ᠪᠤᠷᠤᠭᠠᠨ ᠮᠡᠳᠦ ᠦᠰᠦᠨ
ᠨᠡᠶᠢᠲᠡᠯᠡᠭᠰᠡᠨ ᠴᠠᠭ᠄
2018/12/5
                        — ᠪ᠊ · ᠪᠤᠶᠠᠨᠬᠡᠰᠢᠭ    ᠪᠤᠳᠢ ᠶᠢᠨ ᠡᠬᠡ ᠭᠠᠵᠠᠷ ᠤᠷᠤᠭᠤ ᠨᠠᠮᠢᠷᠠᠨ ᠲᠡᠮᠡᠤᠯᠬᠦ ᠪᠦᠭᠡᠳ          ᠪᠤᠳᠠᠰ ᠤᠨ ᠨᠠᠷᠢᠨ ᠲᠤᠭᠤᠰᠤ ᠶᠢ ᠦᠯᠦ ᠬᠠᠯᠳᠠᠭᠠᠬᠤ ᠤᠷᠭᠤᠮᠠᠯ          ᠪᠤᠳᠤᠭ ᠪᠢᠰᠢ ᠦᠩᠭᠡ ᠨᠢ ᠰᠦᠨᠢ ᠶᠢᠨ ᠪᠠᠶᠢᠳᠠᠯ᠎ᠠ ᠨᠠᠷᠠᠨ ᠤ ᠦᠨᠦᠷᠲᠦ          ᠪᠤᠳᠤᠭᠤᠨ ᠨᠠᠰᠤᠨ ᠳᠤ ᠪᠠᠨ ᠦᠨᠦᠰᠦᠭᠰᠡᠨ ᠡᠪᠡᠰᠦ ᠰᠢᠭ ᠬᠠᠯᠠᠭᠤᠨ ᠠᠮᠢᠰᠬᠤᠯᠳᠤ          ᠵᠦᠭᠡᠯᠡᠨ ᠦᠰᠦ ᠪᠠᠷ ᠴᠢᠨᠢ ᠪᠢ ᠰᠡᠳᠬᠢᠯ ᠢᠶᠠᠨ ᠤᠬᠢᠶᠠᠮᠠᠷ ᠰᠠᠨᠠᠭᠳᠠᠨᠠᠮ                    ᠪᠤᠷᠬᠠᠨ ᠤ ᠬᠠᠶᠢᠷ᠎ᠠ ᠰᠢᠭ᠋ ᠲᠠᠯᠠᠢ ᠳᠤ ᠪᠠᠨ ᠪᠤᠴᠠᠭᠠᠳ ᠤᠷᠤᠶ᠎ᠠ ᠬᠡᠮᠡᠬᠦ‍ ᠰᠢᠭ         ᠪᠤᠷ ᠪᠤᠷ ᠵᠦᠰᠡᠷᠡᠭᠰᠡᠨ ᠵᠡᠬᠦᠳᠦᠨ ᠤ ᠴᠡᠩᠭᠡᠷ ᠤᠷᠭᠤᠮᠠᠯ         ᠲᠠᠳᠠᠭᠠᠯᠵᠠᠬᠤ ᠮᠡᠳᠦ ᠲᠤᠯᠬᠢᠶᠠᠯᠠᠬᠤ ᠨᠢ ᠵᠤᠬᠢᠰᠳᠤ ᠠᠶᠠᠯᠭᠤ ᠶᠢᠨ ᠭᠡᠮᠨᠡᠯ ᠲᠠᠢ          ᠲᠠᠩᠬᠢᠯ ᠨᠠᠰᠤᠨ ᠤ ᠴᠢᠨᠢ ᠬᠡᠶᠢᠷᠭᠡᠯ ᠰᠢᠭ ᠰᠢᠯᠤᠭᠤᠨ ᠠᠳᠠᠯ᠎ᠠ ᠡᠭᠡᠳᠡᠷᠡᠭᠡ ᠲᠠᠢ          ᠡᠬᠦᠯᠡᠨ ᠦᠰᠦᠨ ᠳᠤ ᠴᠢᠨᠢ ᠪᠢ ᠬᠦᠷᠬᠢᠷᠡᠳᠡᠯ᠎ᠡ ᠤᠨᠳᠠᠮᠠᠷ ᠰᠠᠨᠠᠭᠳᠠᠨᠠᠮ                       ᠪᠤᠳᠤᠯ ᠲᠤᠳᠤᠷ᠎ᠠ ᠶᠢ ᠮᠢᠨᠢ ᠲᠠᠶᠢᠳᠬᠤᠷᠠᠭᠤᠯᠵᠦ ᠲᠤᠯᠠᠶᠢᠳᠠᠯ᠎ᠠ ᠭᠡᠶᠢᠬᠦᠯᠬᠦ ᠠᠶᠠᠰ ᠲᠠᠢ        ᠪᠤᠮ ᠰᠠᠶᠠᠨ ᠰᠢᠷᠭᠡᠭᠳᠦ ᠨᠠᠷᠠᠨ ᠤ ᠨᠤᠶᠢᠳᠠᠨ ᠤᠷᠭᠤᠮᠠᠯ        ᠰᠠᠶᠢᠨ ᠴᠠᠭ ᠤᠨ ᠪᠤᠷᠤᠭᠠᠨ ᠮᠡᠳᠦ ᠳᠡᠯᠪᠢᠨ ᠳᠡᠭᠡᠷ᠎ᠡ ᠮᠢᠨᠢ ᠰᠢᠪᠡᠷᠡᠵᠦ          ᠰᠠᠮᠨᠠᠭᠰᠠᠨ ᠰᠢᠷᠢᠯᠳᠦᠭᠰᠡᠨ ᠠᠯᠢ ᠨᠢ ᠴᠦ ᠲᠡᠷᠡ ᠪᠦᠬᠦᠨ ᠢᠶᠠᠷ ᠢᠶᠠᠨ ᠤᠷᠤᠰᠬᠠᠯ         ᠤᠶᠤᠨ ᠤ ᠲᠦᠩ ᠦᠰᠦᠨ ᠳᠤ ᠴᠢᠨᠢ ᠪᠢ ᠨᠠᠰᠤ ᠪᠠᠷ ᠢᠶᠠᠨ ᠲᠦᠭᠡᠷᠢᠮᠡᠷ ᠰᠠᠨᠠᠭᠳᠠᠨᠠᠮ
 
ᠢᠷᠡᠯᠲᠡ᠄ ᠪ᠊᠂ ᠪᠤᠶᠠᠨᠬᠡᠰᠢᠭ ᠤᠨ ᠪᠦᠷᠭᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号