5 ᠰᠠᠷ᠎ᠠ ᠶᠢᠨ 1 ᠤ ᠡᠳᠦᠷ ᠠᠴᠠ ᠡᠬᠢᠯᠡᠨ  9  ᠵᠦᠢᠯ  ᠤᠨ ᠠᠵᠢᠯᠯᠠᠭ᠎ᠠ ᠳᠤ ᠬᠤᠯᠪᠤᠭᠳᠠᠭᠰᠠᠨ ᠬᠦᠮᠦᠰ  ᠤᠨ ᠨᠢᠰᠭᠡᠯ ᠳᠤ ᠰᠠᠭᠤᠬᠤ ᠶᠢ ᠨᠢᠭᠡ ᠵᠢᠯ ᠵᠤᠬᠰᠤᠭᠠᠨ᠎ᠠ
ᠨᠡᠶᠢᠲᠡᠯᠡᠭᠰᠡᠨ ᠴᠠᠭ᠄
2018/4/19
       ᠠᠷᠠᠳ ᠤᠨ ᠡᠳᠦᠷ ᠤᠨ ᠰᠤᠨᠢᠨ   ᠤ  ᠮᠡᠲᠡᠭᠡ  ︵ᠰᠤᠷᠪᠤᠯᠵᠢᠯᠠᠬᠴᠢ  ᠯᠢᠨ  ᠯᠢ  ᠱᠣᠸᠠᠩ︶  ︽ᠬᠦᠨᠳᠦ  ᠨᠤᠴᠢᠲᠠᠢ ᠢᠲᠡᠭᠡᠮᠵᠢ ᠠᠯᠲᠠᠭᠰᠠᠨ ᠬᠦᠮᠦᠨ ᠤ ᠠᠷᠠᠳ ᠤᠨ ᠬᠡᠷᠡᠭᠯᠡᠬᠡᠨ ᠤ ᠨᠢᠰᠭᠡᠯ ᠳᠤ ᠰᠠᠭᠤᠬᠤ ᠶᠢ ᠵᠤᠬᠢᠬᠤ ᠬᠤᠭᠤᠴᠠᠭᠠᠨ ᠤ ᠳᠤᠳᠤᠷ᠎ᠠ ᠵᠤᠬᠢᠰᠳᠠᠢ  ᠬᠢᠵᠠᠭᠠᠷᠯᠠᠵᠤ ᠨᠡᠶᠢᠭᠡᠮ ᠤᠨ ᠦᠨᠡᠨᠴᠢ ᠢᠲᠡᠭᠡᠮᠵᠢ ᠶᠢᠨ ᠰᠢᠰᠲ᠋ᠧᠮ  ᠤᠨ ᠪᠠᠶᠢᠭᠤᠯᠤᠯᠲᠠ ᠶᠢ ᠠᠬᠢᠭᠤᠯᠬᠤ ᠲᠤᠬᠠᠢ ᠰᠠᠨᠠᠯ︾ ᠢ ᠤᠯᠤᠰ ᠤᠨ ᠬᠦᠭᠵᠢᠬᠦᠯᠦᠯᠲᠠ ᠦᠭᠡᠷᠡᠴᠢᠯᠡᠯᠲᠡ ᠶᠢᠨ  ᠵᠦᠪᠯᠡᠯ᠂ ᠠᠷᠠᠳ ᠤᠨ ᠠᠭᠠᠷ ᠤᠨ ᠠᠶᠠᠯᠠᠯ ᠤᠨ ᠳᠤᠪᠴᠢᠶ᠎ᠠ ᠵᠡᠷᠭᠡ 7 ᠰᠠᠯᠠᠭ᠎ᠠ ᠮᠦᠴᠢᠷ ᠬᠠᠮᠳᠤᠷᠠᠨ ᠲᠤᠭᠲᠠᠭᠠᠠᠭᠠᠳ 5 ᠰᠠᠷ᠎ᠠ ᠶᠢᠨ 1 ᠠᠴᠠ ᠡᠬᠢᠯᠡᠨ ᠬᠡᠷᠡᠭᠵᠢᠬᠦᠯᠬᠦ ᠪᠠᠷ ᠪᠠᠶᠢᠨ᠎ᠠ  ᠭᠡᠵᠤ ᠠᠷᠠᠳ ᠤᠨ ᠠᠭᠠᠷ ᠤᠨ ᠠᠶᠠᠯᠠᠯ ᠤᠨ ᠳᠤᠪᠴᠢᠶ᠎ᠠ ᠶᠢᠨ ᠳᠦᠷᠦ ᠶᠢᠨ ᠪᠤᠲᠤᠯᠭ᠎ᠠ ᠬᠠᠤᠯᠢ ᠳᠤᠭᠲᠠᠭᠠᠯ ᠤᠨ ᠵᠤᠷᠭᠠᠨ ᠤ ᠳᠠᠷᠤᠭ᠎ᠠ ᠶᠠᠨ ᠮᠢᠩ ‍ᠤᠤᠢ ᠦᠴᠦᠭᠡᠳᠦᠷ ᠨᠡᠶᠢᠲᠡᠯᠡᠵᠡᠢ᠃ ᠡᠬᠦᠨ ᠠᠴᠠ ᠬᠤᠶᠢᠰᠢᠲᠠ ᠠᠶᠠᠨᠴᠢᠨ ᠨᠢᠰᠭᠡᠯ ᠤᠨ ᠪᠠᠭᠤᠲᠠᠯ ᠪᠤᠶᠤ ᠨᠢᠰᠭᠡᠯ ᠤᠨ ᠳᠤᠳᠤᠷ᠎ᠠ ᠲᠤᠤᠷᠠᠬᠢ 9 ᠵᠦᠢᠯ ᠤᠨ ᠠᠵᠢᠯᠯᠠᠭ᠎ᠠ ᠲᠠᠢ ᠪᠠᠶᠢᠵᠤ ᠲᠤᠲᠤᠭᠠᠳᠦ ᠶᠢ ᠬᠠᠮᠠᠭᠠᠯᠠᠬᠤ ᠪᠠᠶᠢᠭᠤᠯᠤᠯᠭ᠎ᠠ ᠶᠢᠨ ᠵᠠᠰᠠᠭ ᠵᠠᠬᠢᠷᠭᠠᠨ ᠤ ᠰᠢᠳᠭᠡᠯ ᠬᠦᠷᠲᠡᠭᠰᠡᠨ ᠪᠤᠶᠤ ᠡᠷᠡᠬᠦᠦ ᠶᠢᠨ ᠬᠠᠷᠢᠭᠤᠴᠠᠯᠭ᠎ᠠ ᠨᠡᠬᠡᠮᠵᠢᠯᠡᠭᠲᠡᠭᠰᠡᠨ ᠪᠠᠶᠢᠪᠠᠯ᠂ ᠨᠢᠭᠡ ᠵᠢᠯ ᠤᠨ ᠲᠤᠲᠤᠷ᠎ᠠ ᠨᠢᠰᠭᠡᠯ ᠳᠤ ᠭᠠᠷᠭᠠᠬᠤ ᠦᠭᠡᠢ᠃                ︽ᠰᠠᠨᠠᠯ︾ ᠳᠤ ᠵᠢᠷᠭᠤᠭᠠᠨ ᠬᠡᠰᠡᠭ ᠠᠭᠤᠯᠭ᠎ᠠ ᠲᠠᠢ᠂ ᠡᠬᠦᠨ ᠳᠤ ᠨᠢᠰᠭᠡᠯ   ᠳᠤ  ᠰᠠᠭᠤᠬᠤ   ᠶᠢ   ᠨᠢ  ᠬᠢᠵᠠᠭᠠᠷᠯᠠᠬᠤ ᠬᠦᠮᠦᠰ ᠤᠨ ᠬᠡᠪᠴᠢᠶ᠎ᠠ᠂ ᠮᠡᠲᠡᠭᠡ ᠵᠠᠩᠬᠢ ᠴᠤᠭᠯᠠᠭᠤᠯᠬᠤ ᠪᠠ ᠨᠡᠶᠢᠲᠡᠯᠡᠬᠦ᠂ ᠨᠠᠷᠠᠰ ᠢ ᠬᠦᠴᠦᠨ ᠦᠭᠡᠢ ᠪᠤᠯᠭᠠᠬᠤ᠂  ᠡᠷᠭᠡ   ᠶᠢᠨ ᠠᠪᠤᠷᠠᠨ ᠳᠤᠰᠠᠯᠠᠯᠲᠠ ᠪᠠ ᠬᠤᠯᠪᠤᠬᠲᠠᠯ  ᠪᠦᠬᠦᠢ  ᠤᠬᠠᠭᠤᠯᠭ᠎ᠠ  ᠵᠡᠷᠭᠡ  ᠤᠴᠢᠷ  ᠶᠠᠪᠤᠲᠠᠯ   ᠤᠨ  ᠲᠠᠯ᠎ᠠ   ᠪᠠᠷ  ᠲᠤᠭᠲᠠᠭᠠᠯ ᠭᠠᠷᠭᠠᠵᠠᠢ᠃         9 ᠵᠦᠢᠯ ᠤᠨ ᠠᠵᠢᠯᠯᠠᠭ᠎ᠠ ᠶᠢ ᠪᠤᠲᠠᠲᠠᠢ ᠵᠢᠬᠰᠠᠭᠠᠪᠠᠯ᠄        ᠠᠷᠠᠳ ᠤᠨ ᠬᠡᠷᠡᠭᠯᠡᠭᠡᠨ ᠤ ᠠᠭᠠᠷ   ᠤᠨ ᠠᠶᠠᠯᠠᠯ ᠤᠨ ᠠᠮᠤᠷ ᠳᠦᠪᠰᠢᠨ ᠳᠤ ᠬᠤᠯᠪᠤᠬᠲᠠᠭᠰᠠᠨ ᠰᠦᠷᠲᠡᠬᠦᠯᠦᠯ   ᠤᠨ  ᠬᠤᠲᠠᠯ  ᠬᠠᠭᠤᠷᠮᠠᠭ  ᠮᠡᠲᠡᠭᠡ  ᠵᠠᠩᠬᠢ   ᠶᠢ  ᠵᠤᠬᠢᠶᠠᠵᠤ᠂ ᠵᠤᠷᠢᠭᠤᠲᠠ ᠲᠠᠮᠵᠢᠭᠤᠯᠤᠬᠰᠠᠨ︔        ᠬᠠᠭᠤᠷᠮᠠᠭ ᠢᠶᠠᠷ ᠵᠤᠬᠢᠶᠠᠬᠰᠠᠨ᠂  ᠦᠭᠡᠷᠡᠳᠦᠬᠦᠯᠦᠨ  ᠵᠤᠬᠢᠶᠠᠬᠰᠠᠨ  ᠪᠡᠶ᠎ᠡ   ᠶᠢᠨ  ᠦᠨᠡᠮᠯᠡᠯ ᠬᠡᠷᠡᠭᠯᠡᠭᠰᠡᠨ ᠪᠤᠶᠤ ᠪᠤᠰᠤᠳ ᠤᠨ  ᠪᠡᠶ᠎ᠡ   ᠶᠢᠨ  ᠦᠨᠡᠮᠯᠡᠯ᠂  ᠨᠢᠰᠭᠡᠯ   ᠳᠤ  ᠭᠠᠷᠬᠤ  ᠭᠡᠷᠡᠴᠢ   ᠶᠢ  ᠬᠡᠷᠡᠭᠯᠡᠨ  ᠨᠢᠰᠭᠡᠯ   ᠳᠤ ᠭᠠᠷᠤᠭᠰᠠᠨ︔        ᠨᠢᠰᠭᠡᠯ ᠤᠨ ᠪᠠᠭᠤᠲᠠᠯ ᠤᠨ ᠠᠵᠢᠯ ᠤᠨ ᠲᠠᠶᠢᠵᠠ᠂ ᠠᠮᠤᠷ ᠳᠦᠪᠰᠢᠨ ᠤ ᠪᠠᠶᠢᠴᠠᠭᠠᠯᠲᠠ ᠶᠢᠨ ᠵᠠᠮ᠂ ᠨᠢᠰᠭᠡᠯ ᠳᠤ ᠭᠠᠷᠬᠤ ᠡᠬᠦᠲᠡ ︵ᠵᠠᠮ︶ ᠶᠢ ᠪᠦᠭᠯᠡᠭᠰᠡᠨ᠂  ᠡᠵᠡᠯᠡᠭᠰᠡᠨ᠂ ᠲᠠᠭᠠᠷᠢᠬᠰᠠᠨ︔        ᠣᠯᠣᠰ ᠤᠨ ᠬᠠᠤᠯᠢ ᠴᠠᠭᠠᠵᠠ᠂  ᠬᠠᠤᠯᠢ ᠲᠤᠭᠲᠠᠭᠠᠯ ᠳᠤ ᠳᠤᠭᠲᠠᠭᠠᠭᠰᠠᠨ ᠠᠶᠤᠯᠲᠤ ᠪᠤᠳᠠᠰ᠂ ᠬᠤᠷᠢᠭᠠᠲᠠᠢ ᠡᠳ᠋ ᠪᠠᠷᠠᠭ᠎ᠠ ᠶᠢ ᠪᠡᠶ᠎ᠡ ᠳᠡᠭᠡᠨ ᠠᠪᠴᠦ  ᠶᠠᠪᠤᠭᠰᠠᠨ  ᠪᠤᠶᠤ ᠵᠤᠷᠢᠭᠤᠲᠠ ᠨᠢᠰᠭᠡᠯ ᠳᠤ ᠨᠠᠶᠢᠲᠠᠵᠤ ᠠᠴᠢᠶᠠᠯᠠᠭᠤᠯᠤᠬᠰᠠᠨ︔        ᠨᠢᠰᠭᠡᠯ ᠢ ᠬᠦᠴᠦ ᠪᠠᠷ ᠡᠵᠡᠯᠡᠭᠰᠡᠨ᠂ ᠬᠠᠰᠢᠬᠰᠠᠨ᠂ ᠨᠢᠰᠭᠡᠯ   ᠤᠨ ᠵᠢᠯᠤᠭᠤᠴᠢ ᠶᠢᠨ ᠦᠷᠦᠭᠡ᠂ ᠭᠦᠶᠦᠯᠳᠡ ᠶᠢᠨ ᠵᠠᠮ ᠪᠠ ᠵᠤᠬᠰᠤᠭᠠᠯ ᠳᠤ ᠲᠠᠭᠠᠷᠢᠨ ᠤᠷᠤᠭᠰᠠᠨ︔        ᠨᠢᠰᠭᠡᠯ   ᠤᠨ  ᠠᠵᠢᠯ   ᠤᠨ ᠲᠤᠭᠤᠶᠢᠯᠠᠩ᠂ ᠠᠮᠤᠷ ᠳᠦᠪᠰᠢᠨ ᠤ ᠪᠠᠶᠢᠴᠠᠭᠠᠯᠲᠠ᠂ ᠨᠢᠰᠭᠡᠯ ᠤᠨ ᠪᠠᠭᠤᠲᠠᠯ  ᠤᠨ ᠦᠢᠯᠡᠴᠢᠯᠡᠭᠡ ᠶᠢᠨ ᠠᠵᠢᠯ  ᠬᠢᠵᠦ  ᠪᠠᠶᠢᠭ᠎ᠠ ᠠᠵᠢᠯᠲᠠᠨ ᠤ ᠳᠤᠰᠢᠶᠠᠯ ᠢᠶᠠᠨ ᠭᠦᠢᠴᠡᠳᠭᠡᠬᠦ ᠶᠢ ᠬᠠᠷᠰᠢᠯᠠᠬᠰᠠᠨ ᠪᠤᠶᠤ ᠪᠤᠰᠤᠳ ᠢ ᠦᠳᠦᠭᠡᠨ  ᠬᠠᠷᠰᠢᠯᠠᠬᠰᠠᠨ᠂  ᠬᠦᠮᠦᠨ   ᠤ ᠪᠡᠶ᠎ᠡ ᠮᠠᠬᠠᠪᠤᠳ ᠲᠤ ᠲᠠᠭᠠᠷᠢᠯᠲᠠ ᠶᠠᠪᠤᠭᠤᠯᠤᠬᠰᠠᠨ  ᠪᠤᠶᠤ  ᠲᠠᠭᠠᠷᠢᠬᠤ   ᠪᠠᠷ  ᠰᠦᠷᠲᠡᠬᠦᠯᠦᠭᠰᠡᠨ︔          ᠰᠠᠭᠤᠲᠠᠯ᠂ ᠠᠴᠢᠶᠠᠨ ᠲᠠᠯᠪᠢᠭᠤᠷ ᠢ ᠬᠦᠴᠦ ᠪᠠᠷ ᠡᠵᠡᠯᠡᠵᠦ᠂ ᠬᠡᠷᠡᠬᠦᠯ ᠴᠤᠬᠢᠯᠲᠤᠭᠠᠨ ᠬᠢᠵᠦ ᠵᠤᠷᠢᠭᠤᠲᠠ ᠬᠡᠷᠡᠭ ᠡᠳᠦᠭᠰᠡᠨ᠂ ᠨᠢᠰᠦᠬᠦᠷ ᠪᠠᠭᠠᠵᠢ ᠪᠠ ᠠᠭᠠᠷ ᠤᠨ ᠠᠶᠠᠯᠠᠯ ᠤᠨ ᠳᠦᠬᠦᠬᠡᠷᠤᠮᠵᠢ ᠶᠢ ᠵᠤᠷᠢᠭᠤᠲᠠ ᠡᠪᠳᠡᠵᠦ᠂ ᠬᠤᠯᠠᠭᠠᠶᠢᠯᠠᠵᠤ᠂ ᠳᠤᠷ᠎ᠠ   ᠪᠠᠷ   ᠢᠶᠠᠨ  ᠬᠦᠲᠡᠯᠭᠡᠭᠰᠡᠨ︔        ᠨᠢᠰᠭᠡᠯ ᠤᠨ ᠲᠤᠲᠤᠷ᠎ᠠ ᠢᠯᠠ ᠭᠠᠯ ᠬᠡᠷᠡᠭᠯᠡᠵᠦ᠂ ᠲᠠᠮᠠᠬᠢ  ᠲᠠᠲᠠᠵᠤ᠂  ᠲᠤᠭᠲᠠᠭᠠᠯ   ᠠᠴᠠ  ᠵᠦᠷᠢᠴᠠᠨ  ᠡᠯᠧᠺᠲᠷᠤᠨ  ᠪᠠᠭᠠᠵᠢ ᠬᠡᠷᠡᠭᠰᠡᠯ ᠬᠡᠷᠡᠭᠯᠡᠭᠡᠳ ᠢᠳᠬᠠᠬᠤ   ᠶᠢ  ᠦᠯᠦ  ᠰᠤᠨᠤᠰᠤᠭᠰᠠᠨ︔          ᠨᠢᠰᠭᠡᠯ  ᠳᠡᠭᠡᠷ᠎ᠡ  ᠪᠤᠰᠤᠳ   ᠤᠨ  ᠡᠳ᠋  ᠪᠠᠷᠠᠭ᠎ᠠ   ᠶᠢ ᠬᠤᠯᠠᠭᠠᠶᠢᠯᠠᠬᠰᠠᠨ ᠵᠡᠷᠭᠡ ᠪᠤᠯᠤᠨ᠎ᠠ᠃                        ︵ᠰᠤᠪᠤᠳ ᠣᠷᠴᠢᠭᠤᠯᠣᠨ ᠮᠡᠳᠡᠭᠡᠯᠡᠪᠡ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号