ᠵᠣᠯ ᠵᠢᠷᠭᠠᠯ ︵ᠬᠡᠦᠬᠡᠳ ᠤᠨ ᠥᠬᠦᠯᠡᠯᠭᠡ︶
ᠨᠡᠶᠢᠲᠡᠯᠡᠭᠰᠡᠨ ᠴᠠᠭ᠄
2018/4/18
                                                                  —— ︵ᠶᠠᠫᠥᠨ︶ ᠰᠢᠮᠠᠽᠠᠺᠢ ᠲᠤᠤᠰᠤᠨ                        —— ᠪᠠ᠊᠂ ᠪᠣᠯᠣᠳ ᠮᠣᠩᠭᠤᠯᠴᠢᠯᠠᠪᠠ                     ︽ᠵᠣᠯ ᠵᠢᠷᠭᠠᠯ︾᠂ ᠣᠯᠠᠨ ᠠᠶᠢᠯ ᠤᠳ ᠢᠶᠠᠷ ᠠᠶᠢᠯᠠᠴᠢᠯᠠᠵᠤ ᠶᠠᠪᠤᠯ᠎ᠠ᠃               ᠬᠡᠨ ᠴᠦ ᠭᠡᠰᠡᠨ ᠵᠣᠯ ᠵᠢᠷᠭᠠᠯ ᠢ ᠮᠥᠷᠥᠭᠡᠳᠦᠳᠡᠭ ᠪᠣᠯᠬᠤᠷ᠂ ᠬᠠᠮᠢᠭ᠎ᠠ ᠣᠴᠢᠭᠰᠠᠨ ᠴᠦ  ᠪᠥᠭᠦᠳᠡᠭᠡᠷ ᠢᠶᠠᠨ ᠬᠠᠯᠠᠭᠤᠨ ᠢᠶᠠᠷ ᠤᠭᠲᠤᠨ ᠠᠪᠬᠤ ᠨᠢ ᠮᠡᠳᠡᠭᠡᠵᠢ᠃ ᠭᠡᠪᠡᠴᠦ᠂ ᠳᠡᠭᠡᠬᠦ ᠶᠤᠮ ᠪᠣᠯ ᠬᠦᠮᠦᠰ ᠤᠨ ᠵᠢᠩᠬᠢᠨᠢ ᠰᠡᠳᠭᠢᠯ ᠢ ᠤᠶᠢᠯᠭᠠᠵᠤ ᠴᠢᠳᠠᠬᠤ ᠦᠭᠡᠢ᠃ ᠲᠡᠭᠡᠭᠡᠳ᠂ ︽ᠵᠣᠯ ᠵᠢᠷᠭᠠᠯ︾ ᠭᠡᠳᠡᠰᠦ ᠬᠤᠭᠤᠰᠤᠨ ᠮᠥᠷᠥ ᠨᠢᠴᠦᠭᠦᠨ ᠭᠤᠶᠢᠷᠠᠨᠴᠢ ᠪᠠᠷ ᠬᠤᠪᠴᠠᠯᠠᠭᠠᠳ᠂ ᠬᠡᠨ ᠠᠰᠠᠭᠤᠭᠰᠠᠨ ᠴᠦ ᠥᠪᠡᠷ ᠢ  ᠪᠠᠨ ︽ᠵᠣᠯ ᠵᠢᠷᠭᠠᠯ︾ ᠭᠡᠬᠦ ᠦᠭᠡᠢ᠂ ᠬᠠᠷᠢᠨ ︽ᠶᠠᠳᠠᠭᠤ  ︾ ᠭᠡᠵᠦ ᠬᠡᠯᠡᠬᠦ ᠪᠠᠷ ᠪᠣᠯᠪᠠ᠃ ᠲᠡᠶᠢᠮᠦ ᠶᠠᠳᠠᠭᠤ ᠵᠦᠳᠡᠭᠦᠦ ᠬᠦᠮᠦᠨ ᠢ ᠥᠷᠥ ᠵᠥᠭᠡᠯᠡᠨ ᠬᠦᠯᠢᠶᠡᠨ ᠠᠪᠳᠠᠭ ᠠᠶᠢᠯ ᠪᠠᠶᠢᠪᠠᠯ᠂ ᠲᠡᠷᠡ ᠠᠶᠢᠯ ᠳᠤ ᠵᠣᠯ ᠵᠢᠷᠭᠠᠯ ᠢᠶᠠᠨ ᠬᠤᠪᠢᠶᠠᠵᠤ ᠥᠭᠭᠦᠶ᠎ᠡ ᠭᠡᠵᠦ ᠪᠣᠳᠣᠭᠰᠠᠨ ᠪᠠᠶᠢᠵᠠᠢ᠃               ︽ᠵᠣᠯ ᠵᠢᠷᠭᠠᠯ︾ ᠣᠯᠠᠨ ᠠᠶᠢᠯ ᠎ ᠢᠶᠠᠷ ᠲᠤᠭᠤᠷᠢᠨ ᠶᠠᠪᠤᠵᠤ ᠪᠠᠶᠢᠲᠠᠯ᠎ᠠ᠂ ᠨᠢᠭᠡᠨ ᠨᠤᠬᠠᠢ  ᠲᠡᠵᠢᠭᠡᠭᠰᠡᠨ ᠠᠶᠢᠯ ᠲᠠᠭᠠᠷᠢᠯᠳᠤᠪᠠ᠃ ᠲᠡᠭᠡᠭᠡᠳ ᠲᠡᠷᠡ ᠠᠶᠢᠯ ᠤᠨ  ᠡᠭᠦᠳᠡᠨ ᠳᠤ ᠤᠴᠢᠭᠠᠳ ᠵᠣᠭᠰᠤᠪᠠ᠃               ᠲᠡᠷᠡ ᠠᠶᠢᠯ ᠤᠨ ᠬᠦᠮᠦᠨ ︽ᠵᠣᠯ ᠵᠢᠷᠭᠠᠯ︾ ᠢᠷᠡᠭᠰᠡᠨ ᠢ ᠮᠡᠳᠡᠭᠰᠡᠨ ᠦᠭᠡᠢ ᠪᠠᠷ ᠶᠠᠳᠠᠭᠤ ᠵᠦᠳᠡᠭᠦᠦ ᠭᠤᠶᠢᠷᠠᠨᠴᠢ ᠡᠭᠦᠳᠡᠨ ᠳᠤ ᠨᠢ ᠵᠣᠭᠰᠤᠵᠤ ᠪᠠᠶᠢᠬᠤ ᠶᠢ ᠬᠠᠷᠠᠭᠠᠳ᠄               — ᠴᠢ ᠬᠡᠨ ᠪᠤᠢ︖ ᠭᠡᠵᠦ ᠵᠠᠩᠳᠤᠷᠠᠨ ᠠᠰᠠᠭᠤᠪᠠ᠃               — ᠪᠢ ︽ᠶᠠᠳᠠᠭᠤ︾ ᠭᠡᠭᠴᠢ ᠪᠠᠶᠢᠨ᠎ᠠ᠃               — ︽ᠶᠠᠳᠠᠭᠤ︾ ᠭᠡᠨ᠎ᠡ ᠦᠦ︖ ︽ᠶᠠᠳᠠᠭᠤ︾ ᠪᠣᠯ ᠮᠠᠨ ᠤ ᠬᠢ ᠠᠴᠠ ᠬᠤᠯᠠ ᠪᠠᠶᠢᠭᠠᠴᠢ︕               ᠲᠡᠷᠡ ᠠᠶᠢᠯ ᠤᠨ ᠬᠦᠮᠦᠨ ᠲᠡᠭᠡᠵᠦ ᠬᠡᠯᠡᠮᠡᠭᠴᠡ ᠡᠭᠦᠳᠡ ᠪᠠᠨ ᠲᠢᠱ ᠬᠢᠳᠡᠯ᠎ᠡ ᠬᠠᠭᠠᠴᠢᠬᠠᠪᠠ᠃ ᠨᠥᠭᠦᠬᠡ ᠨᠤᠬᠠᠢ ᠨᠢ ᠬᠦᠷᠲᠡᠯ᠎ᠡ ᠪᠠᠷᠢᠵᠤ ᠢᠳᠡᠮᠡᠷ ᠮᠠᠭᠤᠬᠠᠢ ᠠᠷᠬᠢᠷᠠᠨ ᠬᠤᠴᠠᠵᠤ ᠪᠠᠶᠢᠯ᠎ᠠ᠃               ︽ᠵᠣᠯ ᠵᠢᠷᠭᠠᠯ︾ ᠲᠠᠷᠤᠶᠢᠬᠠᠨ ᠠᠭᠤᠴᠢᠯᠠᠯ ᠭᠤᠶᠤᠭᠠᠳ᠂ ᠥᠭᠡᠷ᠎ᠡ ᠨᠢᠭᠡᠨ ᠲᠠᠬᠢᠶ᠎ᠠ ᠲᠡᠵᠢᠭᠡᠵᠦ ᠪᠠᠶᠢᠭ᠎ᠠ ᠠᠶᠢᠯ ᠳᠤ ᠤᠴᠢᠪᠠ᠃ ᠲᠡᠷᠡ ᠠᠶᠢᠯ ᠤᠨ ᠬᠢᠨ ᠴᠦ ︽ᠵᠣᠯ ᠵᠢᠷᠭᠠᠯ︾  ᠢᠷᠡᠭᠰᠡᠨ ᠢ ᠮᠡᠳᠡᠬᠦ ᠦᠭᠡᠢ ᠪᠠᠷ ᠬᠠᠷᠢᠨ ᠶᠠᠮᠠᠷ ᠨᠢᠭᠡᠨ ᠬᠤᠭ ᠤᠨ ᠶᠠᠭᠤᠮ᠎ᠠ ᠬᠦᠷᠦᠭᠡᠳ ᠢᠷᠡᠴᠢᠬᠡᠭᠰᠡᠨ ᠶᠤᠮ ᠰᠢᠭ ᠴᠢᠷᠡᠶᠢᠯᠠᠨ᠄                 — ᠴᠢ ᠬᠡᠨ ᠪᠤᠢ︖ ᠭᠡᠵᠦ ᠠᠰᠠᠭᠤᠨ᠎ᠠ᠃                 —ᠪᠢ ︽ᠶᠠᠳᠠᠭᠤ︾ ᠭᠡᠭᠴᠢ ᠪᠠᠶᠢᠨ᠎ᠠ᠃               — ︽ᠶᠠᠳᠠᠭᠤ︾ ᠭᠡᠨ᠎ᠡ ᠦᠦ︖ ᠮᠠᠨ ᠤ ᠬᠢ ᠴᠦ ︽ᠶᠠᠳᠠᠭᠤ︾᠎ ᠪᠠᠷ ᠲᠤᠲᠠᠬᠤ ᠪᠢᠰᠢ  ᠳ᠋ᠡ ᠭᠡᠳ ᠤᠷᠲᠤᠬᠠᠨ ᠰᠠᠨᠠᠭ᠎ᠠ ᠠᠯᠳᠠᠪᠠ᠃ ᠲᠡᠭᠡᠭᠡᠳ ᠲᠡᠵᠢᠭᠡᠵᠦ ᠪᠠᠶᠢᠭᠰᠠᠨ ᠲᠠᠬᠢᠶ᠎ᠠ ᠪᠠᠨ ᠰᠠᠨᠠᠵᠤ ᠣᠯᠣᠭᠰᠠᠨ ᠪᠣᠯᠣᠯᠲᠠᠢ᠂ ᠡᠨᠡ ᠮᠠᠭᠤ ᠭᠤᠶᠢᠷᠠᠨᠴᠢ ᠶᠢᠨ ᠬᠤᠯᠠᠭᠠᠶᠢᠯᠠᠭᠠᠳ  ᠶᠠᠪᠤᠴᠢᠬᠠᠬᠤ ᠠᠴᠠ ᠪᠣᠯᠭᠤᠮᠵᠢᠯᠠᠨ᠎ᠠ᠃ ᠲᠠᠬᠢᠶ᠎ᠠ ᠨᠢ ᠴᠦ ︽ᠭᠦ᠋ ᠭᠦ᠋︾ ᠭᠡᠵᠦ ᠶᠡᠬᠡᠯ᠎ᠡ  ᠰᠡᠷᠡᠮᠵᠢᠳᠡᠢ ᠳᠤᠤᠭᠠᠷᠤᠨ᠎ᠠ᠃                 ︽ᠵᠣᠯ ᠵᠢᠷᠭᠠᠯ︾ ᠮᠦᠨ ᠯᠠ ᠠᠭᠤᠴᠢᠯᠠᠯ ᠭᠤᠶᠤᠭᠠᠳ᠂ ᠥᠭᠡᠷ᠎ᠡ ᠨᠢᠭᠡᠨ ᠲᠠᠤᠯᠠᠢ ᠲᠡᠵᠢᠭᠡᠵᠦ ᠪᠠᠶᠢᠭ᠎ᠠ  ᠠᠶᠢᠯ ᠤᠨ ᠡᠮᠥᠨ᠎ᠡ ᠬᠦᠷᠦᠭᠡᠳ ᠵᠣᠭᠰᠤᠪᠠ᠃                 — ᠴᠢ ᠬᠡᠨ ᠪᠣᠢ︖                 — ᠪᠢ ︽ᠶᠠᠳᠠᠭᠤ︾ ᠭᠡᠭᠴᠢ ᠪᠠᠶᠢᠨ᠎ᠠ᠃                 — ᠥ᠂ ︽ᠶᠠᠳᠠᠭᠤ︾ ᠭᠡᠨ᠎ᠡ ᠦᠦ︖ ᠭᠡᠭᠰᠡᠭᠡᠷ ᠭᠡᠷ ᠠᠴᠠ ᠪᠠᠨ ᠭᠠᠷᠴᠤ ᠢᠷᠡᠭᠡᠳ ᠦᠵᠡᠬᠦᠯᠡᠷ᠂  ᠨᠢᠭᠡᠨ ᠶᠠᠭᠠᠬᠢᠬᠤ ᠶᠢᠨ ᠠᠷᠭ᠎ᠠ ᠦᠭᠡᠢ ᠶᠠᠳᠠᠭᠤ ᠵᠦᠳᠡᠭᠦᠦ ᠬᠦᠮᠦᠨ ᠭᠠᠳᠠᠭ᠎ᠠ ᠨᠢ ᠵᠣᠭᠰᠤᠵᠤ ᠪᠠᠶᠢᠪᠠ᠃ ᠲᠡᠷᠡ ᠠᠶᠢᠯ ᠤᠨ ᠬᠦᠮᠦᠨ ᠴᠦ ︽ᠵᠣᠯ ᠵᠢᠷᠭᠠᠯ︾ ᠢᠷᠡᠭᠰᠡᠨ  ᠭᠡᠳᠡᠭ ᠢ ᠮᠡᠳᠡᠭᠡ ᠦᠭᠡᠢ ᠶᠤᠮ ᠰᠢᠭ ᠪᠠᠶᠢᠯ᠎ᠠ᠃ ᠭᠡᠪᠡᠴᠦ᠂  ᠥᠷᠥ ᠨᠢᠮᠭᠡᠨ ᠬᠦᠮᠦᠨ  ᠪᠣᠯᠣᠯᠲᠠᠢ ᠭᠠᠯ ᠲᠣᠭᠤᠭᠠᠨ ᠤ ᠥᠷᠥᠭᠡᠨ ᠠᠴᠠ ᠪᠠᠨ ᠨᠢᠭᠡᠨ ᠪᠠᠵᠠᠭᠰᠠᠨ ᠪᠤᠳᠠᠭ᠎ᠠ ᠠᠪᠴᠢᠷᠠᠭᠠᠳ᠄               — ᠮᠠᠢ᠂ ᠡᠭᠦᠨ ᠢ ᠢᠳᠡᠭᠡᠷᠡᠢ ᠭᠡᠵᠦ ᠬᠡᠯᠡᠪᠡ᠃               ᠪᠠᠵᠠᠭᠰᠠᠨ ᠪᠤᠳᠠᠭᠠᠨ ᠤ ᠳᠡᠭᠡᠷ᠎ᠡ ᠨᠢ ᠪᠠᠰᠠ ᠰᠢᠷᠭᠠᠯ ᠥᠩᠭᠡ ᠶᠢᠨ ᠲᠠᠪᠤᠰᠤᠯᠠᠭᠰᠠᠨ  ᠯᠤᠤᠪᠠᠩ ᠲᠠᠯᠪᠢᠭᠰᠠᠨ ᠪᠠᠶᠢᠯ᠎ᠠ᠃ ᠲᠡᠵᠢᠭᠡᠭᠰᠡᠨ ᠲᠠᠤᠯᠠᠢ ᠨᠢ ︽ᠫᠥᠷ ᠫᠥᠷ︾ ᠬᠤᠷᠬᠢᠷᠠᠨ ᠲᠠᠭᠠᠲᠠᠢ ᠰᠠᠶᠢᠬᠠᠨ ᠦᠳᠡ ᠶᠢᠨ ᠨᠤᠶᠢᠷ ᠢᠶᠠᠨ ᠠᠪᠴᠤ ᠪᠠᠶᠢᠯ᠎ᠠ᠃               ︽ᠵᠣᠯ ᠵᠢᠷᠭᠠᠯ︾᠂ ᠲᠡᠷᠡ ᠠᠶᠢᠯ ᠤᠨ ᠬᠦᠮᠦᠰ ᠤᠨ ᠰᠡᠳᠭᠢᠯ ᠢ  ᠰᠠᠶᠢᠨ ᠤᠶᠢᠯᠭᠠᠯ᠎ᠠ᠃      ᠭᠠᠭᠴᠠᠬᠠᠨ ᠪᠠᠵᠠᠭᠰᠠᠨ ᠪᠤᠳᠠᠭ᠎ᠠ᠂ ᠭᠠᠭᠴᠠᠬᠠᠨ ᠰᠢᠷᠬᠡᠭ ᠲᠠᠪᠤᠰᠤᠯᠠᠭᠰᠠᠨ ᠯᠤᠤᠪᠠᠩ ᠠᠴᠠ ᠬᠦᠮᠦᠨ ᠤ ᠴᠢᠩ ᠰᠡᠳᠭᠢᠯ ᠢ ᠦᠵᠡᠵᠦ ᠭᠠᠷᠳᠠᠭ ᠠᠵᠠᠢ᠃               ᠲᠡᠭᠡᠵᠦ ᠪᠣᠳᠤᠭᠠᠳ᠂ ᠲᠡᠷᠡᠬᠦ ᠲᠠᠤᠯᠠᠢ ᠲᠠᠢ ᠠᠶᠢᠯ ᠳᠤ ᠵᠣᠯ ᠵᠢᠷᠭᠠᠯ ᠢᠶᠠᠨ ᠬᠤᠪᠢᠶᠠᠵᠤ ᠦᠯᠡᠳᠡᠭᠡᠭᠡᠳ ᠶᠠᠪᠤᠵᠠᠢ᠃                     ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ                ᠰᠢᠮᠠᠽᠠᠺᠢ ᠲᠤᠤᠰᠤᠨ ︵島崎藤村1872-1943︶᠂ ᠠᠯᠲᠠᠷᠲᠤ ᠢᠷᠠᠭᠤ ᠨᠠᠶᠢᠷᠠᠭᠴᠢ᠂ ᠵᠣᠬᠢᠶᠠᠯᠴᠢ᠃ ᠶᠠᠫᠥᠨ ᠤ ᠪᠠᠶᠢᠭᠠᠯᠢᠯᠢᠭ ᠤᠷᠠᠨ ᠵᠤᠬᠢᠶᠠᠯ ᠤᠨ ᠥᠨᠳᠦᠰᠦᠯᠡᠭᠴᠢ᠃ ᠬᠡᠦᠬᠡᠳ ᠤᠨ ᠤᠷᠠᠨ ᠵᠣᠬᠢᠶᠠᠯ ᠢᠶᠠᠷ ︽ᠨᠢᠳᠦᠨ ᠤ ᠰᠢᠯ︾ ︽ᠨᠤᠲᠤᠭ︾ ᠵᠡᠷᠭᠡ ᠲᠡᠭᠦᠪᠦᠷᠢ ᠲᠠᠢ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号