᠦᠨ᠂ ᠤᠯᠤᠰ | ᠲᠦᠷᠦ ᠶᠢᠨ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠤᠯᠠᠮ ᠨᠢᠭᠡ ᠠᠯᠬᠤᠮ ᠠᠬᠢᠭᠤᠯᠬᠤ ᠬᠡᠷᠡᠭᠲᠠᠢ᠃ | ᠰᠢᠪᠠᠳᠠᠨ ᠵᠢᠯᠤᠭᠤᠳᠬᠤ ᠪᠠᠷ ᠲᠠᠮᠵᠢᠭᠤᠯᠤᠨ᠂ ᠡᠯ᠎ᠡ ᠭᠠᠵᠠᠷ ᠤᠨ ᠲᠤᠰᠬᠠᠢ ᠲᠡᠮᠡᠴᠡᠯ ᠤᠨ ᠴᠢᠬᠤᠯᠠ ᠴᠢᠨᠠᠷ᠂ ᠬᠠᠷ᠎ᠠ | ᠬᠠᠷᠬᠢᠰ ᠬᠦᠴᠦᠨ ᠤ ᠬᠤᠤᠷ ᠬᠦᠨᠦᠭᠡᠯᠳᠤ ᠴᠢᠨᠠᠷ᠂ ︽ᠶᠡᠭᠡ ᠱᠦᠬᠦᠷᠳᠡᠯᠲᠡ︾ ᠶᠢ ᠲᠠᠰᠤᠯᠳᠠᠭᠤᠯᠤᠯ ᠦᠭᠡᠢ | ᠦᠷᠨᠢᠬᠦᠯᠬᠦ ᠶᠢᠨ ᠴᠢᠬᠤᠯᠠ ᠴᠢᠨᠠᠷ ᠤᠨ ᠲᠤᠬᠠᠢ ᠬᠦᠢᠴᠡᠳ ᠲᠠᠨᠢᠵᠤ᠂ ᠤᠯᠤᠰ ᠲᠦᠷᠦ ᠶᠢᠨ ᠵᠤᠭᠰᠤᠯᠲᠠ ᠪᠠᠨ | ᠤᠯᠠᠮ ᠨᠢᠭᠡ ᠠᠯᠬᠤᠮ ᠲᠡᠭᠡᠭᠰᠢᠯᠡᠬᠦᠯᠬᠦ ᠶᠢ ᠠᠬᠢᠭᠤᠯᠬᠤ ᠬᠡᠷᠡᠭᠲᠠᠢ᠃ ᠡᠯ᠎ᠡ ᠱᠠᠳᠤᠨ ᠤ ᠬᠠᠷ᠎ᠠ ᠬᠠᠷᠬᠢᠰ ᠬᠦᠴᠦᠨ ᠢ | ᠤᠰᠠᠳᠬᠠᠬᠤ ᠲᠤᠰᠬᠠᠢ ᠲᠡᠮᠡᠴᠡᠯ ᠤᠨ ᠤᠳᠤᠷᠢᠳᠬᠤ ᠲᠤᠭᠤᠢᠢᠯᠠᠩ ᠵᠢᠴᠢ ᠠᠯᠪᠠᠨ ᠭᠡᠷ ᠤᠨ ᠡᠬᠦᠷᠭᠡ | ᠴᠢᠳᠠᠪᠤᠷᠢ ᠶᠢᠨ ᠦᠢᠯᠡᠳᠦᠯ ᠢᠶᠠᠨ ᠬᠦᠢᠴᠡᠳ ᠪᠠᠳᠠᠷᠠᠭᠤᠯᠬᠤ ᠶᠢ ᠠᠬᠢᠭᠤᠯᠵᠤ᠂ ᠤᠳᠤᠷᠢᠳᠬᠤ᠂ | ᠪᠠᠶᠢᠷᠢᠯᠠᠭᠤᠯᠬᠤ ᠪᠠ ᠨᠢᠭᠡᠲᠦᠯᠲᠠᠢ ᠲᠦᠯᠦᠪᠯᠡᠬᠦ ᠪᠠᠨ ᠴᠢᠩᠭᠠᠳᠬᠠᠨ᠂ ᠬᠠᠷᠢᠭᠤᠴᠠᠯᠭ᠎ᠠ ᠪᠠᠨ ᠲᠡᠰ | ᠲᠡᠰ ᠪᠠᠷ ᠨᠠᠶᠢᠳᠠᠪᠤᠷᠢᠵᠢᠭᠤᠯᠵᠤ᠂ ᠬᠦᠴᠦᠷᠭᠡᠭ ᠶᠡᠭᠡ ᠠᠵᠢᠯ ᠤᠨ ᠨᠡᠶᠢᠯᠡᠯ ᠬᠦᠴᠦᠨ ᠢ ᠪᠤᠢ ᠪᠤᠯᠭᠠᠬᠤ ᠶᠢ | ᠠᠬᠢᠭᠤᠯᠬᠤ ᠬᠡᠷᠡᠭᠲᠠᠢ᠃ | — ᠬᠦᠨ ᠮᠠᠯᠳᠠᠵᠤ ᠲᠤᠤᠱᠲᠠᠢ ᠪᠠᠶᠢᠴᠠᠭᠠᠬᠤ ᠪᠠᠶᠢᠳᠠᠯ ᠳᠤ ᠠᠩᠬᠠᠷᠤᠯ ᠢᠶᠠᠨ ᠲᠦᠪᠯᠡᠷᠡᠬᠦᠯᠦᠨ᠂ ᠬᠠᠷ᠎ᠠ | ᠬᠠᠷᠬᠢᠰ ᠬᠦᠴᠦᠨ ᠢ ᠦᠨᠳᠦᠰᠦ ᠪᠠᠷ ᠨᠢ ᠤᠰᠠᠳᠬᠠᠬᠤ ᠶᠢ ᠠᠬᠢᠭᠤᠯᠬᠤ ᠬᠡᠷᠡᠭᠲᠠᠢ᠃ ᠰᠢᠪᠠᠳᠠᠨ ᠵᠢᠯᠤᠭᠤᠳᠬᠤ ᠪᠠᠷ | ᠲᠠᠮᠵᠢᠭᠤᠯᠤᠨ᠂ ᠬᠠᠷ᠎ᠠ ᠬᠠᠷᠬᠢᠰ ᠬᠦᠴᠦᠨ ᠢ ᠤᠰᠠᠳᠬᠠᠬᠤ ᠶᠢ ᠢᠯᠵᠠᠷᠠᠯ ᠢ ᠡᠰᠡᠷᠬᠦᠴᠡᠬᠦ ᠲᠠᠢ ᠤᠶᠠᠯᠳᠤᠭᠤᠯᠵᠤ᠂ | ᠦᠨᠳᠦᠰᠦᠨ ᠱᠠᠳᠤᠨ ᠤ ︽ᠢᠯᠠᠭ᠎ᠠ ᠠᠯᠠᠬᠤ︾ ᠠᠵᠢᠯᠯᠠᠭ᠎ᠠ ᠲᠠᠢ ᠤᠶᠠᠯᠳᠤᠭᠤᠯᠬᠤ ᠬᠡᠷᠡᠭᠲᠠᠢ᠃ ᠡᠯ᠎ᠡ ᠭᠠᠵᠠᠷ ᠤᠨ | ᠬᠢᠨ ᠢ ᠰᠢᠪᠠᠳᠠᠵᠤ᠂ ᠬᠠᠤᠯᠢ ᠪᠠᠷ ᠵᠠᠰᠠᠬᠤ ᠵᠠᠮ ᠲᠡᠭᠡᠷ᠎ᠡ ᠬᠠᠷ᠎ᠠ ᠬᠠᠷᠬᠢᠰ ᠬᠦᠴᠦᠨ ᠤ ᠬᠠᠤᠯᠢ ᠵᠦᠷᠢᠴᠡᠭᠰᠡᠨ | ᠶᠠᠯᠠᠳᠤ ᠠᠵᠢᠯᠯᠠᠭ᠎ᠠ ᠳᠤ ᠬᠦᠴᠦᠲᠠᠢ ᠪᠦᠭᠡᠳ ᠪᠦᠲᠦᠮᠵᠢᠲᠠᠢ ᠴᠤᠬᠢᠯᠲᠠ ᠦᠭᠴᠦ᠂ ᠤᠯᠤᠰ ᠲᠦᠷᠦ ᠬᠠᠤᠯᠢ | ᠴᠠᠭᠠᠵᠠ ᠶᠢᠨ ᠪᠠᠶᠢᠭᠤᠯᠤᠯᠭ᠎ᠠ ᠪᠠ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ | ᠰᠦᠪᠡᠭᠴᠢ ᠰᠢᠯᠵᠢᠬᠦᠯᠦᠨ ᠬᠦᠷᠭᠡᠬᠦ᠂ ᠬᠠᠷᠢᠭᠤ ᠲᠤᠰᠬᠠᠯ ᠦᠭᠬᠦ ᠲᠤᠭᠲᠠᠴᠠ ᠶᠢ ᠲᠡᠬᠦᠯᠳᠡᠷᠵᠢᠬᠦᠯᠦᠨ᠂ ᠲᠦᠷᠢᠮ ᠤᠨ | ᠲᠠᠯ᠎ᠠ ᠪᠠᠷ ᠬᠠᠷ᠎ᠠ ᠬᠠᠷᠬᠢᠰ ᠬᠦᠴᠦᠨ ᠤ ᠬᠡᠷᠡᠭ ᠢ ᠲᠠᠩᠨᠠᠨ ᠰᠢᠢᠳᠪᠤᠷᠢᠯᠡᠬᠦ ᠬᠢᠭᠡᠳ ︽ᠠᠷᠤ ᠲᠦᠰᠢᠭ︾ ᠢ ᠨᠢ | ᠪᠠᠶᠢᠴᠠᠭᠠᠨ ᠰᠢᠢᠳᠪᠤᠷᠢᠯᠡᠬᠦ ᠶᠢ ᠵᠡᠷᠭᠡ ᠪᠠᠷ ᠶᠠᠪᠤᠭᠳᠠᠭᠤᠯᠬᠤ ᠬᠡᠷᠡᠭᠲᠠᠢ᠃ | — ᠦᠡᠭᠭᠡᠨ ᠲᠠᠯ᠎ᠠ ᠪᠡ ᠦᠨᠳᠦᠰᠦ ᠰᠤᠷᠪᠤᠯᠵᠢ ᠶᠢ ᠵᠡᠷᠭᠡ ᠪᠠᠷ ᠵᠠᠰᠠᠬᠤ ᠪᠠᠶᠢᠳᠠᠯ ᠳᠤ | ᠠᠩᠬᠠᠷᠤᠯ ᠢᠶᠠᠨ ᠲᠦᠪᠯᠡᠷᠡᠬᠦᠯᠦᠨ᠂ ᠶᠡᠷᠦᠩᠭᠡᠶᠢᠯᠡᠭᠰᠡᠨ ᠵᠠᠰᠠᠯᠲᠠ ᠶᠢ ᠤᠯᠠᠮ ᠨᠢᠭᠡ ᠠᠯᠬᠤᠮ ᠠᠬᠢᠭᠤᠯᠬᠤ ᠬᠡᠷᠡᠭᠲᠠᠢ᠃ | ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠲᠠ ᠶᠢᠨ ᠪᠠᠶᠢᠭᠤᠯᠤᠯᠲᠠ ᠶᠢ ᠴᠢᠩᠭᠠᠳᠬᠠᠬᠤ ᠪᠤᠯ ᠬᠠᠷ᠎ᠠ | ᠬᠠᠷᠬᠢᠰ ᠬᠦᠴᠦᠨ ᠤ ᠡᠬᠦᠰᠴᠦ ᠲᠦᠯᠵᠢᠬᠦ ᠬᠦᠷᠦᠰᠦ ᠶᠢ ᠠᠷᠢᠯᠭᠠᠬᠤ ᠦᠨᠳᠦᠰᠦᠨ ᠪᠤᠳᠤᠯᠭ᠎ᠠ᠂ ᠵᠠᠩᠬᠢᠯᠠᠭ᠎ᠠ ᠶᠢᠨ | ᠠᠷᠭ᠎ᠠ ᠬᠡᠮᠵᠢᠶ᠎ᠡ ᠮᠦᠨ᠃ ᠰᠢᠪᠠᠳᠠᠨ ᠵᠢᠯᠤᠭᠤᠳᠬᠤ ᠪᠠᠷ ᠲᠠᠮᠵᠢᠭᠤᠯᠤᠨ᠂ ᠵᠤᠬᠢᠶᠠᠨ ᠪᠠᠶᠢᠭᠤᠯᠬᠤ ᠰᠠᠯᠠᠭ᠎ᠠ | ᠮᠦᠴᠢᠷ ᠤᠨ ᠪᠠᠭᠤᠷᠠᠢ ᠪᠦᠭᠡᠳ ᠲᠠᠷᠠᠬᠠᠢ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢ | ᠴᠡᠭᠴᠡᠯᠡᠨ ᠦᠨᠳᠦᠰᠦᠨ ᠱᠠᠳᠤᠨ ᠤ ᠲᠦᠷᠦ ᠶᠢᠨ ᠡᠷᠭᠡ ᠶᠢᠨ ᠪᠠᠶᠢᠭᠤᠯᠤᠯᠲᠠ ᠶᠢ ᠴᠢᠩᠭᠠᠳᠬᠠᠵᠤ᠂ ᠦᠪᠡᠷᠲᠡᠭᠡᠨ | ᠵᠠᠰᠠᠬᠤ᠂ ᠬᠠᠤᠯᠢ ᠪᠠᠷ ᠵᠠᠰᠠᠬᠤ᠂ ᠮᠤᠷᠠᠯ ᠢᠶᠠᠷ ᠵᠠᠰᠠᠬᠤ ᠶᠢ ᠤᠶᠠᠯᠳᠤᠭᠤᠯᠤᠭᠰᠠᠨ ᠤᠳᠤ ᠦᠶ᠎ᠡ ᠶᠢᠨ ᠦᠨᠳᠦᠰᠦᠨ | ᠱᠠᠳᠤᠨ ᠤ ᠨᠡᠶᠢᠭᠡᠮ ᠤᠨ ᠵᠠᠰᠠᠯᠲᠠ ᠶᠢᠨ ᠰᠢᠰᠲ᠋ᠧᠮ ᠢ ᠢᠳᠡᠪᠬᠢᠲᠠᠢ ᠪᠠᠶᠢᠭᠤᠯᠬᠤ ᠶᠢ ᠠᠬᠢᠭᠤᠯᠬᠤ ᠬᠡᠷᠡᠭᠲᠠᠢ᠃ | | | | |