ᠦᠷᠡᠭᠳᠡᠭᠰᠡᠨ ᠪᠠᠭᠠᠳᠤᠷ — ᠴᠠᠬᠠᠷ ᠡᠷ᠎ᠡ ᠬᠦᠷᠡᠯᠳᠤᠭᠤᠷ ᠢ ᠲᠤᠷᠠᠰᠬᠤ ᠨᠢ
ᠨᠡᠶᠢᠲᠡᠯᠡᠭᠰᠡᠨ ᠴᠠᠭ᠄
2018/3/22
                      — ᠭᠤ᠂ ᠬᠠᠰᠪᠠᠭᠠᠳᠤᠷ                             ᠬᠦᠷᠡᠯᠳᠤᠭᠠᠷ᠂ ᠮᠠᠯᠴᠢᠨ ᠠᠴᠠ ᠪᠠᠨ ᠫᠤᠤ ᠡᠬᠦᠷᠦᠭᠰᠡᠨ ᠴᠡᠷᠢᠭ ᠪᠤᠯᠤᠭᠰᠠᠨ ᠨᠢ᠄ ᠴᠡᠩᠭᠡᠯᠳᠦ ᠪᠠᠭᠰᠢ ᠺᠠᠶᠢᠯᠦ ᠶᠢᠨ ᠰᠤᠷᠭᠠᠭᠤᠯᠢ ᠠᠴᠠ ᠬᠠᠷᠢᠵᠦ ᠢᠷᠡᠭᠡᠳ ᠮᠠᠯ ᠢᠶᠠᠨ ᠮᠠᠯᠵᠢᠵᠦ ᠪᠠᠶᠢᠭᠰᠠᠨ ᠵᠢᠯ ᠤᠳ ᠲᠤ ᠪᠢᠯᠡ᠃ ᠪᠠᠶᠠᠨᠵᠢᠷᠦᠭᠡ ᠤᠪᠤᠭ᠎ᠠ ᠶᠢᠨ ᠲᠠᠬᠢᠯᠭ᠎ᠠ ᠶᠢᠨ ᠨᠠᠶᠢᠷ ᠲᠡᠭᠡᠷ᠎ᠡ ︽ᠴᠡᠷᠢᠭ ᠡᠯᠰᠡᠵᠦ ᠪᠠᠶᠢᠨ᠎ᠠ︾ ᠭᠡᠰᠡᠨ ᠴᠢᠮᠡᠭᠡ ᠴᠤᠤᠷᠢᠶᠠᠳᠤᠬᠤ ᠳᠤ ᠤᠯᠠᠨ ᠵᠠᠯᠠᠭᠤᠴᠦᠳ ᠨᠡᠷ᠎ᠡ ᠮᠡᠳᠡᠬᠦᠯᠦᠭᠰᠡᠨ ᠭᠡᠨ᠎ᠡ᠃ ᠴᠡᠩᠭᠡᠯᠳᠦ᠄ ᠨᠤᠭᠤᠨ ᠬᠦᠪᠡᠬᠦᠨ ᠨᠤᠳᠤᠭ ᠢᠶᠠᠨ ᠰᠠᠬᠢᠳᠠᠭ ᠭᠡᠬᠦ ᠳᠤ ᠡᠷ᠎ᠡ ᠪᠤᠰᠤᠭ᠎ᠠ ᠬᠦᠮᠦᠨ ᠪᠠᠶᠢᠭᠠᠳ ᠲᠤᠭᠤᠯ ᠤᠨ ᠪᠡᠯᠴᠢᠭᠡᠷ ᠠᠴᠠ ᠪᠠᠨ ᠬᠤᠯᠠᠳᠠᠯ ᠦᠭᠡᠢ ᠭᠡᠷ ᠤᠨ ᠮᠤᠬᠤᠷ ᠰᠠᠬᠢᠨ ᠰᠠᠭᠤᠵᠦ ᠶᠠᠭᠠᠬᠢᠮᠤᠢ᠃ ᠫᠤᠤ ᠡᠬᠦᠷᠴᠦ ᠴᠡᠶᠢᠭ ᠠᠩᠬᠢ ᠶᠢᠨ ᠡᠩᠨᠡᠭᠡᠨ ᠤ ᠡᠮᠦᠨ᠎ᠡ ᠬᠤᠰᠢᠭᠤᠴᠢᠯᠠᠵᠦ ᠨᠤᠳᠤᠭ ᠤᠰᠦ ᠪᠠᠨ ᠬᠠᠮᠠᠭᠠᠯᠠᠵᠦ ᠶᠠᠪᠤᠬᠤ ᠨᠢ ᠦᠩᠭᠡ ᠭᠡᠷᠡᠯᠳᠡᠢ ᠠᠷᠢᠭᠤᠨ ᠦᠢᠯᠡᠰ ᠪᠤᠯᠠᠢ ᠭᠡᠮᠡᠨ ᠴᠡᠷᠢᠭ ᠡᠯᠰᠡᠬᠦ ᠭᠠᠵᠠᠷ ᠲᠤ ᠨᠡᠷ᠎ᠡ ᠤᠰᠦ ᠪᠠᠨ ᠮᠡᠳᠡᠬᠦᠯᠵᠡᠢ᠃ ᠪᠤᠮᠪᠠᠳᠠᠢ ᠠᠶᠢᠯ ᠠᠴᠠ ᠴᠡᠩᠭᠡᠯᠳᠦ᠂ ᠬᠦᠷᠡᠯᠳᠤᠭᠠᠷ᠂ ᠲᠠᠷᠢᠵᠠᠪ ᠵᠡᠷᠭᠡ ᠭᠤᠷᠪᠠᠨ ᠬᠦᠮᠦᠨ ᠢ ᠴᠡᠷᠢᠭ ᠲᠤ ᠡᠯᠰᠡᠵᠡᠢ᠃ ᠴᠡᠩᠭᠡᠯᠳᠦ ᠪᠠᠭᠰᠢ ᠡᠨᠡ ᠵᠢᠯ 90 ᠨᠠᠰᠤᠳᠠᠢ᠃ ᠡᠨᠡ ᠴᠡᠷᠢᠭ ᠨᠢ ᠨᠤᠳᠤᠭ ᠤᠰᠦ ᠪᠠᠨ ᠬᠠᠮᠠᠭᠠᠯᠠᠬᠤ᠂ ᠭᠠᠵᠠᠷ ᠤᠷᠤᠨ ᠤ ᠴᠡᠷᠢᠭ ᠪᠢᠯᠡ᠃ ᠲᠠᠷᠤᠭ᠎ᠠ ᠎ ᠨᠢ ᠪᠤᠤ ᠠᠨ ᠵᠤ᠋᠃ ᠳ᠋ᠠᠮ ᠤᠨ ᠰᠢᠯᠢ ᠲᠡᠭᠡᠷ᠎ᠡ ᠰᠠᠭᠤᠵᠦ ᠪᠠᠷᠠᠭᠤᠨ ᠡᠯᠡᠰᠦ ᠪᠠᠷ ᠨᠤᠳᠤᠭ ᠤᠨ ᠵᠠᠬ᠎ᠠ ᠶᠢ ᠴᠠᠭᠳᠠᠨ ᠰᠠᠬᠢᠳᠠᠭ ᠪᠠᠶᠢᠵᠠᠢ᠃           ︽ᠭᠠᠵᠠᠷ ᠰᠢᠷᠤᠢ ᠶᠢᠨ ᠦᠭᠡᠷᠡᠴᠢᠯᠡᠯᠳᠡ︾᠎ ᠶᠢᠨ ᠬᠦᠳᠡᠯᠭᠡᠭᠡᠨ ᠤ ᠲᠤᠮᠳᠠ ᠪᠤᠤ ᠶᠢᠨ ᠵᠤ᠋ ᠶᠢᠨ ᠪᠦᠬᠦ ᠭᠡᠷ ᠎ ᠤᠨ ᠬᠦᠮᠦᠨ ᠢ ᠬᠤᠷᠢᠶᠠᠮᠵᠢᠯᠠᠨ ᠬᠤᠷᠢᠵᠦ ᠡᠷᠡᠬᠦᠳᠡᠨ ᠲᠠᠮᠤᠯᠠᠭᠰᠠᠨ ᠲᠤᠯᠠ ᠲᠡᠷᠡ ᠬᠤᠪᠢᠰᠤᠨ ᠤᠷᠪᠠᠪᠠ᠃ ᠲᠠᠷᠤᠭ᠎ᠠ ᠪᠠᠨ ᠠᠯᠳᠠᠭᠰᠠᠨ ᠴᠡᠷᠢᠭ ᠨᠢ ᠲᠠᠷᠬᠠᠬᠠᠭᠤᠯᠠ ᠶᠢᠨ ᠨᠤᠳᠤᠭ ᠤᠨ ᠴᠡᠷᠢᠭ ᠤᠨ ᠪᠦᠷᠢᠯᠳᠦᠬᠦᠨ ᠪᠤᠯᠪᠠ᠃       ᠲᠤᠬᠠᠢ ᠶᠢᠨ ᠦᠶ᠎ᠡ ᠶᠢᠨ ᠵᠡᠬᠦᠨ ᠠᠷᠤ ᠶᠢᠨ ᠨᠤᠳᠤᠭ ᠤᠨ ᠲᠠᠷᠤᠭ᠎ᠠ ᠪᠠᠶᠢᠭᠰᠠᠨ ᠪᠠᠶᠢᠭᠠᠯᠢ ᠨᠠᠰᠤᠳᠠᠨ ︽ᠮᠢᠨᠦ ᠲᠤᠷᠠᠰᠤᠮᠵᠢ ᠶᠢᠨ ᠪᠢᠴᠢᠭ︾ ᠭᠡᠮᠡᠬᠦ ᠨᠤᠮ ᠳᠠᠭᠠᠨ᠄               ᠮᠢᠨᠦ ᠮᠡᠳᠡᠬᠦ ᠪᠠᠷ ᠮᠠᠨ ᠤ ᠭᠡᠰᠢᠭᠳᠡᠨ ᠬᠤᠰᠢᠭᠤᠨ ᠤ ᠮᠢᠨᠦ ᠪᠠᠷᠤᠭ ᠤᠨ ᠦᠶ᠎ᠡ ᠶᠢᠨ ᠮᠤᠩᠭᠤᠯ ᠰᠢᠯᠢᠳᠡᠭ ᠵᠠᠯᠠᠭᠤᠴᠦᠳ ᠤᠷᠬᠢᠯᠦᠮ᠎ᠡ ᠬᠠᠯᠠᠭᠤᠨ ᠰᠡᠳᠬᠢᠯᠭᠡ ᠶᠢ ᠡᠪᠦᠷᠯᠡᠵᠦ᠂ ᠬᠤᠪᠢᠰᠬᠠᠯᠴᠢ ᠴᠡᠷᠢᠭ ᠲᠤ ᠮᠤᠷᠳᠠᠵᠦ᠂ ᠴᠢᠯᠦᠭᠡᠯᠡᠬᠦ ᠲᠠᠶᠢᠨ ᠳᠤ ᠢᠳᠡᠪᠬᠢᠳᠡᠢ ᠤᠷᠤᠯᠴᠠᠵᠦ᠂ ᠠᠷᠤ ᠦᠪᠦᠷ ᠭᠠᠵᠠᠷ ᠤᠨ ᠮᠠᠯᠵᠢᠬᠤ ᠲᠠᠷᠢᠶᠠᠯᠠᠬᠤ ᠤᠷᠤᠨ ᠪᠠ ᠮᠤᠩᠭᠤᠯ ᠬᠢᠳᠠᠳ ᠢᠯᠭᠠᠯ ᠦᠭᠡᠢ ᠬᠠᠮᠢᠭ᠎ᠠ ᠭᠤᠮᠢᠨᠳᠠᠩ ᠤᠨ ᠴᠡᠷᠢᠭ ᠪᠠ ᠲᠡᠭᠡᠷᠡᠮ ᠬᠤᠯᠠᠭᠠᠢ ᠪᠠᠶᠢᠪᠠᠯ ᠲᠡᠨᠳᠡ ᠬᠦᠷᠴᠦ ᠱᠠᠯᠠᠮᠠᠭᠠᠶᠢᠯᠠᠨ ᠪᠠᠶᠢᠯᠳᠤᠵᠦ ᠠᠷᠠᠳ ᠲᠦᠮᠡᠨ ᠤ ᠠᠮᠢ ᠨᠠᠰᠦ ᠡᠳ᠋ ᠬᠦᠷᠦᠩᠭᠡ ᠶᠢ ᠬᠠᠮᠠᠭᠠᠯᠠᠬᠤ ᠶᠢᠨ ᠲᠦᠯᠦᠭᠡ ᠡᠷᠡᠯᠭᠡᠭ ᠪᠠᠭᠠᠳᠤᠷᠯᠢᠭ ᠢᠶᠠᠷ ᠪᠠᠶᠢᠯᠳᠤᠵᠦ᠂ ᠲᠤᠮᠳᠠᠳᠦ ᠤᠯᠤᠰ ᠤᠨ ᠴᠢᠯᠦᠭᠡᠯᠡᠬᠦ ᠲᠠᠶᠢᠨ ᠳᠤ ᠠᠯᠢᠪᠠ ᠬᠦᠴᠦᠨ᠂ ᠠᠮᠢ ᠨᠠᠰᠦ ᠪᠠᠨ ᠡᠷᠬᠦᠵᠦ ᠪᠠᠶᠢᠭᠰᠠᠨ ᠶᠤᠮ᠃ ᠰᠢᠨ᠎ᠡ ᠲᠤᠮᠳᠠᠳᠦ ᠤᠯᠤᠰ ᠢ ᠪᠠᠶᠢᠭᠤᠯᠬᠤ ᠶᠢᠨ ᠲᠦᠯᠦᠭᠡ ᠠᠷᠢᠭᠤᠨ ᠴᠢᠰᠦ ᠪᠠᠨ ᠤᠷᠤᠰᠬᠠᠵᠦ᠂ ᠠᠯᠳᠠᠨ ᠠᠮᠢ ᠪᠠᠨ ᠦᠷᠡᠭᠳᠡᠬᠦᠯᠦᠭᠰᠡᠨ ᠪᠠ ᠨᠢᠩᠵᠢᠨ ᠭᠤᠤᠯ ᠤᠨ ᠲᠤᠯᠤᠯᠳᠤᠭᠠᠨ ᠳᠤ ᠪᠡᠶ᠎ᠡ ᠦᠷᠡᠭᠳᠡᠭᠰᠡᠨ ᠪᠠᠭᠠᠳᠤᠷᠴᠦᠳ ᠦᠨᠢ ᠡᠬᠦᠷᠢᠳᠡ ᠮᠦᠩᠭᠡᠷᠡᠳᠦᠭᠡᠢ︕ ᠲᠡᠷᠡ ᠦᠶ᠎ᠡ ᠶᠢᠨ ᠮᠤᠷᠢ ᠪᠠᠨ ᠤᠨᠤᠵᠦ ᠫᠤᠤ ᠪᠠᠨ ᠡᠬᠦᠷᠴᠦ ᠶᠠᠪᠤᠭᠰᠠᠨ ᠮᠠᠨ ᠤ ᠭᠡᠰᠢᠭᠳᠡᠨ ᠤ ᠮᠤᠷᠢᠳᠦ ᠴᠡᠷᠢᠭ ᠤᠨ ᠲᠡᠷᠡᠬᠦ ᠰᠦᠷ ᠵᠢᠪᠬᠤᠭᠠᠳᠦ ᠪᠠᠶᠢᠳᠠᠯ ᠤᠳᠦ ᠪᠤᠯᠳᠠᠯ᠎ᠠ ᠮᠢᠨᠦ ᠨᠢᠳᠦᠨ ᠳᠤ ᠦᠷᠬᠦᠯᠵᠢ ᠵᠢᠷᠤᠭ ᠮᠡᠳᠦ ᠲᠤᠳᠤᠷᠠᠨᠠᠮ ᠁ ᠭᠡᠵᠦ ᠪᠢᠴᠢᠭᠯᠡᠵᠡᠢ᠃     ᠶᠠᠭ ᠡᠶᠢᠮᠦᠷᠬᠦᠦ ᠪᠠᠶᠢᠳᠠᠯ ᠢᠶᠠᠷ ᠭᠡᠰᠢᠭᠳᠡᠨ ᠬᠤᠰᠢᠭᠤᠨ ᠤ ᠨᠤᠳᠤᠭ ᠤᠨ ᠴᠡᠷᠢᠭ ᠨᠢ 36 ᠳ᠋ᠤᠭᠠᠷ ᠬᠤᠷᠢᠶᠠᠨ ᠤ ᠴᠡᠷᠢᠭ ᠲᠠᠢ ᠨᠡᠶᠢᠯᠡᠪᠡ᠃               36 ᠳ᠋ᠤᠭᠠᠷ ᠬᠤᠷᠢᠶ᠎ᠠ ᠪᠤᠯ ᠮᠤᠩᠭᠤᠯ ᠵᠠᠯᠠᠭᠤᠴᠦᠳ ᠢᠳᠡᠷᠴᠦᠳ ᠢᠶᠠᠷ ᠪᠦᠷᠢᠯᠳᠦᠭᠰᠡᠨ ᠲᠤᠰᠠᠭᠠᠷ ᠬᠤᠷᠢᠶ᠎ᠠ ᠴᠡᠷᠢᠭ ᠮᠦᠨ᠃ ᠡᠨᠡ ᠴᠠᠭ ᠠᠴᠠ ᠬᠦᠷᠡᠯᠳᠤᠭᠠᠷ ᠨᠢ ᠭᠤᠴᠢᠨ ᠵᠢᠷᠭᠤᠳᠤᠭᠠᠷ ᠬᠤᠷᠢᠶ᠎ᠠ ᠶᠢᠨ ᠪᠠᠶᠢᠯᠳᠤᠭᠴᠢ ᠲᠤᠷᠰᠢᠭᠤᠯᠤᠭᠴᠢ ᠴᠡᠷᠢᠭ ᠪᠤᠯᠤᠭᠰᠠᠨ᠃ ᠬᠦᠷᠡᠯᠳᠦᠭᠠᠷ ᠨᠢ ᠨᠢᠩᠵᠢᠨ ᠭᠤᠤᠯ ᠤᠨ ᠪᠠᠶᠢᠯᠳᠤᠭᠠᠨ ᠠᠴᠠ ᠡᠮᠦᠨ᠎ᠡ ᠪᠤᠤ ᠢᠤᠢ ᠯᠢᠨ ᠳᠤ ᠪᠠᠷᠢᠪᠴᠢᠯᠠᠭᠳᠠᠵᠠᠢ᠃ ︽ᠴᠢᠩᠬᠢᠰ ᠬᠠᠭᠠᠨ ᠤ ᠲᠦᠮᠡᠨ ᠭᠡᠰᠢᠭᠳᠡᠨ ᠤ ᠬᠤᠶᠢᠴᠢᠰ︾ ᠭᠡᠮᠡᠬᠦ ᠠ᠊ · ᠯᠾᠠᠮᠤᠵᠠᠪ ᠤᠨ ᠨᠤᠮ ᠤᠨ 246 ᠳ᠋ᠤᠭᠠᠷ ᠨᠢᠭᠤᠷ ᠲᠤ ︽ᠯᠢᠶᠠᠨᠰᠤᠨ ᠭᠤᠤᠯ ᠤᠨ ᠪᠦᠰᠡᠯᠡᠯᠳᠡ ᠳᠤ ᠨᠡᠶᠢᠳᠡ ᠭᠤᠴᠢᠨ ᠭᠡᠳᠦᠨ ᠬᠦᠮᠦᠨ ︵ᠵᠠᠷᠢᠮ ᠨᠢ 32᠂ ᠵᠠᠷᠢᠮ ᠨᠢ 34 ᠭᠡᠨ᠎ᠡ︶ ᠪᠠᠷᠢᠪᠴᠢᠯᠠᠪᠠ᠃ ᠲᠡᠳᠡᠨ ᠢ ᠭᠠᠷ ᠢ ᠨᠢ ᠭᠠᠨᠵᠤᠭ᠎ᠠ ᠪᠠᠷ ᠨᠢ ᠬᠦᠯᠢᠵᠦ᠂ ᠲᠦᠷᠪᠡ ᠲᠦᠷᠪᠡ ᠪᠠᠷ ᠲᠦᠷᠪᠡᠨ ᠮᠦᠷ ᠪᠤᠯᠭᠠᠨ ᠮᠤᠩᠭᠤᠯ ᠭᠡᠷ ᠤᠨ ᠪᠦᠰᠡᠯᠡᠬᠦᠷ ᠎ ᠢᠶᠠᠷ ᠬᠤᠯᠪᠤᠵᠦ ᠨᠢᠳᠦ ᠶᠢ ᠨᠢ ᠮᠠᠯᠠᠭᠠᠢ ᠪᠠᠷ ᠨᠢ ᠲᠠᠷᠤᠵᠦ ᠭᠡᠳᠦᠨ ᠪᠤᠷᠢᠶᠠᠳ ᠤᠷᠭ᠎ᠠ ᠲᠠᠰᠢᠭᠤᠷ ᠢᠶᠠᠷ ᠰᠢᠯᠪᠢᠬᠦᠷᠳᠡᠵᠦ ᠬᠦᠭᠡᠭᠡᠭᠰᠡᠭᠡᠷ ᠪᠤᠤ ᠢᠤᠢ ᠯᠢᠨ ᠤ ᠪᠦᠯᠦᠭ ᠤᠨ ᠨᠢᠭᠤᠵᠦ ᠰᠠᠭᠤᠳᠠᠭ ᠬᠠᠯᠠᠭᠠᠶᠢᠳᠦ ᠶᠢᠨ ᠪᠠᠷᠳᠠᠭᠠᠨ ᠎ ᠤ ᠬᠤᠶᠠᠷ ᠮᠤᠩᠭᠤᠯ ᠭᠡᠷ ᠲᠤ ᠤᠷᠤᠭᠤᠯᠬᠤ ᠳᠤ ᠬᠠᠨ᠎ᠠ ᠳᠤᠨᠢ ᠬᠦᠷᠡᠯᠳᠤᠭᠠᠷ ᠬᠦᠯᠢᠶᠡᠰᠦᠳᠠᠢ ᠪᠠᠶᠢᠪᠠ︾ ᠭᠡᠮᠡᠨ ᠪᠢᠴᠢᠵᠦ ᠪᠠᠶᠢᠨ᠎ᠠ᠃ ᠲᠤᠰ ᠨᠤᠮ ᠤᠨ 245 ᠳ᠋ᠤᠭᠠᠷ ᠨᠢᠭᠤᠷ ᠲᠤ᠄ ︽ᠡᠨᠡ ᠤᠳᠠᠭᠠᠨ ᠤ ᠲᠠᠶᠢᠨ ᠳᠤ ᠵᠠᠯᠰᠠᠷᠠᠢ᠂ ᠲᠠᠯᠠᠨᠳᠠᠢ᠂ ᠯᠾᠠᠮᠤᠰᠡᠷᠡᠩ᠂ ᠰᠡᠷᠡᠩ᠂ ᠪᠦᠳ᠋᠂ ᠵᠠᠭᠤᠨᠠᠰᠤᠳᠦ᠂ ᠰᠡᠷᠡᠩᠳᠤᠷᠵᠢ᠂ ᠴᠠᠭᠠᠨᠬᠦᠦ᠂ ᠰᠡᠷᠡᠩᠳᠤᠨᠳᠤᠭ᠂ ᠬᠦᠷᠡᠯᠳᠦᠭᠠᠷ ᠵᠡᠷᠭᠡ ᠠᠷᠪᠠᠨ ᠭᠡᠳᠦᠨ ᠬᠦᠮᠦᠨ ᠪᠡᠶ᠎ᠡ ᠦᠷᠡᠭᠳᠡᠪᠡ᠃               ᠵᠠᠯᠰᠠᠷᠠᠢ᠂ ᠬᠦᠷᠡᠯᠳᠤᠭᠠᠷ᠂ ᠯᠾᠠᠮᠤᠰᠡᠷᠡᠩ᠂ ᠰᠡᠷᠡᠩ᠂ ᠵᠠᠭᠤᠨᠠᠰᠤᠳᠦ᠂ ᠰᠡᠷᠡᠩᠳᠤᠨᠳᠤᠭ᠂ ᠯᠢᠦ ᠱᠤᠸᠠᠨ ᠨᠠᠷ ᠢ ᠬᠤᠪᠢᠰᠬᠠᠯ ᠤᠨ ᠲᠦᠯᠦᠭᠡ ᠪᠡᠶ᠎ᠡ ᠦᠷᠡᠭᠳᠡᠭᠰᠡᠨ ᠭᠠᠪᠢᠶᠠᠳᠦ ᠪᠠᠭᠠᠳᠤᠷ ᠢᠶᠠᠷ ᠴᠤᠯᠠᠯᠠᠪᠠ︾ ᠭᠡᠵᠦ ᠪᠢᠴᠢᠵᠦ ᠪᠤᠢ᠃           ᠡᠳᠦᠭᠡ ᠶᠢᠨ ᠲᠦᠷᠦᠭᠡᠨᠠᠭᠤᠷ ᠭᠠᠴᠠᠭᠠᠨ ᠤ ᠬᠦᠮᠦᠰ ᠤᠨ ︽ᠬᠤᠯᠠᠭᠠᠶᠢᠴᠢ ᠶᠢᠨ ᠬᠦᠨᠳᠡᠢ︾ ᠭᠡᠵᠦ ᠭᠡᠯᠡᠳᠡᠭ ᠤᠢ ᠰᠢᠭᠤᠢ ᠪᠢᠳᠡᠬᠦᠦ ᠭᠠᠵᠠᠷ ᠨᠢ ᠪᠤᠤ ᠢᠤᠢ ᠯᠢᠨ ᠤ ᠨᠢᠭᠤᠨ ᠰᠠᠭᠤᠵᠦ ᠪᠠᠶᠢᠭᠰᠠᠨ ︽ᠬᠠᠯᠠᠭᠠᠶᠢᠳᠦ ᠎ ᠶᠢᠨ ᠪᠡᠷᠭᠡ︾ ᠪᠤᠯᠪᠠᠦ ᠭᠡᠮᠡᠨ ᠵᠤᠬᠢᠶᠠᠭᠴᠢ ᠦᠵᠡᠵᠦ ᠪᠤᠢ᠃               ᠲᠤᠰ ᠨᠤᠮ ᠤᠨ 241 ᠳ᠋ᠤᠭᠡᠷ ᠨᠢᠭᠤᠷ ᠲᠤ ᠬᠦᠷᠡᠯᠳᠤᠭᠠᠷ ᠤᠨ ᠪᠠᠷᠢᠪᠴᠢᠯᠠᠭᠳᠠᠭᠰᠠᠨ ᠰᠢᠯᠳᠠᠭᠠᠨ ᠢ ᠪᠢᠴᠢᠵᠡᠢ᠃               ᠬᠦᠷᠡᠯᠳᠤᠭᠠᠷ ᠤᠨ ᠮᠤᠷᠢ ᠮᠠᠭᠤᠳᠠᠵᠦ᠂ ᠠᠳᠤᠭᠤᠴᠢᠨ᠂ ᠬᠤᠵᠢᠬᠢᠷ ᠵᠠᠯᠢᠩᠭ᠎ᠠ ᠭᠡᠳᠡᠭ ᠬᠦᠮᠦᠨ ᠢ ᠤᠯᠵᠦ ᠮᠤᠷᠢ ᠪᠠᠷᠢᠭᠤᠯᠬᠤ ᠪᠠᠷ ᠲᠦᠷᠦᠭᠡ ᠨᠠᠭᠤᠷ ᠵᠦᠭ ᠬᠠᠮᠳᠦ ᠶᠠᠪᠤᠵᠦ ᠪᠠᠶᠢᠳᠠᠯ᠎ᠠ ᠲᠦᠷᠦᠭᠡ ᠶᠢᠨ ᠬᠠᠶᠢᠯᠠᠰᠤᠨ ᠮᠤᠳᠤᠨ ᠎ ᠤ ᠲᠤᠤᠷ᠎ᠠ ᠲᠠᠶᠢᠨ ᠤ ᠬᠦᠯ ᠠᠴᠠ ᠵᠢᠭᠤᠳᠠᠵᠦ ᠪᠠᠶᠢᠭ᠎ᠠ ᠨᠢᠭᠡ ᠪᠦᠯᠦᠭ ᠠᠴᠢᠶ᠎ᠠ ᠬᠦᠰᠭᠡ᠂ ᠪᠦᠰᠡᠬᠦᠶᠢᠴᠦᠳ ᠪᠠ ᠭᠡᠦᠭᠡᠳ ᠤᠳ ᠬᠤᠷᠢᠭᠠᠳ ᠬᠦᠮᠦᠨ ᠬᠠᠷᠠᠭᠳᠠᠵᠠᠢ᠃ ᠡᠬᠦᠨ ᠤ ᠲᠤᠳᠤᠷ᠎ᠠ ᠲᠦᠴᠢᠭᠡᠳ ᠨᠠᠰᠤᠨ ᠤ ᠨᠤᠮᠤᠬᠠᠨ ᠲᠤᠭᠳᠠᠬᠤ ᠪᠠ ᠠᠷᠪᠠᠨ ᠭᠡᠳᠦ ᠲᠠᠢ ᠭᠤᠮᠪᠤᠰᠡᠷᠡᠩ ᠤᠨ ᠬᠦᠪᠡᠬᠦᠨ ᠯᠾᠠᠮᠤᠵᠠᠪ ᠬᠤᠶᠠᠷ ᠲᠡᠷᠭᠡ ᠬᠦᠰᠭᠡ ᠬᠦᠭᠡᠭᠡᠵᠦ ᠭᠡᠦᠭᠡᠳ ᠤᠨ ᠲᠤᠮᠳᠠ ᠬᠠᠮᠤᠭ ᠶᠡᠭᠡ ᠨᠢ ᠠᠷᠪᠠ ᠬᠦᠷᠦᠭᠡᠳᠦᠢ ᠠᠯᠳᠠᠨᠳᠤᠭᠤᠯᠭ᠎ᠠ ︵ᠬᠦᠪᠦᠦ︶ ︵福宝︶ ᠵᠡᠷᠭᠡ ᠡᠷᠡᠭᠳᠡᠢ ᠭᠡᠦᠭᠡᠳ ᠤᠳ ᠪᠠᠶᠢᠪᠠ᠃ ᠡᠳᠡᠭᠡᠷ ᠬᠦᠮᠦᠰ ᠲᠦᠷᠦᠭᠡ ᠨᠠᠭᠤᠷ ᠤᠨ ᠡᠮᠦᠨᠡᠬᠢ ᠬᠦᠪᠡᠭᠡᠨ ᠤ ᠡᠷᠳᠡᠨᠢᠵᠠᠪ ᠤᠨ ᠨᠤᠳᠤᠭ ᠤᠨ ᠪᠢᠳᠡᠬᠦᠦ ᠬᠠᠶᠢᠯᠠᠰᠤᠨ ᠳᠤ ᠲᠠᠯᠳᠠᠯᠠᠨ ᠲᠤᠭᠤᠭ᠎ᠠ ᠲᠤᠯᠵᠦ ᠴᠠᠢ ᠴᠢᠨᠠᠵᠦ ᠪᠠᠶᠢᠳᠠᠯ᠎ᠠ ᠫᠤᠤ ᠲᠠᠢ ᠬᠤᠶᠠᠷ ᠬᠦᠮᠦᠨ ᠢᠷᠡᠬᠦ ᠳᠤ ᠤᠯᠠᠨ ᠢᠶᠠᠷ ᠢᠶᠠᠨ ᠶᠡᠭᠡᠯ᠎ᠡ ᠰᠤᠴᠢᠰᠬᠢᠪᠡ᠃ ᠬᠦᠷᠡᠯᠳᠤᠭᠠᠷ ᠮᠤᠷᠢᠨ ᠠᠴᠠ ᠎ ᠪᠠᠨ ᠪᠠᠭᠤᠭᠰᠠᠨ ᠦᠭᠡᠢ ᠪᠠᠷ ᠪᠠᠶᠢᠯᠳᠤᠭᠠᠨ ᠤ ᠪᠠᠶᠢᠳᠠᠯ ᠤᠨ ᠲᠤᠬᠠᠢ ᠠᠰᠠᠭᠤᠭᠠᠳ ᠰᠢᠭᠤᠳ ᠬᠤᠶᠢᠳᠦ ᠦᠨᠳᠦᠷᠯᠢᠭ ᠲᠡᠭᠡᠷ᠎ᠡ ᠭᠠᠷᠴᠦ ᠬᠤᠯᠠ ᠤᠶᠢᠷ᠎ᠠ ᠶᠢ ᠡᠷᠬᠢᠨ ᠲᠤᠭᠤᠷᠢᠨ ᠪᠠᠷᠠᠭᠠᠯᠠᠵᠦ ᠦᠵᠡᠭᠡᠳ ᠪᠤᠴᠠᠵᠦ ᠢᠷᠡᠵᠦ ᠮᠤᠷᠢ ᠪᠠᠨ ᠤᠶᠠᠵᠦ ᠴᠠᠢ ᠤᠰᠦ ᠵᠠᠯᠬᠢᠯᠠᠵᠦ ᠴᠠᠩᠭᠠᠯᠭ᠎ᠠ ᠪᠠᠨ ᠲᠠᠶᠢᠯᠵᠦ᠄ ︽ᠲᠠ ᠨᠠᠷ ᠪᠠᠷᠠᠭᠤᠨᠰᠢ ᠲᠤᠳᠠᠭᠠᠵᠦ ᠪᠤᠤ ᠢᠤᠢ ᠯᠢᠨ ᠎ ᠢ ᠲᠦᠰᠢᠬᠦ ᠭᠡᠵᠦ ᠪᠠᠶᠢᠬᠤ ᠪᠢᠵᠠ⁈ ᠭᠡᠮᠡᠨ ᠨᠤᠮᠤᠬᠠᠨ ᠲᠤᠭᠳᠠᠬᠤ ᠯᠾᠠᠮᠤᠵᠠᠪ ᠬᠤᠶᠠᠭᠤᠯᠠ ᠳᠤ ᠫᠤᠤ ᠲᠤᠯᠭᠠᠨ ᠭᠠᠵᠠᠷ ᠰᠦᠬᠦᠳᠦᠬᠦᠯᠦᠨ ᠵᠠᠨᠴᠢᠵᠦ᠂ ᠮᠠᠷᠭᠠᠰᠢ ᠵᠠᠪᠠᠯ ᠦᠭᠡᠷ ᠲᠡᠷᠭᠡ ᠪᠠᠷ ᠲᠠᠷᠬᠠᠬᠠᠭᠤᠯᠠ ᠳᠤ ᠬᠦᠷᠴᠦ ᠶᠡᠭᠡ ᠴᠡᠷᠢᠭ ᠎ ᠤᠨ ᠪᠡᠯᠡᠳᠭᠡᠯ ᠤᠨ ᠠᠮᠤ ᠬᠦᠨᠡᠰᠦ ᠶᠢ ᠯᠢᠶ᠋ᠨᠨᠰᠤᠨ ᠭᠤᠤᠯ ᠳᠤ ᠵᠦᠭᠡᠭᠡᠪᠦᠷᠢᠯᠡᠬᠦ ᠭᠡᠷᠡᠭᠳᠡᠢ ᠭᠡᠵᠦ ᠠᠯᠪᠠ ᠲᠤᠯᠭᠠᠪᠠ᠃ ᠤᠯᠠᠨ ᠢᠶᠠᠷ ᠢᠶᠠᠨ ᠠᠶᠤᠵᠦ ᠪᠠᠯᠢᠳᠡᠨ ᠨᠠᠮ ᠵᠢᠮ ᠪᠦᠭᠡᠮᠨᠡᠷᠡᠵᠦ᠂ ᠶᠡᠭᠡ ᠬᠦᠮᠦᠰ ᠭᠡᠦᠭᠡᠳ ᠢᠶᠠᠨ ᠲᠡᠪᠡᠷᠢᠨ ᠴᠡᠴᠡᠷᠡᠵᠦ ᠂ ᠬᠦᠷᠡᠯᠳᠤᠭᠠᠷ ᠤᠨ ᠶᠠᠷᠢᠬᠤ ᠶᠢ ᠴᠢᠩᠨᠠᠵᠦ ᠪᠠᠶᠢᠳᠠᠯ᠎ᠠ ᠭᠡᠨᠡᠳᠳᠡ ᠨᠢᠭᠡ ᠭᠡᠦᠭᠡᠳ ︿ᠬᠦᠮᠦᠨ ᠢᠷᠡᠯ᠎ᠡ﹀ ᠭᠡᠵᠦ ᠬᠠᠰᠬᠢᠷᠤᠯ᠎ᠠ᠃ ᠨᠢᠭᠡᠴᠦ ᠬᠦᠮᠦᠨ ᠤᠶᠢᠰᠢᠶᠠᠭᠰᠠᠨ ᠦᠭᠡᠢ ᠶᠢ ᠦᠵᠡᠭᠡᠳ ᠭᠡᠦᠭᠡᠳ ᠦᠨᠳᠦᠷ ᠲᠠᠭᠤᠨ ᠢᠶᠠᠷ ᠲᠠᠬᠢᠨ ᠭᠡᠯᠡᠬᠦ ᠳᠤ ᠬᠠᠶᠢᠯᠠᠰᠤᠨ ᠮᠤᠳᠤᠨ ᠤ ᠴᠠᠭᠠᠨ᠎ᠠ ᠠᠴᠠ ᠪᠤᠤ ᠢᠤᠢ ᠯᠢᠨ᠂ ᠤᠷᠳᠦ ᠬᠤᠶᠠᠭᠤᠯᠠ ᠮᠤᠷᠢᠳᠠᠢ ᠢᠷᠡᠬᠦ ᠦᠵᠡᠭᠳᠡᠪᠡ᠃ ᠬᠠᠷᠢᠨ ᠪᠤᠤ ᠢᠤᠢ ᠯᠢᠨ ᠦᠨᠳᠦᠷ ᠲᠡᠯ ᠲᠠᠢ ᠪᠤᠷᠤ ᠮᠤᠷᠢ ᠰᠤᠯᠢᠵᠦ ᠤᠨᠤᠭᠠᠳ ᠡᠮᠦᠨ᠎ᠡ ᠪᠦᠬᠦᠷᠭᠡ ᠎ ᠳᠡᠭᠡᠨ ᠤᠷᠳᠦ ᠫᠤᠤ ᠪᠠᠨ ᠡᠯᠬᠦᠵᠦ᠂ ᠭᠠᠷ ᠫᠤᠤ ᠪᠠᠨ ᠮᠤᠷᠢᠨ ᠲᠡᠯ ᠤᠨ ᠢᠶᠠᠨ ᠲᠤᠤᠷ᠎ᠠ ᠲᠠᠯᠳᠠᠯᠠᠵᠦ ᠪᠦᠬᠦᠶᠢᠭᠰᠡᠨ ᠪᠠᠶᠢᠳᠠᠯ ᠲᠠᠢ ᠲᠦᠷᠭᠡᠯᠡᠨ ᠢᠷᠡᠵᠦ᠂ ᠬᠦᠮᠦᠨ ᠤ ᠲᠤᠯᠤᠭᠠᠢ ᠲᠡᠭᠡᠬᠦᠷ ᠭᠡᠳᠦ ᠭᠡᠢ ᠫᠤᠤᠳᠠᠵᠦ᠂ ᠬᠦᠷᠡᠯᠳᠤᠭᠠᠷ ᠤᠨ ᠵᠦᠭ ᠫᠤᠤ ᠪᠠᠨ ᠤᠨᠢᠯᠠᠵᠦ ᠫᠤᠤ ᠶᠢ ᠨᠢ ᠬᠤᠷᠢᠶᠠᠵᠦ ᠠᠪᠤᠭᠠᠳ᠄ ︽ᠰᠤᠮᠤ ᠪᠠᠨ ᠲᠤᠭᠠᠯᠠᠵᠦ ᠲᠤᠰᠢᠶᠠ︾ ᠭᠡᠵᠦ ᠵᠠᠩᠳᠤᠷᠴᠠᠢ᠃ ᠬᠦᠷᠡᠯᠳᠤᠭᠠᠷ ᠢ ᠬᠦᠯᠢᠬᠦᠯᠬᠦ ᠳᠤ᠄ ︽ᠰᠠᠨ ᠭᠡ ᠨᠠᠮᠠᠢᠢ ᠶᠠᠭᠠᠬᠢᠬᠤ ᠭᠡᠵᠦ ᠪᠠᠶᠢᠭ᠎ᠠ ᠶᠤᠮ ᠪᠤᠢ︖︾ ᠭᠡᠵᠦ ᠬᠢᠳᠠᠳ ᠢᠶᠠᠷ ᠠᠰᠠᠭᠤᠬᠤ ᠳᠤ ︽ᠤᠯᠠᠨ ᠦᠭᠡ ᠲᠤᠤᠭᠠᠷᠬᠤ ᠭᠡᠷᠡᠭ ᠦᠭᠡᠢ ᠬᠤᠷᠳᠤᠨ ᠶᠠᠪᠤ︾ ᠭᠡᠵᠦ ᠪᠤᠤ ᠢᠤᠢ ᠯᠢᠨ ᠬᠦᠷᠡᠯᠳᠤᠭᠠᠷ ᠢ ᠵᠠᠩᠳᠤᠷᠤᠨ᠎ᠠ᠃ ᠵᠠᠯᠢᠩᠭ᠎ᠠ ᠤᠯᠠᠨ ᠤ ᠲᠤᠮᠳᠠ ᠠᠴᠠ ︽ᠪᠠᠭᠰᠢ ᠡ︕ ᠨᠠᠮᠠᠢᠢ ᠶᠠᠭᠠᠬᠢᠨ᠎ᠠ ᠪᠤᠢ︖︾ ᠭᠡᠵᠦ ᠠᠰᠠᠭᠤᠬᠤ ᠳᠤ ︽ᠴᠢ ᠶᠠᠭᠤᠨ ᠤ ᠬᠦᠮᠦᠨ ᠶᠤᠮ︖︾ ᠭᠡᠬᠦ ᠳᠤ᠄ ︽ᠬᠦᠷᠡᠯᠳᠤᠭᠠᠷ ᠨᠠᠮᠠᠢᠢ ᠮᠤᠷᠢ ᠪᠠᠷᠢᠭᠤᠯᠬᠤ ᠪᠠᠷ ᠠᠳᠡ ᠲᠠᠭᠠᠭᠤᠯᠵᠦ ᠢᠷᠡᠪᠡ︾ ᠭᠡᠵᠡᠢ᠃ ᠲᠡᠭᠡᠪᠡᠯ ᠨᠠᠮᠠᠢᠢ ᠲᠠᠭᠠᠭᠠᠳ ᠶᠠᠪᠤ︕ ᠭᠡᠵᠦ ᠬᠦᠷᠡᠯᠳᠤᠭᠠᠷ ᠢ ᠮᠤᠷᠢᠨ ᠳᠤᠨᠢ ᠤᠨᠤᠭᠤᠯᠵᠦ ᠵᠠᠯᠢᠩᠭ᠎ᠠ ᠪᠠᠷ ᠬᠦᠳᠦᠯᠦᠬᠦᠯᠵᠦ ᠵᠠᠮ ᠤᠨ ᠬᠠᠭᠠᠰ ᠎ ᠠᠴᠠ ᠵᠠᠯᠢᠩᠭ᠎ᠠ ᠶᠢ ᠪᠤᠴᠠᠭᠠᠵᠦ᠂ ᠬᠦᠷᠡᠯᠳᠤᠭᠠᠷ ᠢ ᠠᠪᠴᠦ ᠶᠠᠪᠤᠵᠠᠢ︾ ᠭᠡᠵᠦ ᠪᠡᠶ᠎ᠡ ᠪᠠᠷ ᠢᠶᠠᠨ ᠦᠩᠭᠡᠷᠡᠭᠡᠵᠦ ᠨᠢᠳᠦ ᠎ ᠪᠠᠷ ᠢᠶᠠᠨ ᠦᠵᠡᠭᠰᠡᠨ ᠲᠠᠷᠬᠠᠬᠠᠭᠤᠯᠠ ᠶᠢᠨ ᠪᠠᠶᠠᠨᠮᠡᠨᠳᠦ ᠭᠠᠴᠠᠭᠠᠨ ᠤ ᠱᠦᠵᠢ ᠠᠯᠳᠠᠨᠳᠤᠭᠤᠯᠭ᠎ᠠ ︵ᠬᠦᠪᠦᠦ︶ ᠵᠡᠷᠭᠡ ᠬᠦᠮᠦᠰ 1992 ᠤᠨ ᠤ 6 ᠰᠠᠷ᠎ᠠ ᠶᠢᠨ 19᠎ ᠳᠤ ᠨᠠᠳᠠᠳᠦ ᠶᠠᠷᠢᠭᠰᠠᠨ ᠶᠤᠮ᠃               ᠪᠤᠤ ᠢᠤᠢ ᠯᠢᠨ ᠬᠦᠷᠡᠯᠳᠤᠭᠠᠷ ᠢ ᠪᠠᠷᠢᠪᠴᠢᠯᠠᠨ ᠲᠦᠷᠦᠭᠡ ᠨᠠᠭᠤᠷ ᠤᠨ ᠪᠠᠷᠠᠭᠤᠨ ᠳᠠᠬᠢ ᠬᠠᠯᠠᠭᠠᠶᠢᠳᠦ ᠶᠢᠨ ᠲᠠᠯᠳᠠ ᠭᠠᠵᠠᠷ ᠲᠠᠬᠢ ᠬᠤᠶᠠᠷ ᠮᠤᠩᠭᠤᠯ ᠭᠡᠷ ᠲᠤ ᠠᠪᠴᠢᠷᠠᠵᠦ ᠬᠠᠨ᠎ᠠ ᠠᠴᠠ ᠨᠢ ᠤᠶᠠᠵᠦ ᠬᠠᠩᠭᠠᠢ ᠲᠡᠷᠭᠡ ᠶᠢᠨ ᠭᠡᠭᠡᠰᠦ ᠳᠤ ᠲᠤᠯᠤᠭᠠᠢ ᠶᠢ ᠨᠢ ᠭᠠᠪᠠᠯᠠᠵᠦ ᠲᠡᠷᠭᠡ ᠪᠠᠷ ᠲᠡᠭᠡᠷᠡᠮᠳᠡᠵᠦ ᠲᠠᠮᠤᠯᠠᠨ ᠠᠯᠠᠪᠠ᠃               ᠬᠦᠷᠡᠯᠳᠤᠭᠠᠷ ᠪᠤᠯ ᠭᠤᠴᠢᠨ ᠵᠢᠷᠭᠤᠳᠤᠭᠠᠷ ᠬᠤᠷᠢᠶ᠎ᠠ ᠶᠢᠨ ᠲᠤᠷᠰᠢᠭᠤᠯᠴᠢ ᠮᠦᠨ᠃ ᠪᠤᠤ ᠢᠤᠢ ᠯᠢᠨ ᠲᠠᠢ ᠬᠠᠭᠤᠷᠮᠠᠭ ᠢᠶᠠᠷ ᠴᠢᠰᠦ ᠪᠠᠨ ᠤᠤᠭᠤᠭᠰᠠᠨ ᠠᠬ᠎ᠠ ᠲᠡᠬᠦᠦ ᠪᠤᠯᠵᠦ᠂ ︽ᠬᠦᠷᠳᠡᠮ ᠳ᠋ᠠᠮᠪᠠ︾ ᠭᠡᠬᠦ ᠨᠡᠷ᠎ᠡ ᠪᠠᠷ ᠪᠤᠷᠢᠶᠠᠳ ᠤᠨ ᠪᠦᠯᠦᠭ ᠤᠨ ᠠᠵᠢᠯᠯᠠᠭ᠎ᠠ ᠶᠢ ᠤᠯᠠᠨ ᠤᠳᠠᠭ᠎ᠠ ᠲᠤᠷᠰᠢᠵᠦ ᠲᠠᠩᠨᠠᠵᠦ ᠪᠤᠷᠢᠶᠠᠳ ᠤᠨ ᠬᠤᠷᠤᠰᠤᠯ ᠢ ᠲᠡᠭᠳᠡᠭᠡᠭᠰᠡᠨ ᠶᠤᠮ᠃ ᠬᠦᠷᠡᠯᠳᠤᠭᠠᠷ ᠴᠠᠬᠠᠷ ᠳᠠᠬᠢ ᠭᠡᠰᠢᠭᠳᠡᠨ ᠤ ᠦᠷᠳᠡᠭᠡ ᠶᠢᠨ ᠠᠯᠪᠠ ᠳᠤ ᠪᠠᠶᠢᠭᠰᠠᠨ ᠠᠴᠠ ᠴᠠᠬᠠᠷ ᠬᠦᠮᠦᠨ ᠭᠡᠳᠡᠭ᠃ ᠬᠦᠳᠡᠷ ᠴᠢᠬᠢᠷᠠᠭ ᠪᠡᠶ᠎ᠡ ᠲᠠᠢ ᠪᠦᠭᠡᠴᠢᠨ ᠡᠷ᠎ᠡ᠂ ᠪᠦᠭᠡ ᠶᠢᠨ ᠭᠤᠴᠤ ᠨᠡᠷ᠎ᠡ ᠶᠢ ᠨᠢ ᠰᠡᠭᠰᠡᠭᠡᠷ ᠬᠠᠷ᠎ᠠ ᠭᠡᠳᠡᠭ᠃ ᠴᠠᠬᠠᠷ ᠨᠤᠳᠤᠭ ᠲᠠᠢ ᠶᠠᠩᠵᠠᠢ ᠭᠡᠬᠦ ᠪᠦᠰᠡᠬᠦᠢ ᠲᠠᠢ ᠪᠤᠮᠪᠤᠳᠠᠢ ᠳᠤ ᠠᠮᠢᠳᠤᠷᠠᠵᠦ ᠪᠠᠶᠢᠪᠠ ᠃ ᠴᠡᠷᠢᠭ ᠤᠨ ᠡᠬᠦᠷᠭᠡ ᠬᠦᠢᠴᠡᠳᠭᠡᠨ ᠠᠳᠤᠭᠤ ᠬᠤᠯᠠᠭᠠᠶᠢᠯᠠᠭᠰᠠᠨ ᠭᠡᠷᠡᠭᠳᠡᠨ ᠲᠠᠷᠢᠵᠠᠪ ᠢ ᠪᠠᠷᠢᠪᠴᠢᠯᠠᠨ ᠨᠤᠳᠤᠭ ᠎ ᠤᠨ ᠵᠠᠰᠠᠭ ᠤᠨ ᠭᠠᠵᠠᠷ ᠬᠦᠷᠭᠡᠬᠦ ᠵᠠᠮ ᠵᠠᠭᠤᠷ᠎ᠠ ᠬᠤᠪᠢ ᠶᠢᠨ ᠦᠰᠢᠶ᠎ᠡ ᠪᠠᠷ ᠭᠠᠩᠭᠠᠨ ᠨᠠᠭᠤᠷ ᠤᠨ ᠬᠦᠪᠡᠭᠡᠨ ᠤ ᠬᠤᠯᠤᠰᠤᠨ ᠳᠤ ᠲᠠᠷᠢᠵᠠᠪ ᠢ ᠫᠤᠤᠳᠠᠨ ᠠᠯᠠᠭᠰᠠᠨ ᠭᠡᠷᠡᠭ ᠠᠴᠠ ᠲᠠᠷᠢᠵᠠᠪ ᠤᠨ ᠬᠦᠪᠡᠬᠦᠨ ᠰᠡᠷᠡᠨᠳᠧᠵᠢᠳ ᠡᠴᠢᠭᠡ ᠎ ᠶᠢᠨ ᠶᠢᠨ ᠦᠰᠢᠶ᠎ᠡ ᠶᠢ ᠠᠪᠬᠤ ᠶᠢᠨ ᠲᠦᠯᠦᠭᠡ ᠭᠠᠭᠴᠠ ᠪᠠᠷ ᠢᠶᠠᠨ ᠪᠤᠷᠢᠶᠠᠳ ᠤᠨ ᠪᠦᠯᠦᠭ ᠲᠤ ᠬᠦᠷᠴᠦ ᠨᠡᠶᠢᠯᠡᠭᠰᠡᠨ ᠪᠠᠶᠢᠪᠠ᠃ ᠪᠤᠤ ᠢᠤᠢ ᠯᠢᠨ ᠵᠦᠷᠢᠴᠡᠯ ᠢ ᠠᠰᠢᠭᠯᠠᠨ ᠰᠡᠷᠡᠨᠳᠧᠵᠢᠳ ᠲᠤ ᠲᠤᠰᠢᠶᠠᠬᠤ ᠨᠡᠷ᠎ᠡ ᠪᠠᠷ ᠪᠤᠷᠢᠶᠠᠳ ᠢᠶᠠᠷ ᠬᠦᠷᠡᠯᠳᠤᠭᠠᠷ ᠢ ᠬᠤᠤᠷᠯᠠᠭᠤᠯᠤᠭᠰᠠᠨ ᠶᠤᠮ᠃ ᠬᠦᠷᠡᠯᠳᠤᠭᠠᠷ ᠢ ᠭᠡᠰᠢᠭᠳᠡᠨ ᠬᠤᠰᠢᠭᠤᠨ ᠠᠴᠠ ᠬᠤᠪᠢᠰᠬᠠᠯ ᠤᠨ ᠲᠦᠯᠦᠭᠡ ᠪᠡᠶ᠎ᠡ ᠦᠷᠡᠭᠳᠡᠭᠰᠡᠨ ᠪᠠᠭᠠᠳᠤᠷ ᠢᠶᠠᠷ ᠴᠤᠯᠠᠯᠠᠪᠠ ᠁ ᠭᠡᠮᠡᠨ ᠪᠢᠴᠢᠵᠦ ᠪᠤᠢ᠃               ᠵᠤᠬᠢᠶᠠᠭᠴᠢ᠂ ᠴᠡᠩᠭᠡᠯᠳᠦ ᠪᠠᠭᠰᠢ ᠠᠴᠠ᠄ ︽ᠬᠦᠷᠡᠯᠳᠤᠭᠠᠷ ᠨᠢ ᠶᠠᠮᠠᠷ ᠱᠤᠤ ᠶᠠᠩᠵᠦ ᠶᠢᠨ ᠬᠦᠮᠦᠨ ᠪᠠᠶᠢᠭᠰᠠᠨ ᠪᠤᠢ︖︾ ᠭᠡᠰᠡᠨ ᠳᠤ᠂ ᠴᠡᠩᠭᠡᠯᠳᠦ ᠪᠠᠭᠰᠢ᠄ ︽ᠬᠦᠷᠡᠯᠳᠤᠭᠠᠷ ᠪᠤᠯ ᠬᠦᠮᠦᠨ ᠠᠴᠠ ᠤᠨᠴᠠᠭᠠᠢ ᠬᠦᠳᠡᠷ ᠲᠤᠮᠤ ᠪᠡᠶ᠎ᠡ ᠲᠠᠢ᠂ ᠲᠤᠷᠪᠢᠳᠠᠢ ᠲᠦᠷᠦᠭᠰᠡᠨ ᠬᠦᠮᠦᠨ ᠰᠢᠦ᠂ ᠰᠠᠶᠢᠨ ᠪᠦᠭᠡ ᠶᠤᠮ ᠲᠡᠬᠦᠨ ᠤ ᠤᠨᠴᠠᠯᠢᠭ ᠨᠢ ᠲᠠᠩ ᠎ ᠤᠨ ᠲᠠᠪᠠᠭ᠎ᠠ ᠳᠠᠭᠠᠨ ᠰᠢᠷᠤᠶᠢᠳᠠᠬᠤ ᠦᠭᠡᠢ ᠪᠤᠯ ᠲᠠᠬᠢᠵᠦ ᠤᠶᠢᠴᠢᠨ᠎ᠠ ᠭᠡᠮᠡᠨ ᠪᠠᠶᠢᠳᠠᠭ ᠦᠭᠡᠢ᠂ ᠰᠢᠭᠤᠳ ᠲᠡᠭᠡᠳᠦ ᠲᠦᠷᠪᠡ ᠳᠤ ᠲᠡᠪᠢᠳᠡᠭ ᠰᠠᠶᠢᠨ ᠪᠦᠭᠡᠴᠢᠨ ᠶᠤᠮ︾ ᠭᠡᠵᠦ ᠶᠠᠷᠢᠵᠦ ᠪᠠᠶᠢᠨ᠎ᠠ᠃               ᠵᠤᠬᠢᠶᠠᠭᠴᠢ ︽ᠪᠢ ᠨᠢᠭᠡ ᠲᠤᠷᠪᠢᠯᠢᠭ ᠲᠦᠷᠦᠭᠰᠡᠨ ᠬᠦᠮᠦᠨ ᠢ ᠲᠠᠭᠠᠭᠤᠯᠵᠦ ᠰᠠᠶᠢᠨ ᠵᠢᠷᠤᠭᠴᠢᠨ ᠲᠠᠢ ᠢᠷᠡᠪᠡᠯ ᠪᠠᠭᠰᠢ ᠲᠠ ᠬᠦᠷᠡᠯᠳᠤᠭᠠᠷ ᠤᠨ ᠴᠢᠷᠠᠢ ᠵᠢᠰᠦ᠂ ᠶᠠᠩᠵᠦ ᠲᠦᠯᠦᠪ ᠢ ᠵᠢᠭᠠᠵᠦ ᠵᠢᠯᠤᠭᠤᠳᠤᠨ ᠰᠡᠷᠬᠦᠭᠡᠵᠦ ᠲᠡᠶᠢᠯᠦᠨ᠎ᠡ ᠤᠤ︖︾ ᠭᠡᠰᠡᠨ ᠳᠤ ᠴᠡᠩᠭᠡᠯᠳᠦ ᠪᠠᠭᠰᠢ᠄ ︽ᠪᠤᠯᠤᠨ᠎ᠠ᠂ ᠵᠢᠰᠦ ᠴᠢᠷᠠᠢ ᠨᠢ ᠬᠠᠷᠢᠨ ᠲᠤᠮᠤ ᠡᠷ᠎ᠡ ᠰᠢᠦ︾᠃ ᠭᠡᠰᠡᠨ ᠳᠤ ᠵᠤᠬᠢᠶᠠᠭᠴᠢ᠄ ︽ᠪᠦᠭᠡᠴᠢᠨ ᠠᠯᠮᠠᠰ ᠢ ᠪᠤᠳᠤᠪᠠᠯ ᠶᠠᠮᠠᠷ ᠪᠤᠢ︖︾ ᠭᠡᠬᠦ ᠳᠤ ᠴᠡᠩᠭᠡᠯᠳᠦ ᠪᠠᠭᠰᠢ᠄ ︽ᠫᠠᠢ᠂ ᠲᠡᠷᠡ ᠬᠦᠦ ᠬᠦᠷᠡᠯᠳᠤᠭᠠᠷ ᠤᠨ ᠬᠠᠮᠢᠭ᠎ᠠ ᠨᠢ ᠴᠤ ᠬᠦᠷᠬᠦ ᠦᠭᠡᠢ᠂ ᠨᠠᠳᠠᠳᠦ ᠶᠡᠷᠦᠨᠢ ᠬᠦᠷᠡᠯᠳᠤᠭᠠᠷ ᠰᠢᠭ᠋ ᠲᠤᠷᠪᠢᠯᠢᠭ ᠲᠤᠮᠤ ᠪᠡᠶ᠎ᠡ ᠲᠠᠢ ᠬᠦᠮᠦᠨ ᠬᠠᠷᠠᠭᠳᠠᠬᠤ ᠦᠭᠡᠢ ᠪᠠᠶᠢᠨ᠎ᠠ︾ ᠭᠡᠪᠡ᠃ ᠡᠶᠢᠮᠦ ᠠᠴᠠ ᠵᠤᠬᠢᠶᠠᠭᠴᠢ ᠴᠤ ᠪᠢᠷᠠᠭᠤ ᠵᠡᠭᠡᠯᠢ ᠳᠤ ᠶᠠᠪᠤᠵᠦ ᠪᠠᠶᠢᠬᠤ ᠮᠤᠩᠭᠤᠯᠴᠦᠳ ᠠᠴᠠ ᠲᠡᠶᠢᠮᠦ ᠲᠤᠷᠪᠢᠯᠢᠭ ᠡᠷ᠎ᠡ ᠶᠢ ᠤᠯᠵᠦ ᠬᠠᠷᠠᠭᠠᠳᠤᠢ ᠪᠠᠶᠢᠭᠰᠠᠭᠠᠷ ᠁           ᠬᠦᠷᠡᠯᠳᠤᠭᠠᠷ ᠪᠠᠭᠠᠳᠤᠷ ᠢ ᠴᠤᠬᠤᠮ ᠠᠯᠢ ᠨᠤᠳᠤᠭ ᠤᠨ ᠬᠦᠮᠦᠨ ᠪᠤᠢ ᠭᠡᠰᠡᠨ ︽ᠲᠠᠶᠢᠯᠤᠭᠳᠠᠭ᠎ᠠ ᠦᠭᠡᠢ ᠤᠨᠢᠰᠤᠭ᠎ᠠ︾᠎ ᠶᠢ ᠵᠤᠬᠢᠶᠠᠭᠴᠢ ᠠᠴᠠ ᠦᠨᠡᠨ ᠮᠠᠭᠠᠳ ᠢ ᠲᠤᠳᠤᠷᠬᠠᠶᠢᠯᠠᠨ ᠬᠦᠭᠡ ᠰᠤᠳᠤᠷ ᠲᠤ ᠲᠡᠮᠳᠡᠭᠯᠡᠰᠦᠭᠡᠢ︕           ᠦᠷᠡᠭᠳᠡᠭᠰᠡᠨ ᠪᠠᠭᠠᠳᠤᠷ ᠬᠦᠷᠡᠯᠳᠤᠭᠠᠷ ᠪᠤᠯ ᠭᠡᠰᠢᠭᠳᠡᠨ ᠬᠦᠮᠦᠨ ᠪᠢᠰᠢ᠂ ᠴᠠᠬᠠᠷ ᠬᠦᠮᠦᠨ ᠮᠦᠨ᠃ ᠬᠦᠷᠡᠯᠳᠤᠭᠠᠷ ᠪᠠᠭᠠᠳᠤᠷ ᠢ ᠲᠤᠷᠠᠰᠬᠤ ᠳᠤ ᠵᠤᠬᠢᠶᠠᠭᠴᠢ ᠶᠢᠨ ᠲᠡᠭᠡᠳᠦᠰ ᠲᠠᠢ ᠬᠤᠯᠪᠤᠭᠳᠠᠬᠤ ᠤᠴᠢᠷ ᠪᠠᠶᠢᠬᠤ ᠲᠤᠯᠠ ᠵᠪᠠᠯ ᠲᠤᠷᠠᠳᠤᠬᠤ ᠴᠢᠬᠤᠯᠠ ᠲᠠᠢ ᠵᠦᠢᠯ ᠢ ᠲᠦᠬᠦᠮ ᠶᠠᠷᠢᠬᠤ ᠴᠢᠬᠤᠯᠠ ᠲᠠᠢ ᠪᠤᠯᠪᠠ᠃               ᠬᠠᠭᠠᠨ ᠰᠦᠷᠦᠭᠴᠢᠨ ᠠᠶᠢᠮᠠᠭ ᠤᠨ ᠠᠶᠤᠷᠵᠠᠨ᠎ᠠ ᠮᠠᠶᠢᠷᠠᠨ ᠤ ᠶᠡᠭᠡ ᠬᠦᠦ ᠦᠨᠳᠦᠷ ᠳ᠋ᠤᠩᠷᠤᠪ ᠪᠤᠯ ᠪᠢᠷᠠᠭᠤ ᠰᠦᠮ᠎ᠡ ᠶᠢᠨ ᠨᠢᠭᠤᠷ ᠤᠨ ᠤᠩᠵᠢᠳ ᠯᠠᠮᠠ ᠪᠠᠶᠢᠭᠰᠠᠨ ᠠᠴᠠ ᠪᠠᠨ ᠬᠠᠷ᠎ᠠ ᠬᠦᠮᠦᠨ ᠪᠤᠯᠵᠦ᠂ ᠲᠠᠷᠬᠠᠬᠠᠭᠤᠯᠠ ᠼᠦᠨ ︵ᠰᠤᠮᠤᠨ ᠤ ᠵᠠᠬᠢᠷᠭ᠎ᠠ︶᠎ ᠤ ᠪᠢᠴᠢᠭᠡᠴᠢ ᠪᠠᠶᠢᠵᠠᠢ᠃ ᠪᠠᠭ᠎ᠠ ᠬᠦᠪᠡᠬᠦᠨ ᠭᠤᠨᠴᠤᠭ ᠨᠢ ᠠᠳᠤᠭᠤ ᠮᠠᠯ ᠢᠶᠠᠨ ᠮᠠᠯᠵᠢᠭᠰᠠᠨ ᠪᠠᠶᠠᠨ ᠲᠠᠷᠭᠤᠨ ᠠᠶᠢᠯ ᠪᠠᠶᠢᠵᠦ᠂ ᠦᠨᠳᠦᠷ ᠤᠯᠢᠶᠠᠰᠤᠳᠠᠢ ᠲᠦᠨ ︵ᠭᠠᠴᠠᠭ᠎ᠠ︶᠎ ᠤ ᠠᠷᠤ ᠠᠮᠠ ᠶᠢᠨ ᠵᠤᠰᠠᠯᠠᠩ ᠳᠠᠭᠠᠨ ᠪᠠᠶᠢᠭᠰᠠᠨ ᠨᠢᠭᠡᠨ ᠡᠳᠦᠷ ᠪᠠᠷᠠᠭᠤᠨ ᠠᠴᠠ ᠢᠷᠡᠬᠦ ᠬᠤᠶᠠᠷ ᠮᠤᠷᠢᠳᠠᠨ ᠰᠢᠭᠤᠳ ᠡᠳᠡᠨ ᠤ ᠮᠤᠷᠢᠨ ᠤᠶᠠᠭᠠᠨ ᠲᠡᠭᠡᠷ᠎ᠡ ᠪᠠᠭᠤᠪᠠ᠃ ᠲᠤᠷᠪᠢᠯᠢᠭ ᠲᠤᠮᠤ ᠪᠡᠶ᠎ᠡ ᠲᠠᠢ ᠬᠠᠷ᠎ᠠ ᠬᠦᠮᠦᠨ ᠪᠠᠭ᠎ᠠ ᠨᠠᠰᠤᠨ ᠤ ᠦᠬᠢᠨ ᠲᠠᠭᠠᠭᠤᠯᠵᠦ ᠢᠷᠡᠬᠦ ᠳᠤ ᠲᠠᠨᠢᠵᠦ ᠮᠡᠳᠡᠬᠦ ᠦᠭᠡᠢ ᠬᠦᠮᠦᠨ ᠴᠤ ᠭᠡᠶᠢᠴᠢᠨ ᠤ ᠦᠷᠦᠭᠡᠨ ᠳᠡᠭᠡᠨ ᠪᠠᠭᠤᠯᠭᠠᠵᠠᠢ᠃ ᠢᠷᠡᠭᠰᠡᠨ ᠬᠤᠶᠠᠷ ᠭᠡᠶᠢᠴᠢᠨ ᠴᠠᠢ ᠤᠤᠭᠤᠵᠦ ᠪᠠᠷᠠᠭᠰᠠᠨ ᠤ ᠲᠠᠷᠠᠭ᠎ᠠ ᠪᠠᠶᠠᠨ ᠭᠤᠨᠴᠤᠭ ︵ᠵᠤᠬᠢᠶᠠᠭᠴᠢ ᠶᠢᠨ ᠠᠪᠤ︶ ᠭᠠᠯ ᠲᠤᠭᠤᠭᠠᠨ ᠤ ᠵᠠᠷᠤᠴᠠ ᠨᠠᠷ ᠢᠶᠠᠨ ᠲᠤᠬᠢᠵᠦ ᠠᠷᠢᠬᠢᠨ ᠰᠢᠷᠡᠭᠡ ᠵᠠᠰᠠᠵᠦ ᠠᠬ᠎ᠠ ᠳ᠋ᠤᠩᠷᠤᠪ ᠢᠶᠠᠨ ᠲᠠᠭᠤᠳᠠᠵᠠᠢ᠃ ᠮᠤᠩᠭᠤᠯᠴᠦᠳ ᠬᠤᠯᠠ ᠶᠢᠨ ᠭᠡᠶᠢᠴᠢᠨ ᠵᠤᠴᠢᠨ ᠢᠷᠡᠪᠡᠯ ᠠᠬ᠎ᠠ ᠲᠡᠬᠦᠦ ᠰᠠᠳᠤᠨ ᠲᠦᠷᠦᠯ᠂ ᠠᠶᠢᠯ ᠰᠠᠭᠠᠬᠠᠯᠳᠠ ᠎ ᠶᠢᠨ ᠠᠬ᠎ᠠ ᠲᠡᠬᠦᠦ ᠪᠠᠨ ᠵᠠᠯᠠᠵᠦ ᠪᠠᠶᠠᠨ ᠬᠤᠷᠢᠮ ᠲᠠᠯᠪᠢᠳᠠᠭ ᠲᠤᠯᠠ ᠠᠳᠤᠭᠤᠴᠢᠨ ᠨᠠᠷ ᠢᠶᠠᠨ ᠠᠷᠢᠬᠢᠨ ᠰᠢᠷᠡᠭᠡᠨ ᠎ ᠳᠤ ᠲᠠᠭᠤᠳᠠᠭᠰᠠᠨ ᠳᠤ ︽ᠮᠤᠷᠢᠳᠠᠨ ᠤ ᠭᠡᠰᠢᠭ ᠶᠠᠪᠠᠭᠠᠨ ᠳᠤ︾ ᠢᠷᠡᠯ᠎ᠡ ᠭᠡᠮᠡᠨ ᠲᠡᠳᠡ ᠪᠠᠶᠠᠷᠯᠠᠵᠠᠭᠠᠪᠠ᠃ ᠬᠤᠯᠠ ᠎ ᠶᠢᠨ ᠵᠤᠴᠢᠨ ᠢᠶᠠᠨ ᠪᠠᠶᠠᠷᠯᠠᠳᠠᠯ᠎ᠠ ᠲᠠᠶᠢᠯᠠᠶ᠎ᠠ ᠭᠡᠰᠡᠨ ᠪᠠᠶᠢᠯᠬᠦᠢ᠂ ᠨᠢᠭᠡ ᠰᠦᠨᠢ ᠨᠠᠷᠬᠢᠨ ᠠᠷᠢᠬᠢᠳᠠᠵᠦ ᠬᠤᠨᠤᠵᠠᠢ᠃ ᠪᠠᠭ᠎ᠠ ᠭᠡᠦᠭᠡᠨ ᠨᠢ ᠨᠦᠬᠦᠭᠡ ᠦᠷᠦᠭᠡᠨ ᠳᠤ ᠪᠦᠰᠡᠬᠦᠶᠢᠴᠦᠳ ᠲᠠᠢ ᠬᠤᠨᠤᠪᠠ᠃               ᠲᠠᠷᠠᠭ᠎ᠠ ᠡᠳᠦᠷ ᠨᠢ ᠪᠠᠶᠠᠨ ᠭᠤᠨᠴᠤᠭ ᠵᠡᠬᠦᠨᠰᠢ ᠮᠤᠷᠳᠠᠬᠤ ᠳᠤ ᠠᠳᠤᠭᠤᠴᠢᠨ ᠷᠠᠰᠢᠰᠡᠷᠡᠩ ᠨᠢ ᠭᠡᠳᠦᠨ ᠦᠭᠡᠷ ᠲᠡᠷᠭᠡ ᠭᠡᠯᠢᠵᠦ ᠬᠤᠨᠢᠨ᠎ᠠ ᠠᠴᠠ ᠨᠢ ᠠᠶᠠᠯᠠᠪᠠ᠃ ᠦᠳᠡ ᠪᠤᠯᠬᠤ ᠳᠤ ᠦᠪᠴᠢ ᠪᠦᠷᠢᠶᠡᠰᠦᠳᠡᠢ ᠭᠡᠷ ᠲᠡᠭᠡᠭᠡᠵᠦ ᠠᠪᠴᠢᠷᠠᠨ ᠭᠡᠷ ᠤᠨ ᠢᠶᠠᠨ ᠵᠡᠬᠦᠨᠳᠠᠢ ᠱᠠᠭ ᠭᠡᠰᠡᠨ ᠮᠤᠩᠭᠤᠯ ᠭᠡᠷ ᠪᠤᠰᠬᠠᠪᠠ᠃ ᠪᠦᠰᠡᠬᠦᠶᠢᠴᠦᠦᠯ ᠬᠠᠮᠵᠢᠯᠴᠠᠵᠦ ᠲᠡᠷᠡᠭᠡᠨ ᠵᠠᠭᠤᠷ᠎ᠠ ᠰᠢᠪᠠᠷ ᠨᠤᠬᠤᠵᠦ ᠵᠤᠤᠬ᠎ᠠ ᠪᠠᠷᠢᠨ ᠲᠤᠭᠤᠭ᠎ᠠ ᠰᠢᠨᠠᠭᠠᠨ ᠤ ᠡᠳ᠋ᠯᠡᠯ᠂ ᠠᠪᠳᠠᠷ᠎ᠠ ᠪᠠᠷᠠᠭ᠎ᠠ ᠁ ᠵᠡᠷᠭᠡ ᠭᠡᠷ ᠤᠨ ᠭᠡᠷᠡᠭᠰᠡᠯ ᠢ ᠪᠠᠶᠠᠨ ᠭᠤᠨᠴᠤᠭ ᠠᠬ᠎ᠠ ᠲᠡᠬᠦᠦ ᠬᠤᠶᠠᠭᠤᠯᠠ ᠪᠠᠨ ᠡᠪᠯᠡᠬᠦᠯᠵᠦ ᠪᠦᠷᠢᠳᠭᠡᠯ᠎ᠡ᠃ ᠬᠤᠮᠰᠠᠬᠠᠨ ᠠᠮᠢᠳᠤᠷᠠᠯ ᠲᠠᠢ ᠠᠶᠢᠯ ᠳᠤ ᠦᠪᠴᠢ ᠪᠦᠷᠢᠶᠡᠰᠦ ᠲᠠᠢ ᠭᠡᠷ ᠬᠤᠳᠠᠯᠳᠤᠨ ᠠᠪᠬᠤ ᠳᠤ ᠬᠦᠴᠢᠷᠳᠡᠬᠦ ᠪᠠᠶᠢᠯᠬᠦᠢ᠃ ᠪᠠᠶᠠᠨ ᠭᠤᠨᠴᠤᠭ ᠲᠤ ᠬᠤᠷᠤᠭᠤᠨ ᠤ ᠦᠵᠦᠬᠦᠷ ᠬᠤᠮ ᠫᠠᠳ᠂ ᠬᠢᠮᠦᠰᠦᠨ ᠤ ᠦᠵᠦᠬᠦᠷ ᠳ᠋ᠢᠶᠠᠨ ᠫᠠᠳ᠂ ᠰᠠᠬᠠᠯ ᠳᠤ ᠨᠠᠭᠠᠯᠳᠤᠬᠤ ᠦᠭᠡᠢ ᠪᠤᠳᠠᠭ᠎ᠠ᠃ ᠠᠷᠤ ᠠᠮᠠ ᠶᠢᠨ ᠵᠤᠰᠠᠯᠠᠩ ᠳᠤ ᠱᠤᠭᠤᠮ ᠲᠠᠳᠠᠭᠰᠠᠨ ᠰᠢᠭ᠋ ᠨᠢᠭᠡᠯᠡ ᠮᠦᠷ ᠲᠦᠷᠪᠡᠨ ᠮᠤᠩᠭᠤᠯ ᠭᠡᠷ ᠵᠡᠷᠭᠡᠴᠡᠭᠰᠡᠨ ᠪᠠᠶᠢᠯ᠎ᠠ᠃ ᠬᠦᠮᠦᠨ ᠤᠯᠠᠨ ᠪᠤᠯ ᠬᠦᠴᠦ ᠶᠡᠭᠡᠳᠡᠢ᠂ ᠰᠢᠨᠡᠭᠡᠨ ᠪᠤᠰᠬᠠᠭᠰᠠᠨ ᠭᠡᠷ ᠤᠨ ᠡᠮᠦᠨ᠎ᠡ ᠵᠠᠷᠤᠴᠠ ᠨᠢ ᠬᠤᠨᠢ ᠵᠠᠷᠤᠬᠤ ᠳᠤ ᠪᠦᠰᠡᠬᠦᠶᠢᠴᠦᠯ ᠭᠡᠳᠡᠰᠦ ᠲᠤᠳᠤᠷ ᠢ ᠨᠢ ᠠᠷᠢᠯᠭᠠᠵᠦ ᠪᠠᠶᠢᠬᠤ ᠳᠤ ᠰᠢᠨ᠎ᠡ ᠠᠶᠢᠯ ᠳᠤ ᠰᠢᠨ᠎ᠡ ᠴᠠᠢ ᠤᠤᠭᠤᠨ ᠬᠦᠭᠡᠷᠦᠯᠳᠦᠵᠦ ᠪᠠᠶᠢᠯ᠎ᠠ᠃ ᠱᠠᠭ ᠭᠡᠰᠡᠨ ᠮᠤᠩᠭᠤᠯ ᠭᠡᠷ ᠠᠴᠠ ᠰᠤᠭᠤᠨᠤᠭᠯᠠᠭᠰᠠᠨ ᠤᠳᠤᠭ᠎ᠠ ᠪᠤᠷᠬᠢᠯᠵᠦ᠂ ᠬᠤᠨᠢᠨ ᠮᠢᠬᠠᠨ ᠤ ᠰᠠᠶᠢᠬᠠᠨ ᠦᠨᠦᠷ ᠡᠨᠡ ᠠᠶᠢᠯ ᠎ ᠤᠨ ᠲᠤᠭᠤᠭᠠᠨ ᠠᠴᠠ ᠰᠠᠪᠰᠠᠯᠠᠨ᠎ᠠ᠃ ᠠᠳᠤᠭᠤᠴᠢᠨ᠂ ᠰᠠᠭᠠᠯᠢᠴᠢᠨ ᠠᠴᠠ ᠡᠬᠢᠯᠡᠨ ᠭᠡᠦᠭᠡᠳ ᠰᠢᠤᠬᠠᠳ ᠳᠠᠭᠠᠨ ᠬᠦᠷᠳᠡᠯ᠎ᠡ ᠬᠦᠯ ᠨᠢ ᠬᠦᠩᠭᠡᠷᠡᠵᠦ ᠶᠡᠭᠡᠯ᠎ᠡ ᠬᠦᠭᠵᠢᠶᠡᠨᠳᠡᠢ ᠪᠠᠶᠢᠪᠠ᠃               ᠬᠤᠨᠢᠨ ᠮᠢᠬ᠎ᠠ ᠪᠠᠨ ᠲᠠᠪᠠᠭᠯᠠᠵᠦ ᠬᠠᠮᠳᠤᠪᠡᠷ ᠬᠤᠨᠳᠠᠭ᠎ᠠ ᠲᠠᠯᠪᠢᠯ ᠦᠭᠡᠢ ᠠᠷᠢᠬᠢ ᠤᠤᠭᠤᠨ᠂ ᠬᠢᠳᠤᠭ᠎ᠠ ᠲᠠᠯᠪᠢᠯ ᠦᠭᠡᠢ ᠮᠢᠬ᠎ᠠ ᠢᠳᠡᠵᠦ ᠨᠠᠶᠢᠷᠯᠠᠯᠳᠤᠪᠠ᠃ ᠠᠷᠪᠢᠨ ᠬᠦᠮᠦᠨ ᠳᠤ ᠠᠬ᠎ᠠ ᠪᠠᠶᠢᠳᠠᠭ᠂ ᠠᠳᠬᠤ ᠱᠠᠭ᠎ᠠ ᠳᠤ ᠱᠠᠬᠠᠭ ᠪᠠᠶᠢᠳᠠᠭ᠃ ᠦᠨᠳᠦᠷ ᠳ᠋ᠤᠩᠷᠤᠪ᠄ ︽ᠡᠨᠡ ᠬᠤᠶᠠᠷ ᠲᠡᠬᠦᠦᠨᠠᠷ ᠪᠤᠯ ᠴᠠᠬᠠᠷ ᠠᠴᠠ ᠢᠷᠡᠭᠰᠡᠨ ᠶᠤᠮ᠃ ᠡᠨᠡ ᠬᠠᠷ᠎ᠠ ᠬᠦᠮᠦᠨ ᠬᠤᠶᠢᠰᠢᠳᠠ ᠮᠠᠨ ᠤ ᠳᠤ ᠬᠠᠮᠵᠢᠯᠴᠠᠨ᠎ᠠ᠃ ᠰᠠᠶᠢᠨ ᠠᠳᠤᠭᠤᠴᠢᠨ᠂ ᠰᠠᠶᠢᠨ ᠡᠮᠨᠢᠭᠴᠢᠨ ᠪᠦᠭᠡᠳ ᠰᠠᠶᠢᠨ ᠪᠦᠭᠡᠴᠢᠨ ᠰᠢᠦ᠃ ᠡᠨᠡ ᠪᠠᠭ᠎ᠠ ᠲᠡᠬᠦᠦ ᠦᠨᠢᠶ᠎ᠡ ᠰᠠᠭᠠᠬᠤ᠂ ᠰᠠᠭᠠᠯᠢ ᠡᠷᠭᠡᠴᠡᠬᠦᠯᠬᠦ ᠳᠤ ᠬᠠᠪᠰᠤᠷᠤᠨ᠎ᠠ᠂ ᠡᠪ ᠎ ᠲᠠᠢ ᠡᠶ᠎ᠡ ᠲᠠᠢ ᠰᠠᠶᠢᠨ ᠬᠠᠮᠵᠢᠯᠴᠠᠨ ᠠᠮᠢᠳᠤᠷᠠᠶ᠎ᠠ︕︾ ᠭᠡᠵᠦ ᠠᠶᠠᠭ᠎ᠠ ᠲᠠᠢ ᠰᠠᠭᠠᠯᠢ ᠶᠢᠨ ᠠᠷᠢᠬᠢ ᠪᠠᠨ ᠡᠷᠬᠦᠵᠦ ᠭᠡᠯᠡᠨ᠎ᠡ᠃ ᠢᠷᠡᠭᠰᠡᠨ ᠭᠡᠶᠢᠴᠢᠨ᠄ ︽ᠰᠤᠯᠢᠵᠦ ᠪᠠᠭᠤᠬᠤ ᠳᠤ ᠨᠤᠳᠤᠭ ᠰᠠᠶᠢᠬᠠᠨ ᠭᠡᠳᠡᠭᠴᠢᠯᠡᠨ᠂ ᠭᠡᠰᠢᠭᠳᠡᠨ ᠭᠡᠮᠡᠭᠴᠢ ᠵᠢᠷᠤᠭ ᠤᠨ ᠰᠠᠶᠢᠬᠠᠨ ᠤᠷᠤᠨ ᠳ᠋ᠠ᠂ ᠮᠢᠨᠦ ᠨᠡᠷ᠎ᠡ ᠪᠤᠯ ᠬᠦᠷᠡᠯᠳᠤᠭᠠᠷ ᠭᠡᠳᠡᠭ᠂ ᠪᠦᠰᠡᠬᠦᠢ ᠮᠢᠨᠢ ᠶᠠᠩᠵᠠᠢ ᠭᠡᠳᠡᠭ ᠶᠤᠮ᠃ ᠶᠠᠭᠤᠨ ᠤ ᠤᠷᠢᠳ ᠬᠤᠶᠠᠷ ᠠᠬ᠎ᠠ ᠳᠠᠭᠠᠨ ᠨᠢᠭᠡ ᠭᠡᠮ ᠠᠷᠢᠬᠢ ᠪᠠᠷᠢᠶ᠎ᠠ︕︾ ᠭᠡᠵᠦ ᠠᠶᠠᠭ᠎ᠠ ᠲᠠᠢ ᠰᠠᠷᠬᠤᠳ ᠢᠶᠠᠨ ᠡᠷᠬᠦᠵᠦ ᠴᠤᠭᠭᠠᠷ ᠠᠷᠢᠬᠢ ᠤᠤᠭᠤᠵᠠᠭᠠᠪᠠ᠃ ᠠᠳᠤᠭᠤᠴᠢᠨ ᠵᠠᠯᠠᠭᠤ᠄ ︽ᠠᠳᠤᠭᠤᠨ ᠳᠤ ᠠᠯᠠᠭ ᠪᠠᠶᠢᠳᠠᠭ᠂ ᠠᠬ᠎ᠠ ᠲᠡᠬᠦᠦ ᠳᠤ ᠠᠯᠠᠭ ᠪᠠᠶᠢᠳᠠᠭ ᠦᠭᠡᠢ᠂ ᠬᠤᠯᠠ ᠠᠴᠠ ᠢᠷᠡᠭᠰᠡᠨ ᠠᠬ᠎ᠠ ᠨᠠᠮᠠᠢᠢ ᠭᠤᠯᠤᠬᠤ ᠦᠭᠡᠢ ᠪᠤᠯ ᠮᠢᠨᠦ ᠨᠢᠮᠭᠡᠨ ᠰᠡᠳᠬᠢᠯ ᠢ ᠪᠠᠭᠳᠠᠭᠠᠵᠦ ᠨᠢᠭᠡᠨ ᠠᠶᠠᠭ᠎ᠠ ᠰᠠᠷᠬᠤᠳ ᠢ ᠲᠤᠭᠳᠠᠭᠠᠨᠤ︖︾ ᠭᠡᠬᠦ ᠳᠤ ᠬᠦᠷᠡᠯᠳᠤᠭᠠᠷ ᠲᠠᠷᠠᠭ᠎ᠠ ᠦᠭᠡ ᠭᠡᠯᠡᠵᠦ ᠠᠮᠵᠢᠭᠠᠳᠤᠢ ᠳᠤ ᠡᠨᠡ ᠵᠠᠯᠠᠭᠤ ᠠᠮᠳᠠᠵᠦ ᠭᠡᠯᠡᠭᠰᠡᠨ ᠳᠤ ᠰᠠᠨᠳᠤᠷᠬᠤ ᠳᠠᠭᠠᠨ ᠦᠭᠡ ᠲᠠᠭᠤᠨ ᠦᠭᠡᠢ ᠪᠠᠯᠭᠤᠪᠠ᠃ ᠠᠷᠢᠬᠢᠨ ᠰᠢᠷᠡᠭᠡ ᠲᠡᠭᠡᠷ᠎ᠡ ᠰᠠᠨᠠᠭᠠᠨ ᠳᠤ ᠦᠭᠡᠢ ᠠᠷᠢᠬᠢ ᠭᠠᠵᠠᠷ ᠲᠤᠰᠤᠯᠠᠬᠤ᠂ ᠮᠢᠬ᠎ᠠ ᠨᠤᠭᠤᠭ᠎ᠠ ᠤᠨᠠᠬᠤ ᠵᠦᠩᠳᠡᠭᠡᠨ᠂ ᠬᠠᠷᠢᠨ ᠦᠭᠡ ᠭᠠᠵᠠᠷ ᠲᠤᠰᠬᠤ ᠪᠠᠶᠢᠳᠠᠭ ᠦᠭᠡᠢ᠃ ᠬᠠᠯᠠᠭᠤᠨ ᠡᠯᠢᠭᠡᠳᠡᠨ ᠮᠤᠩᠭᠤᠯᠴᠦᠳ ᠬᠠᠮᠢᠭ᠎ᠠ ᠬᠤᠯᠠ ᠠᠴᠠ ᠨᠢᠭᠡ ᠨᠢ ᠢᠷᠡᠪᠡᠯ ᠬᠠᠷᠢᠯᠴᠠᠨ ᠬᠠᠨᠢᠰᠠᠨ ᠲᠠᠰᠤᠯᠴᠠᠵᠦ ᠲᠤᠳᠤᠨᠤ ᠪᠤᠯᠤᠯᠴᠠᠳᠠᠭ ᠪᠢᠯᠡ᠃     ᠲᠠᠷᠠᠭ᠎ᠠ ᠦᠷᠯᠦᠭᠡ ᠨᠢ ᠶᠠᠩᠵᠠᠢ᠄ ︽ᠴᠠᠢ ᠵᠤᠭᠤᠭᠯᠠ︾ ᠭᠡᠮᠡᠨ ᠴᠤᠭᠭᠠᠷ ᠢ ᠵᠠᠯᠠᠵᠦ ᠴᠠᠶᠢᠯᠠᠪᠠ᠃ ︽ᠲᠤᠭᠤᠨᠤ ᠲᠠᠢ ᠭᠡᠷ ᠲᠤ ᠲᠤᠯᠤᠭᠠᠢ ᠬᠤᠯᠪᠤᠵᠦ᠂ ᠲᠤᠭᠤᠭ᠎ᠠ ᠲᠠᠢ ᠪᠤᠳᠠᠭ᠎ᠠ ᠳᠤ ᠬᠤᠰᠢᠭᠤ ᠬᠤᠯᠪᠤᠭᠰᠠᠨ︾ ᠬᠦᠷᠡᠯᠳᠤᠭᠠᠷ᠂ ᠶᠠᠩᠵᠠᠢ ᠬᠤᠶᠠᠷ ᠡᠨᠡ ᠨᠤᠳᠤᠭ ᠲᠤ ᠬᠦᠯ ᠲᠤᠭᠳᠠᠨ ᠠᠮᠢᠳᠤᠷᠠᠪᠠ ᠁               ᠦᠬᠦᠯᠡᠨ ᠪᠦᠬᠦᠢ ᠬᠦᠷᠡᠯᠳᠤᠭᠠᠷ ᠪᠤᠯ ᠲᠠᠷᠤᠢ 36 ᠳ᠋ᠤᠭᠠᠷ ᠬᠤᠷᠢᠶᠠᠨ ᠤ ᠲᠤᠷᠰᠢᠭᠤᠯᠴᠢ ᠪᠠᠶᠢᠯᠳᠤᠭᠴᠢ ᠬᠦᠷᠡᠯᠳᠤᠭᠠᠷ ᠪᠠᠭᠠᠳᠤᠷ ᠮᠦᠨ᠃ ᠴᠠᠬᠠᠷ ᠨᠤᠳᠤᠭ ᠲᠠᠢ ᠬᠦᠮᠦᠨ ᠨᠢ ᠦᠨᠡᠨ ᠶᠤᠮ᠃ ᠲᠡᠷᠡ ᠪᠡᠶ᠎ᠡ ᠪᠠᠨ ︽ᠬᠦᠷᠳᠡᠮ ᠳ᠋ᠠᠮᠪᠠ︾ ᠭᠡᠵᠦ ᠪᠠᠰᠠ ᠭᠡᠯᠡᠳᠡᠭ ᠭᠡᠨ᠎ᠡ᠃ ᠯᠠᠮᠠ ᠶᠠᠩᠵᠦ ᠪᠠᠷ ᠬᠤᠪᠴᠠᠯᠠᠵᠦ ᠠᠶᠢᠯ ᠲᠤᠭᠤᠷᠢᠵᠦ ᠪᠤᠷᠬᠠᠨ ᠲᠠᠬᠢᠳᠠᠭ ᠪᠦᠭᠡᠳ ᠪᠤᠷᠢᠶᠠᠳ ᠤᠨ ᠠᠶᠢᠯ ᠤᠳ ᠲᠤ ᠦᠷᠬᠦᠯᠵᠢ ᠤᠴᠢᠵᠦ ᠪᠤᠷᠬᠠᠨ ᠲᠠᠬᠢᠳᠠᠭ ᠭᠡᠨ᠎ᠡ᠃ ᠵᠤᠬᠢᠶᠠᠭᠴᠢ᠂ ᠬᠦᠷᠳᠡᠮ ᠳ᠋ᠠᠮᠪᠠ ᠭᠡᠭᠴᠢ ᠨᠢ ᠦᠨᠡᠨ ᠨᠡᠷ᠎ᠡ ᠨᠢ ᠪᠢᠯᠢᠦ ᠭᠡᠮᠡᠨ ᠪᠤᠳᠤᠵᠦ ᠪᠤᠢ᠃ ᠲᠡᠷᠡ ᠯᠠᠮᠠ ᠪᠠᠶᠢᠭᠰᠠᠨ ᠨᠢ ᠭᠠᠷᠴᠠᠭ᠎ᠠ ᠦᠭᠡᠢ᠃ ᠴᠠᠬᠠᠷ ᠨᠠᠢᠮᠠᠨ ᠬᠤᠰᠢᠭᠤ ᠡᠩ ᠦᠷᠭᠡᠨ ᠪᠠᠶᠢᠳᠠᠭ ᠴᠤ ᠲᠡᠷᠡ ᠯᠠᠪᠳᠠᠢ ᠭᠡᠰᠢᠭᠳᠡᠨ ᠠᠴᠠ ᠤᠶᠢᠷᠠᠯᠴᠠᠭ᠎ᠠ ᠪᠠᠶᠢᠭᠰᠠᠨ ᠰᠦᠮ᠎ᠡ ᠶᠢᠨ ᠯᠠᠮᠠ ᠪᠠᠶᠢᠬ᠎ᠠ᠃ ᠠᠶᠢᠯ ᠤᠨ ᠠᠷᠪᠠᠨ ᠵᠢᠷᠭᠤᠭ᠎ᠠ ᠲᠠᠢ ᠦᠬᠢᠨ ᠢ ᠲᠠᠭᠠᠭᠤᠯᠤᠨ ᠰᠤᠮᠤᠨ ᠠᠴᠠ ᠪᠠᠨ ᠰᠤᠭᠤᠷᠴᠦ ᠰᠠᠭᠤᠭᠰᠠᠨ ᠨᠤᠳᠤᠭ ᠠᠴᠠ ᠪᠠᠨ ᠰᠠᠯᠵᠦ ᠬᠦᠮᠦᠨ ᠤ ᠨᠢᠳᠦ ᠴᠢᠬᠢᠨ ᠎ ᠠᠴᠠ ᠵᠠᠶᠢᠳᠠᠭᠤ ᠭᠡᠰᠢᠭᠳᠡᠨ ᠨᠤᠳᠤᠭ ᠲᠤ ᠢᠷᠡᠵᠦ ᠠᠮᠢᠳᠤᠷᠠᠵᠠᠢ᠃               ᠬᠦᠷᠡᠯᠳᠤᠭᠠᠷ ᠮᠤᠷᠢ ᠰᠠᠶᠢᠨ ᠰᠢᠨᠵᠢᠳᠡᠭ ᠬᠦᠮᠦᠨ ᠪᠠᠶᠢᠵᠠᠢ᠃ ᠨᠢᠭᠡᠨ ᠤᠳᠠᠭ᠎ᠠ ᠠᠯᠢ ᠨᠤᠳᠤᠭ ᠠᠴᠠ ᠠᠪᠴᠢᠷᠠᠭᠰᠠᠨ ᠢ ᠪᠤᠤ ᠮᠡᠳᠡ᠂ ᠭᠡᠭᠡᠷ ᠲᠠᠭ᠎ᠠ ᠬᠦᠳᠦᠯᠵᠦ ᠢᠷᠡᠭᠡᠳ᠄ ︽ᠡᠨᠡ ᠲᠠᠭ᠎ᠠ ᠡᠮᠡᠭᠡᠯ ᠭᠠᠵᠠᠷ ᠬᠠᠶᠠᠬᠤ ᠦᠭᠡᠢ ᠮᠤᠷᠢ ᠪᠤᠯᠬᠤ ᠶᠤᠮ︾ ᠭᠡᠪᠡ᠃ ᠦᠨᠳᠦᠷ ᠳ᠋ᠤᠩᠷᠤᠪ ᠭᠤᠵᠢᠭᠠᠷ ᠬᠠᠳᠠ ᠶᠢᠨ ᠵᠤᠰᠠᠯᠠᠩ ᠤᠨ ᠲᠠᠯᠳᠦ ᠶᠢᠨ ᠤᠯᠤᠮ ᠤᠨ ᠠᠷᠤ ᠠᠴᠠ ᠲᠠᠷᠬᠠᠬᠠᠭᠤᠯᠠ ᠶᠢᠨ ᠼᠦᠨ ᠲᠡᠭᠡᠷ᠎ᠡ ᠶᠠᠪᠤᠬᠤ ᠳᠤ ᠬᠦᠷᠡᠯᠳᠦᠭᠠᠷ ᠦᠨᠦ ᠭᠡᠭᠡᠷ ᠲᠠᠭ᠎ᠠ ᠪᠠᠨ ᠤᠨᠤᠨ ᠬᠠᠮᠳᠦ ᠮᠤᠷᠳᠠᠵᠠᠢ᠃ ᠲᠠᠷᠬᠠᠬᠠᠭᠤᠯᠠ ᠠᠴᠠ ᠬᠤᠶᠠᠷ ᠠᠯᠳᠠ ᠨᠠᠷᠠ ᠲᠠᠢ ᠪᠤᠴᠠᠵᠦ ᠢᠷᠡᠬᠦ ᠳᠤ ᠭᠡᠭᠡᠷ ᠲᠠᠭ᠎ᠠ ᠎ ᠨᠢ ᠬᠦᠯ ᠰᠤᠯᠠᠷᠠᠭᠰᠠᠨ ᠦᠭᠡᠢ ᠭᠡᠨ᠎ᠡ᠃ ᠠᠳᠤᠭᠤᠴᠢᠨ ᠴᠢᠳᠦᠷ ᠤᠨ ᠮᠤᠷᠢᠳ ᠢ ᠠᠪᠴᠢᠷᠠᠬᠤ ᠪᠠᠷ ᠶᠠᠪᠤᠬᠤ ᠳᠤ ᠳ᠋ᠤᠩᠷᠤᠪ ᠤᠨ ᠬᠦᠦ ᠬᠦᠩᠰᠡᠨᠨᠢᠮ᠎ᠠ ᠮᠤᠷᠢ ᠵᠠᠶᠢᠳᠠᠯᠠᠬᠤ ᠲᠤᠷ᠎ᠠ ᠲᠠᠢ ᠲᠤᠯᠠ ᠦᠷᠬᠦᠯᠵᠢ ᠲᠠᠭᠠᠵᠦ ᠶᠠᠪᠤᠳᠠᠭ᠃ ᠡᠨᠡᠬᠦ ᠭᠡᠭᠡᠷ ᠲᠠᠭ᠎ᠠ ᠨᠤᠮᠤᠬᠠᠨ ᠲᠤᠯᠠ ᠲᠡᠷᠡ ᠬᠠᠶᠠ ᠵᠠᠶᠢᠳᠠᠯᠠᠳᠠᠭ ᠪᠠᠶᠢᠵᠠᠢ᠃ ᠬᠦᠩᠰᠡᠨᠨᠢᠮ᠎ᠠ ᠡᠨᠡᠬᠦ ᠭᠡᠭᠡᠷ ᠲᠠᠭ᠎ᠠ ᠲᠠᠢ ᠲᠠᠰᠤᠯᠴᠠᠭᠰᠠᠨ ᠢ ᠬᠦᠷᠡᠯᠳᠤᠭᠠᠷ ᠦᠵᠡᠵᠦ ᠮᠡᠳᠡᠭᠡᠳ ᠲᠡᠬᠦᠨ ᠳᠤ ᠦᠭᠬᠦᠶ᠎ᠡ ᠭᠡᠰᠡᠨ ᠳᠤ ᠦᠨᠳᠦᠷ ᠳ᠋ᠤᠩᠷᠤᠪ ᠪᠦᠳᠦᠬᠦᠨ ᠮᠤᠷᠢ ᠲᠡᠭᠡᠷ᠎ᠡ ᠪᠠᠨ ᠨᠡᠯᠢᠶᠡᠳ ᠶᠠᠩᠴᠢᠶᠠᠨ ᠨᠡᠮᠡᠵᠦ ᠦᠭᠬᠦᠯ᠎ᠡ ᠭᠡᠳᠡᠭ᠃ ᠡᠨᠡᠬᠦ ᠭᠡᠭᠡᠷ ᠮᠤᠷᠢ ᠶᠠᠮᠠᠷᠴᠦ ᠠᠭᠠᠰᠢ ᠵᠠᠩ ᠦᠭᠡᠢ ᠨᠤᠮᠤᠬᠠᠨ ᠤ ᠲᠦᠯ ᠲᠤᠯᠠ ︽ᠰᠢᠪᠠᠷ ᠭᠡᠭᠡᠷ︾ ᠭᠡᠰᠡᠨ ᠴᠤᠯᠠ ᠲᠠᠢ ᠰᠠᠶᠢᠨ ᠮᠤᠷᠢ ᠪᠠᠶᠢᠵᠠᠢ᠃               ᠦᠨᠳᠦᠷ ᠳ᠋ᠤᠩᠷᠤᠪ ᠬᠤᠶᠠᠷ ᠲᠠᠯ᠎ᠠ ᠶᠢᠨ ᠡᠬᠦᠷᠦᠭᠡ ︵ᠬᠦᠨᠳᠦᠷᠡᠭᠡ︶᠎ ᠲᠠᠢ ᠰᠠᠶᠢᠨ ᠪᠦᠭᠡᠴᠢᠨ ᠲᠤᠯᠠ ᠡᠷ᠎ᠡ ᠎ ᠶᠢᠨ ᠭᠡᠶᠢᠮᠦᠷᠢ ᠰᠡᠷᠬᠦᠭᠡᠬᠦ ᠭᠡᠮᠡᠨ ᠨᠠᠶᠢᠷ ᠲᠠᠮᠵᠢᠨ ᠪᠠᠷᠢᠯᠳᠤᠵᠦ ᠶᠠᠪᠤᠬᠤ ᠳᠤ ᠬᠦᠷᠡᠯᠳᠤᠭᠠᠷ ᠴᠤ ᠵᠤᠳᠤᠭ ᠢᠶᠠᠨ ᠪᠦᠰᠡᠯᠡᠵᠦ ᠬᠠᠮᠳᠦ ᠮᠤᠷᠳᠠᠳᠠᠭ ᠪᠠᠶᠢᠵᠠᠢ᠃ ᠪᠠᠶᠠᠨ ᠭᠤᠨᠴᠤᠭ ᠠᠳᠤᠭᠤ ᠮᠠᠯ ᠳᠠᠭᠠᠨ ᠲᠤᠰᠬᠠᠢ ᠬᠦᠯᠦᠰᠦᠨ ᠤ ᠬᠦᠮᠦᠨ ᠲᠠᠢ ᠲᠤᠯᠠ ᠠᠪᠠᠭ᠎ᠠ ᠬᠠᠭᠤᠴᠢᠳ ᠤᠨ ᠰᠠᠶᠢᠬᠠᠨ ᠶᠠᠪᠤᠯᠴᠠᠳᠠᠭ ᠨᠠᠶᠢᠵᠢ ᠨᠠᠷ ᠤᠨ ᠳᠠᠭᠠᠨ ᠠᠶᠢᠴᠢᠯᠴᠢᠯᠠᠨ ᠠᠪᠠᠭ᠎ᠠ ᠶᠢᠨ ᠨᠡᠷᠡᠳᠦ ᠮᠤᠷᠢᠨ ᠬᠤᠭᠤᠷᠴᠢᠨ ᠸᠠᠩᠳᠢ᠂ ᠨᠡᠷᠡᠳᠦ ᠤᠷᠳᠦ ᠶᠢᠨ ᠲᠠᠭᠤᠴᠢᠨ ᠲᠧᠮᠳᠡᠨ ᠨᠠᠷ ᠲᠠᠢ ᠨᠠᠶᠢᠵᠠᠯᠠᠨ ᠨᠠᠷᠬᠢᠵᠦ ᠭᠡᠴᠢᠨᠡᠨ ᠡᠳᠦᠷ ᠲᠤ ᠪᠤᠴᠠᠳᠠᠭ ᠦᠭᠡᠢ ᠪᠠᠶᠢᠵᠠᠢ᠃               ᠬᠦᠷᠡᠯᠳᠦᠭᠠᠷ ᠬᠠᠮᠳᠦ ᠱᠤᠭᠰᠢᠭᠤᠯᠳᠠᠭ ᠨᠢ ︽ᠬᠦᠷᠳᠡᠮ ᠳ᠋ᠠᠮᠪᠠ︾ ᠭᠤᠸᠠᠢ ᠪᠤᠷᠬᠠᠨ ᠲᠠᠬᠢᠵᠦ ᠬᠦᠵᠢ ᠰᠠᠩ ᠤᠩᠭᠠᠰᠬᠠᠵᠦ ᠪᠠᠶᠢᠭᠰᠠᠨ ᠪᠤᠯᠪᠠᠦ᠃ ᠪᠠᠶᠠᠨ ᠭᠤᠨᠴᠤᠭ ᠭᠡᠰᠢᠭᠳᠡᠨ ᠨᠤᠳᠤᠭ ᠲᠠᠭᠠᠨ ᠸᠠᠩᠳᠢ ᠬᠤᠭᠤᠷᠴᠢ᠂ ᠲᠠᠭᠤᠴᠢᠨ ᠲᠧᠮᠳᠡᠨ ᠵᠡᠷᠭᠡ ᠨᠠᠶᠢᠵᠢ ᠨᠠᠷ ᠢᠶᠠᠨ ᠵᠠᠯᠠᠵᠦ ᠢᠷᠡᠬᠦ ᠳᠤ ᠤᠶᠢᠷᠠᠯᠴᠠᠭ᠎ᠠ ᠵᠡᠷᠭᠡᠯᠡᠳᠡᠭᠡ ᠰᠠᠭᠤᠳᠠᠭ ᠴᠤ ᠠᠶᠢᠮᠠᠭ ᠬᠤᠰᠢᠭᠤ ᠠᠰᠳᠠᠭᠠᠨ ᠶᠤᠮ᠃ ᠰᠢᠯᠢᠩᠭᠤᠤᠯ ᠢ ᠭᠠᠳᠤᠯᠵᠦ ᠠᠶᠢᠯᠴᠢᠯᠠᠨ ᠢᠷᠡᠭᠰᠡᠨ ᠨᠠᠶᠢᠵᠢ ᠨᠦᠬᠦᠳ ᠪᠢᠯᠡ ᠭᠡᠮᠡᠨ ︽ᠮᠠᠷᠭᠠᠰᠢ᠂ ᠮᠠᠷᠭᠠᠰᠢ︾ ᠭᠡᠳ ᠪᠤᠴᠠᠶ᠎ᠠ ᠭᠡᠬᠦ ᠳᠤᠨᠢ ᠬᠤᠶᠢᠰᠢᠯᠠᠭᠤᠯᠤᠨ ᠨᠠᠶᠢᠷᠯᠠᠯᠳᠤᠨ ᠨᠠᠷᠬᠢᠳᠠᠭ ᠪᠠᠶᠢᠵᠠᠢ᠃ ︽ᠤᠷᠤᠭ᠎ᠠ ᠨᠢ ᠤᠷᠤᠭ᠎ᠠ ᠪᠠᠨ᠂ ᠵᠢᠷᠤᠭ᠎ᠠ ᠨᠢ ᠵᠢᠷᠤᠭ᠎ᠠ ᠪᠠᠨ︾ ᠡᠷᠢᠵᠦ ᠢᠷᠡᠳᠡᠭ ᠤᠴᠢᠷ ᠲᠠᠢ ᠰᠠᠶᠢᠬᠠᠨ ᠲᠠᠪᠢᠯᠠᠩ ᠵᠠᠶᠠᠭ᠎ᠠ ᠶᠢᠨ ᠠᠬ᠎ᠠ ᠲᠡᠬᠦᠦ ᠨᠠᠷ ᠪᠠᠶᠢᠵᠠᠢ᠃ ᠬᠦᠷᠯᠡᠳᠤᠭᠠᠷ ᠡᠬᠦᠷᠢᠳᠡ ᠭᠠᠳᠠᠭᠰᠢ ᠮᠤᠷᠳᠠᠵᠦ ᠠᠷᠪᠠᠭᠠᠳ ᠬᠤᠨᠤᠭ ᠢᠶᠠᠷ ᠭᠡᠷ ᠤᠨ ᠪᠠᠷ᠎ᠠ ᠬᠠᠷᠠᠳᠠᠭ ᠦᠭᠡᠢ᠃ ᠭᠡᠰᠢᠭᠳᠡᠨ ᠨᠤᠳᠤᠭ ᠲᠤ ᠬᠦᠪᠪᠦᠬᠦᠯᠵᠦ ᠶᠠᠪᠤᠭᠰᠠᠨ ᠰᠠᠶᠢᠨ ᠡᠷ᠎ᠡ ᠪᠢᠯᠡ᠃           ᠡᠷᠳᠡ ᠴᠠᠭ ᠲᠤ ᠭᠡᠰᠢᠭᠳᠡᠨ ᠨᠤᠳᠤᠭ ᠠᠮᠤᠭᠤᠯᠠᠩ ᠲᠠᠶᠢᠪᠤᠩ ᠨᠤᠳᠤᠭ ᠪᠠᠶᠢᠵᠠᠢ᠃ ᠨᠠᠷᠠᠰᠤᠳᠦ ᠨᠤᠳᠤᠭ ᠭᠡᠮᠡᠨ ᠠᠯᠳᠠᠷᠰᠢᠭᠰᠠᠨ ᠦᠵᠡᠮᠵᠢ ᠲᠡᠬᠦᠰ ᠨᠤᠳᠤᠭ᠃ ᠨᠠᠢᠮᠠᠨ ᠵᠠᠭᠤᠨ ᠭᠠᠵᠠᠷ ᠪᠦᠷᠬᠦᠭᠰᠡᠨ ᠨᠠᠷᠠᠰᠤᠨ ᠤᠢ ᠡᠪᠦᠯ ᠵᠤᠨ ᠮᠦᠩᠭᠡ ᠨᠤᠭᠤᠭᠠᠨ ᠭᠡᠪ ᠢᠶᠠᠷ ᠲᠤᠯᠠ ᠠᠭᠤᠯᠠ ᠬᠠᠶᠢᠷᠬᠠᠳ ᠨᠢ ᠬᠦᠭᠡᠮᠳᠦᠭ ᠨᠤᠭᠤᠭᠠᠨ᠂ ᠤᠰᠦ ᠮᠦᠷᠡᠨ ᠠᠷᠢᠭᠤᠨ ᠲᠤᠩᠭᠠᠯᠠᠭ᠃ ᠲᠠᠯᠠᠶᠢᠨᠠᠭᠤᠷ ᠤᠨ ᠵᠢᠭᠠᠰᠦ ᠶᠢ ᠮᠢᠬᠠᠴᠢᠨ ᠰᠢᠪᠠᠭᠤᠳ ᠠᠴᠠ ᠦᠭᠡᠷ᠎ᠡ ᠠᠮᠢᠳᠠᠨ ᠬᠦᠨᠦᠭᠡᠬᠦ ᠦᠭᠡᠢ ᠲᠤᠯᠠ ᠵᠢᠭᠠᠰᠦ ᠵᠢᠷᠠᠭᠠᠬᠠᠢ ᠨᠠᠭᠤᠷ ᠤᠨ ᠭᠡᠪᠡᠯᠢ ᠳᠤ ᠢᠷᠭᠠᠯᠠᠨ ᠲᠦᠬᠦᠷᠦᠭᠰᠡᠨ ᠲᠤᠯᠠ ᠬᠦᠪᠡᠭᠡ ᠵᠠᠬ᠎ᠠ ᠪᠠᠷ ᠢᠷᠠᠯᠵᠠᠵᠦ ᠬᠦᠮᠦᠨ ᠤ ᠤᠷᠴᠢᠯᠠᠩ ᠤᠨ ᠳ᠋ᠧᠪᠡᠵᠡᠨ ᠭᠡᠮᠡᠷ ︽ᠫᠤᠷ ᠫᠤᠷ ᠪᠤᠷᠤᠭᠠᠨ ᠲᠠᠢ᠂ ᠰᠡᠷ ᠰᠡᠷ ᠰᠠᠯᠬᠢ ᠲᠠᠢ︾ ᠪᠤᠷᠬᠠᠨ ᠪᠤᠮᠪᠠ ᠶᠢᠨ ᠤᠷᠤᠨ ᠪᠠᠶᠢᠪᠠ᠃               1600 ᠤᠨ ᠳᠤ ᠮᠠᠨᠵᠦ ᠶᠢᠨ ᠡᠩᠭᠡ ᠠᠮᠤᠭᠤᠯᠠᠩ ᠬᠠᠭᠠᠨ ᠭᠡᠰᠢᠭᠳᠡᠨ ᠤ ᠤᠯᠠᠭᠠᠨᠪᠤᠳᠤᠩ ᠳᠤ ᠤᠶᠢᠷᠠᠳ ᠎ ᠤᠨ ᠭᠠᠯᠳᠠᠨ ᠪᠤᠱᠤᠭᠳᠦ ᠬᠠᠨ ᠲᠠᠢ ᠪᠠᠶᠢᠯᠳᠤᠭᠠᠨ ᠬᠢᠭᠰᠡᠨ ᠳᠤ ᠲᠡᠨᠳᠡᠬᠢ ᠮᠠᠯᠴᠢᠳ ᠲᠠᠶᠢᠨ ᠤ ᠬᠦᠯ ᠠᠴᠠ ᠵᠠᠶᠢᠯᠠᠵᠦ ᠪᠤᠳᠠᠷᠠᠭᠰᠠᠨ ᠪᠠᠶᠢᠳᠠᠭ᠃             ᠦᠭᠡᠷ ᠵᠢᠯ ᠤᠨ ᠦᠢᠮᠡᠭᠡᠨ ᠳᠤ ᠭᠡᠰᠢᠭᠳᠡᠨ ᠨᠤᠳᠤᠭ ᠢᠶᠠᠷ ᠶᠡᠭᠡ ᠪᠠᠭ᠎ᠠ ᠲᠦᠴᠢᠭᠡᠳ ᠤᠳᠠᠭᠠᠨ ᠤ ᠲᠠᠶᠢᠨ ᠲᠠᠵᠢᠨ ᠲᠡᠭᠳᠡᠭᠰᠡᠨ ᠳᠤ ᠮᠠᠯᠴᠢᠳ ᠬᠠᠯᠠᠭᠤᠨ ᠲᠤᠭᠤᠭᠠᠨ ᠳᠤ ᠤᠷᠤᠭᠰᠠᠨ ᠰᠢᠷᠭᠤᠯᠵᠢ ᠰᠢᠭ᠋ ᠬᠦᠯ ᠤᠯᠠ ᠪᠠᠨ ᠠᠯᠳᠠᠵᠦ ᠠᠮᠢ ᠵᠢᠭᠤᠬᠤ ᠭᠠᠵᠠᠷ ᠤᠯᠳᠠᠬᠤ ᠦᠭᠡᠢ ᠲᠡᠪᠵᠢᠶᠡᠨ ᠪᠤᠯᠵᠦ ︽ᠲᠤᠭᠤᠷᠢᠮ ᠤᠰᠤᠨ ᠳᠤ ᠴᠢᠯᠠᠭᠤ ᠬᠠᠶᠠᠭᠰᠠᠨ︾ ᠰᠢᠭ᠋ ᠪᠤᠯᠵᠠᠢ᠃               ︽ᠭᠠᠵᠠᠷ ᠰᠢᠷᠤᠢ ᠶᠢᠨ ᠦᠭᠡᠷᠡᠴᠢᠯᠡᠯᠳᠡ ᠶᠢᠨ ᠬᠦᠳᠡᠯᠭᠡᠭᠡᠨ︾᠎ ᠳᠤ ᠪᠤᠤ ᠢᠤᠢ ᠯᠢᠨ᠂ ᠪᠤᠷᠢᠶᠠᠳ ᠤᠨ ᠲᠡᠭᠡᠷᠡᠮ ᠤᠨ ᠲᠡᠪᠵᠢᠶᠡᠨ ᠡᠬᠦᠰᠴᠦ ᠪᠢᠯᠡ᠃ ᠡᠬᠦᠨ ᠤ ᠵᠡᠷᠭᠡᠴᠡᠭᠡ ᠭᠠᠵᠠᠷ ᠰᠠᠢ ᠦᠭᠡᠢ ᠮᠤᠷᠢᠳᠠᠢ ᠲᠡᠭᠡᠷᠡᠮ᠂ ᠪᠤᠯᠤᠤ ᠰᠢᠳᠠᠮ ᠲᠠᠢ ᠲᠡᠭᠡᠷᠡᠮ ᠲᠤᠨᠤᠭ᠎ᠠ ᠵᠠᠪᠰᠢᠶᠠᠨ ᠲᠠᠯᠢᠮᠳᠠᠭᠤᠯᠵᠦ ᠮᠠᠯᠴᠢᠳ ᠤᠨ ᠠᠳᠤᠭᠤ ᠮᠠᠯ᠂ ᠠᠯᠳᠠ ᠮᠦᠩᠬᠦ ᠎ ᠶᠢ ᠴᠦᠯᠪᠡᠵᠦ ᠡᠳᠦᠷ ᠤᠨ ᠴᠠᠭᠠᠨ ᠲᠡᠭᠡᠷᠡᠮ ᠠᠳᠡ ᠲᠡᠨᠳᠡ ᠦᠭᠡᠢ ᠶᠠᠪᠤᠵᠦ ᠪᠠᠶᠢᠯ᠎ᠠ᠃ ᠨᠢᠭᠡᠨ ᠵᠢᠱᠢᠶ᠎ᠡ ᠶᠢ ᠦᠬᠦᠯᠡᠪᠡᠯ᠄ ︽ᠮᠠᠭᠤ ᠬᠦᠮᠦᠨ ᠴᠢᠯᠦᠭᠡᠨ ᠳᠤ᠂ ᠴᠢᠨ᠋ᠸ᠎ᠠ ᠪᠤᠷᠤᠭᠠᠨ ᠳᠤ︾ ᠭᠡᠳᠡᠭᠴᠢᠯᠡᠨ ᠪᠠᠷᠠᠭᠤᠨ ᠡᠯᠡᠰᠦᠨ ᠳᠤ ᠨᠢᠭᠡᠨ ᠮᠤᠷᠢᠳᠠᠨ ᠵᠠᠮ ᠢᠶᠠᠷ ᠶᠠᠪᠤᠵᠦ ᠪᠠᠶᠢᠬᠤ ᠳᠤ ᠭᠡᠨᠡᠳᠳᠡ ᠫᠤᠤ ᠠᠳᠬᠤᠭᠰᠠᠨ ᠬᠦᠮᠦᠨ ᠵᠠᠮ ᠲᠤᠰᠴᠦ᠄ ︽ᠮᠤᠷᠢ ᠎ ᠪᠠᠨ ᠲᠤᠰᠢᠶᠠᠪᠠᠯ ᠠᠮᠢ ᠶᠢ ᠴᠢᠨᠢ ᠦᠯᠡᠳᠡᠭᠡᠨ᠎ᠡ︾ ᠭᠡᠵᠦ ᠦᠭᠡᠳᠡ ᠠᠴᠠ ᠨᠢ ᠫᠤᠤ ᠪᠠᠨ ᠠᠰ ᠴᠢᠭᠯᠡᠬᠦᠯᠬᠦ ᠳᠤ ᠫᠤᠤ ᠎ ᠶᠢᠨ ᠠᠮᠠ ᠨᠢ ᠶᠠᠭ ᠦᠭᠡᠳᠡ ᠠᠴᠠ ᠠᠰᠯᠠᠵᠦ ᠪᠠᠶᠢᠨ᠎ᠠ᠂ ᠦᠨᠦ ᠭᠤᠬ᠎ᠠ ᠶᠢ ᠨᠢ ᠲᠠᠳᠠᠪᠠᠯ ᠨᠢᠭᠡ ᠨᠠᠰᠦ ᠠᠷᠪᠠᠨ ᠭᠤᠷᠪᠠ ᠲᠡᠬᠦᠰᠦᠯ᠎ᠡ ᠭᠡᠰᠡᠨ ᠦᠭᠡ᠃ ︽ᠠᠮᠢᠳᠦ ᠶᠠᠪᠤᠳᠠᠯ ᠠᠯᠳᠠᠨ ᠠᠶᠠᠭᠠᠨ ᠠᠴᠠ ᠤᠰᠦ ᠤᠤᠭᠤᠨ᠎ᠠ︾ ᠭᠡᠳᠡᠭ ᠪᠢᠯᠢᠦ ᠭᠡᠮᠡᠨ ᠠᠷᠭ᠎ᠠ ᠦᠭᠡᠢ ᠳᠡᠭᠡᠨ ᠮᠤᠷᠢᠳᠠᠨ ᠨᠢ ᠮᠤᠷᠢ ᠠᠴᠠ ᠪᠠᠭᠤᠵᠦ ᠴᠤᠯᠪᠤᠭᠤᠷ ᠢᠶᠠᠨ ᠦᠭᠴᠡᠢ᠃ ᠡᠨᠡ ᠲᠡᠭᠡᠷᠡᠮ ᠮᠤᠷᠢᠨ ᠳᠤ ᠠᠯᠠᠪᠬᠢᠨ ᠮᠤᠷᠳᠠᠭᠠᠳ ᠪᠤᠴᠠᠨ ᠡᠷᠬᠢᠵᠦ ︽ᠮᠠᠢ︕ ᠡᠬᠦᠨ ᠢᠶᠠᠷ ᠴᠢ ᠨᠢᠭᠡ ᠮᠤᠷᠢ ᠰᠤᠯᠢᠵᠦ ᠤᠨᠤᠭᠠᠷᠠᠢ︾ ᠭᠡᠮᠡᠨ ᠴᠢᠨᠠᠭᠰᠢ ᠲᠠᠪᠬᠢᠭᠤᠯᠤᠭᠰᠠᠨ ᠳᠤ ᠫᠤᠤ ᠶᠢ ᠨᠢ ᠠᠪᠴᠦ ᠦᠵᠡᠭᠰᠡᠨ ᠳᠤ ᠪᠠᠩᠵᠠᠨ ᠤ ᠦᠭᠡᠳᠡᠰᠦ ᠪᠠᠷ ᠬᠢᠭᠰᠡᠨ ︽ᠮᠤᠳᠤᠨ ᠫᠤᠤ︾᠎ ᠳᠤ ᠰᠢᠨᠠᠭᠠᠨ ᠤ ᠤᠩᠬᠢ ᠶᠢ ᠤᠭᠯᠠᠵᠦ᠂ ᠡᠯᠳᠡᠪ ᠦᠩᠭᠡ ᠶᠢᠨ ᠦᠭᠡᠳᠡᠰᠦ ᠶᠢ ᠪᠠᠷᠢᠭᠤᠯ ᠳᠤ ᠨᠢ ᠴᠢᠮᠡᠵᠡᠢ᠃ ᠡᠨᠡ ᠴᠦᠪ ᠤᠨ ᠴᠠᠭ ᠲᠤ ᠬᠤᠳᠠ ᠲᠠᠢ ᠮᠠᠯ ᠢᠶᠠᠨ ᠬᠠᠭᠤᠷᠠᠶᠢᠯᠠᠭᠤᠯᠤᠨ ᠲᠠᠭᠤᠯᠭᠠᠵᠦ ᠬᠤᠳᠠ ᠨᠢ ᠬᠠᠷᠠᠯᠠᠭᠰᠠᠨ ᠠᠶᠢᠯ ᠪᠠᠶᠢᠬᠤ ᠯᠠ ᠳ᠋ᠠ᠃               36 ᠳ᠋ᠤᠭᠠᠷ ᠬᠤᠷᠢᠶᠠᠨ ᠤ ᠴᠡᠷᠢᠭ ᠯᠢᠶᠠᠨᠰᠤᠨ ᠭᠤᠤᠯ ᠳᠤ ᠪᠤᠤ ᠢᠤᠢ ᠯᠢᠨ᠂ ᠪᠤᠷᠢᠶᠠᠳ ᠤᠨ ᠲᠡᠭᠡᠷᠡᠮ ᠎ ᠲᠠᠢ ᠲᠤᠯᠤᠯᠳᠤᠵᠦ ᠭᠤᠴᠢᠨ ᠭᠡᠳᠦᠨ ᠪᠠᠶᠢᠯᠳᠤᠭᠴᠢ ᠬᠤᠷᠢᠶᠠᠮᠵᠢᠯᠠᠭᠳᠠᠨ ᠪᠤᠤ ᠢᠤᠢ ᠯᠢᠨ ᠤ ᠨᠢᠭᠤᠵᠦ ᠰᠠᠭᠤᠳᠠᠭ ᠬᠠᠯᠠᠭᠠᠶᠢᠳᠦ ᠶᠢᠨ ᠪᠡᠷᠭᠡ ᠳᠠᠬᠢ ᠬᠤᠶᠠᠷ ᠮᠤᠩᠭᠤᠯ ᠭᠡᠷ ᠲᠤ ᠬᠦᠷᠭᠡᠬᠦᠯᠦᠭᠰᠡᠨ ᠪᠢᠯᠡ᠃ ᠲᠡᠳᠡᠨ ᠢ ᠤᠴᠢᠬᠤ ᠳᠤ ᠬᠦᠷᠡᠯᠳᠤᠭᠠᠷ ᠬᠠᠨ᠎ᠠ ᠳᠤ ᠬᠦᠯᠢᠶᠡᠰᠦᠳᠡᠢ ᠪᠠᠶᠢᠵᠠᠢ᠃ ᠡᠳᠡᠭᠡᠷ ᠪᠠᠶᠢᠯᠳᠤᠭᠴᠢ ᠶᠢ ᠰᠤᠯᠠᠯᠠᠬᠤ ᠳᠤ ᠬᠦᠷᠡᠯᠳᠤᠭᠠᠷ ᠢ ᠲᠠᠯᠪᠢᠭᠰᠠᠨ ᠦᠭᠡᠢ ᠪᠢᠯᠡ᠃ ᠲᠠᠷᠢᠵᠠᠪ ᠬᠤᠯᠠᠭᠠᠶᠢᠴᠢ ᠶᠢᠨ ᠬᠦᠦ ᠰᠡᠷᠡᠩᠳᠧᠵᠢᠳ ᠪᠤᠷᠢᠶᠠᠳ ᠤᠨ ᠲᠡᠭᠡᠷᠡᠮ ᠲᠠᠢ ᠰᠦᠯᠪᠡᠭᠡᠯᠡᠵᠦ ᠬᠦᠷᠡᠯᠳᠤᠭᠠᠷ ᠤᠨ ᠠᠮᠢ ᠶᠢ ᠬᠤᠷᠤᠭᠠᠬᠤ ᠭᠡᠰᠡᠨ ᠬᠤᠤᠪᠢᠯᠳᠤᠯᠭ᠎ᠠ ᠬᠢᠭᠰᠡᠨ ᠨᠢ ᠢᠯᠡᠷᠭᠡᠢ᠃               ᠬᠦᠷᠡᠯᠳᠤᠭᠠᠷ ᠪᠤᠯ 36 ᠳ᠋ᠤᠭᠠᠷ ᠬᠤᠷᠢᠶᠠᠨ ᠤ ᠲᠤᠷᠰᠢᠭᠤᠯᠴᠢ᠂ ᠲᠠᠩᠨᠠᠭᠴᠢ ᠴᠡᠷᠢᠭ ᠪᠢᠯᠡ᠃ ︽ᠬᠤᠶᠠᠷ ᠲᠠᠯ᠎ᠠ ᠶᠢ ᠮᠡᠳᠡᠪᠡᠰᠦ ᠭᠡᠭᠡᠨ ᠪᠤᠯᠤᠮᠤᠢ᠂ ᠭᠠᠭᠴᠠ ᠲᠠᠯ᠎ᠠ ᠶᠢ ᠮᠡᠳᠡᠪᠡᠰᠦ ᠬᠠᠷᠠᠩᠭᠤᠢ ᠪᠤᠯᠤᠮᠤᠢ︾ ᠭᠡᠳᠡᠭ᠂ ︽ᠬᠤᠶᠠᠷ ᠲᠠᠯ᠎ᠠ ᠶᠢ ᠪᠦᠷᠢᠨ ᠮᠡᠳᠡᠪᠡᠰᠦ ᠵᠠᠭᠤᠨᠳᠠ ᠪᠠᠶᠢᠯᠳᠤᠪᠠᠴᠦ ᠠᠶᠤᠯ ᠦᠭᠡᠢ︾ ᠭᠡᠳᠡᠭᠴᠢᠯᠡᠨ ᠪᠤᠤ ᠢᠤᠢ ᠯᠢᠨ ᠪᠤᠷᠢᠶᠠᠳ ᠤᠨ ᠲᠡᠭᠡᠷᠡᠮ ᠬᠦᠷᠡᠯᠳᠤᠭᠠᠷ ᠢ ᠪᠠᠷᠢᠪᠴᠢᠯᠠᠭᠰᠠᠨ ᠲᠤᠯᠠ ᠲᠡᠳᠡᠨ ᠤ ᠠᠵᠢᠯᠯᠠᠭ᠎ᠠ ᠶᠢ ᠲᠠᠩᠨᠠᠵᠦ ᠠᠮᠵᠢᠭᠰᠠᠨ ᠦᠭᠡᠢ ᠠᠴᠠ ᠯᠢᠶᠠᠨᠰᠤᠨ ᠭᠤᠤᠯ ᠤᠨ ᠪᠠᠶᠢᠯᠳᠤᠭᠠᠨ ᠳᠤ ᠬᠦᠨᠳᠦ ᠬᠤᠬᠢᠷᠠᠯ ᠠᠮᠰᠠᠵᠦ ᠭᠤᠴᠢᠭᠠᠳ ᠪᠠᠶᠢᠯᠳᠤᠭᠴᠢ ᠬᠤᠷᠢᠶᠠᠮᠵᠢᠯᠠᠭᠳᠠᠭᠰᠠᠨ ᠪᠢᠯᠡ᠃ ᠡᠬᠦᠨ ᠠᠴᠠ ᠬᠦᠷᠡᠯᠳᠤᠭᠠᠷ ᠤᠨ ᠲᠠᠩᠨᠠᠵᠦ ᠮᠡᠳᠡᠭᠡᠯᠡᠳᠡᠭ ᠨᠢ ᠭᠡᠴᠢᠨᠡᠨ ᠶᠡᠭᠡ ᠴᠡᠷᠢᠭ ᠲᠠᠶᠢᠨ ᠤ ᠪᠠᠶᠢᠯᠳᠤᠭᠠᠨ ᠳᠤ ᠭᠡᠴᠢᠨᠡᠨ ᠶᠡᠭᠡ ᠠᠴᠢ ᠲᠤᠰᠠ ᠲᠠᠢ ᠵᠢᠯᠤᠭᠤᠳᠬᠤ ᠦᠢᠯᠡᠳᠦᠯ ᠦᠵᠡᠬᠦᠯᠵᠦ ᠪᠠᠶᠢᠭᠰᠠᠨ ᠢ ᠮᠡᠳᠡᠵᠦ ᠪᠤᠯᠤᠨ᠎ᠠ᠃ ᠭᠡᠷᠪᠡ ᠬᠦᠷᠡᠯᠳᠤᠭᠠᠷ ᠪᠠᠭᠠᠳᠤᠷ ᠪᠤᠤ ᠢᠤᠢ ᠯᠢᠨ ᠪᠤᠷᠢᠶᠠᠳ ᠤᠨ ᠲᠡᠭᠡᠷᠡᠮᠴᠦᠳ ᠎ ᠲᠤ ᠪᠠᠷᠢᠪᠴᠢᠯᠠᠭᠳᠠᠭᠰᠠᠨ ᠦᠭᠡᠢ ᠪᠤᠯ ᠭᠡᠴᠢᠨᠡᠨ ᠤᠯᠠᠨ ᠬᠠᠶᠢᠷᠠᠯᠠᠯᠳᠠᠢ ᠮᠤᠩᠭᠤᠯ ᠵᠠᠯᠠᠭᠤᠴᠦᠳ ᠮᠢᠨᠢ ᠠᠯᠳᠠᠨ ᠠᠮᠢ ᠎ ᠪᠠᠨ ᠲᠠᠯᠠᠭᠠᠷ ᠦᠷᠡᠭᠳᠡᠬᠦᠯᠦᠨ᠎ᠡ ᠤᠤ︖ ᠬᠠᠷᠠᠮᠰᠠᠯᠳᠠᠢ ᠪᠤᠯᠠᠢ︕               ᠵᠡᠬᠦᠳᠦᠨ ᠰᠤᠪᠢᠩ ᠪᠤᠯ ᠦᠨᠡᠨ ᠪᠠᠶᠢᠳᠠᠭ ᠠᠵᠢ᠃ ᠵᠤᠬᠢᠶᠠᠭᠴᠢ ᠶᠢᠨ ᠮᠦᠮᠦ᠄ ︽ᠮᠠᠨᠠᠶᠢᠬᠢ ᠭᠤᠵᠤᠭᠤᠷ ᠬᠠᠳᠤᠨ ᠤ ᠵᠤᠰᠠᠯᠠᠩ ᠳᠠᠭᠠᠨ ᠲᠠᠯᠠᠳᠦ ᠶᠢᠨ ᠤᠯᠤᠮ ᠤᠨ ᠠᠷᠤ ᠲᠡᠭᠡᠷ᠎ᠡ ᠪᠠᠶᠢᠭᠰᠠᠨ ᠦᠶ᠎ᠡ ᠳᠤ ᠶᠤᠮᠰᠠᠨ᠃ ᠠᠪᠤ ᠴᠢᠨᠢ ᠨᠢᠭᠡᠨ ᠦᠷᠯᠦᠭᠡ ᠦᠤᠷ ᠢᠶᠠᠷ ᠪᠤᠰᠴᠦ ᠰᠠᠭᠤᠨ ᠲᠠᠮᠠᠬᠢ ᠪᠠᠨ ᠲᠠᠳᠠᠵᠦ ᠪᠠᠶᠢᠯ᠎ᠠ᠃᠃ ᠨᠠᠮᠠᠢᠢ ᠦᠨᠢᠶᠡᠨ ᠠᠴᠠ ᠤᠷᠤᠵᠦ ᠢᠷᠡᠬᠦᠯᠡᠷ ᠮᠦᠨᠴᠦ ᠰᠠᠭᠤᠵᠦ ᠪᠠᠶᠢᠭᠰᠠᠨ ᠲᠤᠯᠠ᠄ ︽ᠶᠠᠭᠠᠬᠢᠴᠢᠬᠠᠪᠠ︖ ᠴᠢᠷᠠᠢ ᠴᠢᠨᠢ ᠮᠠᠭᠤ ᠪᠠᠶᠢᠨ᠎ᠠ᠂ ᠡᠪᠡᠳᠴᠢᠭᠡᠪᠡᠦ︖︾ ᠭᠡᠬᠦ ᠳᠤ ᠠᠪᠤ ᠴᠢᠨᠢ᠄ ︽ᠤᠷᠢᠳᠦ ᠰᠦᠨᠢ ᠲᠤᠩ ᠮᠠᠭᠤ ᠵᠡᠬᠦᠳᠦ ᠵᠡᠬᠦᠳᠦᠯᠡᠭᠰᠡᠨ︕ ᠦᠨᠦ ᠬᠦᠷᠡᠯᠳᠤᠭᠠᠷ ᠴᠢᠨᠢ ᠤᠯᠠᠭᠠᠨ ᠨᠤᠯᠭᠤ ᠪᠤᠯᠴᠢᠬᠠᠭᠠᠳ ᠤᠷᠤᠵᠦ ᠢᠷᠡᠪᠡ᠃ ᠦᠭᠡᠳᠡ ᠠᠴᠠ ᠨᠢ ᠬᠠᠷᠠᠬᠤ ᠶᠢᠨ ᠠᠷᠭ᠎ᠠ ᠦᠭᠡᠢ᠂ ᠲᠠᠷᠡ᠄ ᠲᠠᠷᠢᠵᠠᠪ ᠬᠤᠯᠠᠭᠠᠶᠢᠴᠢ ᠶᠢᠨ ᠬᠦᠦ ᠪᠤᠷᠢᠶᠠᠳ ᠤᠨ ᠲᠡᠭᠡᠷᠡᠮ ᠲᠠᠢ ᠨᠡᠶᠢᠯᠡᠵᠦ ᠨᠠᠮᠠᠢᠢ ᠲᠦᠷᠪᠡᠨ ᠲᠡᠷᠭᠡᠨ ᠳᠤ ᠲᠦᠷᠪᠡᠨ ᠲᠡᠰᠢ ᠲᠠᠯᠡᠵᠦ ᠤᠶᠠᠨ ᠮᠦᠴᠢ ᠮᠦᠴᠢ ᠪᠠᠷ ᠮᠦᠴᠢᠯᠡᠵᠦ ᠠᠯᠠᠪᠠ᠃ ᠪᠢ ᠴᠢᠮᠠᠢᠢ ᠲᠦᠷᠦᠭᠰᠡᠨ ᠠᠬ᠎ᠠ ᠪᠠᠨ ᠰᠢᠭ᠋ ᠪᠤᠳᠤᠳᠠᠭ᠃ ᠮᠢᠨᠦ ᠦᠰ ᠶᠢ ᠵᠠᠪᠠᠯ ᠠᠪᠴᠦ ᠦᠭ︕︾ ᠭᠡᠵᠦ ᠭᠡᠯᠡᠭᠡᠳ ᠭᠠᠷᠴᠦ ᠶᠠᠪᠤᠭᠰᠠᠨ ᠭᠡᠵᠦ ᠭᠡᠯᠡᠬᠦ ᠳᠤ ᠪᠦᠬᠦᠳᠡᠭᠡᠷ ᠢᠶᠠᠨ ᠰᠤᠴᠢᠰᠬᠢᠵᠦ ᠰᠠᠨᠳᠤᠷᠪᠠ᠃ ᠡᠵᠢ ᠴᠢᠨᠢ ᠢᠯᠠᠢ ᠬᠠᠯᠠᠭ ᠢᠶᠠᠨ ᠠᠯᠳᠠᠨ ᠪᠠᠷᠢᠭᠰᠠᠨ ᠲᠠᠯᠪᠢᠭᠰᠠᠨ ᠢᠶᠠᠨ ᠤᠯᠬᠤ ᠦᠭᠡᠢ ᠠᠶᠤᠵᠦ ᠪᠤᠷᠬᠠᠨ ᠳᠠᠭᠠᠨ ᠵᠤᠯᠠ ᠰᠡᠷᠬᠦᠭᠡᠵᠦ ᠨᠠᠮᠠᠨᠴᠢᠯᠠᠨ ᠲᠠᠭᠠᠳᠬᠠᠵᠦ ᠪᠠᠶᠢᠪᠠ᠃ ᠠᠪᠤ ᠴᠢᠨᠢ ᠵᠤᠷᠢᠭ ᠪᠠᠭ᠎ᠠ ᠬᠦᠮᠦᠨ ᠲᠤᠯᠠ ᠵᠡᠬᠦᠳᠦᠨ ᠠᠴᠠ ᠪᠠᠨ ᠠᠶᠤᠵᠦ ᠡᠪᠡᠳᠴᠢᠯᠡᠪᠡ᠃ ᠡᠵᠢ ᠴᠢᠨᠢ᠄ ︽ᠬᠦᠦ ᠮᠢᠨᠢ ᠠᠶᠤᠭᠠᠳ ᠰᠦᠨᠡᠰᠦ ᠰᠠᠬᠢᠭᠤᠰᠦ ᠪᠠᠨ ᠭᠡᠭᠡᠴᠢᠭᠡᠪᠡᠦ︾ ᠭᠡᠮᠡᠨ ᠠᠷᠴᠠ ᠽᠠᠨᠳᠠᠨ ᠢᠶᠠᠷ ᠠᠷᠢᠭᠤᠯᠠᠵᠦ ᠪᠤᠷᠬᠠᠨ ᠳᠠᠭᠠᠨ ᠬᠦᠵᠢ ᠤᠩᠭᠠᠰᠬᠠᠨ ᠮᠦᠷᠬᠦᠵᠦ ᠯᠠ ᠪᠠᠶᠢᠯ᠎ᠠ᠃ ᠠᠪᠤ ᠴᠢᠨᠢ ᠢᠳᠡᠵᠦ ᠤᠤᠭᠤᠬᠤ ᠴᠤ ᠦᠭᠡᠢ ᠡᠳᠦᠷᠵᠢᠨ ᠭᠡᠪᠳᠡᠵᠦ ᠯᠠ ᠪᠠᠶᠢᠭᠰᠠᠨ᠃ ᠠᠷᠠᠢ ᠠᠷᠪᠠ ᠬᠤᠨᠤᠭ ᠪᠤᠯᠤᠭᠰᠠᠨ ᠦᠭᠡᠢ ︽ᠪᠤᠷᠢᠶᠠᠳ ᠤᠨ ᠲᠡᠭᠡᠷᠡᠮ ᠬᠦᠷᠡᠯᠳᠤᠭᠠᠷ ᠢ ᠲᠤᠩ ᠬᠠᠷᠠᠰᠠᠯᠳᠠᠢ ᠪᠠᠷ ᠬᠤᠷᠤᠭᠠᠵᠠᠢ︾ ᠭᠡᠰᠡᠨ ᠴᠤᠤ ᠲᠠᠷᠬᠠᠭᠠᠪᠠ᠃ ᠵᠡᠬᠦᠳᠦ ᠨᠢ ᠦᠨᠡᠭᠡᠷᠡᠨ ᠵᠡᠬᠦᠳᠦ ᠪᠠᠶᠢᠵᠠᠢ᠃ ᠪᠤᠷᠢᠶᠠᠳ ᠤᠨ ᠲᠡᠭᠡᠷᠡᠮ ᠤᠳ᠄ ︽ᠬᠦᠷᠳᠡᠮ ᠳ᠋ᠠᠮᠪᠠ ᠭᠤᠸᠠᠢ︕ ᠴᠢ ᠴᠢᠨᠢ ᠠᠷᠢᠭᠤᠨ ᠰᠠᠨᠸᠠᠷ ᠲᠠᠢ ᠬᠦᠷᠳᠡᠮ ᠬᠦᠮᠦᠨ ᠪᠢᠵᠠ︖ ᠪᠤᠷᠬᠠᠨ ᠲᠠᠬᠢᠵᠦ ᠢᠷᠤᠭᠡᠯ ᠪᠤᠶᠠᠨ ᠤᠩᠰᠢᠵᠦ ᠬᠤᠩᠬᠤ ᠲᠠᠮᠪᠤᠷᠤᠤ ᠬᠠᠩᠬᠢᠨᠠᠭᠤᠯᠤᠨ ᠲᠡᠯᠡᠳᠴᠦ᠂ ᠭᠡᠪᠢᠰ ᠤᠯᠪᠤᠭ ᠲᠡᠭᠡᠷ᠎ᠡ ᠵᠠᠯᠠᠷᠠᠳᠠᠭ ᠬᠦᠮᠦᠨ ᠪᠢᠰᠢᠦ︖ ᠡᠨᠡ ᠡᠳᠦᠷ ᠶᠠᠭᠠᠬᠢᠭᠠᠳ ᠫᠤᠤ ᠰᠠᠭᠠᠳᠠᠭ ᠡᠬᠦᠷᠴᠦ ᠠᠯᠠᠯᠳᠤᠭᠠᠨ ᠲᠤᠯᠤᠯᠳᠤᠭᠠᠨ ᠳᠤ ᠤᠷᠤᠯᠴᠠᠨ ᠶᠠᠪᠤᠳᠠᠭ ᠬᠦᠮᠦᠨ ᠪᠤᠯᠴᠢᠬᠠᠪᠠ ︖ 36 ᠳ᠋ᠤᠭᠠᠷ ᠬᠤᠷᠢᠶᠠᠨ ᠤ ᠲᠠᠩᠨᠠᠭᠤᠯ ᠲᠤᠷᠰᠢᠭᠤᠯᠴᠢ ᠬᠦᠷᠡᠯᠳᠤᠭᠠᠷ ᠭᠤᠸᠠᠢ ᠴᠡᠷᠢᠭ ᠤᠲ᠋ᠧᠷᠢᠶᠠᠲ ᠳᠠᠭᠠᠨ ᠶᠠᠮᠠᠷ ᠮᠡᠳᠡᠭᠡ ᠴᠢᠮᠡᠭᠡ᠂ ᠰᠤᠷᠠᠭ ᠰᠦᠪᠡᠭᠴᠢ ᠬᠠᠩᠭᠠᠬᠤ ᠡᠬᠦᠷᠭᠡ ᠲᠠᠢ ᠢᠷᠡᠪᠡ︖ ᠮᠠᠨ ᠤ ᠲᠤᠬᠠᠢ ᠭᠡᠳᠦᠢ ᠰᠤᠷᠠᠭ ᠵᠠᠩᠬᠢ ᠮᠡᠳᠡᠭᠡᠯᠡᠭᠰᠡᠨ ᠢᠶᠠᠨ ᠪᠦᠬᠦᠨ ᠢ ᠭᠡᠯᠡᠬᠦ ᠭᠡᠷᠡᠭᠳᠡᠢ︾ ᠭᠡᠮᠡᠨ ᠡᠷᠡᠬᠦᠳᠡᠨ ᠲᠠᠮᠠᠤᠯᠠᠵᠦ ᠲᠠᠷᠴᠢᠯᠭᠠᠭᠰᠠᠨ ᠎ ᠳᠤ ᠬᠤᠭᠤᠷᠠᠬᠤ ᠠᠴᠠ ᠪᠢᠰᠢ ᠨᠤᠭᠤᠷᠠᠳᠠᠭ ᠦᠭᠡᠢ ᠭᠠᠩ ᠪᠠᠳᠦ ᠰᠦᠰᠦ ᠵᠤᠷᠢᠭ ᠲᠠᠢ ᠲᠡᠷᠡ ᠮᠠᠨᠢ ᠶᠠᠭᠤ ᠴᠤ ᠲᠤᠤᠭᠠᠷᠤᠭᠰᠠᠨ ᠦᠭᠡᠢ᠃ ᠪᠤᠷᠢᠶᠠᠳ ᠤᠨ ᠲᠡᠭᠡᠷᠡᠮ ᠤᠳ ᠲᠡᠬᠦᠨ ᠢ ᠲᠦᠷᠪᠡᠨ ᠲᠡᠷᠭᠡᠨ ᠳᠤ ᠲᠦᠷᠪᠡᠨ ᠲᠡᠰᠢ ᠲᠡᠯᠡᠵᠦ ᠮᠦᠴᠢᠯᠡᠵᠦ ᠠᠯᠠᠬᠤ ᠳᠤ ᠲᠡᠷᠡ ᠦᠮᠦᠭᠡᠢ ᠪᠠᠨ ᠲᠠᠰᠦ ᠵᠠᠭᠤᠵᠦ ︽ᠶᠤᠤ︾ ᠭᠡᠮᠡᠨ ᠲᠤᠤᠭᠠᠷᠤᠭᠰᠠᠨ ᠦᠭᠡᠢ ᠭᠡᠨ᠎ᠡ᠃ ᠪᠤᠷᠢᠶᠠᠳ ᠤᠳ᠄ ︽ᠰᠠᠶᠢᠨ ᠡᠷ᠎ᠡ ᠶᠤᠮ ᠪᠠᠶᠢᠨ᠎ᠠ᠂ ᠬᠠᠶᠢᠷᠠᠨ ᠰᠠᠶᠢᠨ ᠡᠷ᠎ᠡ ᠶᠢ ᠬᠤᠷᠣᠭᠠᠴᠢᠬᠠᠯ᠎ᠠ︾ ᠭᠡᠮᠡᠨ ᠠᠮᠠ ᠪᠠᠨ ᠪᠠᠷᠢᠵᠦ ᠭᠡᠮᠰᠢᠯ᠎ᠡ ᠭᠡᠳᠡᠭ᠃ ᠠᠪᠤ ᠶᠢᠨ ᠴᠢᠨᠢ ᠵᠡᠬᠦᠳᠦ ᠪᠠᠳᠤᠳᠠᠢ ᠦᠨᠡᠨ ᠪᠤᠯᠤᠭᠰᠠᠨ ᠲᠤᠯᠠ ᠠᠬ᠎ᠠ ᠲᠡᠬᠦᠦ ᠬᠤᠶᠠᠭᠤᠯᠠ ᠪᠠᠨ ᠮᠦᠩᠬᠦ ᠪᠠᠨ ᠭᠠᠨᠵᠤᠭᠠᠯᠠᠨ ᠭᠡᠭᠡᠨ ᠭᠡᠶᠢᠳ ︵ᠰᠢᠯᠢᠩᠬᠤᠳᠠ︶᠎ ᠲᠤ ᠤᠴᠢᠨ ᠰᠦᠮ᠎ᠡ ᠳᠤ ᠡᠷᠬᠦᠴᠡ ᠪᠠᠨ ᠪᠠᠷᠢᠵᠦ ᠬᠦᠷᠡᠯᠳᠤᠭᠠᠷ ᠳᠤ ᠢᠷᠤᠭᠡᠯ ᠪᠤᠶᠠᠨ ᠦᠢᠯᠡᠳᠴᠦ᠂ ᠪᠦᠬᠦᠯᠢ ᠬᠤᠶᠠᠷ ᠡᠳᠦᠷ ᠤᠨ ᠢᠷᠤᠭᠡᠯ ᠎ ᠤᠨ ᠨᠤᠮ ᠤᠩᠰᠢᠭᠤᠯᠪᠠ᠃ ᠠᠪᠤ ᠴᠢᠨᠢ ᠷᠠᠰᠢᠶᠠᠯᠠᠭᠤᠯᠵᠦ᠂ ᠡᠮᠴᠢ ᠶᠢᠨ ᠡᠮ ᠤᠤᠭᠤᠵᠦ ᠯᠠᠮᠠ ᠨᠠᠷ ᠢᠶᠠᠷ ᠲᠤᠮ ᠲᠤᠬᠢᠶ᠎ᠠ ᠬᠢᠯᠭᠡᠵᠦ ᠭᠡᠳᠦ ᠬᠤᠨᠤᠭᠠᠳ ᠬᠠᠷᠢᠵᠦ ᠢᠷᠡᠭᠰᠡᠨ ᠶᠤᠮ︕︾ ᠭᠡᠦ ᠡᠮᠭᠡᠨᠢᠨ ᠵᠤᠪᠠᠭᠰᠠᠨ ᠶᠠᠩᠵᠦ ᠲᠠᠢ ᠭᠡᠯᠡᠭᠰᠡᠨ ᠪᠢᠯᠡ᠃ ᠬᠦᠷᠡᠯᠳᠤᠭᠠᠷ᠄ ︽ᠰᠦᠬᠦᠳᠴᠦ ᠠᠮᠢᠳᠤᠷᠠᠭᠰᠠᠨ ᠠᠴᠠ ᠵᠤᠭᠰᠤᠭ᠎ᠠ ᠦᠬᠦᠭᠰᠡᠨ ᠨᠢ ᠲᠡᠭᠡᠷ᠎ᠡ︾ ᠭᠡᠰᠡᠨ ᠭᠠᠩ ᠪᠠᠳᠦ ᠵᠤᠷᠢᠭ ᠪᠠᠷᠢᠵᠦ ᠲᠡᠭᠡᠷᠡᠮ ᠳᠤ ᠪᠠᠭᠤᠵᠦ ᠦᠭᠬᠦᠭᠰᠡᠨ ᠦᠭᠡᠢ ᠪᠢᠯᠡ᠃ ᠲᠡᠭᠡᠷᠡᠮ ︽ᠠᠮᠢ ᠶᠢ ᠨᠢ ᠠᠪᠴᠦ ᠴᠢᠳᠠᠭᠰᠠᠨ ᠴᠤ ᠠᠯᠳᠠᠷ ᠢ ᠪᠤᠯᠢᠶᠠᠵᠦ ᠴᠢᠳᠠᠬᠤ ᠦᠭᠡᠢ︾ ᠶᠤᠮ᠃               ᠭᠡᠰᠢᠭᠳᠡᠨ ᠬᠤᠰᠢᠭᠤᠨ ᠤ ︽ᠬᠤᠪᠢᠰᠬᠠᠯ ᠤᠨ ᠦᠢᠯᠡᠰ ᠲᠤ ᠪᠡᠶ᠎ᠡ ᠦᠷᠡᠭᠳᠡᠭᠰᠡᠨ ᠪᠠᠭᠠᠳᠤᠷᠴᠦᠳ ᠡᠬᠦᠷᠢᠳᠡ ᠪᠠᠯᠠᠷᠠᠰᠢ ᠦᠭᠡᠢ︾ ᠭᠡᠰᠡᠨ ᠦᠨᠳᠦᠷ ᠰᠦᠷᠯᠢᠭ ᠬᠦᠰᠢᠶ᠎ᠡ ᠳᠤ ᠬᠦᠷᠡᠯᠳᠤᠭᠠᠷ ᠪᠠᠭᠠᠳᠤᠷ ᠤᠨ ᠨᠡᠷ᠎ᠡ ᠲᠤᠪ ᠲᠤᠳᠤᠷᠬᠠᠢ ᠪᠢᠴᠢᠭᠡᠰᠦᠳᠡᠢ ᠪᠠᠶᠢᠯ᠎ᠠ᠃             ᠲᠤᠳᠤᠷᠬᠠᠶᠢᠯᠠᠬᠤ ᠨᠢ᠄ ᠶᠠᠩᠵᠠᠢ᠂ ᠠᠷᠪᠠᠨ ᠵᠢᠷᠭᠤᠭᠠᠨ ᠨᠠᠰᠤᠳᠠᠢ ᠳᠠᠭᠠᠨ ᠬᠦᠷᠡᠯᠳᠤᠭᠠᠷ ᠢ ᠲᠠᠭᠠᠵᠦ ᠭᠡᠰᠢᠭᠳᠡᠨ ᠨᠤᠳᠤᠭ ᠲᠤ ᠢᠷᠡᠭᠰᠡᠨ ᠪᠢᠯᠡ᠃ ᠬᠦᠷᠡᠯᠳᠤᠭᠠᠷ ᠤᠨ ᠨᠠᠰᠦ ᠪᠠᠷᠠᠭᠰᠠᠨ ᠤ ᠲᠠᠷᠠᠭ᠎ᠠ ᠮᠡᠨᠳᠦ ᠭᠡᠰᠡᠨ ᠭᠠᠭᠴᠠ ᠪᠡᠶ᠎ᠡ ᠬᠦᠮᠦᠨ ᠲᠠᠢ ᠬᠠᠮᠵᠢᠨ ᠠᠮᠢᠳᠤᠷᠠᠵᠠᠢ᠃ ᠮᠡᠨᠳᠦ 1959 ᠤᠨ ᠳᠤ ᠨᠠᠰᠦ ᠪᠠᠷᠠᠪᠠ᠃ 1960 ᠤᠨ ᠎ ᠳᠤ ᠵᠢᠮᠪᠠ ︵ᠲᠦᠷᠪᠡᠨ ᠦᠨᠦᠴᠢᠨ ᠬᠦᠦ ᠲᠠᠢ︶᠎ ᠨᠢ ᠶᠠᠩᠵᠠᠢ ᠶᠢᠨ ᠳᠤ ᠢᠷᠠᠵᠦ ᠬᠠᠮᠳᠦ ᠠᠮᠢᠳᠤᠷᠠᠪᠠ᠃ ᠡᠶᠢᠮᠦ ᠎ ᠠᠴᠠ ᠶᠠᠩᠵᠠᠢ ᠨᠢ ᠬᠦᠷᠡᠯᠳᠤᠭᠠᠷ ᠤᠨ ᠠᠯᠳᠠᠷ ᠭᠠᠪᠢᠶ᠎ᠠ ᠶᠢ ᠲᠤᠰᠴᠦ ᠠᠪᠬᠤ ᠬᠢᠷᠢ ᠭᠡᠮ ᠦᠭᠡᠢ᠃ ᠬᠦᠷᠡᠯᠳᠤᠭᠠᠷ ᠪᠠᠭᠠᠳᠤᠷ ᠤᠨ ᠭᠡᠷ ᠪᠦᠯᠢ ᠳᠤ ᠤᠯᠤᠰ ᠠᠴᠠ ᠤᠯᠭᠤᠬᠤ ᠲᠡᠳᠬᠦᠮᠵᠢ ᠬᠠᠯᠠᠮᠵᠢ ᠶᠢᠨ ᠮᠦᠩᠬᠦ ᠶᠢ ᠲᠤᠰᠤᠭᠰᠠᠨ ᠬᠦᠮᠦᠨ ᠦᠭᠡᠢ᠃ ᠨᠡᠩ ᠬᠤᠪᠢᠰᠬᠠᠯ ᠤᠨ ᠦᠢᠯᠡᠰ ᠲᠤ ᠠᠯᠳᠠᠨ ᠠᠮᠢ ᠪᠠᠨ ᠵᠤᠷᠢᠭᠤᠯᠤᠭᠰᠠᠨ ᠦᠷᠡᠭᠳᠡᠭᠰᠡᠨ ᠪᠠᠭᠠᠳᠤᠷ ᠤᠨ ᠭᠡᠷᠡᠴᠢ ᠦᠨᠡᠮᠯᠡᠯ ᠢ ᠲᠤᠰᠴᠦ ᠠᠪᠤᠭᠰᠠᠨ ᠬᠦᠮᠦᠨ ᠬᠠᠷᠠᠬᠠᠨ ᠪᠠᠶᠢᠭᠠᠳᠤᠢ ᠪᠠᠶᠢᠭᠰᠠᠭᠠᠷ ᠁               ᠶᠠᠩᠵᠠᠢ ᠨᠠᠰᠤᠳᠠᠨ 1983 ᠤᠨ ᠳᠤ ᠨᠠᠰᠦ ᠪᠠᠷᠠᠪᠠ᠃               ︽ᠪᠠᠷᠰ ᠠᠴᠠ ᠨᠤᠬᠠᠢ ᠶᠢᠨ ᠬᠦᠯᠦᠭᠡ ᠭᠠᠷᠳᠠᠭ ᠦᠭᠡᠢ︾᠂ ᠬᠦᠷᠡᠯᠳᠤᠭᠠᠷ ᠪᠠᠭᠠᠳᠤᠷ ᠤᠨ ᠲᠤᠬᠠᠢ ᠦᠬᠦᠯᠡᠬᠦ ᠳᠤ᠂ ᠤᠷᠤᠰᠬᠠᠯ ᠪᠢᠰᠢ ᠤᠨᠳᠤᠷᠠᠭ᠎ᠠ ᠤᠳᠤᠮ ᠵᠠᠯᠭᠠᠭᠰᠠᠨ ᠪᠠᠭᠠᠳᠤᠷ ᠬᠦᠴᠦᠳᠡᠨ ᠤ ᠬᠤᠶᠢᠴᠢ ᠦᠶ᠎ᠡ ᠨᠢ ᠴᠠᠬᠠᠷ ᠨᠤᠳᠤᠭ ᠲᠤ ᠯᠠᠪᠳᠠᠢ ᠪᠠᠶᠢᠭ᠎ᠠ ᠪᠠᠶᠢᠬ᠎ᠠ ᠁               ᠬᠤᠪᠢᠰᠬᠠᠯ ᠤᠨ ᠦᠢᠯᠡᠰ ᠲᠤ ᠠᠷᠢᠭᠤᠨ ᠴᠢᠰᠦ ᠪᠠᠨ ᠤᠷᠤᠰᠬᠠᠵᠦ᠂ ᠠᠯᠳᠠᠨ ᠠᠮᠢ ᠪᠠᠨ ᠵᠤᠷᠢᠭᠤᠯᠤᠭᠰᠠᠨ ᠬᠦᠷᠡᠯᠳᠤᠭᠠᠷ ᠪᠠᠭᠠᠳᠤᠷ ᠠᠮᠤᠷᠯᠢᠩᠭᠤᠢ ᠨᠤᠶᠢᠷᠰᠤᠭᠠᠷᠠᠢ  ︕                                                                      
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号