2030 ᠤᠨ ᠠᠴᠠ ᠡᠮᠤᠨ᠎ᠠ ᠬᠠᠶᠢᠨᠠᠨ ᠮᠤᠵᠢ ᠳᠤ ᠰᠢᠨ᠎ᠠ ᠡᠨᠧᠷᠬᠢ ᠶᠢᠨ ᠰᠤᠷᠪᠤᠯᠵᠢ ᠬᠡᠷᠡᠭᠡᠯᠡᠬᠦ ᠮᠠᠰᠢᠨ ᠲᠡᠷᠭᠡ ᠶᠢ ᠲᠦᠭᠡᠮᠡᠯᠵᠢᠬᠦᠯᠤᠨ᠎ᠠ
ᠨᠡᠶᠢᠲᠡᠯᠡᠭᠰᠡᠨ ᠴᠠᠭ᠄
2018/4/17
              ᠲᠤᠮᠳᠠᠳᠤ  ᠤᠯᠤᠰ   ᠤᠨ  ᠤᠷᠴᠢᠨ  ᠠᠬᠤᠢ   ᠶᠢᠨ  ᠰᠤᠨᠢᠨ   ᠤ  ᠬᠠᠶᠢᠺᠸᠤ   ᠶᠢᠨ  ᠮᠡᠳᠡᠭᠡ  ︵ᠲᠠᠳᠤᠯᠭ᠎ᠠ   ᠶᠢᠨ ᠰᠤᠷᠪᠤᠯᠵᠢᠯᠠᠭᠴᠢ ᠵᠸᠤ ᠬᠠᠢ ᠶᠠᠨ︶ ᠦᠢᠷ᠎ᠠ ᠳᠤ ᠶᠠᠪᠤᠭᠳᠠᠭᠰᠠᠨ ᠪᠦᠸᠧ ᠤᠤ   ᠶᠢᠨ  ᠠᠽᠢᠶ᠎ᠠ  ᠲᠢᠪ   ᠤᠨ  ᠶᠠᠷᠢᠯᠴᠠᠭᠠᠨ   ᠤ ᠲᠡᠪᠴᠠᠩ ᠤᠨ 2018 ᠤᠨ ᠤ ᠤᠨ ᠤ ᠬᠤᠷᠠᠯ ᠤᠨ《21 ᠳ᠋ᠤᠭᠡᠷ ᠵᠠᠭᠤᠨ ᠤ ᠲᠠᠯᠠᠢ ᠲᠡᠭᠡᠷᠡᠬᠢ ᠲᠤᠷᠭᠠᠨ ᠵᠠᠮ ᠤᠨ ᠠᠷᠠᠯ ᠬᠤᠶᠢᠭ ᠤᠨ ᠠᠵᠤ ᠠᠬᠤᠢ》 ᠶᠢᠨ ᠬᠤᠪᠢᠶᠠᠷᠢ ᠶᠠᠷᠢᠯᠴᠠᠭᠠᠨ ᠤ ᠲᠡᠪᠴᠡᠩ ᠲᠡᠭᠡᠷ᠎ᠡ᠂ ᠬᠠᠶᠢᠨᠠᠨ ᠮᠤᠵᠢ ᠶᠢᠨ  ᠲᠠᠷᠤᠭ᠎ᠠ  ᠱᠧᠨ ᠰᠢᠶᠤᠤ ᠮᠢᠩ ᠢᠯᠡᠷᠭᠡᠶᠢᠯᠡᠬᠦ ᠳᠡᠭᠡᠨ᠂ ᠬᠠᠶᠢᠨᠠᠨ ᠮᠤᠵᠢ ᠲᠦᠯᠤᠪᠯᠡᠭᠡ ᠪᠠᠷ 2030 ᠤᠨ ᠠᠴᠠ  ᠡᠮᠤᠨ᠎ᠠ  ᠪᠦᠬᠦ  ᠠᠷᠠᠯ   ᠢᠶᠠᠷ   ᠢᠶᠠᠨ ᠰᠢᠨ᠎ᠠ ᠡᠨᠧᠷᠬᠢ ᠶᠢᠨ ᠰᠤᠷᠪᠤᠯᠵᠢ  ᠶᠢᠨ ᠮᠠᠰᠢᠨ ᠲᠡᠷᠭᠡ ᠬᠡᠷᠡᠭᠯᠡᠬᠦ ᠶᠢ ᠪᠡᠶᠡᠯᠡᠬᠦᠯᠬᠦ ᠪᠠᠷ ᠪᠠᠶᠢᠨ᠎ᠠ ᠭᠡᠵᠠᠢ᠃               ᠱᠧᠨ ᠰᠢᠶᠤᠤ ᠮᠢᠩ ᠢᠯᠡᠷᠭᠡᠶᠢᠯᠡᠬᠦ ᠳᠡᠭᠡᠨ᠂ ᠬᠠᠶᠢᠨᠠᠨ  ᠮᠤᠵᠢ   ᠶᠢᠨ  ᠵᠠᠰᠠᠭ   ᠤᠨ  ᠤᠷᠳᠤᠨ  ᠦᠢᠷ᠎ᠠ   ᠳᠤ  ᠶᠠᠭ ᠢᠷᠡᠭᠡᠳᠤᠢ ᠶᠢᠨ ᠰᠢᠨ᠎ᠠ ᠡᠨᠧᠷᠬᠢ ᠶᠢᠨ ᠰᠤᠷᠪᠤᠯᠵᠢ ᠶᠢᠨ ᠮᠠᠰᠢᠨ  ᠲᠡᠷᠭᠡ   ᠶᠢ  ᠬᠠᠶᠢᠨᠠᠨ   ᠳᠤ  ᠬᠥᠭᠵᠢᠬᠦᠯᠬᠦ  ᠠᠰᠠᠭᠤᠳᠠᠯ   ᠢ ᠱᠠᠯᠠᠪᠳᠠᠨ ᠰᠤᠳᠤᠯᠵᠤ ᠪᠠᠶᠢᠨ᠎ᠠ᠂ ᠬᠠᠶᠢᠨᠠᠨ ᠮᠤᠵᠢ ᠰᠢᠨ᠎ᠠ ᠡᠨᠧᠷᠬᠢ ᠶᠢᠨ  ᠰᠤᠷᠪᠤᠯᠵᠢ   ᠶᠢᠨ  ᠮᠠᠰᠢᠨ  ᠲᠡᠷᠭᠡ   ᠶᠢᠨ  ᠲᠤᠬᠠᠢ ᠲᠦᠯᠤᠪᠵᠢᠬᠦᠯᠭᠡ ᠶᠢ ᠭᠠᠷᠭᠠᠵᠤ᠂ ᠲᠦᠯᠤᠪᠯᠡᠭᠡ ᠪᠠᠷ 2030 ᠤᠨ ᠠᠴᠠ ᠡᠮᠤᠨ᠎ᠠ ᠪᠦᠬᠦ ᠠᠷᠠᠯ ᠢᠶᠠᠷ ᠢᠶᠠᠨ ᠰᠢᠨ᠎ᠠ  ᠡᠨᠧᠷᠬᠢ ᠶᠢᠨ ᠰᠤᠷᠪᠤᠯᠵᠢ ᠶᠢᠨ ᠮᠠᠰᠢᠨ ᠲᠡᠷᠭᠡ ᠬᠡᠷᠡᠭᠯᠡᠬᠦ ᠶᠢ ᠪᠡᠶᠡᠯᠡᠬᠦᠯᠤᠨ᠎ᠠ᠂ ᠡᠬᠦᠨ ᠳᠤ ᠨᠢᠭᠡ ᠬᠡᠰᠡᠭ ᠰᠢᠳᠠᠮᠠᠬᠠᠢ  ᠬᠡᠢ   ᠶᠢᠨ  ᠮᠠᠰᠢᠨ ᠲᠡᠷᠭᠡ ᠪᠠᠭᠳᠠᠨ᠎ᠠ᠃ ᠪᠡᠶᠡᠯᠡᠬᠦᠯᠬᠦ  ᠠᠯᠬᠤᠮ  ᠲᠠᠷᠠᠭ᠎ᠠ  ᠬᠡᠪᠡᠯ  ᠵᠠᠰᠠᠭ   ᠤᠨ  ᠤᠷᠳᠤᠨ   ᠤ  ᠪᠠᠶᠢᠭᠤᠯᠤᠯᠭ᠎ᠠ  ᠤᠷᠢᠳ   ᠢᠶᠠᠷ ᠬᠡᠷᠡᠭᠵᠢᠬᠦᠯᠵᠤ᠂ ᠲᠠᠷᠠᠭ᠎ᠠ ᠨᠢ ᠨᠡᠶᠢᠳᠡ ᠶᠢᠨ ᠦᠢᠯᠡᠰ ᠲᠤ ᠬᠡᠷᠡᠭᠯᠡᠬᠦ ᠲᠡᠷᠭᠡ᠂ ᠵᠢᠱᠢᠶᠡᠯᠡᠪᠡᠯ  ᠨᠡᠶᠢᠳᠡ   ᠶᠢᠨ  ᠮᠠᠰᠢᠨ  ᠲᠡᠷᠭᠡ᠂ ᠲᠦᠷᠢᠶᠡᠰᠤᠨ ᠮᠠᠰᠢᠨ᠂ ᠤᠷᠴᠢᠨ ᠠᠬᠤᠢ ᠶᠢᠨ ᠬᠠᠮᠠᠭᠠᠯᠠᠯᠳᠠ ᠶᠢᠨ  ᠲᠡᠷᠭᠡ  ᠵᠡᠷᠭᠡ᠂  ᠭᠤᠷᠪᠠᠳᠤᠭᠠᠷ  ᠠᠯᠬᠤᠮ   ᠳᠤ  ᠬᠤᠪᠢ ᠬᠥᠮᠤᠨ ᠤ ᠮᠠᠰᠢᠨ ᠲᠡᠷᠭᠡ ᠳᠤ ᠬᠡᠷᠡᠭᠵᠢᠬᠦᠯᠤᠨ᠎ᠠ ᠭᠡᠵᠠᠢ᠃               ᠱᠧᠨ ᠰᠢᠶᠤᠤ ᠮᠢᠩ ᠬᠡᠯᠡᠬᠦ ᠳᠡᠭᠡᠨ᠂ ᠬᠠᠶᠢᠨᠠᠨ ᠮᠤᠵᠢ ᠰᠢᠨ᠎ᠠ ᠡᠨᠧᠷᠬᠢ ᠶᠢᠨ ᠰᠤᠷᠪᠤᠯᠵᠢ ᠶᠢᠨ  ᠮᠠᠰᠢᠨ  ᠲᠡᠷᠭᠡ   ᠶᠢ ᠲᠦᠭᠡᠮᠡᠯᠵᠢᠬᠦᠯᠬᠦ ᠲᠦᠰᠤᠯ ᠢ ᠬᠡᠷᠡᠭᠵᠢᠬᠦᠯᠬᠦ ᠪᠠᠷ ᠪᠠᠶᠢᠭ᠎ᠠ ᠪᠤᠯ ᠪᠤᠬᠢᠷᠳᠤᠯ ᠦᠭᠡᠢ ᠬᠥᠭᠵᠢᠯᠳᠡ ᠳᠠᠬᠢ  ᠬᠠᠶᠢᠨᠠᠨ  ᠮᠤᠵᠢ   ᠶᠢᠨ ᠬᠠᠷᠢᠭᠤᠴᠠᠯᠭ᠎ᠠ ᠪᠠᠨ ᠰᠡᠷᠡᠵᠤ ᠮᠡᠳᠡᠭᠰᠡᠨ ᠳᠤ ᠤᠷᠤᠰᠢᠨ᠎ᠠ᠂ ᠡᠬᠦᠨ ᠢᠶᠠᠷ ᠲᠡᠮᠵᠢᠭᠤᠯᠤᠨ ᠪᠦᠬᠦ ᠪᠦᠮᠪᠤᠷᠴᠡᠭ ᠤᠨ ᠠᠷᠠᠯ ᠬᠤᠶᠢᠭ ᠤᠨ ᠠᠵᠤ ᠠᠬᠤᠢ ᠶᠢᠨ ᠴᠤᠭᠴᠠ ᠶᠢᠨ ᠪᠤᠬᠢᠷᠳᠤᠯ ᠦᠭᠡᠢ ᠡᠨᠧᠷᠬᠢ ᠶᠢᠨ ᠰᠤᠷᠪᠤᠯᠵᠢ ᠶᠢ ᠬᠡᠷᠡᠭᠵᠢᠬᠦᠯᠬᠦ ᠲᠠᠯ᠎ᠠ   ᠪᠠᠷ  ᠦᠯᠢᠭᠡᠷ ᠵᠢᠱᠢᠶ᠎ᠡ ᠦᠵᠡᠬᠦᠯᠬᠦ ᠶᠢ ᠬᠥᠰᠡᠵᠤ ᠪᠠᠶᠢᠨ᠎ᠠ ᠭᠡᠵᠠᠢ᠃               ᠡᠨᠡ ᠵᠢᠯ ᠬᠠᠶᠢᠨᠠᠨ ᠮᠤᠵᠢ ᠰᠢᠨ᠎ᠠ ᠪᠠᠷ ᠨᠡᠮᠡᠭᠳᠡᠬᠦᠯᠬᠦ ᠪᠠ ᠰᠤᠯᠢᠬᠤ ᠨᠡᠶᠢᠳᠡ ᠶᠢᠨ ᠮᠠᠰᠢᠨ ᠲᠡᠷᠭᠡ ᠳᠤ ᠡᠵᠡᠯᠡᠬᠦ ᠰᠢᠨ᠎ᠠ ᠡᠨᠧᠷᠬᠢ ᠶᠢᠨ ᠰᠤᠷᠪᠤᠯᠵᠢ ᠶᠢᠨ ᠮᠠᠰᠢᠨ ᠲᠡᠷᠭᠡ ᠶᠢᠨ ᠬᠠᠷᠢᠴᠠᠯ ᠢ 70% ᠠᠴᠠ ᠲᠤᠤᠷ᠎ᠠ ᠦᠭᠡᠢ  ᠪᠠᠶᠢᠯᠭᠠᠬᠤ   ᠶᠢ  ᠴᠢᠷᠮᠠᠶᠢᠨ ᠪᠡᠶᠡᠯᠡᠬᠦᠯᠵᠤ᠂ ᠤᠯᠠᠨ ᠨᠡᠶᠢᠳᠡ ᠶᠢᠨ ᠪᠠᠶᠢᠭᠤᠯᠤᠮᠵᠢ ᠶᠢᠨ ᠰᠢᠨ᠎ᠠ ᠪᠠᠷ ᠨᠡᠮᠡᠭᠳᠡᠬᠦᠯᠬᠦ  ᠪᠤᠶᠤ  ᠰᠤᠯᠢᠬᠤ  ᠲᠡᠷᠭᠡ  ᠬᠥᠰᠭᠡ   ᠳᠤ ᠵᠠᠷᠴᠢᠮ ᠲᠡᠭᠡᠷ᠎ᠡ ᠪᠠᠨ ᠰᠢᠨ᠎ᠠ ᠡᠨᠧᠷᠬᠢ ᠶᠢᠨ ᠰᠤᠷᠪᠤᠯᠵᠢ ᠶᠢᠨ ᠮᠠᠰᠢᠨ ᠲᠡᠷᠭᠡ ᠶᠢ ᠬᠡᠷᠡᠭᠯᠠᠨ᠎ᠠ᠃ ᠵᠢᠱᠢᠯᠳᠡ ᠪᠠᠷ ᠪᠦᠬᠦ ᠵᠢᠯ   ᠳᠤ ᠰᠢᠨ᠎ᠠ ᠡᠨᠧᠷᠬᠢ ᠶᠢᠨ ᠰᠤᠷᠪᠤᠯᠵᠢ ᠶᠢᠨ ᠮᠠᠰᠢᠨ ᠲᠡᠷᠭᠡ ᠶᠢ 5600 ᠲᠡᠯᠭᠡᠷᠡᠬᠦᠯᠵᠤ᠂  ᠲᠠᠷᠬᠠᠮᠠᠯ  ᠬᠡᠯᠪᠡᠷᠢ   ᠶᠢᠨ  ᠴᠠᠬᠢᠯᠭᠠᠨ ᠴᠡᠨᠡᠭᠯᠡᠬᠦ ᠱᠤᠩ ᠢ 10424 ᠪᠠᠶᠢᠭᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号