ᠬᠡᠰᠢᠭᠲᠡᠨ ᠬᠤᠰᠢᠭᠤ ᠬᠤᠶᠠᠲᠤᠭᠠᠷ ᠤᠳᠠᠭᠠᠨ ᠤ ︽ᠦᠨᠲᠦᠰᠦᠲᠡᠨ ᠤ ᠪᠦᠯᠬᠦᠮᠳᠡᠯ ᠬᠤᠨᠳᠠᠭᠠᠲᠦ︾ ᠵᠠᠯᠠᠭᠤᠴᠤᠳ ᠪᠠᠭᠠᠴᠤᠳ ᠤᠨ ᠳᠡᠯᠡᠬᠡᠢ ᠶᠢᠨ ᠰᠢᠳᠠᠷ᠎ᠠ ᠶᠢᠨ ᠤᠷᠤᠯᠲᠤᠭᠠᠨ ᠬᠢᠪᠡ
ᠨᠡᠶᠢᠲᠡᠯᠡᠭᠰᠡᠨ ᠴᠠᠭ᠄
2018/6/27
     6 ᠰᠠᠷ᠎ᠠ ᠶᠢᠨ 23 ᠤ ᠡᠲᠦᠷ ᠠᠴᠠ 24 ᠤ ᠡᠲᠦᠷ ᠪᠤᠯᠲᠠᠯ᠎ᠠ᠂ ᠬᠡᠰᠢᠭᠲᠡᠨ ᠬᠤᠰᠢᠭᠤᠨ ᠤ ᠦᠨᠲᠦᠰᠦᠲᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠭᠤᠤᠯᠴᠢᠯᠠᠨ ᠡᠷᠬᠢᠯᠡᠵᠦ᠂ ᠬᠡᠰᠢᠭᠲᠡᠨ ᠬᠤᠰᠢᠭᠤᠨ ᠤ ᠰᠤᠶᠤᠯ ᠲᠠᠮᠢᠷ ᠤᠨ ᠲᠤᠪᠴᠢᠶ᠎ᠠ ᠶᠢᠨ ᠵᠠᠯᠠᠭᠤᠴᠤᠳ ᠪᠠᠭᠠᠴᠤᠳ ᠤᠨ ᠳᠠᠮᠢᠷ ᠤᠨ ᠺᠠᠯᠦ᠋ᠪ ᠠᠴᠠ ᠳᠠᠭᠠᠭᠠᠴᠢᠯᠠᠨ ᠡᠷᠭᠢᠯᠡᠭᠰᠡᠨ ᠬᠤᠶᠠᠲᠤᠭᠠᠷ ᠤᠳᠠᠭᠠᠨ ᠤ ︽ᠦᠨᠲᠦᠰᠦᠲᠡᠨ ᠤ ᠪᠦᠯᠬᠦᠮᠳᠡᠯ ᠬᠤᠨᠳᠠᠭᠠᠲᠦ︾ ᠵᠠᠯᠠᠭᠤᠴᠤᠳ ᠪᠠᠭᠠᠴᠤᠳ ᠤᠨ ᠳᠡᠯᠡᠬᠡᠢ ᠶᠢᠨ ᠰᠢᠲᠠᠷ᠎ᠠ ᠶᠢᠨ ᠤᠷᠤᠯᠲᠤᠭᠠᠨ ᠪᠢᠷᠠᠭᠤ ᠪᠠᠯᠭᠠᠰᠦᠨ ᠳᠤ ᠶᠠᠪᠤᠭᠳᠠᠪᠠ᠃      ᠳᠤᠰ ᠤᠳᠠᠭᠠᠨ ᠤ ᠤᠷᠤᠯᠲᠤᠭᠠᠨ ᠨᠢ ᠦᠨᠲᠦᠰᠦᠲᠡᠨ ᠤ ᠪᠦᠯᠬᠦᠮᠳᠡᠯ ᠢ ᠠᠬᠢᠭᠤᠯᠵᠦ᠂ ᠤᠯᠠᠮᠵᠢᠯᠠᠯᠲᠦ ᠰᠤᠶᠤᠯ ᠢᠶᠠᠨ ᠵᠠᠯᠠᠭᠤᠴᠤᠳ ᠪᠠᠭᠠᠴᠤᠳ ᠲᠠᠭᠠᠨ ᠤᠯᠠᠮᠵᠢᠯᠠᠨ ᠵᠠᠯᠭᠠᠮᠵᠢᠯᠠᠭᠤᠯᠬᠤ ᠪᠠᠷ ᠵᠤᠷᠢᠯᠲᠠ ᠪᠠᠨ ᠪᠤᠯᠭᠠᠵᠦ᠂ ᠪᠠᠭᠠᠴᠤᠳ ᠤᠨ ᠲᠤᠭᠤᠶᠢᠯᠠᠩ ᠪᠠ ᠵᠠᠯᠠᠭᠤᠴᠤᠳ ᠤᠨ ᠲᠤᠭᠤᠶᠢᠯᠠᠩ ᠬᠤᠪᠢᠶᠠᠨ ᠶᠠᠪᠤᠭᠳᠠᠭᠤᠯᠵᠦ᠂ ᠪᠠᠭᠠᠴᠤᠳ ᠤᠨ ᠲᠤᠭᠤᠶᠢᠯᠠᠩ ᠳᠤ ᠪᠢᠷᠠᠭᠤ ᠳᠠᠬᠢ ᠮᠤᠩᠭᠤᠯ ᠪᠠᠭ᠎ᠠ ᠰᠤᠷᠭᠠᠭᠤᠯᠢ ᠶᠢᠨ ᠪᠠᠶᠠᠰᠦᠯ ᠳᠡᠷᠢᠭᠦᠯᠡᠵᠦ᠂ ᠵᠠᠯᠠᠭᠤᠴᠤᠳ ᠤᠨ ᠲᠤᠭᠤᠶᠢᠯᠠᠩ ᠳᠤ ᠪᠢᠷᠠᠭᠤ ᠮᠤᠩᠭᠤᠯ ᠦᠨᠲᠦᠰᠦᠲᠡᠨ ᠤ ᠳᠤᠮᠳᠠᠲᠦ ᠰᠤᠷᠭᠠᠭᠤᠯᠢ ᠶᠢᠨ ᠮᠦᠩᠬᠡ ᠳᠡᠷᠢᠭᠦᠯᠡᠵᠠᠢ᠃      2018 ᠤᠨ ᠤ ᠪᠠᠶᠠᠨᠵᠢᠷᠦᠬᠡ ᠤᠪᠤᠭᠠᠨ ᠳᠠᠬᠢᠯᠭ᠎ᠠ ᠶᠢᠨ ᠮᠤᠩᠭᠤᠯ ᠰᠢᠲᠠᠷ᠎ᠠ ᠶᠢᠨ ᠤᠷᠤᠯᠲᠤᠭᠠᠨ ᠨᠢ ᠪᠠᠰᠠ ᠵᠡᠷᠭᠡᠪᠡᠷ ᠶᠠᠪᠤᠭᠳᠠᠵᠦ᠂ ᠡᠷᠡᠭᠲᠠᠢ ᠶᠢᠨ ᠲᠤᠭᠤᠶᠢᠯᠠᠩ ᠪᠠ ᠡᠮᠡᠭᠲᠠᠢ ᠶᠢᠨ ᠲᠤᠭᠤᠶᠢᠯᠠᠩ ᠬᠤᠪᠢᠶᠠᠨ ᠤᠷᠤᠯᠲᠤᠵᠦ᠂ ᠰᠢᠯᠢ ᠶᠢᠨ ᠭᠤᠤᠯ ᠠᠶᠢᠮᠠᠭ᠂ ᠬᠦᠬᠡᠬᠤᠳᠠ ᠵᠡᠷᠭᠡ ᠭᠠᠵᠠᠷ ᠤᠷᠤᠨ ᠠᠴᠠ ᠰᠢᠲᠠᠷ᠎ᠠ ᠶᠢᠨ ᠲᠤᠷ᠎ᠠ ᠪᠠᠭ᠋ᠠᠲᠠᠳ ᠬᠦᠷᠦᠯᠴᠡᠨ ᠢᠷᠡᠵᠦ ᠤᠷᠤᠯᠴᠠᠵᠦ᠂ ᠤᠷᠤᠯᠲᠤᠭᠠᠨ ᠤ ᠳ᠋ᠦᠩ ᠳᠤ ᠡᠷᠡᠭᠲᠠᠢ ᠶᠢᠨ ᠲᠤᠭᠤᠶᠢᠯᠠᠩ ᠳᠤ ᠰᠢᠯᠢ ᠶᠢᠨ ᠭᠤᠤᠯ ᠠᠶᠢᠮᠠᠭ ᠤᠨ ᠲᠤᠯᠢᠬᠤᠩᠭᠤᠷ ᠳᠡᠷᠢᠭᠦᠯᠡᠵᠦ᠂ ᠡᠮᠡᠭᠲᠠᠢ ᠶᠢᠨ ᠲᠤᠭᠤᠶᠢᠯᠠᠩ ᠳᠤ ᠰᠢᠯᠢ ᠶᠢᠨ ᠭᠤᠤᠯ ᠠᠶᠢᠮᠠᠭ  ᠤᠨ ᠴᠠᠶᠢᠯᠭᠠᠨ ᠳᠡᠷᠢᠭᠦᠨ ᠳᠤ ᠲᠤᠲᠤᠷᠠᠪᠠ᠃
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号