ᠤᠷᠴᠢᠭᠤᠯᠤᠭᠴᠢ ᠶᠢᠨ ᠭᠢᠷᠢ ᠭᠡᠮ ᠤᠨ ᠲᠤᠬᠠᠢ
ᠨᠡᠶᠢᠲᠡᠯᠡᠭᠰᠡᠨ ᠴᠠᠭ᠄
2018/11/30
              ᠤᠷᠴᠢᠭᠤᠯᠭ᠎ᠠ ᠪᠤᠯ ᠠᠳᠠᠯᠢ ᠪᠤᠰᠦ ᠬᠤᠶᠠᠷ ᠭᠡᠯᠡᠨ ᠤ ᠬᠤᠭᠤᠷᠤᠨᠲᠦ ᠶᠠᠪᠤᠭᠳᠠᠳᠠᠭ ᠪᠦᠲᠦᠭᠡᠯᠴᠢ ᠠᠵᠢᠯᠯᠠᠭ᠎ᠠ ᠪᠤᠯᠬᠤ ᠪᠠ ᠡᠨᠡ ᠭᠦ ᠠᠵᠢᠯ ᠢ ᠭᠦᠢᠴᠡᠳᠭᠡᠳᠡᠭ ᠭᠦᠮᠦᠨ ᠢ ᠤᠷᠴᠢᠭᠤᠯᠤᠭᠴᠢ ᠭᠡᠳᠡᠭ᠃ ᠤᠷᠴᠢᠭᠤᠯᠤᠭᠴᠢ ᠶᠢ ᠠᠮᠠᠨ ᠤᠷᠴᠢᠭᠤᠯᠤᠭᠴᠢ᠂ ᠪᠢᠴᠢᠭ ᠤᠨ ᠤᠷᠴᠢᠭᠤᠯᠤᠭᠴᠢ ᠬᠡᠵᠦ ᠬᠤᠶᠠᠷ ᠠᠩᠭᠢᠯᠠᠵᠦ᠂ ᠤᠷᠴᠢᠭᠤᠯᠤᠭᠴᠢ ᠳᠤ ᠦᠨᠲᠦᠷ ᠱᠠᠭᠠᠷᠳᠠᠯᠭ᠎ᠠ ᠳᠠᠯᠪᠢᠭᠰᠠᠨ ᠪᠠᠶᠢᠳᠠᠭ ᠪᠠ ᠪᠢᠴᠢᠭ ᠤᠨ ᠤᠷᠴᠢᠭᠤᠯᠤᠭᠴᠢ ᠶᠢᠨ ᠱᠠᠭᠠᠷᠳᠠᠯᠭ᠎ᠠ ᠨᠡᠩ ᠦᠨᠲᠦᠷ ᠪᠠᠶᠢᠳᠠᠭ᠃             ᠳᠡᠭᠡᠪᠡᠯ ᠤᠷᠴᠢᠭᠤᠯᠤᠭᠴᠢ ᠴᠤᠬᠤᠮ ᠶᠠᠮᠠᠷ ᠬᠢᠷᠢ ᠭᠡᠮ ᠲᠠᠢ ᠪᠠᠶᠢᠪᠠᠯ ᠵᠤᠬᠢᠬᠤ ᠪᠤᠢ︖ ᠭᠡᠪᠡᠯ᠂ ᠨᠠᠭᠠᠲᠦ ᠵᠠᠬ᠎ᠠ ᠳᠠᠭᠠᠨ ᠲᠤᠤᠷᠠᠭᠢ ᠭᠤᠷᠪᠠᠨ ᠳᠠᠯ᠎ᠠ ᠶᠢᠨ ᠨᠦᠭᠦᠴᠡᠯ ᠢ ᠪᠦᠷᠢᠯᠲᠦᠭᠦᠯᠦᠭᠰᠡᠨ ᠪᠠᠶᠢᠬᠤ ᠭᠡᠷᠡᠭᠲᠠᠢ ᠶᠤᠮ᠃             ᠨᠢᠭᠡ᠂ ᠤᠷᠴᠢᠭᠤᠯᠬᠤ ᠭᠡᠵᠦ ᠪᠠᠶᠢᠭ᠎ᠠ ᠭᠡᠯᠡ ᠶᠢ ᠡᠭᠡ ᠭᠡᠯᠡ ᠪᠠᠨ ᠰᠢᠭ ᠰᠠᠶᠢᠨ ᠡᠵᠡᠮᠰᠢᠭᠰᠡᠨ ᠪᠠᠶᠢᠬᠤ  ᠪᠢᠴᠢᠭ ᠤᠨ ᠤᠷᠴᠢᠭᠤᠯᠤᠭᠴᠢ ᠶᠢᠨ ᠤᠯᠠᠩᠭᠢ ᠨᠢ ᠬᠠᠷᠢ ᠭᠡᠯᠡᠨ ᠤ ᠵᠤᠭᠢᠶᠠᠯ ᠪᠦᠲᠦᠭᠡᠯ ᠢ ᠡᠭᠡ ᠭᠡᠯᠡᠨ ᠳᠡᠭᠡᠷ᠎ᠡ ᠪᠠᠨ ᠪᠠᠭᠤᠯᠭᠠᠬᠤ ᠠᠵᠢᠯ ᠢ ᠭᠤᠤᠯ ᠭᠢᠳᠡᠭ ᠪᠤᠯᠬᠤᠷ ᠬᠠᠷᠢ ᠭᠡᠯᠡ ᠶᠢ ᠵᠠᠪᠠᠯ ᠡᠭᠡ ᠭᠡᠯᠡ ᠪᠠᠨ ᠰᠢᠭ ᠰᠠᠶᠢᠨ ᠡᠵᠡᠮᠰᠢᠭᠰᠡᠨ ᠪᠠᠶᠢᠬᠤ ᠭᠡᠷᠡᠭᠲᠠᠢ᠃ ᠡᠰᠡ ᠳᠡᠶᠢᠮᠦ ᠪᠤᠯ ᠤᠯᠢᠭᠲᠠᠢ ᠰᠠᠶᠢᠨ ᠤᠷᠴᠢᠭᠤᠯᠤᠭᠴᠢ ᠪᠤᠯᠵᠦ ᠴᠢᠳᠠᠬᠤ ᠦᠬᠡᠢ᠃ ᠠᠳᠠᠯᠢ ᠦᠬᠡᠢ ᠬᠤᠶᠠᠷ ᠲᠦᠷᠦᠯ ᠤᠨ ᠭᠡᠯᠡᠨ ᠤ ᠦᠬᠡ ᠶᠢᠨ ᠰᠠᠩ᠂ ᠦᠭᠦᠯᠡᠪᠦᠷᠢ ᠨᠠᠶᠢᠷᠠᠭᠤᠯᠭ᠎ᠠ ᠪᠤᠯᠤᠨ ᠦᠬᠡ ᠭᠡᠷᠡᠭᠯᠡᠭᠦ ᠳᠠᠳᠬᠠᠯ ᠵᠡᠷᠭᠡ ᠨᠢ ᠠᠳᠠᠯᠢ ᠪᠤᠰᠦ ᠪᠠᠶᠢᠳᠠᠭ ᠪᠤᠯᠬᠤᠷ ᠦᠬᠡ ᠦᠰᠦᠭ ᠳᠠᠷᠠᠭᠠᠯᠠᠨ ᠦᠭᠦᠮᠡᠯ ᠢᠶᠠᠷ ᠮᠦᠷᠳᠡᠵᠦ ᠤᠷᠴᠢᠭᠤᠯᠬᠤ ᠳᠤ ᠭᠦᠷᠪᠡᠯ ᠤᠬᠠᠭᠠᠨ ᠲᠦᠭᠦᠭᠡ ᠨᠢ ᠤᠯᠳᠠᠬᠤ ᠦᠬᠡᠢ ᠶᠠᠭᠤᠮ᠎ᠠ ᠪᠤᠯᠬᠤ ᠳᠤ ᠭᠦᠷᠦᠨ᠎ᠡ᠃ ᠦᠭᠦᠯᠡᠪᠦᠷᠢ ᠨᠠᠶᠢᠷᠠᠭᠤᠯᠭ᠎ᠠ ᠶᠢᠨ ᠳᠠᠯ᠎ᠠ ᠪᠠᠷ ᠮᠤᠩᠭᠤᠯ ᠭᠡᠯᠡᠨ ᠤ ᠵᠠᠩᠰᠢᠯ ᠢᠶᠠᠷ ᠨᠠᠶᠢᠷᠠᠭᠤᠯᠬᠤ ᠦᠬᠡᠢ ᠪᠠᠶᠢᠬᠤ ᠦᠵᠡᠭᠳᠡᠯ ᠤᠷᠴᠢᠭᠤᠯᠭ᠎ᠠ ᠶᠢᠨ ᠳᠤᠮᠳᠠ ᠨᠡᠯᠢᠶᠡᠳ ᠲᠦᠭᠡᠮᠡᠯ ᠤᠷᠤᠰᠢᠵᠦ ᠪᠠᠶᠢᠨ᠎ᠠ᠃ ᠡᠶᠢᠮᠦ ᠠᠴᠠ ᠰᠤᠨᠢᠨ ᠰᠡᠳᠭᠦᠯ᠂ ᠷᠠᠳᠢᠤ᠋ ᠲᠧᠯᠸᠢᠰ ᠤᠨ ᠤᠷᠴᠢᠭᠤᠯᠭ᠎ᠠ ᠶᠢ ᠤᠶᠢᠯᠠᠭᠠᠮᠵᠢ ᠮᠠᠭᠤ ᠪᠠᠶᠢᠨ᠎ᠠ ᠭᠡᠵᠦ ᠤᠩᠰᠢᠭᠴᠢᠳ᠂ ᠰᠤᠨᠤᠰᠤᠭᠴᠢᠳ᠂ ᠦᠵᠡᠭᠴᠢᠳ ᠦᠷᠭᠦᠯᠵᠢ ᠶᠠᠷᠢᠳᠠᠭ ᠪᠢᠯᠡ᠃ ᠡᠨᠡ ᠨᠢ ᠦᠩᠭᠡᠨ ᠳᠠᠯ᠎ᠠ ᠶᠢᠨ ᠲᠤᠭᠢᠶ᠎ᠠ ᠳᠡᠮᠳᠡᠭ ᠪᠤᠯᠤᠭᠰᠠᠨ ᠦᠭᠡ ᠦᠰᠦᠭ ᠤᠨ ᠤᠳᠬ᠎ᠠ ᠰᠠᠨᠠᠭ᠎ᠠ ᠶᠢ ᠯᠡ ᠤᠶᠢᠯᠠᠭᠠᠭᠠᠳ ᠦᠭᠡ ᠬᠤᠯᠪᠤᠵᠦ ᠦᠭᠦᠯᠡᠪᠦᠷᠢ ᠪᠦᠲᠦᠭᠡᠭᠦ᠂ ᠦᠭᠡ ᠰᠤᠩᠭᠤᠨ ᠤᠳᠬ᠎ᠠ ᠶᠢ ᠭᠠᠷᠭᠠᠬᠤ ᠶᠢᠨ ᠨᠠᠷᠢᠨ ᠤᠴᠢᠷ ᠶᠤᠰᠦ ᠶᠢ ᠰᠠᠶᠢᠨ ᠡᠵᠡᠮᠰᠢᠭᠰᠡᠨ ᠦᠬᠡᠢ ᠭᠡᠳᠡᠭ ᠢ ᠬᠠᠷᠠᠭᠤᠯᠵᠦ ᠪᠠᠶᠢᠨ᠎ᠠ᠃             ᠪᠢᠳᠡ ᠭᠢᠳᠠᠳ ᠢ ᠮᠤᠩᠭᠤᠯᠴᠢᠯᠠᠬᠤ ᠪᠠᠷ ᠵᠢᠱᠢᠶ᠎ᠡ ᠪᠤᠯᠭᠠᠨ ᠦᠷᠭᠦᠯᠵᠢ ᠦᠵᠡᠭᠳᠡᠳᠡᠭ ᠭᠡᠲᠦᠨ ᠵᠤᠶᠢᠯ ᠤᠨ ᠪᠤᠷᠤᠭᠤ ᠭᠡᠯᠪᠡᠷᠢᠯ ᠢ ᠠᠪᠴᠦ ᠦᠵᠡᠶ᠎ᠡ᠃ ᠬᠢᠳᠡᠳ ᠢ ᠮᠤᠩᠭᠤᠯᠴᠢᠯᠠᠬᠤ ᠳᠤᠮᠳᠠ ᠦᠭᠦᠯᠡᠪᠦᠷᠢ ᠶᠢᠨ ᠭᠡᠰᠢᠭᠦᠳ ᠤᠨ ᠪᠠᠶᠢᠷᠢ ᠶᠢ ᠰᠤᠯᠢᠬᠤ ᠪᠤᠯ ᠦᠷᠭᠦᠯᠵᠢ ᠲᠤᠭᠢᠶᠠᠯᠲᠤᠳᠠᠭ ᠡᠩ ᠤᠨ ᠦᠵᠡᠭᠳᠡᠯ ᠶᠤᠮ᠃ ᠳᠡᠭᠡᠭᠦ ᠳᠤ ᠮᠠᠨ ᠤ ᠵᠠᠷᠢᠮ ᠤᠷᠴᠢᠭᠤᠯᠤᠭᠴᠢᠳ ᠡᠨᠡ ᠶᠤᠰᠦ ᠶᠢ ᠮᠡᠳᠡᠳᠡᠭ ᠦᠬᠡᠢ ᠪᠤᠶᠤ ᠰᠠᠶᠢᠨ ᠤᠪᠠᠶᠢᠯᠠᠳᠠᠭ ᠦᠬᠡᠢ ᠪᠤᠯᠤᠭᠠᠳ ᠦᠷᠭᠦᠯᠵᠢ ᠤᠤᠯ ᠶᠠᠩᠵᠦ ᠪᠠᠷ ᠨᠢ ᠰᠢᠪᠲᠤᠷᠴᠦ ᠤᠷᠴᠢᠭᠤᠯᠤᠭᠰᠠᠨ ᠪᠠᠶᠢᠳᠠᠭ᠃ ᠵᠢᠱᠢᠶᠡᠯᠡᠪᠡᠯ᠄是那样,而不是这样, 是四角形,而不是三角形 ᠭᠡᠰᠡᠨ ᠢ ︽ᠳᠡᠶᠢᠮᠦ ᠪᠤᠯᠬᠤ ᠠᠴᠠ ᠪᠢᠰᠢ ᠬᠠᠷᠢᠨ ᠡᠶᠢᠮᠦ ᠪᠢᠰᠢ᠂ ᠲᠦᠷᠪᠡᠯᠵᠢᠨ ᠪᠤᠯᠬᠤ ᠠᠴᠠ ᠪᠢᠰᠢ ᠬᠠᠷᠢᠨ ᠭᠤᠷᠪᠠᠯᠵᠢᠨ ᠪᠢᠰᠢ︾ ᠭᠡᠵᠦ ᠤᠷᠴᠢᠭᠤᠯᠤᠭᠰᠠᠨ ᠎ ᠨᠢ ᠬᠠᠷᠠᠭᠳᠠᠳᠠᠭ᠃ ᠡᠭᠦᠨ ᠢ ᠴᠤᠬᠤᠮ ᠳᠠᠭᠠᠨ ᠪᠠᠶᠢᠷᠢ ᠶᠢ ᠨᠢ ᠰᠤᠯᠢᠬᠤ ᠠᠷᠭ᠎ᠠ ᠪᠠᠷ ︽ᠡᠶᠢᠮᠦ ᠪᠢᠰᠢ᠂ ᠳᠡᠶᠢᠮᠦ ᠶᠤᠮ᠂ ᠭᠤᠷᠪᠠᠯᠵᠢᠨ ᠪᠢᠰᠢ ᠲᠦᠷᠪᠡᠯᠵᠢᠨ ᠶᠤᠮ︾ ᠬᠡᠵᠦ ᠤᠷᠴᠢᠭᠤᠯᠪᠠᠯ ᠦᠭᠦᠯᠡᠪᠦᠷᠢ ᠨᠢ ᠤᠬᠤᠷ ᠠᠪᠰᠠᠷᠬᠠᠨ ᠳᠡᠭᠡᠷ᠎ᠡ ᠪᠠᠨ ᠤᠶᠢᠯᠠᠭᠠᠮᠵᠢ ᠰᠠᠶᠢᠲᠠᠢ ᠪᠤᠯᠤᠨ᠎ᠠ᠃ ᠪᠠᠰᠠ ᠨᠢᠭᠡᠨ ᠵᠢᠱᠢᠶ᠎ᠡ ᠦᠵᠡᠪᠡᠯ᠂我们常常想念你,敬爱的老师 ᠭᠡᠰᠡᠨ ᠢ ︽ᠪᠢᠳᠡ ᠦᠷᠭᠦᠯᠵᠢ ᠳᠠᠨ ᠢ ᠰᠠᠨᠠᠳᠠᠭ ᠰᠢᠤ᠂ ᠬᠠᠶᠢᠷᠠᠲᠦ ᠪᠠᠭᠰᠢ ᠡ︾ ᠭᠡᠵᠦ ᠦᠰᠦᠭ ᠳᠠᠷᠠᠭᠠᠯᠠᠨ ᠰᠢᠪᠲᠦᠷᠴᠦ ᠤᠷᠴᠢᠭᠤᠯᠬᠤ ᠳᠤ ᠭᠦᠷᠪᠡᠯ ᠪᠤᠷᠤᠭᠤᠳᠠᠬᠤ ᠶᠠᠪᠤᠳᠠᠯ ᠭᠠᠷᠬᠤ ᠪᠤᠯᠤᠨ᠎ᠠ᠃ ᠠᠳᠡ ︽ᠦᠷᠭᠦᠯᠵᠢ︾ ᠭᠡᠳᠡᠭ ᠨᠢ ᠦᠭᠦᠯᠡᠪᠦᠷᠢ ᠶᠢᠨ ᠪᠠᠶᠢᠴᠠ ᠭᠡᠰᠢᠭᠦᠨ ᠪᠤᠯᠬᠤᠷ ᠮᠤᠩᠭᠤᠯ ᠭᠡᠯᠡᠨ ᠤ ᠦᠭᠦᠯᠡᠪᠦᠷᠢ ᠶᠢᠨ ᠭᠡᠰᠢᠭᠦᠨ ᠤ ᠪᠠᠶᠢᠷᠢᠰᠢᠯ ᠶᠤᠰᠦ ᠪᠠᠷ ︽ᠰᠠᠨᠠᠳᠠᠭ︾ ᠭᠡᠰᠡᠨ ᠦᠭᠦᠯᠡᠭᠦᠨ ᠤ ᠡᠮᠦᠨ᠎ᠡ ᠤᠷᠤᠪᠠᠯ ᠵᠤᠭᠢᠬᠤ ᠪᠠ想念,敬爱的 ᠭᠡᠰᠡᠨ ᠨᠢ ︽ᠰᠠᠨᠠᠬᠤ᠂ ᠲᠤᠷᠠᠰᠬᠤ︾᠂ ︽ᠬᠠᠶᠢᠷᠠᠲᠦ᠂ ᠭᠦᠨᠳᠦᠲᠦ︾ ᠭᠡᠰᠡᠨ ᠬᠤᠶᠠᠷ ᠤᠳᠬ᠎ᠠ ᠲᠠᠢ ᠳᠤᠯᠠ ᠪᠠᠶᠢᠷᠢ ᠶᠢ ᠨᠢ ᠰᠤᠯᠢᠬᠤ ᠠᠷᠭ᠎ᠠ ᠪᠠᠷ ︽ᠭᠦᠨᠲᠦᠲᠦ ᠪᠠᠭᠰᠢ ᠡ᠂ ᠪᠢᠳᠡ ᠳᠠᠨ ᠢ ᠦᠷᠭᠦᠯᠵᠢ ᠲᠤᠷᠠᠰᠳᠠᠭ ᠰᠢᠦ︾ ᠭᠡᠵᠦ ᠮᠤᠩᠭᠤᠯᠴᠢᠯᠠᠪᠠᠯ ᠤᠳᠬ᠎ᠠ ᠶᠢᠨ ᠬᠤᠪᠢ ᠳᠤ ᠨᠡᠩ ᠤᠨᠤᠪᠴᠢᠲᠠᠢ᠂ ᠨᠠᠶᠢᠷᠠᠭᠤᠯᠭ᠎ᠠ ᠶᠢᠨ ᠳᠠᠯ᠎ᠠ ᠪᠠᠷ ᠤᠯᠠᠮ ᠢᠯᠭᠤᠮᠬᠠᠨ ᠪᠤᠯᠤᠨ᠎ᠠ᠃             ᠭᠢᠳᠠᠳ᠂ ᠮᠤᠩᠭᠤᠯ ᠭᠡᠯᠡᠨ ᠤ ᠦᠭᠡ ᠪᠦᠲᠦᠭᠡᠭᠦ ᠶᠤᠰᠦ ᠨᠢ ᠠᠳᠠᠯᠢ ᠦᠬᠡᠢ ᠪᠠᠶᠢᠳᠠᠭ᠃ ᠭᠢᠳᠠᠳ ᠦᠰᠦᠭ ᠪᠤᠯ ᠳᠠᠩ ᠦᠶᠡᠲᠦ ᠦᠰᠦᠭ ᠪᠤᠯᠬᠤᠷ ᠤᠯᠠᠩᠬᠢ ᠳᠠᠭᠠᠨ ᠬᠤᠶᠠᠷ ᠪᠤᠶᠤ ᠬᠤᠶᠠᠷ ᠠᠴᠠ ᠳᠡᠭᠡᠭᠰᠢ ᠬᠤᠯᠪᠤᠭ᠎ᠠ ᠦᠬᠡ ᠎ ᠪᠠᠷ ᠦᠭᠡ ᠪᠦᠲᠦᠭᠡᠵᠦ ᠤᠳᠬ᠎ᠠ ᠶᠢ ᠢᠯᠡᠳᠭᠡᠳᠡᠭ᠃ ᠮᠤᠩᠭᠤᠯ ᠭᠡᠯᠡ ᠪᠤᠯ ᠦᠭᠡ ᠶᠢᠨ ᠦᠨᠲᠦᠰᠦ ᠢᠵᠠᠭᠤᠷ ᠲᠤ ᠪᠦᠲᠦᠭᠡᠪᠦᠷᠢ ᠵᠠᠯᠭᠠᠨ ᠰᠢᠨ᠎ᠡ ᠦᠭᠡ ᠪᠦᠲᠦᠭᠡᠵᠦ ᠤᠳᠬ᠎ᠠ ᠶᠢ ᠢᠯᠡᠳᠭᠡᠭᠦ ᠳᠠᠯ᠎ᠠ ᠪᠠᠷ ᠳᠤᠩ ᠢᠳᠡᠪᠭᠢᠲᠠᠢ ᠪᠠᠶᠢᠳᠠᠭ ᠶᠤᠮ᠃ ᠭᠢᠳᠠᠳ ᠭᠡᠯᠡᠨ ᠤ ᠳᠠᠩ ᠦᠬᠡ ᠨᠢ ᠬᠤᠯᠪᠤᠭ᠎ᠠ ᠦᠬᠡ ᠪᠠᠨ ᠪᠤᠲᠤᠪᠠᠯ ᠬᠠᠷᠢᠴᠠᠩᠭᠤᠢ ᠴᠦᠭᠡᠨ ᠪᠠᠶᠢᠬᠤ ᠳᠤ ᠮᠤᠩᠭᠤᠯ ᠭᠡᠯᠡᠨ ᠤ ᠳᠠᠩ ᠦᠬᠡ ᠨᠢ ᠭᠢᠳᠠᠳ ᠭᠡᠯᠡᠨ ᠤ ᠳᠠᠩ ᠦᠬᠡ ᠠᠴᠠ ᠬᠤᠪᠢ ᠦᠬᠡᠢ ᠤᠯᠠᠨ ᠪᠠᠶᠢᠳᠠᠭ ᠪᠠ ᠳᠠᠩ ᠢᠶᠠᠷ ᠢᠶᠠᠨ ᠶᠠᠮᠠᠷ ᠨᠢᠭᠡᠨ ᠤᠳᠬ᠎ᠠ ᠶᠢ ᠢᠯᠡᠳᠭᠡᠭᠦ ᠳᠠᠯ᠎ᠠ ᠪᠠᠷ ᠢᠳᠡᠪᠭᠢ ᠤᠶᠢᠯᠡᠲᠦᠯ ᠲᠠᠢ ᠪᠠᠶᠢᠳᠠᠭ᠃ ᠤᠶᠢᠯᠡᠲᠦᠯᠭᠡ ᠠᠴᠠ ᠦᠵᠡᠪᠡᠯ᠂ ᠬᠤᠶᠠᠷ ᠭᠡᠯᠡᠨ ᠤ ᠡᠨᠡ ᠭᠦ ᠠᠳᠠᠯᠢ ᠦᠬᠡᠢ ᠤᠨᠴᠠᠯᠢᠭ ᠢ ᠰᠠᠶᠢᠨ ᠠᠩᠬᠠᠷᠤᠭᠰᠠᠨ ᠦᠬᠡᠢ ᠠᠴᠠ ᠭᠢᠳᠠᠳ ᠭᠡᠯᠡᠨ ᠤ ᠬᠤᠶᠠᠷ ᠦᠬᠡ ᠪᠠᠷ ᠨᠢᠭᠡ ᠤᠬᠠᠭᠳᠠᠬᠤᠨ ᠢ ᠢᠯᠡᠳᠭᠡᠭᠰᠡᠨ ᠦᠬᠡ ᠶᠢ ᠮᠤᠩᠭᠤᠯᠴᠢᠯᠠᠬᠤ ᠳᠠᠭᠠᠨ ᠮᠦᠨ ᠯᠡ ᠬᠤᠶᠠᠷ ᠦᠭᠡ ᠪᠠᠷ ᠪᠠᠭᠤᠯᠭᠠᠭᠰᠠᠨ ᠵᠢᠱᠢᠶ᠎ᠡ ᠤᠯᠠᠨ ᠬᠠᠷᠠᠭᠳᠠᠵᠦ ᠪᠠᠶᠢᠬᠤ ᠪᠠ ᠵᠠᠯᠠᠭᠤ ᠤᠷᠴᠢᠭᠤᠯᠤᠭᠴᠢᠳ ᠳᠡᠮᠡᠢ ᠤᠪᠠᠶᠢᠯᠠᠳᠠᠭ ᠦᠬᠡᠢ ᠪᠤᠯᠬᠤᠷ ᠡᠨᠡ ᠭᠦ ᠪᠤᠷᠤᠭᠤ ᠭᠡᠯᠪᠡᠷᠢᠯ ᠤᠯᠠᠮ ᠭᠠᠵᠠᠷ ᠠᠪᠴᠦ ᠪᠠᠶᠢᠨ᠎ᠠ᠃ ᠵᠢᠱᠢᠶᠡᠯᠡᠪᠡᠯ᠄手续,手掌,火焰 ,白灰,出嫁,成人 ᠭᠡᠰᠡᠨ ᠢ ︽ᠭᠦᠢᠴᠡᠳᠭᠡᠯ ︵ᠭᠠᠷᠳᠠᠮ︶᠂ ᠠᠯᠠᠭ᠎ᠠ᠂ ᠲᠦᠯᠦ᠂ ᠴᠤᠬᠤᠢ᠂ ᠬᠠᠷᠢᠯᠠᠬᠤ᠂ ᠲᠤᠮᠤᠴᠤᠤᠯ︾ ᠭᠡᠵᠦ ᠭᠠᠭᠴᠠ ᠦᠭᠡ ᠪᠠᠷ ᠤᠷᠴᠢᠭᠤᠯᠬᠤ ᠦᠬᠡᠢ᠂ ᠬᠠᠷᠢᠨ ︽ᠭᠠᠷ ᠭᠦᠢᠴᠡᠳᠭᠡᠯ᠂ ᠭᠠᠷ ᠤᠨ ᠠᠯᠠᠭ᠎ᠠ᠂ ᠭᠠᠯ ᠤᠨ ᠲᠦᠯᠦ᠂ ᠴᠠᠭᠠᠨ ᠴᠤᠬᠤᠢ᠂ ᠬᠠᠷᠢ ᠳᠤ ᠮᠤᠷᠳᠠᠬᠤ᠂ ᠨᠠᠰᠦᠨ ᠳᠤ ᠭᠦᠷᠦᠭᠰᠡᠳ︾ ᠭᠡᠵᠦ ᠤᠷᠴᠢᠭᠤᠯᠵᠦ ᠪᠠᠶᠢᠨ᠎ᠠ᠃ ᠡᠭᠦᠨ ᠢ ᠦᠵᠡᠭᠦ ᠳᠤ ᠤᠳᠬ᠎ᠠ ᠶᠢᠨ ᠬᠤᠪᠢ ᠳᠤ ᠪᠤᠷᠤᠭᠤ ᠦᠬᠡᠢ ᠴᠦ ᠢᠯᠡᠭᠦᠴᠡ ᠦᠬᠡ ᠭᠡᠷᠡᠭᠯᠡᠭᠰᠡᠨ ᠤᠷᠴᠢᠭᠤᠯᠭ᠎ᠠ ᠪᠤᠯᠬᠤ ᠶᠤᠮ᠃ ᠡᠶᠢᠮᠦᠷᠭᠦᠦ ᠦᠵᠡᠭᠳᠡᠯ ᠵᠦᠪᠭᠡᠨ ᠬᠤᠶᠠᠷ ᠪᠤᠶᠤ ᠬᠤᠶᠠᠷ ᠠᠴᠠ ᠳᠡᠭᠡᠭᠰᠢ ᠬᠤᠯᠪᠤᠭ᠎ᠠ ᠦᠬᠡ ᠪᠠᠷ ᠪᠦᠲᠦᠭᠰᠡᠨ ᠨᠡᠷ᠎ᠡ ᠲᠤᠮᠢᠶ᠎ᠠ ᠶᠢ ᠤᠷᠴᠢᠭᠤᠯᠬᠤ ᠦᠶ᠎ᠡ ᠳᠤ ᠯᠡ ᠭᠠᠷᠴᠦ ᠪᠠᠶᠢᠬᠤ ᠪᠢᠰᠢ᠂ ᠲᠤᠭᠠᠨ ᠤ ᠦᠭᠡ᠂ ᠳᠡᠮᠳᠡᠭ ᠦᠭᠡ᠂ ᠤᠶᠢᠯᠡ ᠦᠭᠡ ᠶᠢ ᠤᠷᠴᠢᠭᠤᠯᠬᠤ ᠳᠤ ᠴᠦ ᠤᠯᠠᠨ ᠬᠠᠷᠠᠭᠳᠠᠵᠦ ᠪᠠᠶᠢᠨ᠎ᠠ᠃             ᠭᠢᠳᠠᠳ᠂ ᠮᠤᠩᠭᠤᠯ ᠭᠡᠯᠡᠨ ᠤ ᠦᠭᠡ ᠭᠡᠷᠡᠭᠯᠡᠭᠦ ᠳᠠᠳᠬᠠᠯ ᠨᠢ ᠲᠤᠩ ᠵᠦᠷᠢᠶ᠎ᠡ ᠲᠠᠢ ᠪᠠᠶᠢᠳᠠᠭ᠃ ᠲᠤᠭᠠᠨ ᠎ ᠤ ᠦᠬᠡ ᠪᠠᠷ ᠵᠢᠱᠢᠶᠡᠯᠡᠪᠡᠯ᠂ ᠭᠢᠳᠠᠳ ᠢᠶᠠᠷ我想请你三五天假,跟你借百八 十元钱 ᠭᠡᠭᠦ ᠶᠢ ᠮᠤᠩᠭᠤᠯ ᠢᠶᠠᠷ ᠪᠤᠯ ︽ᠪᠢ ᠳᠠᠪᠤ ᠭᠤᠷᠪᠠᠨ ᠬᠤᠨᠤᠭ ᠤᠨ ᠴᠢᠯᠦᠭᠡ ᠭᠤᠶᠤᠬᠤ ᠪᠠᠷ ᠰᠠᠨᠠᠵᠦ ᠪᠠᠶᠢᠨ᠎ᠠ︾᠂ ︽ᠳᠠᠨ ᠠᠴᠠ ᠳᠠᠯᠠ ᠨᠠᠶᠠᠨ ᠲᠦᠭᠦᠷᠢᠭ ᠵᠢᠬᠡᠯᠡᠶ᠎ᠡ︾ ᠭᠡᠵᠦ ᠭᠡᠯᠡᠨ᠎ᠡ᠃ ᠡᠭᠦᠨ ᠳᠤ ᠲᠤᠭᠠᠨ ᠎ ᠤ ᠶᠡᠭᠡ ᠪᠠᠭ᠎ᠠ ᠶᠢᠨ ᠳᠡᠰ ᠳᠠᠷᠠᠭ᠎ᠠ ᠶᠢ ᠨᠢ ᠰᠤᠯᠢᠵᠠᠢ᠃ ᠳᠠᠪᠤᠨ ᠬᠤᠰᠢᠭᠤ ᠮᠠᠯ ᠢ ᠲᠤᠭ᠎ᠠ ᠪᠠᠷ ᠢᠯᠡᠳᠭᠡᠭᠦ ᠳᠤ ᠮᠤᠩᠭᠤᠯᠴᠤᠳ ᠰᠢᠭᠤᠳ ᠯᠡ ᠭᠡᠲᠦᠢ ᠦᠭᠡᠷ᠂ ᠭᠡᠲᠦᠢ ᠬᠤᠨᠢ ᠭᠡᠳᠡᠭ ᠪᠠᠶᠢᠬᠤ ᠳᠤ ᠭᠢᠳᠠᠳ ᠭᠡᠯᠡᠨ ᠳᠤ ᠬᠠᠷᠢᠨ五十只羊,五头牛 ,三匹马,四峰骆驼 ᠭᠡᠵᠦ ᠳᠤᠰᠬᠠᠢ ᠦᠬᠡ ᠤᠷᠤᠭᠤᠯᠤᠨ ᠢᠯᠡᠳᠭᠡᠳᠡᠭ ᠪᠠᠶᠢᠨ᠎ᠠ᠃ ᠤᠲᠦ ᠮᠠᠨ ᠤ ᠵᠠᠷᠢᠮ ᠤᠷᠴᠢᠭᠤᠯᠤᠭᠴᠢᠳ ᠬᠠᠷᠢᠨ ᠦᠭᠡ ᠭᠡᠷᠡᠭᠯᠡᠭᠦ ᠠᠳᠠᠯᠢ ᠪᠤᠰᠦ ᠳᠠᠳᠬᠠᠯ ᠢ ᠮᠡᠳᠡᠭᠦ ᠦᠬᠡᠢ ︽ᠳᠠᠪᠢᠨ ᠲᠤᠯᠤᠭᠠᠢ ᠬᠤᠨᠢ᠂ ᠳᠠᠪᠤᠨ ᠲᠤᠯᠤᠭᠠᠢ ᠦᠭᠡᠷ᠂ ᠭᠤᠷᠪᠠᠨ ᠲᠤᠯᠤᠭᠠᠢ ᠮᠤᠷᠢ᠂ ᠲᠦᠷᠪᠡᠨ ᠲᠤᠯᠤᠭᠠᠢ ᠳᠡᠮᠡᠭᠡ︾ ᠭᠡᠭᠦᠴᠢᠯᠡᠨ ᠤᠷᠴᠢᠭᠤᠯᠵᠦ ᠪᠠᠶᠢᠬᠤ ᠪᠠ ᠮᠦᠨ ᠡᠭᠦᠨ ᠲᠠᠢ ᠠᠳᠠᠯᠢᠪᠲᠦᠷ两座学校,五名工人,三口人᠎ ᠢ ︽ᠬᠤᠶᠠᠷ ᠰᠠᠭᠤᠷᠢ ᠰᠤᠷᠭᠠᠭᠤᠯᠢ᠂ ᠳᠠᠪᠤᠨ ᠨᠡᠷ᠎ᠡ ᠠᠵᠢᠯᠴᠢᠨ᠂ ᠭᠤᠷᠪᠠᠨ ᠠᠮᠠ ᠭᠦᠮᠦᠨ︾ ᠭᠡᠵᠦ ᠤᠷᠴᠢᠭᠤᠯᠤᠭᠰᠠᠨ ᠨᠢ ᠴᠦ ᠬᠠᠷᠠᠭᠳᠠᠳᠠᠭ ᠪᠢᠯᠡ᠃ ᠡᠨᠡ ᠨᠢ ᠤᠪᠠᠶᠢᠨ ᠳᠤ ᠦᠬᠡᠢ ᠪᠤᠷᠤᠭᠤ ᠭᠡᠯᠪᠡᠷᠢᠯ ᠪᠤᠯᠪᠠᠴᠦ ᠡᠶᠢᠮᠦ ᠶᠠᠪᠤᠳᠠᠯ ᠤᠯᠠᠳᠠᠪᠠᠯ ᠡᠲᠦᠷ ᠤᠨ ᠤᠳᠠᠭᠠᠨ ᠳᠠᠭᠠᠨ ᠵᠠᠯᠠᠭᠤᠴᠤᠳ ᠪᠠᠭᠠᠴᠤᠤᠯ ᠢ ᠪᠤᠷᠤᠭᠤ ᠪᠠᠷ ᠨᠦᠯᠦᠭᠡᠯᠡᠭᠦ ᠪᠤᠯᠤᠨ᠎ᠠ᠃ ᠭᠢᠳᠠᠳ ᠭᠡᠯᠡᠨ ᠤ沏茶 ᠭᠡᠰᠡᠨ ᠢ ︽ᠴᠠᠢ ᠪᠦᠷᠢᠭᠦ︾ ᠭᠡᠵᠦ ᠭᠡᠯᠡᠪᠡᠯ ᠵᠤᠭᠢᠬᠤ ᠪᠠᠶᠢᠳᠠᠯ᠎ᠠ ᠤᠲᠦ ᠬᠠᠷᠢᠨ ︽ᠴᠠᠢ ᠴᠢᠯᠡᠭᠦ︾ ᠭᠡᠵᠦ ᠭᠡᠯᠡᠵᠡᠭᠡᠵᠦ ᠪᠠᠶᠢᠨ᠎ᠠ᠃赊账 ᠭᠡᠰᠡᠨ ᠭᠢᠳᠠᠳ ᠦᠬᠡ ᠶᠢ ︽ᠱᠡᠭᠡᠯᠡᠵᠦ ᠠᠪᠬᠤ︾ ᠭᠡᠵᠦ ᠤᠷᠴᠢᠭᠤᠯᠤᠭᠠᠳ ᠤᠨ ᠤᠳᠠᠭᠰᠠᠨ ᠪᠠ ᠦᠨᠦ ᠡᠨᠡ ︽ᠱᠡᠭᠡᠯᠡᠭᠦ︾ ᠭᠡᠰᠡᠨ ᠰᠠᠭᠠᠷᠮᠠᠭ ᠦᠬᠡ ᠮᠤᠩᠭᠤᠯ ᠭᠡᠯᠡᠨ ᠤ ᠳᠤᠯᠢ ᠪᠢᠴᠢᠭ ᠲᠤ ᠴᠦ ᠤᠷᠤ ᠡᠵᠡᠯᠡᠭᠰᠡᠨ ᠪᠠᠶᠢᠨ᠎ᠠ᠃             ᠬᠠᠷᠢ ᠭᠡᠯᠡ ᠶᠢ ᠡᠭᠡ ᠭᠡᠯᠡ ᠪᠠᠨ ᠰᠢᠭ ᠰᠠᠶᠢᠨ ᠡᠵᠡᠮᠰᠢᠭᠦ ᠶᠢ ᠭᠡᠯᠡᠭᠦ ᠳᠤ ᠬᠢᠯᠪᠠᠷ ᠴᠦ ᠭᠢᠬᠦ ᠳᠤ ᠭᠦᠴᠢᠷ ᠪᠠᠶᠢᠳᠠᠭ ᠶᠤᠮ᠃ ᠨᠠᠭᠠᠲᠦ ᠵᠠᠬ᠎ᠠ ᠳᠠᠭᠠᠨ ᠬᠠᠷᠢ ᠭᠡᠯᠡᠨ ᠤ ᠦᠨᠲᠦᠰᠦᠨ ᠦᠭᠡ ᠶᠢᠨ ᠤᠳᠬ᠎ᠠ ᠰᠠᠨᠠᠭ᠎ᠠ᠂ ᠦᠭᠡ ᠬᠤᠯᠪᠤᠵᠦ ᠦᠭᠦᠯᠡᠪᠦᠷᠢ ᠪᠦᠲᠦᠭᠡᠭᠦ ᠶᠤᠰᠦ ᠤᠴᠢᠷ᠂ ᠦᠭᠡ ᠭᠡᠯᠡ ᠪᠠᠷ ᠢᠯᠡᠷᠡᠭᠰᠡᠨ ᠳᠡᠤᠭᠡᠨ ᠭᠡᠷᠡᠭ ᠶᠠᠪᠤᠳᠠᠯ ᠢ ᠵᠠᠪᠠᠯ ᠰᠠᠶᠢᠨ ᠮᠡᠳᠡᠭᠰᠡᠨ ᠪᠠᠶᠢᠬᠤ ᠭᠡᠷᠡᠭᠲᠠᠢ᠃ ᠤᠷᠴᠢᠭᠤᠯᠭ᠎ᠠ ᠬᠢᠭᠦ ᠳᠤ ᠵᠦᠪᠭᠡᠨ ᠭᠡᠯᠡᠨ ᠤ ᠮᠡᠳᠡᠯᠭᠡ ᠶᠢ ᠲᠦᠰᠢᠭᠦ ᠪᠢᠰᠢ᠂ ᠪᠠᠰᠠ ᠵᠠᠪᠠᠯ ᠲᠤᠷᠰᠢᠯᠭ᠎ᠠ ᠳᠤ ᠲᠦᠰᠢᠭᠯᠡᠭᠦ ᠭᠡᠷᠡᠭᠲᠠᠢ ᠪᠠᠶᠢᠳᠠᠭ᠃ ᠲᠤᠷᠰᠢᠯᠭ᠎ᠠ ᠳᠤ ᠦᠪᠡᠷ ᠤᠨ ᠲᠤᠷᠰᠢᠯᠭ᠎ᠠ ᠪᠤᠯᠤᠨ ᠦᠷᠦᠭᠡᠯ ᠤᠨ ᠲᠤᠷᠰᠢᠯᠭ᠎ᠠ ᠪᠦᠷ ᠪᠠᠶᠢᠬᠤ ᠭᠡᠷᠡᠭᠲᠠᠢ᠃ ᠦᠷᠦᠭᠡᠯ ᠤᠨ ᠲᠤᠷᠰᠢᠯᠭ᠎ᠠ ᠠᠴᠠ ᠪᠢᠳᠡ ᠰᠠᠶᠢᠨ ᠢ ᠎ ᠨᠢ ᠰᠤᠷᠴᠦ ᠰᠠᠭᠠᠷ ᠢ ᠨᠢ ᠳᠠᠶᠠᠭᠳᠠᠵᠦ᠂ ᠦᠪᠡᠷ ᠤᠨ ᠲᠤᠷᠰᠢᠯᠭ᠎ᠠ ᠪᠠᠨ ᠳᠠᠰᠤᠷᠠᠯᠳᠠ ᠦᠬᠡᠢ ᠪᠠᠶᠠᠯᠢᠭᠵᠢᠭᠤᠯᠪᠠᠯ ᠰᠠᠶ᠋ᠢ ᠦᠷᠭᠡᠨ ᠮᠡᠳᠡᠯᠭᠡ᠂ ᠦᠯᠡᠮᠵᠢ ᠲᠤᠷᠰᠢᠯᠭ᠎ᠠ ᠲᠠᠢ ᠬᠠᠰᠢᠷ ᠤᠷᠴᠢᠭᠤᠯᠤᠭᠴᠢ ᠪᠤᠯᠵᠦ ᠴᠢᠳᠠᠨ᠎ᠠ᠃ ᠦᠩᠭᠡᠷᠡᠭᠰᠡᠨ ᠤ ᠤᠷᠴᠢᠭᠤᠯᠭ᠎ᠠ ᠶᠢ ᠠᠵᠢᠭᠯᠠᠬᠤ ᠳᠤ ᠦᠩᠭᠡᠷᠡᠦ ᠤᠳᠬ᠎ᠠ ᠪᠤᠷᠤᠭᠤᠳᠠᠭᠰᠠᠨ ᠦᠬᠡᠢ ᠴᠦ ᠬᠠᠨᠤᠮᠵᠢ ᠦᠬᠡᠢ ᠵᠤᠶᠢᠯ ᠬᠠᠶᠠ ᠬᠠᠷᠠᠭᠳᠠᠵᠦ ᠪᠠᠶᠢᠳᠠᠭ ᠪᠠ ᠳᠡᠭᠦᠨ ᠢ ᠮᠦᠷᠳᠡᠵᠦ ᠪᠠᠶᠢᠬᠤ ᠭᠦᠮᠦᠨ ᠴᠦ ᠮᠤᠩ ᠦᠬᠡᠢ ᠪᠠᠶᠢᠨ᠎ᠠ ᠃ ᠵᠢᠱᠢᠶᠡᠯᠡᠪᠡᠯ᠄打破记录,动脑筋,心动 的 ᠭᠡᠭᠦ ᠦᠬᠡ ᠶᠢ ︽ᠳᠡᠮᠳᠡᠭᠯᠡᠯ ᠡᠪᠳᠡᠭᠦ︾᠂ ︽ᠳᠠᠷᠢᠭᠢ ᠪᠠᠨ ᠭᠦᠳᠡᠯᠭᠡᠭᠦ︾᠂ ︽ᠰᠡᠳᠭᠢᠯ ᠭᠦᠳᠡᠯᠭᠦ︾ ᠭᠡᠵᠦ ᠮᠤᠩᠭᠤᠯᠴᠢᠯᠠᠭᠰᠠᠨ ᠪᠠᠶᠢᠳᠠᠭ ᠪᠠ ᠤᠲᠦ ᠡᠳᠡᠭᠡᠷ ᠦᠭᠡ ᠮᠤᠩᠭᠤᠯ ᠭᠡᠯᠡᠨ ᠳᠤ ᠪᠠᠷᠤᠭ ᠰᠢᠩᠭᠡᠴᠢᠭᠡᠭᠰᠡᠨ ᠰᠢᠭ ᠪᠠᠶᠢᠨ᠎ᠠ᠃ ᠦᠨᠡᠨ ᠳᠡᠭᠡᠨ ︽ᠡᠪᠳᠡᠭᠦ︾᠎ ᠶᠢ ︽ᠰᠢᠨᠡᠳᠭᠡᠭᠦ︾᠂ ︽ᠭᠦᠳᠡᠯᠭᠡᠭᠦ︾᠎ ᠶᠢ ︽ᠭᠡᠷᠡᠭᠯᠡᠭᠦ︾᠂ ︽ᠭᠦᠳᠡᠯᠭᠦ︾᠎ ᠶᠢ ︽ᠲᠤᠭᠲᠤᠯᠬᠤ︾ ᠭᠡᠪᠡᠯ ᠳᠠᠭᠠᠷᠠᠬᠤ ᠶᠤᠮ᠃ ᠡᠨᠡ ᠮᠡᠲᠦ ᠶᠢᠨ ᠵᠢᠱᠢᠶ᠎ᠡ ᠶᠢ ᠲᠤᠷᠠᠳᠪᠠᠯ ᠪᠠᠰᠠ ᠪᠠᠶᠢᠬᠤ ᠯᠡ᠃ ᠤᠷᠴᠢᠭᠤᠯᠤᠭᠴᠢ ᠪᠤᠯᠤᠭᠰᠠᠳ ᠭᠦᠮᠦᠨ ᠤ ᠦᠪᠡᠷ ᠤᠨ ᠤᠯᠵᠦ ᠠᠯᠳᠠᠭᠰᠠᠨ ᠵᠤᠶᠢᠯ ᠢ ᠲᠤᠷᠰᠢᠯᠭ᠎ᠠ ᠰᠤᠷᠭᠠᠮᠵᠢ ᠪᠤᠯᠭᠠᠨ ᠴᠢᠳᠠᠮᠠᠭᠠᠢ ᠳ᠋ᠦᠩᠨᠡᠵᠦ᠂ ᠮᠡᠳᠡᠯᠭᠡ ᠪᠠᠨ ᠳᠡᠭᠦᠯᠳᠡᠷᠵᠢᠭᠦᠯᠵᠦ ᠪᠠᠶᠢᠬᠤ ᠨᠢ ᠲᠤᠩ ᠴᠢᠬᠤᠯᠠ ᠶᠤᠮ᠃             ᠬᠤᠶᠠᠷ᠂ ᠡᠭᠡ ᠭᠡᠯᠡ ᠪᠠᠨ ᠲᠤᠭᠤᠷᠠᠳᠠᠯ᠎ᠠ ᠰᠠᠶᠢᠨ ᠡᠵᠡᠮᠰᠢᠭᠰᠡᠨ ᠪᠠᠶᠢᠬᠤ  ᠦᠰᠭᠦ ᠠᠴᠠ ᠰᠤᠷᠤᠭᠰᠠᠨ ᠦᠨᠲᠦᠰᠦᠲᠡᠨ ᠤ ᠭᠡᠯᠡ ᠪᠠᠨ ᠤᠯᠠᠩᠭᠢ ᠭᠦᠮᠦᠨ ᠨᠡᠯᠢᠶᠡᠳ ᠰᠠᠶᠢᠨ ᠡᠵᠡᠮᠰᠢᠭᠰᠡᠨ ᠪᠠᠶᠢᠳᠠᠭ ᠴᠦ ᠲᠤᠭᠤᠷᠠᠳᠠᠯ᠎ᠠ ᠰᠠᠶᠢᠨ ᠡᠵᠡᠮᠰᠢᠭᠰᠡᠨ ᠭᠦᠮᠦᠨ ᠴᠦᠭᠡᠨ ᠪᠠᠶᠢᠳᠠᠭ ᠯᠡ ᠳ᠋ᠠ᠃ ᠪᠢᠳᠡ ᠶᠡᠷᠦ ᠳᠡᠭᠡᠨ ᠵᠠᠷᠢᠮ ᠭᠦᠮᠦᠨ ᠢ  ᠭᠢᠳᠠᠳ᠂ ᠮᠤᠩᠭᠤᠯ ᠭᠡᠯᠡᠨ ᠳᠤ ᠨᠡᠪᠳᠡᠷᠡᠭᠰᠡᠨ ᠭᠡᠵᠦ ᠶᠠᠷᠢᠳᠠᠭ ᠴᠦ ᠦᠨᠡᠨ ᠢ ᠭᠡᠯᠡᠪᠡᠯ᠂ ᠨᠡᠪᠳᠡᠷᠡᠭᠰᠡᠨ ᠭᠦᠮᠦᠨ ᠬᠠᠷᠢᠴᠠᠩᠭᠤᠢ ᠴᠦᠭᠡᠨ ᠪᠠᠶᠢᠳᠠᠭ᠃ ᠨᠡᠪᠳᠡᠷᠡᠨ᠎ᠡ ᠭᠡᠳᠡᠭ ᠨᠡᠯᠢᠶᠡᠳ ᠶᠡᠭᠡ ᠡᠷᠳᠡᠮ ᠲᠠᠢ ᠪᠤᠯᠬᠤ ᠶᠢ ᠭᠡᠯᠡᠨ᠎ᠡ᠃ ᠨᠡᠪᠳᠡᠷᠡᠵᠠᠢ ᠭᠡᠰᠡᠨ ᠎ ᠢ ᠨᠡᠯᠢᠶᠡᠳ ᠨᠡᠷ᠎ᠡ ᠠᠯᠳᠠᠷ ᠲᠠᠢ ᠵᠤᠭᠢᠶᠠᠯᠴᠢ ᠪᠤᠯᠤᠨ ᠭᠡᠯᠡᠨ ᠤ ᠠᠵᠢᠯᠳᠠᠨ ᠴᠦ ᠭᠦᠩᠭᠡᠨ ᠭᠢᠯᠪᠠᠷ ᠢᠶᠠᠷ ᠭᠡᠯᠡᠳᠡᠭ ᠦᠬᠡᠢ ᠶᠤᠮ᠃ ᠳᠡᠭᠡᠭᠦᠯᠡᠷ ᠪᠢᠳᠡᠨ ᠰᠢᠭ ᠡᠩ ᠤᠨ ᠨᠢᠭᠡᠨ ᠤᠷᠴᠢᠭᠤᠯᠤᠭᠴᠢ ᠭᠦᠮᠦᠰ ᠦᠪᠡᠷ ᠤᠨ ᠮᠡᠳᠡᠯᠭᠡ ᠪᠠᠨ ᠦᠩᠭᠡᠷᠡᠦ ᠳᠡᠭᠡᠭᠦᠷ ᠦᠨᠡᠯᠡᠵᠦ ᠪᠤᠯᠬᠤ ᠦᠬᠡᠢ᠃ ᠪᠢᠳᠡᠨ ᠤ ᠮᠡᠳᠡᠭᠦ ᠦᠬᠡᠢ ᠴᠢᠳᠠᠬᠤ ᠦᠬᠡᠢ ᠵᠤᠶᠢᠯ ᠪᠠᠶᠢᠬᠤ ᠯᠡ ᠪᠤᠶᠠᠨ᠃ ᠡᠲᠦᠷ ᠲᠤᠲᠤᠮ ᠤᠨ ᠠᠵᠢᠯ ᠡᠭᠦᠷᠭᠡ ᠪᠠᠨ ᠪᠡᠶᠡᠯᠡᠭᠦᠯᠭᠦ ᠳᠤᠮᠳᠠ ᠡᠲᠦᠢ ᠳᠡᠲᠦᠢ ᠪᠤᠲᠤᠵᠦ ᠤᠯᠬᠤ ᠦᠬᠡᠢ ᠵᠤᠶᠢᠯ ᠲᠤᠭᠢᠶᠠᠯᠲᠤᠪᠠᠯ ᠪᠢᠳᠡ ᠲᠤᠯᠢ ᠪᠢᠴᠢᠭ ᠡᠷᠭᠢᠭᠦᠯᠭᠦ ᠨᠢ ᠤᠯᠠᠨ ᠪᠠᠶᠢᠳᠠᠭ ᠴᠦ ᠦᠪᠡᠷ ᠢᠶᠠᠨ ᠳᠠᠶᠢᠯᠪᠤᠷᠢ ᠲᠤᠯᠢ ᠮᠡᠲᠦ ᠶᠢᠨ ᠲᠤᠯᠢ ᠶᠢ ᠡᠭᠢᠨ ᠠᠴᠠ ᠨᠢ ᠠᠳᠠᠭ ᠲᠤ ᠲᠤᠯᠳᠠᠯ᠎ᠠ ᠨᠢᠮᠪᠠᠢ ᠤᠩᠰᠢᠵᠦ ᠮᠡᠳᠡᠭᠦ ᠦᠬᠡᠢ ᠵᠤᠶᠢᠯ ᠢᠶᠠᠨ ᠳᠡᠮᠳᠡᠭᠯᠡᠵᠦ ᠠᠪᠳᠠᠭ ᠨᠢ ᠲᠤᠩ ᠴᠦᠭᠡᠨ ᠶᠤᠮ᠃ ᠤᠯᠠᠨ ᠭᠡᠷᠡᠭᠯᠡᠭᠳᠡᠳᠡᠭ ᠦᠬᠡᠢ ᠦᠬᠡ᠂ ᠤᠳᠬ᠎ᠠ ᠤᠶᠢᠷᠠᠯᠴᠠᠭ᠎ᠠ ᠦᠬᠡ᠂ ᠤᠨᠴᠠᠭᠠᠢ ᠭᠡᠷᠡᠭᠯᠡᠭᠳᠡᠳᠡᠭ ᠵᠠᠷᠢᠮ ᠨᠢᠭᠡᠨ ᠦᠬᠡ ᠶᠢ ᠪᠢᠳᠡ ᠭᠡᠷᠡᠭ ᠪᠤᠯᠭᠠᠨ ᠰᠤᠷᠴᠦ ᠠᠪᠬᠤ ᠦᠬᠡᠢ ᠪᠤᠯ ᠤᠷᠴᠢᠭᠤᠯᠭ᠎ᠠ ᠬᠢᠭᠦ ᠦᠶ᠎ᠡ ᠳᠤ ᠮᠤᠬᠤᠷᠳᠠᠬᠤ ᠶᠠᠪᠤᠳᠠᠯ ᠤᠯᠠᠨ ᠲᠤᠯᠭᠠᠷᠠᠬᠤ ᠪᠤᠯᠤᠨ᠎ᠠ᠃             ᠮᠠᠨ ᠤ ᠤᠷᠴᠢᠭᠤᠯᠭ᠎ᠠ ᠳᠤ ᠭᠠᠷᠴᠦ ᠪᠠᠶᠢᠬᠤ ᠶᠡᠷᠦᠮᠳᠡᠭ ᠭᠡᠲᠦᠨ ᠵᠢᠱᠢᠶ᠎ᠡ ᠳᠠᠳᠠᠵᠦ ᠡᠭᠡ ᠭᠡᠯᠡ ᠪᠠᠨ ᠲᠤᠭᠤᠷᠠᠳᠠᠯ᠎ᠠ ᠡᠵᠡᠮᠰᠢᠭᠦ ᠴᠢᠬᠤᠯᠠ ᠴᠢᠨᠠᠷ ᠤᠨ ᠲᠤᠬᠠᠢ ᠶᠠᠷᠢᠶ᠎ᠠ᠃ ᠵᠢᠱᠢᠶᠡᠯᠡᠪᠡᠯ᠄丢脸的事,奴才我该 死 ᠭᠡᠰᠡᠨ ᠢ ︽ᠨᠢᠭᠤᠷ ᠢᠶᠠᠨ ᠭᠡᠭᠡᠭᠰᠡᠨ ᠶᠠᠪᠤᠳᠠᠯ︾᠂ ︽ᠪᠤᠭᠤᠯ ᠨᠢ ᠪᠢ ᠦᠭᠦᠭᠦ ᠶᠠᠯ᠎ᠠ ᠲᠠᠢ︾ ᠬᠡᠵᠦ ᠤᠷᠴᠢᠭᠤᠯᠵᠠᠢ᠃ ᠡᠭᠦᠨ ᠢ ᠴᠤᠬᠤᠮ ᠳᠠᠭᠠᠨ ︽ᠨᠢᠭᠤᠷ ᠢᠶᠠᠨ ᠪᠠᠷᠠᠭᠰᠠᠨ ᠶᠠᠪᠤᠳᠠᠯ︾᠂ ︽ᠪᠤᠭᠤᠯ ᠪᠢ ᠦᠭᠦᠯᠲᠠᠢ︾ ᠭᠡᠵᠦ ᠮᠤᠩᠭᠤᠯᠴᠢᠯᠠᠪᠠᠯ ᠳᠠᠭᠠᠷᠠᠨ᠎ᠠ᠃ ᠮᠤᠩᠭᠤᠯ ᠭᠡᠯᠡᠨ ᠳᠤ ᠨᠢᠭᠤᠷ ᠢᠶᠠᠨ ᠪᠠᠷᠠᠨ᠎ᠠ ᠭᠡᠭᠦ ᠠᠴᠠ ᠪᠢᠰᠢ ᠨᠢᠭᠤᠷ ᠢᠶᠠᠨ ᠭᠡᠭᠡᠨ᠎ᠡ ᠭᠡᠵᠦ ᠶᠡᠷᠦ ᠶᠠᠷᠢᠳᠠᠭ ᠦᠬᠡᠢ᠃ ︽ᠪᠤᠭᠤᠯ ᠨᠢ︾ ᠭᠡᠳᠡᠭ ᠤᠨ ︽᠎ ᠨᠢ︾ ᠪᠤᠯ ᠭᠤᠷᠪᠠᠲᠤᠭᠠᠷ ᠪᠡᠶ᠎ᠡ ᠳᠤ ᠬᠠᠮᠢᠶᠠᠳᠠᠭᠤᠯᠬᠤ ᠳᠡᠶᠢᠨ ᠢᠯᠭᠠᠯ ᠪᠤᠯᠬᠤᠷ ᠵᠠᠷᠤᠴᠠ ᠪᠤᠭᠤᠯ ᠨᠢ ᠬᠠᠭᠠᠨ ᠡᠵᠡᠨ ᠤ ᠪᠠᠨ ᠦᠭᠡᠳᠡ ᠠᠴᠠ ᠬᠠᠷᠢᠭᠤ ᠦᠴᠢᠭᠦ ᠦᠶ᠎ᠡ ᠳᠤ ᠰᠢᠭᠤᠳ ︽ᠪᠤᠭᠤᠯ ᠪᠢ︾ ᠭᠡᠪᠡᠯ ᠪᠤᠯᠴᠢᠬᠠᠬᠤ ᠳᠤᠯᠠ ᠭᠤᠷᠪᠠᠲᠤᠭᠠᠷ ᠪᠡᠶ᠎ᠡ ᠳᠤ ᠬᠠᠮᠢᠶᠠᠳᠠᠭᠤᠯᠬᠤ ᠭᠡᠷᠡᠭ ᠦᠬᠡᠢ ᠶᠤᠮ᠃ ᠠᠳᠠᠯᠢ ᠪᠠᠷ ᠳᠡᠶᠢᠨ ᠢᠯᠭᠠᠯ ᠢ ᠪᠤᠷᠤᠭᠤ ᠭᠡᠷᠡᠭᠯᠡᠵᠦ ᠪᠠᠶᠢᠬᠤ ᠪᠠ ᠤᠯᠠᠩᠭᠢ ᠭᠦᠮᠦᠨ ᠤ ᠤᠪᠠᠶᠢᠯᠠᠬᠤ ᠪᠠᠨ ᠪᠠᠶᠢᠭᠰᠠᠨ ᠨᠢᠭᠡᠨ ᠵᠢᠱᠢᠶ᠎ᠡ ᠶᠢ ᠲᠤᠷᠠᠳᠪᠠᠯ᠂ ︽ᠨᠠᠮ᠎ᠠ ᠶᠢ ᠲᠠᠭᠤᠳᠠᠪᠠ ᠤᠤ︖︾ ᠭᠡᠭᠦ ᠶᠢ ︽ᠨᠠᠳᠠ ᠶᠢ ᠲᠠᠭᠤᠳᠠᠪᠠ︖︾ ᠭᠡᠭᠦ ᠪᠤᠯᠤᠭᠰᠠᠨ ᠪᠠᠶᠢᠨ᠎ᠠ᠃   ᠡᠭᠦᠨ ᠢ ᠳᠠᠭᠠᠯᠲᠤᠭᠤᠯᠤᠨ ᠶᠠᠷᠢᠬᠤ ᠪᠠᠰᠠ ᠨᠢᠭᠡᠨ ᠵᠤᠶᠢᠯ ᠬᠡᠪᠡᠯ᠂ ᠤᠤᠯ ᠳᠠᠭᠠᠨ ︽ᠨᠠᠮᠠᠢᠢ︾ ᠭᠡᠵᠦ ᠪᠢᠴᠢᠵᠦ ᠪᠠᠶᠢᠭᠰᠠᠨ ᠢ ᠦᠨᠲᠦᠰᠦ ᠶᠢ ᠨᠢ ᠰᠡᠷᠭᠦᠭᠡᠨ ︽ᠴᠢᠮ᠎ᠠ ᠲᠠᠢ︾ ᠠᠳᠠᠯᠢ ᠪᠤᠯᠭᠠᠨ ︽ᠨᠠᠮ᠎ᠠ︾ ᠭᠡᠵᠦ ᠪᠢᠴᠢᠭᠦ ᠪᠤᠯᠤᠭᠰᠠᠨ ᠢᠶᠠᠷ ᠡᠭᠦᠨ ᠤ ᠲᠤᠤᠷ᠎ᠠ ᠦᠭᠭᠦ ᠤᠷᠤᠰᠢᠬᠤ ᠶᠢᠨ ᠳᠡᠶᠢᠨ ᠢᠯᠭᠠᠯ ᠢ ᠪᠢᠴᠢᠭᠦ ᠳᠤ ᠭᠦᠷᠪᠡᠯ ︽ᠨᠠᠮ᠎ᠠ ᠳᠤ︾ ᠭᠡᠵᠦ ᠪᠢᠴᠢᠭᠦ ᠶᠤᠰᠦ ᠲᠠᠢ ᠪᠠᠶᠢᠮᠠᠷ ᠰᠢᠳᠠ᠃ ᠳᠡᠭᠡᠭᠦ ᠳᠤ ᠤᠲᠦ ᠮᠦᠨ ᠬᠠᠭᠤᠴᠢᠨ ᠶᠤᠰᠦ ᠪᠠᠷ ᠨᠢ ︽ᠨᠠᠳᠠ ᠳᠤ︾ ᠬᠡᠵᠦ ᠪᠢᠴᠢᠵᠦ ᠪᠠᠶᠢᠬᠤ ᠦᠵᠡᠭᠳᠡᠯ ᠤᠯᠠᠨ ᠬᠠᠷᠠᠭᠳᠠᠵᠦ ᠪᠠᠶᠢᠨ᠎ᠠ᠃             ᠮᠤᠩᠭᠤᠯ ᠭᠡᠯᠡᠨ ᠤ ᠵᠤᠶᠢᠷ ᠰᠡᠴᠡᠨ ᠦᠬᠡ ᠪᠤᠯ ᠤᠳᠬ᠎ᠠ ᠲᠤᠲᠤᠷᠬᠠᠢ᠂ ᠠᠭᠤᠯᠭ᠎ᠠ ᠳᠡᠭᠦᠰ ᠦᠭᠡ ᠭᠡᠯᠡᠯᠭᠡ ᠪᠤᠯᠬᠤ ᠪᠠ ᠳᠡᠷᠡ ᠨᠢ ᠤᠷᠲᠦ ᠬᠤᠭᠤᠴᠠᠭᠠᠨ ᠤ ᠤᠶᠢᠯᠡᠲᠦᠯᠭᠡ ᠳᠤᠮᠳᠠ ᠲᠤᠭᠳᠠᠪᠤᠷᠢᠵᠢᠨ ᠭᠡᠯᠪᠡᠷᠢᠵᠢᠭᠰᠡᠨ ᠪᠠᠶᠢᠳᠠᠭ᠃ ᠳᠡᠭᠡᠭᠦ ᠳᠤ ᠤᠳᠬ᠎ᠠ ᠶᠢ ᠨᠢ ᠰᠠᠶᠢᠨ ᠤᠶᠢᠯᠠᠭᠠᠭᠰᠠᠨ ᠦᠬᠡᠢ ᠪᠤᠶᠤ ᠡᠰᠡᠭᠦᠯ᠎ᠡ ᠪᠠᠭ᠎ᠠ ᠰᠠᠭ᠎ᠠ ᠵᠦᠷᠢᠶ᠎ᠡ ᠲᠠᠢ ᠶᠠᠷᠢᠳᠠᠭ ᠠᠴᠠ ᠪᠤᠯᠤᠭᠠᠳ ᠵᠦᠪ ᠢ ᠨᠢ ᠰᠤᠩᠭᠤᠬᠤ ᠦᠬᠡᠢ᠂ ᠬᠠᠷᠢᠨ ᠪᠤᠷᠤᠭᠤ ᠶᠢ ᠨᠢ ᠭᠡᠷᠡᠭᠯᠡᠵᠦ ᠪᠠᠶᠢᠬᠤ ᠦᠵᠡᠭᠳᠡᠯ ᠮᠠᠨ ᠤ ᠤᠷᠴᠢᠭᠤᠯᠭ᠎ᠠ ᠳᠤ ᠬᠠᠷᠠᠭᠳᠠᠵᠦ ᠪᠠᠶᠢᠨ᠎ᠠ᠃ ᠵᠢᠱᠢᠶᠡᠯᠡᠪᠡᠯ᠄后来居上 ᠭᠡᠰᠡᠨ ᠢ ︽ᠤᠷᠢᠲᠦ ᠭᠠᠷᠤᠭᠰᠠᠨ ᠴᠢᠭᠢᠨ ᠠᠴᠠ ᠬᠤᠶᠢᠨ᠎ᠠ ᠭᠠᠷᠤᠭᠰᠠᠨ ᠡᠪᠡᠷ ᠬᠠᠳᠠᠭᠤ︾ ᠭᠡᠵᠦ ᠤᠷᠴᠢᠭᠤᠯᠵᠦ ᠪᠠᠶᠢᠨ᠎ᠠ᠃ ᠡᠭᠦᠨ ᠢ ᠴᠤᠬᠤᠮ ᠳᠠᠭᠠᠨ ︽ᠤᠷᠢᠲᠦ ᠭᠠᠷᠤᠭᠰᠠᠨ ᠴᠢᠭᠢᠨ ᠠᠴᠠ ᠬᠤᠶᠢᠨ᠎ᠠ ᠭᠠᠷᠤᠭᠰᠠᠨ ᠡᠪᠡᠷ ᠤᠷᠲᠦ︾ ᠭᠡᠵᠦ ᠮᠤᠩᠭᠤᠯᠴᠢᠯᠠᠪᠠᠯ ᠳᠠᠭᠠᠷᠠᠬᠤ ᠶᠤᠮ᠃ ᠦᠭᠡᠨ ᠳᠤ ᠤᠳᠬ᠎ᠠ ᠪᠠᠶᠢᠬᠤ ᠪᠠᠷ ᠪᠠᠷᠠᠬᠤ ᠦᠬᠡᠢ ᠪᠠᠰᠠ ᠦᠬᠡ ᠶᠢᠨ ᠦᠩᠭᠡ ᠭᠡᠵᠦ ᠪᠤᠢ᠃ ᠵᠢᠱᠢᠶᠡᠯᠡᠪᠡᠯ᠄ ᠭᠦᠮᠦᠨ ᠤ ᠦᠭᠦᠯ ᠢ ︽ᠨᠠᠰᠦ ᠨᠦᠭᠴᠢᠪᠡ᠂ ᠪᠡᠶ᠎ᠡ ᠪᠠᠷᠠᠪᠠ᠂ ᠦᠩᠭᠡᠷᠡᠪᠡ᠂ ᠪᠤᠷᠬᠠᠨ ᠪᠤᠯᠪᠠ᠂ ᠦᠭᠡᠳᠡ ᠪᠤᠯᠪᠠ᠂ ᠳᠡᠭᠷᠢ ᠳᠤ ᠳᠡᠪᠰᠢᠪᠡ᠂ ᠲᠦᠷᠦᠯ ᠶᠡᠭᠦᠳᠭᠡᠪᠡ᠂ ᠦᠭᠡᠢ ᠪᠤᠯᠪᠠ᠂ ᠭᠡᠭᠡᠭᠳᠡᠪᠡ᠂ ᠡᠭᠦᠯᠡᠨ ᠳᠤ ᠳᠠᠯᠳᠠᠯᠠᠪᠠ᠂ ᠲᠤᠨᠢᠯᠪᠠ᠂ ᠠᠷᠢᠯᠪᠠ᠂ ᠠᠯᠠᠭ᠎ᠠ ᠪᠤᠯᠪᠠ᠂ ᠰᠢᠷᠤᠢ ᠳᠤ ᠭᠡᠪᠳᠡᠪᠡ᠂ ᠭᠦᠷᠦᠰᠦᠨ ᠳᠤ ᠰᠢᠩᠭᠡᠪᠡ᠂ ᠲᠤᠭᠲᠤᠮ ᠪᠠᠷᠢᠪᠠ᠂ ᠨᠢᠷᠸᠠᠨ ᠲᠦᠷᠢ ᠦᠵᠡᠭᠦᠯᠪᠡ᠂ ᠨᠢᠲᠦ ᠠᠨᠢᠪᠠ︾ ᠭᠡᠭᠦ ᠮᠡᠳᠦᠴᠢᠯᠡᠨ ᠠᠳᠠᠯᠢ ᠪᠤᠰᠦ ᠭᠦᠮᠦᠨ ᠳᠤ ᠠᠳᠠᠯᠢ ᠪᠤᠰᠦ ᠪᠠᠷ ᠭᠡᠷᠡᠭᠯᠡᠳᠡᠭ᠃ ᠡᠨᠡ ᠨᠢ ᠮᠠᠨ ᠤ ᠮᠤᠩᠭᠤᠯ ᠭᠡᠯᠡᠨ ᠤ ᠪᠠᠶᠠᠯᠢᠭ ᠢ ᠭᠦᠢᠴᠡᠳ ᠬᠠᠷᠠᠭᠤᠯᠵᠦ ᠪᠠᠶᠢᠨ᠎ᠠ᠃ ᠤᠲᠦ ᠮᠠᠨ ᠤ ᠤᠷᠴᠢᠭᠤᠯᠤᠭᠴᠢᠳ ᠤᠨ ᠡᠭᠡ ᠭᠡᠯᠡᠨ ᠤ ᠪᠤᠯᠪᠠᠰᠦᠷᠠᠯ ᠳᠤᠳᠠᠮᠠᠭ ᠨᠢ ᠤᠯᠠᠨ ᠳᠠᠯ᠎ᠠ ᠪᠠᠷ ᠢᠯᠡᠷᠡᠵᠦ ᠪᠠᠶᠢᠨ᠎ᠠ᠃ ᠵᠢᠱᠢᠶᠡᠯᠡᠭᠦ ᠳᠤ᠄ ︽ᠡᠨᠡ ᠭᠠᠴᠠᠭ᠎ᠠ ᠵᠠᠭᠤᠨ ᠲᠦᠮᠡᠨ ᠮᠤ᠋ ᠶᠢᠨ ᠪᠡᠯᠴᠢᠭᠡᠷ ᠲᠠᠢ ᠪᠠᠶᠢᠵᠦ ᠳᠠᠪᠤᠨ ᠮᠢᠩᠭ᠎ᠠ ᠭᠠᠷᠤᠢ ᠪᠤᠳᠠ ᠪᠤᠭ ᠮᠠᠯ ᠮᠠᠯᠵᠢᠵᠦ ᠪᠠᠶᠢᠨ᠎ᠠ︾᠂ ︽ᠴᠢ ᠤᠴᠢᠭᠰᠠᠭᠠᠷ ᠨᠠᠳᠠ ᠳᠤ ᠴᠢᠮᠡᠭᠡ ᠢᠷᠡᠭᠦᠯᠭᠦ ᠪᠠᠨ ᠪᠤᠤ ᠮᠠᠷᠳᠠ︾᠂ ︽ᠡᠨᠡ ᠰᠤᠷᠭᠠᠭᠤᠯᠢ ᠠᠴᠠ ᠳᠠᠪᠢᠨ ᠰᠤᠷᠤᠭᠴᠢ ᠶᠡᠭᠡ ᠰᠤᠷᠭᠠᠭᠤᠯᠢ ᠳᠤ ᠰᠢᠯᠭᠠᠵᠦ ᠤᠷᠤᠵᠠᠢ︾᠂ ︽ᠪᠢ ᠭᠦᠷᠴᠦ ᠤᠴᠢᠬᠤ ᠳᠤ ᠳᠡᠷᠡ ᠶᠠᠪᠤᠴᠢᠬᠠᠭᠰᠠᠨ ᠪᠠᠶᠢᠪᠠ︾ ᠭᠡᠭᠦ ᠮᠡᠲᠦ ᠪᠠᠷ ᠪᠢᠴᠢᠵᠦ ᠶᠠᠷᠢᠬᠤ ᠶᠠᠪᠤᠳᠠᠯ ᠵᠦᠩᠳᠡᠭᠡᠨ ᠬᠠᠷᠠᠭᠳᠠᠵᠦ ᠪᠠᠶᠢᠨ᠎ᠠ᠃ ᠡᠳᠡᠭᠡᠷ ᠹᠪᠤᠯ ᠪᠦᠷ ᠪᠤᠷᠤᠭᠤ ᠶᠤᠮ᠃ ᠠᠳᠡ ᠪᠢᠳᠡ ᠨᠢᠭᠡᠳ ᠨᠢᠭᠡ ᠪᠠᠷ ᠵᠠᠳᠠᠯᠵᠦ ᠦᠵᠡᠶ᠎ᠡ᠃ ᠨᠢᠭᠡᠲᠦᠭᠡᠷ ᠦᠭᠦᠯᠡᠪᠦᠷᠢ ᠳᠤ ︽ᠪᠠᠶᠢᠵᠦ︾ ᠭᠡᠳᠡᠭ ᠦᠬᠡᠷ ᠪᠠᠷ ᠳᠡᠭᠡᠷ᠎ᠡ ᠲᠤᠤᠷᠠᠭᠢ ᠦᠬᠡ ᠪᠠᠨ ᠬᠤᠯᠪᠤᠭᠰᠠᠨ ᠨᠢ ᠵᠤᠬᠢᠰ ᠦᠬᠡᠢ᠃ ︽ᠴᠦ ‍ᠵᠦ︾ ᠪᠤᠯ ᠵᠡᠷᠭᠡᠴᠡᠭᠦ ᠨᠦᠭᠦᠴᠡᠯ ᠤᠶᠢᠯᠡ ᠦᠬᠡ ᠶᠢᠨ ᠭᠡᠯᠪᠡᠷᠢ ᠪᠤᠯᠬᠤᠷ ᠨᠡᠶᠢᠯᠡᠮᠡᠯ ᠦᠭᠦᠯᠡᠪᠦᠷᠢ ᠳᠤ ᠵᠡᠷᠭᠡᠴᠡᠨ ᠤᠷᠤᠭᠰᠠᠨ ᠭᠡᠲᠦᠨ ᠭᠡᠰᠢᠭᠦᠨ ᠦᠭᠦᠯᠡᠪᠦᠷᠢ ᠶᠢ ᠬᠤᠯᠪᠤᠬᠤ ᠦᠶ᠎ᠡ ᠳᠤ ᠰᠠᠶ᠋ᠢ ︽ᠴᠦ ‍ᠵᠦ︾᠎ ᠶᠢ ᠭᠡᠷᠡᠭᠯᠡᠳᠡᠭ ᠪᠠ ᠳᠡᠭᠡᠭᠦ ᠳᠡᠭᠡᠨ ᠶᠡᠷᠦ ︽ᠪᠠᠶᠢᠵᠦ︾ ᠭᠡᠰᠡᠨ ᠦᠬᠡ ᠪᠠᠷ ᠵᠡᠷᠭᠡᠴᠡᠭᠦᠯᠦᠨ ᠬᠤᠯᠪᠤᠳᠠᠭ ᠦᠬᠡᠢ᠃ ᠤᠲᠦ ︽ᠪᠠᠶᠢᠵᠦ︾᠎ ᠶᠢ ᠤᠯᠠᠨ ᠭᠡᠷᠡᠭᠯᠡᠭᠦ ᠪᠤᠯᠤᠭᠰᠠᠨ ᠎ ᠨᠢ ᠦᠨᠡᠨ ᠳᠡᠭᠡᠨ ᠦᠭᠦᠯᠡᠪᠦᠷᠢ ᠨᠠᠶᠢᠷᠠᠭᠤᠯᠵᠦ ᠴᠢᠳᠠᠬᠤ ᠦᠬᠡᠢ ᠪᠠᠶᠢᠬᠤ ᠶᠢᠨ ᠢᠯᠡᠷᠡᠯ ᠪᠤᠯᠤᠨ᠎ᠠ᠃ ᠤᠤᠯ ᠦᠭᠦᠯᠡᠪᠦᠷᠢ ᠶᠢ ︽ᠡᠨᠡ ᠭᠠᠴᠠᠭ᠎ᠠ ᠵᠠᠭᠤᠨ ᠲᠦᠮᠡᠨ ᠮᠤ᠋ ᠶᠢᠨ ᠪᠡᠯᠴᠢᠭᠡᠷ ᠲᠠᠢ᠂ ᠡᠨᠡ ᠭᠦ ᠪᠡᠯᠴᠢᠭᠡᠷ ᠳᠡᠭᠡᠷ᠎ᠡ ᠪᠠᠨ ᠳᠠᠪᠤᠨ ᠮᠢᠩᠭ᠎ᠠ ᠭᠠᠷᠤᠢ ᠪᠤᠳᠠ ᠪᠤᠭ ᠮᠠᠯ ᠮᠠᠯᠵᠢᠵᠦ ᠪᠠᠶᠢᠨ᠎ᠠ︾ ᠭᠡᠪᠡᠯ ᠪᠤᠯᠴᠢᠬᠠᠬᠤ ᠶᠤᠮ᠃ ᠬᠤᠶᠠᠲᠦᠭᠠᠷ ᠦᠭᠦᠯᠡᠪᠦᠷᠢ ᠳᠤ ︽ᠤᠴᠢᠭᠰᠠᠭᠠᠷ︾ ᠭᠡᠰᠡᠨ ᠦᠬᠡ ᠶᠢ ᠭᠡᠷᠡᠭᠯᠡᠭᠰᠡᠨ ᠨᠢ ᠵᠤᠭᠢᠰ ᠦᠬᠡᠢ᠃ ︽‍ᠭᠰᠠᠭᠠᠷ᠂ ᠭᠰᠡᠭᠡᠷ︾ ᠪᠤᠯ ᠦᠷᠭᠦᠯᠵᠢᠯᠡᠭᠦ ᠨᠦᠭᠦᠴᠡᠯ ᠤᠶᠢᠯᠡ ᠦᠭᠡ ᠶᠢᠨ ᠭᠡᠯᠪᠡᠷᠢ ᠪᠤᠯᠬᠤᠷ ᠪᠡᠯᠡᠳᠭᠡᠭᠦ ᠨᠦᠭᠦᠴᠡᠯ ᠤᠶᠢᠯᠡ ᠶᠢᠨ ᠭᠡᠯᠪᠡᠷᠢ ᠪᠤᠯᠬᠤ ︽‍ᠮᠠᠭᠴᠠ᠂ ‍ᠮᠡᠭᠴᠡ︾᠎ ᠶᠢᠨ ︽‍ᠮᠠᠭᠴᠠ︾᠎ ᠶᠢ ᠭᠡᠷᠡᠭᠯᠡᠨ ︽ᠴᠢ ᠤᠴᠢᠮᠠᠭᠴᠠ ᠪᠠᠨ ᠨᠠᠳᠠ ᠴᠢᠮᠡᠭᠡ ᠢᠷᠡᠭᠦᠯᠭᠦ ᠪᠠᠨ ᠪᠤᠤ ᠮᠠᠷᠳᠠ︾ ᠭᠡᠪᠡᠯ ᠳᠠᠭᠠᠷᠠᠨ᠎ᠠ᠃ ᠭᠤᠷᠪᠠᠲᠤᠭᠠᠷ ᠦᠭᠦᠯᠡᠪᠦᠷᠢ ᠳᠠᠬᠢ ︽ᠰᠢᠯᠭᠠᠵᠦ ᠤᠷᠤᠵᠠᠢ︾ ᠭᠡᠰᠡᠨ ᠢ ︽ᠰᠢᠯᠭᠠᠭᠤᠯᠵᠦ ᠤᠷᠤᠵᠠᠢ︾ ᠭᠡᠪᠡᠯ ᠵᠦᠢ ᠲᠠᠢ᠃ ᠦᠪᠡᠷ ᠢᠶᠠᠨ ᠦᠪᠡᠷ ᠢ ᠪᠠᠨ ᠰᠢᠯᠭᠠᠵᠦ ᠪᠠᠶᠢᠬᠤ ᠪᠢᠰᠢ᠂ ᠦᠷᠦᠭᠡᠯ ᠭᠦᠮᠦᠨ ᠢᠶᠠᠷ ᠰᠢᠯᠭᠠᠭᠤᠯᠵᠦ ᠪᠠᠶᠢᠬᠤ ᠪᠤᠯᠬᠤᠷ ᠪᠤᠰᠤᠳ ᠢᠶᠠᠷ ᠤᠶᠢᠯᠡᠲᠦᠭᠦᠯᠭᠦ ᠭᠡᠪ ᠤᠨ ︽‍ᠭᠤᠯ ᠂ ᠭᠦ᠋ᠯ︾᠎ ᠤᠨ ︽‍ᠭᠤᠯ︾᠎ ᠢ ᠭᠡᠷᠡᠭᠯᠡᠨ ︽ᠰᠢᠯᠭᠠᠭᠤᠯᠵᠦ︾ ᠭᠡᠪᠡᠯ ᠪᠤᠳᠠᠲᠦ ᠤᠴᠢᠷ ᠤᠳᠬ᠎ᠠ ᠳᠤ ᠨᠡᠶᠢᠴᠡᠭᠦ ᠪᠤᠯᠤᠨ᠎ᠠ᠃ ᠲᠦᠷᠪᠡᠲᠦᠭᠡᠷ ᠦᠭᠦᠯᠡᠪᠦᠷᠢ ᠳᠠᠬᠢ ︽ᠪᠢ︾ ᠭᠡᠰᠡᠨ ᠢ ︽ᠨᠠᠮ᠎ᠠ ᠶᠢ︾ ᠭᠡᠵᠦ ᠵᠢᠭᠠᠬᠤ ᠶᠢᠨ ᠳᠡᠶᠢᠨ ᠢᠯᠭᠠᠯ ᠢᠶᠠᠷ ᠭᠡᠯᠪᠡᠷᠢᠵᠢᠭᠦᠯᠪᠡᠯ ᠰᠠᠶ᠋ᠢ ᠦᠭᠦᠯᠡᠪᠦᠷᠢ ᠨᠢ ᠤᠳᠬ᠎ᠠ ᠶᠢᠨ ᠳᠠᠯ᠎ᠠ ᠪᠠᠷ ᠨᠡᠶᠢᠴᠡᠪᠦᠷᠢ ᠲᠠᠢ ᠪᠤᠯᠬᠤ ᠶᠤᠮ᠃             ᠭᠤᠷᠪᠠ᠂ ᠨᠢᠭᠡ ᠳᠤ ᠮᠡᠷᠭᠡᠰᠢᠵᠦ ᠦᠷᠭᠡᠨ ᠮᠡᠳᠡᠯᠭᠡ ᠡᠵᠡᠮᠰᠢᠭᠰᠡᠨ ᠪᠠᠶᠢᠬᠤ ᠠᠷᠠᠳ ᠤᠨ ᠬᠠᠭᠤᠴᠢ ᠦᠭᠡᠨ ᠎ ᠳᠤ ︽ᠶᠠᠭᠤᠨ ᠤ ᠭᠦᠮᠦᠨ ᠶᠠᠭᠤᠨ ᠳᠡᠭᠡᠨ︾ ᠭᠡᠳᠡᠭ᠃ ᠤᠷᠴᠢᠭᠤᠯᠤᠭᠴᠢ ᠶᠢ ᠠᠮᠠᠨ ᠤᠷᠴᠢᠭᠤᠯᠤᠭᠴᠢ᠂ ᠪᠢᠴᠢᠭ ᠎ ᠤᠨ ᠤᠷᠴᠢᠭᠤᠯᠤᠭᠴᠢ ᠬᠡᠵᠦ ᠬᠤᠶᠠᠷᠬᠠᠨ ᠠᠩᠭᠢᠯᠠᠳᠠᠭ ᠴᠦ ᠤᠷᠴᠢᠭᠤᠯᠭ᠎ᠠ ᠶᠢ ᠠᠯᠪᠠᠨ ᠪᠢᠴᠢᠭ ᠤᠨ᠂ ᠠᠵᠦ ᠠᠬᠤᠢ ᠎ ᠶᠢᠨ ᠦᠭᠦᠯᠡᠯ ᠤᠨ᠂ ᠤᠷᠠᠨ ᠵᠤᠭᠢᠶᠠᠯ ᠤᠨ᠂ ᠤᠯᠤᠰ ᠲᠦᠷᠦ ᠶᠢᠨ ᠨᠤᠮ ᠤᠨ ᠤᠷᠴᠢᠭᠤᠯᠭ᠎ᠠ ᠭᠡᠭᠦ ᠮᠡᠲᠦ ᠪᠠᠷ ᠤᠯᠠᠨ ᠬᠤᠪᠢᠶᠠᠳᠠᠭ ᠶᠤᠮ᠃ ᠡᠳᠡᠭᠡᠷ ᠢ ᠡᠪᠯᠢᠭ ᠰᠠᠶᠢᠬᠠᠨ ᠤᠨᠤᠪᠴᠢᠲᠠᠢ ᠤᠷᠴᠢᠭᠤᠯᠤᠶ᠎ᠠ ᠭᠡᠪᠡᠯ ᠳᠤᠰ ᠳᠤᠰ ᠶᠠᠮᠠᠷ ᠤᠨᠴᠠᠯᠢᠭ ᠰᠢᠨᠵᠢ ᠲᠠᠢ ᠪᠠᠶᠢᠳᠠᠭ ᠢ ᠨᠢ ᠰᠢᠨᠵᠢᠯᠡᠵᠦ ᠰᠤᠲᠤᠯᠬᠤ ᠭᠡᠷᠡᠭᠲᠠᠢ᠃ ᠮᠠᠨ ᠤ ᠺᠢᠨᠤ᠋᠂ ᠲᠧᠯᠸᠢᠰ ᠵᠦᠴᠦᠭᠡ ᠎ ᠶᠢᠨ ᠤᠷᠴᠢᠭᠤᠯᠭ᠎ᠠ ᠪᠠᠷ ᠠᠪᠴᠦ ᠭᠡᠯᠡᠪᠡᠯ᠂ ᠵᠠᠪᠠᠯ ᠶᠠᠷᠢᠶᠠᠴᠢᠯᠠᠬᠤ᠂ ᠦᠭᠡ ᠶᠢ ᠤᠬᠤᠷ ᠠᠪᠰᠠᠷᠬᠠᠨ ᠭᠡᠷᠡᠭᠯᠡᠭᠦ᠂ ᠦᠭᠦᠯᠡᠪᠦᠷᠢ ᠶᠢ ᠪᠤᠭᠤᠨᠢ ᠤᠶᠢᠯᠠᠭᠠᠮᠵᠢᠲᠠᠢ ᠨᠠᠶᠢᠷᠠᠭᠤᠯᠬᠤ᠂ ᠢᠷᠠᠭᠤ ᠰᠤᠨᠤᠰᠬᠤᠯᠠᠩ ᠰᠠᠨᠠᠭᠳᠠᠭᠤᠯᠬᠤ᠂ ᠤᠳᠬ᠎ᠠ ᠬᠤᠶᠠᠷᠳᠠᠬᠤ ᠡᠷᠡᠭᠡᠯᠵᠡᠭᠡ ᠦᠭᠡᠢ᠂ ᠤᠴᠢᠷ ᠨᠢ ᠡᠰᠡ ᠤᠶᠢᠯᠠᠭᠠᠭᠳᠠᠬᠤ ᠪᠤᠲᠤᠯᠢᠶᠠᠨ ᠦᠬᠡᠢ ᠪᠠᠶᠢᠬᠤ ᠵᠡᠷᠭᠡ ᠤᠯᠠᠨ ᠳᠠᠯ᠎ᠠ ᠶᠢᠨ ᠱᠠᠭᠠᠷᠳᠠᠯᠭ᠎ᠠ ᠲᠠᠢ ᠪᠠᠶᠢᠳᠠᠭ᠃ ᠡᠭᠦᠨ ᠢ ᠪᠡᠶᠡᠯᠡᠭᠦᠯᠭᠦ ᠨᠢ ᠳᠡᠶᠢᠮᠦ ᠭᠢᠯᠪᠠᠷ ᠪᠢᠰᠢ ᠶᠤᠮ᠃ ᠭᠡᠪᠡᠴᠦ ᠡᠨᠡ ᠠᠵᠢᠯ ᠢ ᠬᠢᠵᠦ ᠪᠠᠶᠢᠬᠤ ᠪᠢᠳᠡᠨ ᠤ ᠬᠤᠪᠢ ᠳᠤ ᠠᠪᠴᠦ ᠬᠡᠯᠡᠪᠡᠯ᠂ ᠡᠨᠡ ᠨᠢ ᠵᠠᠪᠠᠯ ᠭᠦᠢᠴᠡᠳᠭᠡᠭᠦ ᠱᠠᠭᠠᠷᠳᠠᠯᠭ᠎ᠠ ᠪᠤᠯᠬᠤ ᠪᠠ ᠰᠤᠷᠴᠦ ᠰᠤᠲᠤᠯᠬᠤ ᠵᠤᠶᠢᠯ ᠴᠦ ᠲᠤᠩ ᠤᠯᠠᠨ ᠪᠠᠶᠢᠨ᠎ᠠ᠃ ᠶᠠᠮᠠᠷ ᠴᠦ ᠶᠠᠭᠤᠮ᠎ᠠ ᠶᠢ ᠭᠡᠯᠡᠭᠦ ᠳᠤ ᠠᠮᠠᠷ᠂ ᠭᠢᠬᠦ ᠳᠤ ᠭᠦᠴᠢᠷ ᠪᠠᠶᠢᠳᠠᠭ᠃ ᠨᠢᠭᠡ ᠳᠤ ᠮᠡᠷᠭᠡᠰᠢᠨ᠎ᠡ ᠭᠡᠳᠡᠭ ᠪᠤᠯ ᠨᠡᠯᠢᠶᠡᠳ ᠶᠡᠭᠡ ᠴᠢᠷᠮᠡᠶᠢᠯᠭ᠎ᠠ ᠭᠠᠷᠭᠠᠵᠦ᠂ ᠡᠨᠡ ᠠᠵᠢᠯ ᠢ ᠤᠳᠠᠭᠠᠨ ᠬᠤᠭᠤᠴᠠᠭ᠎ᠠ ᠭᠢᠭᠰᠡᠨ ᠤ ᠡᠴᠦᠰ ᠲᠤ ᠰᠠᠶ᠋ᠢ ᠪᠡᠶᠡᠯᠡᠭᠦᠯᠵᠦ ᠳᠡᠶᠢᠯᠭᠦ ᠶᠠᠪᠤᠳᠠᠯ ᠮᠦᠨ᠃ ᠤᠲᠦ ᠮᠠᠨ ᠤ ᠺᠢᠨᠤ᠋᠂ ᠲᠧᠯᠸᠢᠰ ᠵᠦᠴᠦᠭᠡ ᠶᠢᠨ ᠤᠷᠴᠢᠭᠤᠯᠭ᠎ᠠ ᠶᠢ ᠠᠵᠢᠭᠯᠠᠬᠤ ᠳᠤ ᠦᠭᠡ ᠨᠢ ᠠᠷᠪᠢᠳᠴᠦ᠂ ᠦᠭᠦᠯᠡᠪᠦᠷᠢ ᠎ ᠨᠢ ᠤᠷᠲᠦ ᠰᠤᠨᠵᠢᠷᠠᠭᠤᠨ ᠪᠠᠶᠢᠬᠤ ᠪᠠ ᠮᠤᠲᠤᠨ ᠭᠡᠯᠡ ᠲᠠᠢ ᠭᠦᠰᠢᠭᠦᠨ ᠤᠷᠴᠢᠭᠤᠯᠭ᠎ᠠ ᠭᠠᠷᠴᠦ ᠪᠠᠶᠢᠬᠤ ᠨᠢ ᠨᠡᠶᠢᠳᠡᠮ ᠤᠨ ᠦᠵᠡᠭᠳᠡᠯ ᠪᠤᠯᠤᠭᠰᠠᠨ ᠰᠢᠭ᠋ ᠪᠠᠶᠢᠨ᠎ᠠ᠃  ᠦᠭᠡ ᠶᠢ ᠤᠬᠤᠷ ᠠᠪᠰᠠᠷᠬᠠᠨ᠂ ᠦᠭᠦᠯᠡᠪᠦᠷᠢ ᠶᠢ ᠪᠤᠭᠤᠨᠢ ᠤᠶᠢᠯᠠᠭᠠᠮᠵᠢᠲᠠᠢ ᠨᠠᠶᠢᠷᠠᠭᠤᠯᠬᠤ ᠪᠤᠯ ᠤᠲᠤᠭᠢ ᠮᠠᠨ ᠤ ᠠᠪᠢᠶᠠᠯᠠᠭ᠎ᠠ ᠳᠠᠬᠢ ᠦᠭᠡ ᠠᠷᠪᠢᠲᠤᠭᠰᠠᠨ ᠠᠴᠠ ᠲᠦᠷᠭᠡᠨ ᠶᠠᠷᠢᠬᠤ ᠪᠤᠯᠤᠭᠰᠠᠨ᠂ ᠦᠭᠦᠯᠡᠪᠦᠷᠢ ᠤᠷᠲᠤᠲᠠᠭᠰᠠᠨ ᠠᠴᠠ ᠤᠳᠬ᠎ᠠ ᠤᠶᠢᠯᠠᠭᠠᠮᠵᠢ ᠮᠠᠭᠤᠳᠠᠢ ᠪᠠᠶᠢᠳᠠᠭ ᠢ ᠵᠠᠯᠠᠷᠠᠭᠤᠯᠬᠤ ᠬᠠᠮᠤᠭ ᠤᠨ ᠴᠢᠬᠤᠯᠠ ᠠᠷᠭ᠎ᠠ ᠪᠠᠷᠢᠯ ᠶᠤᠮ᠃ ᠤᠷᠴᠢᠭᠤᠯᠤᠭᠴᠢᠳ ᠡᠨᠡ ᠳᠠᠯ᠎ᠠ ᠪᠠᠷ ᠶᠡᠭᠡᠭᠡᠨ ᠭᠦᠴᠦ ᠵᠠᠷᠤᠴᠠᠭᠤᠯᠤᠨ ᠦᠨᠲᠦᠰᠦᠨ ᠬᠤᠪᠢᠷᠠᠯᠳᠠ ᠭᠠᠷᠭᠠᠬᠤ ᠦᠬᠡᠢ ᠪᠤᠯ ᠠᠪᠢᠶᠠᠯᠠᠭᠴᠢᠳ ᠡᠭᠦᠨ ᠢ ᠦᠭᠡᠷᠡᠴᠢᠯᠡᠭᠦ ᠳᠤ ᠲᠤᠩ ᠪᠡᠷᠭᠡ ᠲᠠᠢ᠃ ᠦᠭᠡ ᠶᠢ ᠤᠬᠤᠷ ᠠᠪᠰᠠᠷᠬᠠᠨ ᠭᠡᠷᠡᠭᠯᠡᠶ᠎ᠡ ᠭᠡᠪᠡᠯ᠂ ᠬᠤᠶᠠᠷ ᠦᠭᠡ ᠪᠠᠷ ᠢᠯᠡᠳᠭᠡᠭᠦ ᠶᠢ ᠠᠯᠢ ᠴᠢᠳᠠᠬᠤ ᠪᠠᠷ ᠨᠢᠭᠡ ᠦᠭᠡ ᠪᠠᠷ ᠢᠯᠡᠳᠭᠡᠭᠦ᠂ ᠵᠠᠷᠢᠮ ᠵᠤᠶᠢᠷ ᠰᠡᠴᠡᠨ ᠦᠬᠡ ᠶᠢ ᠭᠤᠴᠤᠯᠠᠯ ᠵᠤᠶᠢᠷᠯᠡᠯ ᠪᠤᠯᠭᠠᠨ ᠤᠷᠴᠢᠭᠤᠯᠬᠤ ᠳᠤ ᠭᠦᠷᠪᠡᠯ ᠠᠮᠵᠢᠯᠳᠠ ᠲᠠᠢ ᠪᠤᠯᠬᠤ ᠪᠠᠶᠢᠬ᠎ᠠ ᠭᠡᠵᠦ ᠪᠢ ᠰᠠᠨᠠᠨ᠎ᠠ᠃ ᠡᠨᠡ ᠲᠤᠬᠠᠢ ᠵᠢᠱᠢᠶᠡᠯᠡᠪᠡᠯ᠄肥水不流外人田 ᠭᠡᠰᠡᠨ ᠢ ︽ᠠᠮᠠᠨ ᠳᠠᠭᠠᠨ ᠤᠷᠤᠭᠰᠠᠨ ᠢ ᠭᠡᠯᠡ ᠪᠠᠷ ᠢᠶᠠᠨ ᠲᠦᠯᠭᠢᠭᠦ ᠦᠬᠡᠢ︾ ᠬᠡᠵᠦ᠂打人不打脸,骂人不揭短 ᠭᠡᠰᠡᠨ ᠢ ︽ᠢᠴᠢᠭᠡᠵᠦ ᠦᠭᠦᠭᠦᠯᠭᠦ ᠪᠠᠷ ᠴᠢᠴᠠᠭᠠᠵᠦ ᠠᠯᠠᠬᠤ︾᠂不见棺材不落泪,不到黄河不死心 ᠭᠡᠰᠡᠨ ᠢ ︽ᠭᠤᠤᠯ ᠨᠢ ᠳᠠᠰᠤᠷᠠᠬᠤ ᠦᠬᠡᠢ ᠪᠤᠯ ᠭᠤᠷᠢ ᠨᠢ ᠳᠠᠰᠤᠷᠠᠬᠤ ᠦᠬᠡᠢ︾ ᠬᠡᠵᠦ ᠤᠷᠴᠢᠭᠤᠯᠪᠠᠯ ᠠᠪᠢᠶᠠᠯᠠᠬᠤ ᠦᠶ᠎ᠡ ᠳᠤ ᠠᠮᠠᠨ ᠳᠤᠨᠢ ᠳᠠᠭᠠᠷᠠᠭᠤᠯᠤᠨ᠎ᠠ ᠭᠡᠳ ᠬᠤᠷᠲᠤᠨ ᠶᠠᠷᠢᠬᠤ ᠴᠢᠬᠤᠯᠠ ᠦᠬᠡᠢ ᠮᠦᠷᠳᠡᠭᠡᠨ ᠦᠭᠦᠯᠡᠪᠦᠷᠢ ᠨᠠᠶᠢᠷᠠᠭᠤᠯᠭ᠎ᠠ ᠴᠦ ᠤᠬᠤᠷ ᠠᠪᠰᠠᠷᠬᠠᠨ᠂ ᠲᠦᠭᠦᠮ ᠤᠶᠢᠯᠠᠭᠠᠮᠵᠢᠲᠠᠢ ᠪᠤᠯᠤᠨ᠎ᠠ᠃ ᠤᠷᠲᠦ ᠦᠭᠦᠯᠡᠪᠦᠷᠢ ᠶᠢ ᠪᠤᠭᠤᠨᠢ ᠦᠭᠦᠯᠡᠪᠦᠷᠢ ᠪᠤᠯᠭᠠᠨ ᠤᠳᠬ᠎ᠠ ᠤᠶᠢᠯᠠᠭᠠᠮᠵᠢᠲᠠᠢ ᠪᠤᠯᠭᠠᠨ ᠤᠷᠴᠢᠭᠤᠯᠬᠤ ᠲᠤᠬᠠᠢ ᠵᠢᠱᠢᠶᠡᠯᠡᠪᠡᠯ᠄陆兄啊,上次 你提到入帮的事,回去我想了想,是这样,杨某年纪已高 ,不久就要卸甲归天了,今天我给你推荐一个人,就是我 的学生梁一桐,现在任警备副司令,这可是国家的栋梁之 才啊,不知陆兄意下如何? ᠭᠡᠰᠡᠨ ᠢ ︽ᠯᠤ᠋ ᠭᠤᠸᠠᠢ᠂ ᠳᠠᠨ ᠎ ᠤ ᠳᠡᠭᠡᠷ᠎ᠡ ᠤᠳᠠᠭ᠎ᠠ ᠶᠢᠨ ᠲᠤᠷᠠᠲᠤᠭᠰᠠᠨ ᠪᠦᠯᠦᠭ ᠲᠤ ᠤᠷᠤᠬᠤ ᠶᠠᠪᠤᠳᠠᠯ ᠢ ᠪᠢ ᠬᠠᠷᠢᠭᠤ ᠪᠤᠲᠤᠯᠭᠢᠯᠠᠵᠦ ᠦᠵᠡᠵᠠᠢ ᠂ ᠡᠶᠢᠮᠦ ᠪᠠᠶᠢᠨ᠎ᠠ᠂ ᠶᠠᠩ ᠤᠪᠤᠭᠲᠦ ᠨᠠᠰᠦ ᠠᠬᠢᠭᠠᠳ ᠶᠠᠪᠤᠳᠠᠯ ᠮᠦᠷ ᠨᠢ ᠳᠠᠭᠤᠰᠤᠮᠠᠷ ᠪᠤᠯᠵᠠᠢ᠂ ᠦᠨᠦᠲᠦᠷ ᠪᠢ ᠳᠠᠨ ᠳᠤ ᠦᠪᠡᠷ ᠤᠨ ᠰᠤᠷᠤᠭᠴᠢ ᠯᠢᠶᠠᠩ ᠢ ᠲᠥᠩ ᠢ ᠳᠠᠨᠢᠯᠴᠠᠭᠤᠯᠵᠦ ᠦᠭᠭᠦᠶ᠎ᠡ᠂ ᠳᠡᠷᠡ ᠤᠲᠦ ᠰᠡᠷᠭᠡᠶᠢᠯᠡᠨ ᠬᠠᠮᠠᠭᠠᠯᠠᠬᠤ ᠳᠡᠳ᠋ ᠰᠧᠯᠢᠩ ᠪᠤᠯᠤᠭᠠᠳ ᠪᠠᠶᠢᠨ᠎ᠠ᠂ ᠲᠦᠷᠦ ᠭᠦᠷᠦᠨ ᠤ ᠲᠤᠯᠭᠠᠭᠤᠷᠢ ᠪᠤᠯᠬᠤ ᠭᠦᠮᠦᠨ ᠰᠢᠤ᠂ ᠯᠤ᠋ ᠭᠤᠸᠠᠢ ᠶᠢᠨ ᠰᠠᠨᠠᠭᠠᠨ ᠳᠤ ᠶᠠᠮᠠᠷ ᠪᠤᠢ︖︾ ᠭᠡᠵᠦ ᠤᠷᠴᠢᠭᠤᠯᠬᠤ ᠳᠤ ᠪᠤᠯᠬᠤ ᠦᠬᠡᠢ ᠶᠠᠪᠤᠳᠠᠯ ᠠᠯᠠᠭ᠎ᠠ᠃  ᠭᠡᠳᠡᠯ᠎ᠡ ᠵᠦᠴᠦᠭᠡ ᠶᠢᠨ ᠶᠠᠷᠢᠶ᠎ᠠ ᠶᠢ ᠮᠤᠩᠭᠤᠯᠴᠢᠯᠠᠬᠤ ᠱᠠᠭᠠᠷᠳᠠᠯᠭ᠎ᠠ ᠠᠴᠠ ᠠᠪᠴᠦ ᠭᠡᠯᠡᠪᠡᠯ ︽ᠯᠤ᠋ ᠭᠤᠸᠠᠢ᠂ ᠳᠠᠨ ᠎ ᠤ ᠲᠤᠷᠠᠲᠤᠭᠰᠠᠨ ᠪᠦᠯᠦᠭ ᠲᠤ ᠤᠷᠤᠬᠤ ᠠᠰᠠᠭᠤᠳᠠᠯ ᠢ ᠪᠤᠲᠤᠯᠭᠢᠯᠠᠵᠦ ᠦᠵᠡᠵᠠᠢ᠂ ᠡᠶᠢᠮᠦ ᠪᠠᠶᠢᠨ᠎ᠠ᠂ ᠶᠠᠩ ᠤᠪᠤᠭᠲᠦ ᠨᠠᠰᠦ ᠠᠭᠢᠭᠠᠳ ᠶᠠᠪᠤᠳᠠᠯ ᠮᠦᠷ ᠨᠢ ᠳᠠᠭᠤᠰᠤᠮᠠᠷ ᠪᠤᠯᠵᠠᠢ᠂ ᠳᠠᠨ ᠳᠤ ᠪᠢ ᠦᠪᠡᠷ ᠤᠨ ᠰᠤᠷᠤᠭᠴᠢ ᠯᠢᠶᠠᠩ ᠢ ᠲᠥᠩ ᠢ ᠳᠠᠨᠢᠯᠴᠠᠭᠤᠯᠤᠶ᠎ᠠ᠂ ᠰᠡᠷᠭᠡᠶᠢᠯᠡᠨ ᠬᠠᠮᠠᠭᠠᠯᠠᠬᠤ ᠳᠡᠳ᠋ ᠰᠧᠯᠢᠩ ᠪᠤᠯᠤᠭ᠎ᠠ ᠳᠡᠷᠡ ᠪᠤᠯ ᠲᠦᠷᠦ ᠎ ᠶᠢᠨ ᠲᠤᠯᠭᠠᠭᠤᠷᠢ ᠶᠤᠮ ᠰᠢᠤ︾ ᠭᠡᠵᠦ ᠤᠷᠴᠢᠭᠤᠯᠪᠠᠯ ᠨᠡᠩ ᠲᠤᠭᠢᠷᠠᠮᠵᠢᠲᠠᠢ ᠪᠤᠯᠤᠨ᠎ᠠ᠃ ᠪᠠᠰᠠ ᠨᠢᠭᠡ ᠵᠢᠱᠢᠶ᠎ᠡ ᠦᠵᠡᠪᠡᠯ᠄李总统权衡利弊以后,他决定采用缓和的 政策来取悦民心,为了表示和谈的诚意,他还下令释放张 学良,杨虎城两位将军 ᠭᠡᠰᠡᠨ ᠢ ︽ᠯᠢ ᠶᠡᠷᠦᠩᠭᠡᠶᠢᠯᠡᠭᠴᠢ ᠠᠰᠢᠭ ᠬᠤᠤᠷ ᠢ ᠳᠡᠩᠴᠡᠭᠦᠯᠦᠨ‌‍ᠪᠤᠲᠤᠯᠭᠢᠯᠠᠭᠠᠳ ᠡᠶᠡᠷᠡᠭᠦᠯᠭᠦ ᠪᠤᠲᠤᠯᠭ᠎ᠠ ᠭᠡᠷᠡᠭᠯᠡᠨ ᠠᠷᠠᠳ ᠤᠨ ᠰᠡᠳᠭᠢᠯ ᠢ ᠤᠯᠬᠤ ᠪᠠᠷ ᠰᠢᠭᠤᠳᠴᠦ᠂ ᠨᠠᠶᠢᠷᠠᠮᠳᠠᠯ ᠤᠨ ᠭᠡᠯᠡᠯᠴᠡᠭᠡᠷ ᠲᠤ ᠦᠨᠡᠨᠴᠢ ᠪᠠᠶᠢᠬᠤ ᠪᠠᠨ ᠢᠯᠡᠳᠭᠡᠭᠦ ᠪᠠᠷ ᠳᠡᠷᠡ ᠪᠠᠰᠠ ᠵᠠᠩ ᠰᠢᠤᠸᠠᠢ ᠯᠢᠶᠠᠩ ᠪᠤᠯᠤᠨ ᠶᠠᠩ ᠬᠤ᠋ ᠴᠧᠩ ᠬᠤᠶᠠᠷ ᠵᠠᠩᠵᠤᠨ ᠢ ᠰᠤᠯᠠᠯᠠᠬᠤ ᠪᠠᠷ ᠵᠠᠷᠯᠢᠭ ᠪᠠᠭᠤᠯᠭᠠᠵᠠᠢ︾ ᠭᠡᠵᠦ ᠤᠷᠴᠢᠭᠤᠯᠬᠤ ᠦᠬᠡᠢ᠂ ᠬᠠᠷᠢᠨ ︽ᠯᠢ ᠶᠡᠷᠦᠩᠭᠡᠶᠢᠯᠡᠭᠴᠢ ᠠᠰᠢᠭ ᠬᠤᠤᠷ ᠢ ᠪᠤᠲᠤᠯᠭᠢᠯᠠᠭᠠᠳ ᠡᠶᠡᠷᠡᠭᠦᠯᠭᠦ ᠪᠤᠲᠤᠯᠭ᠎ᠠ ᠪᠠᠷ ᠠᠷᠠᠳ ᠎ ᠤᠨ ᠰᠡᠳᠭᠢᠯ ᠢ ᠤᠯᠬᠤ ᠪᠠᠷ ᠰᠢᠭᠤᠳᠴᠠᠢ᠂ ᠨᠠᠶᠢᠷᠠᠮᠳᠠᠯ ᠤᠨ ᠭᠡᠯᠡᠯᠴᠡᠭᠡᠷ ᠲᠤ ᠦᠨᠡᠴᠢ ᠪᠠᠶᠢᠬᠤ ᠪᠠᠨ ᠢᠯᠡᠳᠭᠡᠭᠦ ᠎ ᠪᠠᠷ ᠵᠠᠩ ᠰᠢᠤᠸᠠᠢ ᠯᠢᠶᠠᠩ᠂ ᠶᠠᠩ ᠬᠤ᠋ ᠴᠧᠩ ᠵᠠᠩᠵᠤᠨ ᠢ ᠰᠤᠯᠠᠯᠠᠬᠤ ᠪᠠᠷ ᠵᠠᠷᠯᠢᠭᠳᠠᠵᠠᠢ︾ ᠬᠡᠵᠦ ᠮᠤᠩᠭᠤᠯᠴᠢᠯᠠᠪᠠᠯ ᠶᠠᠷᠢᠬᠤ ᠳᠤ ᠨᠡᠩ ᠡᠪᠳᠠᠢ ᠪᠤᠯᠬᠤ ᠶᠤᠮ᠃             ᠺᠢᠨᠤ᠋᠂ ᠵᠦᠴᠦᠭᠡ ᠶᠢᠨ ᠤᠷᠴᠢᠭᠤᠯᠭ᠎ᠠ ᠶᠢᠨ ᠲᠤᠬᠠᠢ ᠪᠢᠴᠢᠭᠰᠡᠨ ᠵᠤᠭᠢᠶᠠᠯ ᠦᠩᠭᠡᠷᠡᠭᠰᠡᠨ ᠳᠤ ᠰᠤᠨᠢᠨ ᠰᠡᠳᠭᠦᠯ ᠳᠤ ᠡᠲᠦᠢ ᠳᠡᠲᠦᠢ ᠨᠡᠶᠢᠳᠡᠯᠡᠭᠳᠡᠭᠰᠡᠨ ᠪᠠ ᠦᠨᠦ ᠴᠦ ᠵᠠᠯᠭᠠᠭ᠎ᠠ ᠪᠠᠷ ᠨᠡᠶᠢᠳᠡᠯᠡᠭᠳᠡᠵᠦ ᠪᠠᠶᠢᠬᠤ ᠪᠤᠯᠬᠤᠷ ᠪᠢᠳᠡ ᠳᠡᠳᠡᠭᠡᠷ ᠵᠤᠭᠢᠶᠠᠯ ᠪᠦᠲᠦᠭᠡᠯ ᠢ ᠠᠩᠬᠠᠷᠤᠯᠲᠠᠢ ᠤᠩᠰᠢᠨ ᠰᠤᠲᠤᠯᠵᠦ᠂ ᠦᠪᠡᠷ ᠤᠨ ᠤᠶᠢᠯᠡᠲᠦᠯᠭᠡ ᠳᠡᠭᠡᠨ ᠰᠠᠶᠢᠲᠦᠷ ᠭᠡᠷᠡᠭᠵᠢᠭᠦᠯᠵᠦ᠂ ᠡᠲᠦᠷ ᠲᠤᠲᠤᠮ ᠤᠨ ᠠᠵᠢᠯ ᠳᠠᠬᠢ ᠤᠯᠵᠦ ᠠᠯᠳᠠᠭᠰᠠᠨ ᠢᠶᠠᠨ ᠨᠢᠮᠪᠠᠢ ᠳ᠋ᠦᠩᠨᠡᠵᠦ᠂ ᠰᠤᠷᠴᠦ ᠰᠤᠲᠤᠯᠬᠤ ᠶᠢ ᠪᠠᠲᠤᠲᠠᠢ ᠤᠶᠠᠯᠲᠤᠭᠤᠯᠬᠤ ᠳᠤ ᠭᠦᠷᠪᠡᠯ ᠮᠠᠨ ᠤ ᠤᠷᠴᠢᠭᠤᠯᠭ᠎ᠠ ᠶᠢᠨ ᠴᠢᠨᠠᠷ ᠴᠢᠨᠰᠠᠭ᠎ᠠ ᠶᠠᠪᠤᠬᠤ ᠲᠤᠲᠤᠮ ᠳᠡᠭᠡᠭᠰᠢᠯᠡᠭᠦ ᠨᠢ ᠯᠠᠪᠲᠠᠢ ᠶᠤᠮ᠃ ᠨᠢᠭᠡ ᠲᠦᠷᠦᠯ ᠤᠨ ᠵᠤᠭᠢᠶᠠᠯ ᠤᠨ ᠤᠷᠴᠢᠭᠤᠯᠭ᠎ᠠ ᠶᠢ ᠭᠠᠷᠮᠠᠭᠠᠢ ᠬᠢᠵᠦ ᠴᠢᠳᠠᠳᠠᠭ ᠭᠦᠮᠦᠨ ᠦᠭᠡᠷ᠎ᠡ ᠲᠦᠷᠦᠯ ᠤᠨ ᠵᠤᠭᠢᠶᠠᠯ ᠢ ᠤᠷᠴᠢᠭᠤᠯᠬᠤ ᠳᠤ ᠴᠦ ᠳᠡᠲᠦᠢ ᠶᠡᠭᠡ ᠭᠦᠴᠢᠷᠳᠡᠭᠦ ᠦᠬᠡᠢ ᠪᠠᠶᠢᠬᠤ ᠭᠡᠵᠦ ᠪᠢ ᠰᠠᠨᠠᠨ᠎ᠠ᠃             ᠨᠢᠭᠡ ᠳᠤ ᠮᠡᠷᠭᠡᠰᠢᠵᠦ ᠦᠷᠭᠡᠨ ᠮᠡᠳᠡᠯᠭᠡ ᠡᠵᠡᠮᠰᠢᠭᠦ ᠦᠬᠡᠢ ᠪᠤᠯ ᠺᠢᠨᠤ᠋᠂ ᠵᠦᠴᠦᠭᠡ ᠶᠢᠨ ᠤᠷᠴᠢᠭᠤᠯᠭ᠎ᠠ ᠶᠢ ᠯᠠᠪᠲᠠᠢ ᠰᠠᠶᠢᠨ ᠬᠢᠵᠦ ᠴᠢᠳᠠᠬᠤ ᠦᠬᠡᠢ᠃ ᠺᠢᠨᠤ᠋᠂ ᠵᠦᠴᠦᠭᠡ ᠳᠤ ᠤᠯᠤᠰ ᠤᠨ ᠲᠤᠲᠤᠭᠠᠲᠦ ᠭᠠᠳᠠᠭᠠᠲᠦ᠂ ᠡᠷᠳᠡᠨ ᠡᠲᠦᠭᠡ ᠶᠢᠨ ᠤᠶᠢᠯᠡ ᠭᠡᠷᠡᠭ᠂ ᠳᠠᠶᠢᠨ ᠪᠠᠶᠢᠯᠲᠤᠭᠠᠨ᠂ ᠳᠠᠮᠢᠷ ᠤᠷᠠᠯᠢᠭ᠂ ᠠᠵᠦ ᠠᠬᠤᠢ᠂ ᠠᠷᠠᠯᠵᠢᠶ᠎ᠠ ᠬᠤᠳᠠᠯᠲᠤᠭ᠎ᠠ᠂ ᠠᠷᠠᠳ ᠤᠨ ᠠᠮᠢᠲᠦᠷᠠᠯ᠂ ᠠᠯᠪᠠᠨ ᠶᠠᠪᠤᠳᠠᠯ᠂ ᠠᠵᠢᠯᠴᠢᠨ ᠳᠠᠷᠢᠶᠠᠴᠢᠨ᠂ ᠴᠡᠷᠢᠭ ᠰᠤᠷᠤᠭᠴᠢ᠂ ᠢᠨᠠᠭ ᠲᠤᠷᠠᠯᠠᠯ ᠭᠡᠭᠦ ᠮᠡᠲᠦ ᠶᠠᠩᠵᠦ ᠪᠦᠷᠢ ᠶᠢᠨ ᠶᠠᠪᠤᠳᠠᠯ ᠤᠴᠢᠷ ᠪᠦᠷ ᠠᠳᠠᠯᠢ ᠪᠤᠰᠦ ᠭᠡᠮᠵᠢᠶ᠎ᠡ ᠪᠠᠷ ᠳᠤᠰᠬᠠᠭᠳᠠᠵᠦ ᠪᠠᠶᠢᠳᠠᠭ᠃ ᠺᠢᠨᠤ᠋᠂ ᠵᠦᠴᠦᠭᠡ ᠪᠤᠯ ᠶᠡᠷᠦᠩᠭᠡᠶᠢᠯᠡᠭᠰᠡᠨ ᠤᠷᠠᠯᠢᠭ ᠪᠤᠯᠬᠤᠷ ᠳᠡᠭᠦᠨ ᠢ ᠮᠤᠩᠭᠤᠯᠴᠢᠯᠠᠬᠤ ᠳᠤ ᠦᠷᠭᠡᠨ ᠮᠡᠳᠡᠯᠭᠡ᠂ ᠦᠨᠲᠦᠷ ᠪᠤᠯᠪᠠᠰᠦᠷᠠᠯ ᠲᠠᠢ ᠪᠠᠶᠢᠬᠤ ᠭᠡᠷᠡᠭᠲᠠᠢ᠃ ᠪᠢᠳᠡ ᠤᠲᠤ ᠤᠷᠴᠢᠭᠤᠯᠬᠤ ᠳᠠᠯ᠎ᠠ ᠪᠠᠷ ᠤᠪᠤᠭ᠎ᠠ ᠮᠡᠷᠭᠡᠵᠢᠭᠦ ᠳᠡᠶᠢᠰᠢ ᠠᠭᠢᠵᠦ ᠪᠠᠶᠢᠭ᠎ᠠ ᠪᠤᠯᠪᠠᠴᠦ ᠤᠯᠠᠨ ᠳᠠᠯ᠎ᠠ ᠶᠢᠨ ᠶᠠᠭᠤᠮ᠎ᠠ ᠶᠢ ᠰᠠᠶᠢᠨ ᠮᠡᠳᠡᠳᠡᠭ ᠳᠡᠶᠢᠮᠦ ᠦᠷᠭᠡᠨ ᠮᠡᠳᠡᠯᠭᠡ ᠲᠠᠢ ᠭᠦᠮᠦᠨ ᠪᠤᠯᠬᠤ ᠳᠤ ᠪᠠᠰᠠ ᠶᠡᠭᠡ ᠬᠤᠯᠠ ᠶᠢᠨ ᠵᠠᠮ ᠢ ᠠᠶᠠᠯᠠᠬᠤ ᠭᠡᠷᠡᠭᠲᠠᠢ ᠪᠠᠶᠢᠨ᠎ᠠ᠃ ᠤᠷᠴᠢᠭᠤᠯᠬᠤ ᠤᠷ᠎ᠠ ᠮᠡᠷᠭᠡᠵᠢᠯ ᠢ ᠤᠳᠠᠭᠠᠨ ᠬᠤᠭᠤᠴᠠᠭᠠᠨ ᠤ ᠤᠶᠢᠯᠡᠲᠦᠯᠭᠡ ᠳᠤᠮᠳᠠ ᠠᠭᠠᠵᠢᠮ ᠢᠶᠠᠷ ᠡᠵᠡᠮᠰᠢᠵᠦ ᠳᠡᠶᠢᠯᠭᠦ ᠪᠤᠯᠤᠯᠴᠠᠭ᠎ᠠ ᠶᠡᠭᠡ ᠪᠠᠶᠢᠪᠠᠴᠦ ᠤᠯᠠᠨ ᠳᠠᠯ᠎ᠠ ᠶᠢᠨ ᠮᠡᠳᠡᠯᠭᠡ ᠶᠢ ᠳᠤᠰᠬᠠᠢ ᠰᠤᠷᠬᠤ ᠳᠡᠶᠢᠮᠦ ᠪᠤᠯᠤᠯᠴᠠᠭ᠎ᠠ ᠪᠢᠳᠡᠨ ᠳᠤ ᠠᠯᠠᠭ᠎ᠠ᠃ ᠳᠡᠶᠢᠮᠦ ᠪᠤᠯᠬᠤᠷ ᠦᠪᠡᠷ ᠢᠶᠠᠨ ᠰᠤᠷᠬᠤ ᠠᠴᠠ ᠦᠭᠡᠷ᠎ᠡ ᠠᠷᠭ᠎ᠠ ᠪᠠᠶᠢᠬᠤ ᠦᠬᠡᠢ᠃ ᠨᠢᠭᠡ ᠭᠦᠮᠦᠨ ᠤ ᠮᠡᠳᠡᠯᠭᠡ ᠲᠤᠩ ᠬᠢᠵᠠᠭᠠᠷ ᠲᠠᠢ ᠴᠦ ᠨᠡᠶᠢᠭᠡᠮ ᠪᠤᠯ ᠮᠡᠳᠡᠯᠭᠡ ᠶᠢᠨ ᠳᠠᠯᠠᠢ ᠶᠡᠭᠡ ᠰᠠᠩ ᠪᠤᠯᠬᠤᠷ ᠡᠲᠦᠷ ᠪᠦᠷᠢ ᠮᠡᠳᠡᠯᠭᠡ ᠡᠵᠡᠮᠰᠢᠭᠦ ᠪᠠᠷ ᠮᠡᠷᠡᠶᠢᠨ ᠴᠢᠷᠮᠡᠶᠢᠵᠦ᠂ ᠦᠳᠡᠯᠳᠡᠯ᠎ᠡ ᠪᠠᠨ ᠰᠤᠷᠴᠦ ᠡᠪᠦᠭᠡᠷᠡᠳᠡᠯ᠎ᠡ ᠪᠠᠨ ᠭᠡᠷᠡᠭᠯᠡᠭᠦ ᠭᠡᠷᠡᠭᠲᠠᠢ᠃ ᠮᠠᠨ ᠤ ᠬᠢᠨ ᠤᠲᠦ ᠠᠵᠢᠯ ᠳᠠᠭᠠᠨ ᠶᠡᠭᠡ ᠳᠠᠷᠤᠭᠳᠠᠨ ᠠᠯᠪᠠ ᠡᠭᠦᠷᠭᠡ ᠪᠠᠨ ᠪᠡᠶᠡᠯᠡᠭᠦᠯᠭᠦ ᠬᠡᠵᠦ ᠶᠠᠭᠠᠷᠠᠭᠠᠳ ᠰᠤᠷᠴᠦ ᠰᠤᠲᠤᠯᠬᠤ ᠶᠢ ᠪᠠᠭ᠋ᠠᠨ ᠤᠮᠳᠤᠭᠠᠶᠢᠯᠠᠵᠦ ᠪᠠᠶᠢᠬᠤ ᠰᠢᠭ ᠪᠠᠶᠢᠨ᠎ᠠ᠃ ᠠᠷᠠᠳ ᠤᠨ ᠠᠮᠢᠲᠦ ᠶᠠᠷᠢᠶᠠᠨ ᠠᠴᠠ ᠰᠤᠷᠬᠤ ᠨᠦᠭᠦᠴᠡᠯ ᠪᠢᠳᠡᠨ ᠳᠤ ᠲᠤᠩ ᠪᠠᠭ᠎ᠠ ᠪᠤᠯᠬᠤᠷ ᠪᠢᠴᠢᠭ ᠨᠤᠮ ᠠᠴᠠ ᠢᠯᠡᠭᠦᠦ ᠰᠤᠷᠬᠤ᠂ ᠪᠢᠯᠢᠭ ᠠᠪᠢᠶᠠᠰᠦᠲᠠᠢ ᠭᠦᠮᠦᠰ ᠤᠨ ᠲᠤᠷᠰᠢᠯᠭ᠎ᠠ ᠠᠴᠠ ᠰᠤᠷᠬᠤ ᠶᠠᠪᠤᠳᠠᠯ ᠢ ᠰᠠᠶᠢᠲᠦᠷ ᠡᠷᠭᠢᠮᠯᠡᠪᠡᠯ ᠳᠠᠭᠠᠷᠠᠬᠤ ᠶᠤᠮ᠃ ᠪᠡᠶ᠎ᠡ ᠳᠡᠭᠡᠨ ᠬᠠᠷᠢᠭᠤᠴᠠᠬᠤ ᠮᠦᠷᠳᠡᠭᠡᠨ ᠪᠤᠰᠤᠳ ᠲᠤ ᠴᠦ ᠬᠠᠷᠢᠭᠤᠴᠠᠬᠤ ᠤᠪᠤᠷ ᠢᠶᠠᠷ ᠠᠵᠢᠯᠯᠠᠳᠠᠭ ᠯᠡ ᠶᠤᠮ ᠪᠤᠯ ᠪᠢᠳᠡ ᠮᠦᠨ ᠬᠢᠷᠢ ᠳᠡᠩᠴᠡᠭᠰᠡᠨ ᠤᠷᠴᠢᠭᠤᠯᠤᠭᠴᠢ ᠪᠤᠯᠵᠦ ᠴᠢᠳᠠᠬᠤ ᠨᠢ ᠯᠠᠪᠲᠠᠢ᠃         ᠵᠤᠬᠢᠶᠠᠭᠴᠢ᠄  ᠴᠡᠩᠭᠡ                                 ᠵᠤᠬᠢᠶᠠᠭᠴᠢ ᠶᠢᠨ ᠬᠠᠶ᠋ᠢᠭ᠄ ᠦᠪᠦᠷ ᠮᠤᠩᠭᠤᠯ ᠤᠨ ᠲᠧᠯᠸᠢᠰ ᠬᠤᠷᠢᠶ᠎ᠠ                                
 
ᠢᠷᠡᠯᠲᠡ᠄ ︽ᠮᠤᠩᠭᠤᠯ ᠭᠡᠯᠡ ᠪᠢᠴᠢᠭ︾ ᠰᠡᠳᠭᠦᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号