| | —— ᠪ᠊ · ᠪᠤᠶᠠᠨᠬᠡᠰᠢᠭ | | | | ᠬᠡᠤᠬᠡᠳ ᠤᠨ ᠠᠰᠠᠭᠤᠯᠳᠠ ᠭᠡᠵᠦ ᠭᠡᠭᠡᠨ ᠲᠤᠩᠭᠠᠯᠠᠭ ᠵᠦᠭ ᠲᠤ ᠤᠷᠭᠤᠨ ᠲᠡᠮᠡᠤᠯᠬᠦ ᠡᠪᠡᠰᠦ ᠴᠡᠴᠡᠭ ᠶᠤᠮ | ᠰᠢᠭ᠂ ᠵᠡᠭᠦᠳᠦᠨ ᠠᠴᠠ ᠰᠡᠷᠡᠬᠦ ᠳᠡᠭᠡᠨ ᠰᠤᠨᠢᠶᠠᠵᠦ ᠰᠤᠩᠭᠠᠬᠤ ᠬᠦᠭᠡᠷᠦᠬᠦᠨ ᠭᠠᠷ ᠴᠦ ᠶᠤᠮ ᠰᠢᠭ᠋ ᠠᠶ᠎ᠠ ᠲᠠᠪᠠ ᠪᠠᠷ | ᠢᠶᠠᠨ ᠪᠠᠶᠢᠳᠠᠭ᠃ ᠶᠠᠫᠤᠨ ᠤ ᠰᠢᠯᠦᠭᠴᠢ ᠺᠠᠨᠧᠺᠤ ᠮᠢᠰᠦ᠋ᠽᠦ ︽ᠲᠡᠯᠡᠭᠡᠢ ᠪᠤᠷᠬᠠᠨ ᠤ ᠳᠤᠲᠤᠷ᠎ᠠ ᠁ ᠪᠤᠷᠬᠠᠨ | ᠬᠦᠭᠡᠷᠦᠬᠦᠨ ᠵᠦᠭᠡᠢ ᠶᠢᠨ ᠲᠤᠳᠤᠷ᠎ᠠ︾ ᠭᠡᠵᠦ ᠪᠢᠴᠢᠭᠰᠡᠨᠴᠢᠯᠡᠨ ᠬᠡᠤᠬᠡᠳ ᠤᠨ ᠰᠡᠳᠬᠢᠯ ᠳᠤ ᠭᠠᠶᠢᠬᠠᠮᠰᠢᠭ ᠢᠶᠠᠷ | ᠲᠦᠬᠦᠷᠦᠭᠰᠡᠨ ᠬᠤᠷᠸ᠎ᠠ ᠪᠠᠭᠳᠠᠳᠠᠭ ᠪᠦᠭᠡᠳ ᠲᠡᠷᠡᠨ ᠢ ᠨᠢ ︽ᠪᠤᠷᠬᠠᠨ ᠤ ᠲᠤᠮᠢᠯᠠᠯᠳᠠ︾ ᠪᠠᠷ ᠢᠷᠡᠭᠰᠡᠨ | ᠬᠡᠮᠡᠭᠳᠡᠳᠡᠭ ᠬᠡᠤᠬᠡᠳ ᠤᠨ ᠵᠤᠬᠢᠶᠠᠯᠴᠢᠳ ᠠᠶᠠᠳᠠᠶᠢᠬᠠᠨ ᠲᠠᠶᠢᠯᠵᠦ ᠨᠡᠭᠡᠭᠡᠳᠡᠭ ᠪᠢᠯᠡ᠃ | ᠺᠠᠨᠧᠺᠤ ᠮᠢᠰᠦ᠋ᠽᠦ ᠬᠤᠷᠸ᠎ᠠ ᠳᠤ ᠬᠤᠷᠢᠨ ᠵᠢᠷᠭᠤᠭᠠᠬᠠᠨ ᠵᠢᠯ ᠰᠠᠭᠠᠳᠠᠵᠦ᠂ ᠦᠨᠢ ᠮᠦᠩᠭᠡ ᠶᠢᠨ ᠨᠠᠷᠠᠳᠤ | ᠶᠢᠨ ᠵᠠᠢ ᠶᠢ ᠠᠭᠱᠠᠨ ᠵᠠᠭᠤᠷ᠎ᠠ ᠶᠢᠨ ᠭᠢᠯᠪᠡᠭᠡᠨ ᠰᠢᠭ ᠵᠢᠷᠤᠵᠦ ᠤᠳᠬᠤ ᠳᠠᠭᠠᠨ ᠠᠮᠢᠳᠤᠷᠠᠯ ᠤᠨ ᠢᠶᠠᠨ ᠰᠡᠬᠦᠯᠴᠢ | ᠶᠢᠨ ᠵᠢᠷᠭᠤᠭᠠᠨ ᠵᠢᠯ ᠳᠤ ᠲᠠᠪᠤᠨ ᠵᠠᠭᠤᠭᠠᠳ ᠬᠡᠤᠬᠡᠳ ᠤᠨ ᠰᠢᠯᠦᠭ ᠪᠢᠴᠢᠭᠰᠡᠨ ᠨᠢ ᠦᠨᠡᠭᠡᠷ ᠨᠢᠭᠡᠨ ᠭᠠᠶᠢᠬᠠᠮᠰᠢᠭ | ᠶᠤᠮ᠃ ᠠᠮᠢᠳᠤ ᠰᠡᠷᠡᠬᠦᠨ ᠪᠠᠶᠢᠬᠤ ᠳᠠᠭᠠᠨ ᠰᠢᠯᠦᠭ ᠤᠨ ᠨᠤᠮ ᠳᠡᠬᠦᠪᠦᠷᠢ ᠪᠠᠨ ᠬᠡᠪᠯᠡᠬᠦᠯᠵᠦ ᠠᠮᠵᠢᠭ᠎ᠠ ᠦᠭᠡᠢ | ᠳᠡᠬᠦᠨ ᠤ ᠪᠦᠷᠢᠨ ᠳᠡᠭᠦᠪᠦᠷᠢ ᠶᠢ ᠨᠠᠰᠤᠨ ᠦᠭᠡᠳᠡ ᠪᠤᠯᠤᠭᠰᠠᠨ ᠤ ᠬᠢᠨᠢ 54 ᠵᠢᠯ ᠤᠨ ᠲᠠᠷᠠᠭ᠎ᠠ ᠪᠤᠶᠤ 1984 | ᠤᠨ ᠳᠤ ᠬᠡᠪᠯᠡᠬᠦᠯᠦᠭᠰᠡᠨ ᠪᠠᠶᠢᠵᠠᠢ᠃ 2011 ᠤᠨ ᠳᠤ ᠶᠠᠫᠤᠨ ᠤ ᠵᠡᠬᠦᠨ ᠬᠤᠶᠢᠳᠦ ᠶᠢᠨ ᠪᠦᠰᠡ ᠨᠤᠲᠤᠭ ᠲᠤ | ᠡᠬᠦᠰᠦᠭᠰᠡᠨ ᠶᠡᠭᠡ ᠭᠠᠵᠠᠷ ᠬᠦᠳᠡᠯᠦᠯᠳᠡ ᠬᠢᠭᠡᠳ ᠼᠦᠨᠠᠮᠢ ᠶᠢᠨ ᠲᠠᠷᠠᠭ᠎ᠠ ᠶᠠᠫᠤᠨ ᠤ ᠤᠩᠰᠢᠭᠴᠢᠳ ᠳᠡᠬᠦᠨ ᠤ | ᠪᠦᠲᠦᠭᠡᠯ ᠳᠤ ᠰᠡᠳᠬᠢᠯ ᠤᠨ ᠰᠢᠨᠠᠯᠤᠯ ᠢ ᠠᠨᠠᠭᠠᠬᠤ ᠰᠢᠳᠢ ᠬᠦᠴᠦᠨ ᠪᠤᠢ ᠭᠡᠳᠡᠭ ᠢ ᠭᠡᠨᠡᠳᠳᠡ ᠤᠬᠠᠭᠠᠷᠠᠵᠦ | ᠮᠡᠳᠡᠷᠡᠭᠰᠡᠨ ᠪᠠᠶᠢᠵᠦ᠂ ᠪᠠᠷᠤᠭ ᠯᠠ ᠤᠯᠤᠰ ᠲᠠᠶᠠᠭᠠᠷ ᠢᠶᠠᠨ ᠺᠠᠨᠧᠺᠤ ᠮᠢᠰᠦ᠋ᠽᠦ ᠶᠢᠨ ᠰᠢᠯᠦᠭ ᠤᠳ ᠢ ᠰᠢᠲᠦᠨ | ᠤᠩᠰᠢᠵᠠᠭᠠᠭᠰᠠᠨ ᠭᠡᠳᠡᠭ ᠮᠡᠳᠡᠭᠡᠯᠡᠯ ᠪᠠᠶᠢᠳᠠᠭ᠃ ᠵᠢᠷᠦᠬᠡ ᠰᠡᠳᠬᠢᠯ ᠢ ᠭᠡᠭᠡᠷᠡᠬᠦᠯᠦᠨ ᠠᠷᠢᠭᠤᠰᠬᠠᠬᠤ ᠬᠦᠴᠦᠨ | ᠳᠡᠬᠦᠯᠳᠡᠷ ᠰᠢᠯᠦᠭ ᠤᠳ ᠢ ᠨᠢ ᠬᠦᠮᠦᠨ ᠪᠢᠳᠡ ᠪᠠᠶᠢᠳᠤᠭᠠᠢ᠂ ᠤᠷᠭᠤᠮᠠᠯ ᠠᠮᠢᠳᠠᠨ᠂ ᠬᠠᠳᠠ ᠴᠢᠯᠠᠭᠤᠳ | ᠤᠩᠰᠢᠭᠰᠠᠨ ᠴᠦ ᠤᠶᠠᠷᠠᠨ ᠲᠠᠶᠢᠳᠬᠤᠷᠠᠳᠠᠭ ᠪᠠᠶᠢᠬ᠎ᠠ ᠬᠡᠮᠡᠨ ᠪᠢ ᠪᠤᠳᠤᠳᠠᠭ ᠰᠠᠨ᠃ | ︽ᠭᠠᠶᠢᠬᠠᠯᠳᠠᠢ︾ ᠭᠡᠬᠦ ᠰᠢᠯᠦᠭ ᠲᠡᠭᠡᠨ ᠲᠡᠷᠡ ᠪᠠᠷᠠᠭᠠᠨ ᠡᠬᠦᠯᠡᠨ ᠠᠴᠠ ᠤᠷᠤᠬᠤ ᠪᠤᠷᠤᠭᠠᠨ ᠶᠠᠭᠠᠬᠢᠭᠠᠳ | ᠮᠦᠩᠭᠦᠨ ᠳᠤ ᠠᠳᠠᠯᠢ ᠴᠠᠶᠢᠷᠠᠳᠠᠭ ᠪᠤᠢ᠂ ᠢᠯᠠᠮ᠎ᠠ ᠶᠢᠨ ᠮᠤᠳᠤᠨ ᠤ ᠨᠤᠭᠤᠭᠠᠨ ᠨᠠᠪᠴᠢ ᠢᠳᠡᠳᠡᠭ ᠬᠦᠷᠢ | ᠶᠠᠭᠠᠬᠢᠭᠠᠳ ᠲᠤᠩ ᠴᠠᠭᠠᠨ ᠪᠤᠯᠳᠠᠭ ᠪᠤᠢ᠂ ᠬᠡᠨ ᠤ ᠴᠦ ᠭᠠᠷ ᠬᠦᠷᠦᠭᠡ ᠦᠭᠡᠢ ᠬᠤᠯᠤᠨ ᠴᠡᠴᠡᠭ ᠶᠠᠭᠠᠬᠢᠭᠠᠳ | ᠦᠪᠡᠷ ᠢᠶᠠᠨ ᠲᠡᠯᠭᠡᠷᠡᠳᠡᠭ ᠪᠤᠢ ᠭᠡᠬᠦ ᠭᠤᠷᠪᠠᠨ ︽ᠭᠠᠶᠢᠬᠠᠯᠳᠠᠢ︾ ᠦᠵᠡᠭᠳᠡᠯ ᠢ ᠪᠢᠴᠢᠳᠡᠭ ᠪᠦᠭᠡᠳ ᠡᠳᠡᠭᠡᠷ ᠤᠨ | ᠤᠴᠢᠷ ᠰᠢᠯᠳᠠᠭᠠᠨ ᠢ ︽ᠬᠡᠨ ᠠᠴᠠ ᠨᠢ ᠠᠰᠠᠭᠤᠭᠰᠠᠨ ᠴᠦ ᠪᠦᠷ ᠯᠡ ᠢᠨᠢᠶᠡᠭᠡᠳ ᠶᠠᠷᠢᠶᠠᠨ ᠦᠭᠡᠢ ᠳᠡᠶᠢᠮᠦ ᠰᠢᠦ | ᠭᠡᠳᠡᠭ ᠨᠢ ᠭᠠᠶᠢᠬᠠᠯᠳᠠᠢ︾ ᠬᠡᠮᠡᠨ ᠡᠨᠡ ᠰᠢᠯᠦᠭ ᠢᠶᠠᠨ ᠳᠡᠭᠦᠰᠭᠡᠳᠡᠭ᠃ ᠡᠨᠡ ᠪᠤᠯ ︽ᠮᠡᠳᠡᠯᠭᠡ︾ ᠠᠴᠠ ᠲᠠᠪᠠᠭᠰᠠᠨ | ᠤᠩᠭᠤᠳ ᠪᠢᠯᠢᠭ ᠤᠨ ᠠᠰᠠᠭᠤᠯᠳᠠ ᠶᠤᠮ᠃ ᠲᠤᠮᠤᠴᠤᠤᠯ ᠳᠤ ︽ᠶᠠᠷᠢᠶᠠᠨ ᠦᠭᠡᠢ ᠳᠡᠶᠢᠮᠦ ᠰᠢᠦ︾ ᠭᠡᠵᠦ | ᠪᠤᠳᠤᠭᠳᠠᠳᠠᠭ ᠶᠡᠷᠦ ᠶᠢᠨ ᠵᠦᠢᠯᠡᠰ ᠨᠢ ᠪᠦᠷ ᠬᠡᠤᠬᠡᠳ ᠤᠨ ᠪᠤᠳᠤᠯ ᠳᠤ ᠠᠭᠤᠳᠠᠯᠤᠨ ᠨᠡᠭᠡᠭᠡᠭᠡᠳ ᠲᠠᠭᠤᠰᠤᠰᠢ | ᠦᠭᠡᠢ ᠨᠢᠭᠤᠴᠠ ᠲᠠᠢ ᠪᠠᠶᠢᠵᠦ᠂ ᠤᠷᠮ᠎ᠠ ᠰᠤᠨᠢᠷᠬᠠᠯ ᠢ ᠨᠢ ᠬᠦᠭᠵᠢᠭᠡᠨ ᠬᠦᠲᠦᠯᠳᠡᠭ᠃ ᠪᠠᠭᠰᠢ ᠨᠠᠷ ᠬᠡᠤᠬᠡᠳ ᠤᠳ | ᠤᠨ ᠠᠰᠠᠭᠤᠯᠳᠠ ᠳᠤ ᠲᠠᠷᠤᠭᠳᠠᠯᠠ ᠭᠡᠳᠡᠭ ᠨᠢ ᠶᠠᠭ ᠯᠠ ᠡᠭᠦᠨ ᠢ ᠬᠡᠯᠡᠵᠦ ᠪᠠᠶᠢᠭ᠎ᠠ ᠶᠤᠮ᠃ | ᠴᠢᠯᠢ ᠶᠢᠨ ᠰᠢᠯᠦᠭᠴᠢ ᠫᠠᠪᠯᠤ᠋ · ᠨᠧᠷᠦᠳᠠ ᠴᠦ ᠦᠪᠡᠷ ᠠᠴᠠ ᠪᠠᠨ ᠠᠰᠠᠭᠤᠵᠦ ᠪᠠᠶᠢᠭ᠎ᠠ ᠶᠤᠮ ᠰᠢᠭ᠋᠂ | ᠬᠠᠮᠤᠭ ᠢ ᠪᠦᠲᠦᠭᠡᠭᠴᠢ ᠠᠴᠠ ᠠᠰᠠᠭᠤᠵᠦ ᠪᠠᠶᠢᠭ᠎ᠠ ᠴᠦ ᠶᠤᠮ ᠰᠢᠭ᠋ 316 ︽ᠲᠡᠨᠡᠭ︾ ᠠᠰᠠᠭᠤᠯᠳᠠ ᠪᠠᠷ | ᠪᠦᠷᠢᠯᠳᠦᠭᠰᠡᠨ ︽ᠠᠰᠠᠭᠤᠯᠳᠠ︾ ᠬᠡᠮᠡᠬᠦ ᠰᠢᠯᠦᠭ ᠤᠨ ᠳᠡᠬᠦᠪᠦᠷᠢ ᠲᠠᠢ — ᠨᠧᠷᠤᠳᠠ ᠪᠠᠷᠤᠭ ᠦᠳᠡᠯᠦᠭᠡ ᠨᠠᠰᠤᠨ | ᠳᠠᠭᠠᠨ ᠠᠰᠠᠭᠤᠯᠳᠠ ᠪᠠᠷ ᠠᠮᠢᠳᠤᠷᠠᠭᠰᠠᠨ ᠴᠦ ᠶᠤᠮ ᠤᠤ ᠬᠡᠮᠡᠨ ᠰᠠᠨᠠᠭᠳᠠᠭᠤᠯᠬᠤ ᠡᠨᠡ ᠨᠤᠮ ᠤᠨ ᠬᠢᠨᠢ ︽ᠰᠠᠷᠠᠨᠠᠢ | ᠨᠡᠭᠡᠷᠡᠨ ᠨᠢᠴᠦᠬᠦᠨ ᠶᠤᠮ ᠤᠤ︖ ᠡᠰᠡᠬᠦᠯ᠎ᠡ ᠰᠠᠷᠠᠨᠠᠢ ᠠᠴᠠ ᠪᠠᠨ ᠦᠭᠡᠷ᠎ᠡ ᠬᠤᠪᠴᠠᠰᠤ ᠦᠭᠡᠢ ᠶᠤᠮ ᠤᠤ︖︾ | ᠭᠡᠳᠡᠭ ᠭᠠᠭᠴᠠ ᠪᠠᠳᠠᠭ ᠠᠴᠠ ᠨᠢ ᠲᠦᠰᠦᠭᠡᠯᠡᠭᠰᠡᠨ ᠴᠦ ᠭᠠᠶᠢᠬᠠᠯᠳᠠᠢ ᠬᠤᠷᠸ᠎ᠠ ᠳᠡᠬᠦᠨ ᠢ ᠦᠳᠡᠯᠦᠬᠦᠯᠦᠭᠰᠡᠨ ᠪᠢᠰᠢ | ᠂ ᠤᠯᠠᠮ ᠨᠢᠯᠬᠠᠷᠠᠭᠤᠯᠤᠭᠰᠠᠨ ᠶᠤᠮ ᠪᠠᠶᠢᠵᠠᠢ ᠡ ᠭᠡᠵᠦ ᠪᠤᠳᠤᠭᠳᠠᠭᠤᠯᠬᠤ ᠠᠵᠢ᠃ ᠮᠡᠳᠡᠭᠡᠵᠢ᠂ ᠡᠶᠢᠮᠦᠷᠬᠦᠦ | ᠠᠰᠠᠭᠤᠯᠳᠠ ᠨᠤᠭᠤᠳ ᠨᠢ ᠬᠡᠤᠬᠡᠳ ᠤᠨ ᠬᠢ ᠮᠦᠷᠳᠡᠭᠡᠨ ᠬᠦᠨ ᠤᠬᠠᠭᠠᠨ ᠤ ᠬᠢ ᠶᠤᠮ᠃ | ᠺᠠᠨᠧᠺᠤ ᠮᠢᠰᠦ᠋ᠽᠦ ᠶᠢᠨ ︽ᠴᠠᠰᠤᠨ ᠳᠤ︾ ᠭᠡᠬᠦ ᠰᠢᠯᠦᠭ ᠨᠢ ︽ᠳᠠᠯᠠᠢ ᠳᠤ ᠤᠷᠤᠬᠤ ᠴᠠᠰᠤ ᠳᠠᠯᠠᠢ | ᠪᠤᠯᠤᠨ᠎ᠠ ᠭᠤᠳᠤᠮᠵᠢᠨ ᠳᠤ ᠤᠷᠤᠬᠤ ᠴᠠᠰᠤ ᠰᠢᠪᠠᠷ ᠪᠤᠯᠤᠨ᠎ᠠ ᠠᠭᠤᠯᠠᠨ ᠳᠤ ᠤᠷᠤᠬᠤ ᠴᠠᠰᠤ ᠴᠠᠰᠤ ᠬᠡᠪ ᠢᠶᠠᠷ ᠶᠢᠨ | ᠲᠡᠭᠷᠢ ᠳᠡᠭᠡᠨ ᠪᠠᠶᠢᠭ᠎ᠠ ᠴᠠᠰᠤ ᠴᠢ ᠲᠡᠭᠡᠪᠡᠯ ᠠᠯᠢᠨ ᠳᠤᠨᠢ ᠲᠤᠷᠠᠳᠠᠢ ᠶᠤᠮ ᠪᠤᠢ︾ ᠬᠡᠮᠡᠬᠦ ᠲᠠᠪᠤᠬᠠᠨ ᠮᠦᠷ ᠠᠴᠠ | ᠪᠦᠲᠦᠭᠰᠡᠨ᠃ ᠦᠭᠭᠦᠭᠳᠡᠭᠰᠡᠨ ᠡᠨᠡ ᠭᠤᠷᠪᠠᠨ ᠬᠠᠷᠢᠭᠤᠯᠳᠠ ᠠᠴᠠ ᠠᠯᠢ ᠨᠢᠭᠡ ᠶᠢ ᠨᠢ ᠰᠤᠩᠭᠤᠬᠤ ᠤᠤ︖ ᠲᠡᠭᠷᠢ | ᠳᠡᠭᠡᠨ ᠪᠠᠶᠢᠭᠠᠳ ᠯᠠ ᠪᠠᠶᠢᠬᠤ ᠤᠤ︖ ᠠᠯᠢ ᠡᠰᠡᠬᠦᠯ᠎ᠡ ᠡᠭᠦᠨ ᠠᠴᠠ ᠴᠠᠭᠠᠰᠢ ᠰᠤᠩᠭᠤᠬᠤ ᠪᠤᠯᠤᠮᠵᠢ ᠪᠠᠶᠢᠨ᠎ᠠ ᠤᠤ︖ | ᠭᠡᠬᠦ ᠳᠤ ᠲᠤᠳᠤᠷᠬᠠᠢ ᠬᠠᠷᠢᠭᠤᠯᠳᠠ ᠨᠢ ᠠᠯᠠᠭ᠎ᠠ᠃ ᠬᠠᠷᠢᠭᠤᠯᠳᠠ ᠠᠯᠠᠭ᠎ᠠ ᠪᠤᠯᠬᠤᠷ ᠢᠶᠠᠨ ᠢᠯᠡᠬᠦᠦ ᠭᠤᠶᠤ | ᠰᠠᠨᠠᠭᠳᠠᠭᠤᠯᠳᠠᠭ ᠠᠰᠠᠭᠤᠯᠳᠠ ᠵᠦᠩᠳᠡᠭᠡᠨ ᠪᠠᠶᠢᠳᠠᠭ ᠨᠢ ᠰᠢᠯᠦᠭ ᠤᠨ ᠶᠢᠷᠲᠢᠨᠴᠦ ᠶᠤᠮ᠃ | ︽ᠰᠡᠳᠬᠢᠯ︾ ᠭᠡᠳᠡᠭ ᠰᠢᠯᠦᠭ ᠲᠡᠭᠡᠨ ᠲᠡᠷᠡ ︽ᠦᠪᠡᠷ︾ ᠤᠨ ᠰᠡᠳᠬᠢᠯ ᠢᠶᠠᠨ ᠡᠵᠢ ᠶᠢᠨ ᠢᠶᠠᠨ ᠰᠡᠳᠬᠢᠯ | ᠠᠴᠠ ᠲᠤᠮᠤ ᠭᠡᠵᠦ ᠪᠢᠴᠢᠳᠡᠭ᠃ ᠶᠠᠭᠠᠬᠢᠭᠠᠳ ᠭᠡᠬᠦ ᠳᠤ ᠡᠵᠢ ᠶᠢᠨ ᠬᠢᠨᠢ ᠰᠡᠳᠬᠢᠯ ᠵᠢᠭᠠᠬᠠᠨ ︽ᠦᠪᠡᠷ︾ ᠢᠶᠠᠷ ᠨᠢ | ᠲᠦᠬᠦᠷᠴᠢᠭᠡᠳᠡᠭ ᠪᠠᠶᠢᠬᠤ ᠳᠤ᠂ ︽ᠦᠪᠡᠷ︾ ᠤᠨ ᠬᠢᠨᠢ ᠰᠡᠳᠬᠢᠯ ᠬᠠᠷᠢᠨ ᠲᠤᠮᠤ ᠡᠵᠢ ᠪᠠᠷ ᠢᠶᠠᠨ ᠴᠦ ᠲᠦᠬᠦᠷᠳᠡᠭ | ᠦᠭᠡᠢ᠂ ᠪᠠᠰᠠ ᠵᠦᠢᠯ ᠤᠨ ᠤᠯᠠᠨ ᠢ ᠤᠷᠭᠤᠭᠤᠯᠤᠨ ᠪᠤᠳᠤᠳᠠᠭ ᠶᠤᠮ ᠪᠠᠶᠢᠵᠠᠢ᠃ ᠡᠶᠢᠮᠦ ︽ᠲᠤᠮᠤ ᠰᠡᠳᠬᠢᠯ︾ | ᠲᠠᠢ ᠤᠴᠢᠷ ᠠᠴᠠ ᠬᠡᠤᠬᠡᠳ ᠤᠳ ᠬᠤᠷᠸ᠎ᠠ ᠶᠢ ᠲᠠᠶᠢᠯᠵᠦ ᠨᠡᠭᠡᠭᠡᠬᠦ ᠦᠯᠡᠮᠵᠢ ᠤᠯᠠᠨ ᠠᠰᠠᠭᠤᠯᠳᠠ ᠶᠢᠨ ᠬᠠᠮᠳᠤ | ᠦᠰᠦᠨ ᠪᠤᠶᠢᠵᠢᠵᠦ᠂ ︽ᠶᠠᠷᠢᠶᠠᠨ ᠦᠭᠡᠢ ᠳᠡᠶᠢᠮᠦ ᠰᠢᠦ︾ ᠭᠡᠳᠡᠭ ᠨᠠᠰᠤᠨ ᠳᠤ ᠬᠦᠷᠳᠡᠭ ᠤᠴᠢᠷᠲᠠᠢ ᠪᠢᠯᠡ᠃ ︵ | ︽ᠲᠤᠮᠳᠠᠳᠤ ᠶᠢᠨ ᠦᠨᠳᠦᠰᠦᠳᠡᠨ︾ 2018.1︶ | |