ᠠᠯᠠᠰᠢᠨ ᠬᠤᠨᠢ ᠶᠢᠨ ᠲᠡᠵᠢᠭᠡᠯ ᠪᠤᠷᠳᠤᠭᠠᠨ ᠤ ᠰᠢᠮ᠎ᠡ ᠲᠡᠵᠢᠭᠡᠯ ᠤᠨ ᠤᠨᠴᠠᠯᠢᠭ
ᠨᠡᠶᠢᠲᠡᠯᠡᠭᠰᠡᠨ ᠴᠠᠭ᠄
2018/11/22
                1᠂ ᠤᠭᠤᠷᠠᠭ ᠬᠤᠨᠢ ᠰᠢᠨ᠎ᠡ ᠬᠠᠭᠤᠴᠢᠨ ᠤ ᠰᠤᠯᠢᠯᠴᠠᠭ᠎ᠠ ᠶᠢᠨ ᠶᠠᠪᠤᠴᠠ ᠳᠤ ᠪᠠᠨ ᠢᠳᠡᠬᠦ ᠡᠪᠡᠰᠤ ᠪᠤᠷᠳᠤᠭ᠎ᠠ ᠠᠴᠠ ᠪᠠᠨ ᠭᠡᠷᠡᠭᠰᠡᠬᠦ ᠤᠭᠤᠷᠠᠭ ᠢᠶᠠᠨ ᠰᠢᠩᠭᠡᠭᠡᠨ ᠠᠪᠳᠠᠭ᠃ ᠤᠭᠤᠷᠠᠭ ᠤᠨ ᠭᠡᠷᠡᠭᠴᠡᠭᠡ ᠭᠡᠳᠡᠭ ᠨᠢ ᠦᠨᠡᠨᠳᠡᠭᠡᠨ ᠠᠮᠢᠨᠤ᠋ ᠬᠦᠴᠢᠯ ᠤᠨ ᠭᠡᠷᠡᠭᠴᠡᠭᠡ ᠪᠤᠯᠤᠨ᠎ᠠ᠃ ᠲᠡᠵᠢᠭᠡᠯ ᠡᠪᠡᠰᠤᠨ ᠤ ᠤᠯᠠᠨ ᠲᠦᠷᠦᠯ ᠨᠢ ᠤᠭᠤᠷᠠᠭ ᠤᠨ  ᠭᠡᠷᠡᠭᠴᠡᠭᠡ ᠶᠢ ᠪᠠᠳᠤᠯᠠᠬᠤ ᠳᠤ ᠠᠰᠢᠭᠳᠠᠢ ᠪᠠᠶᠢᠳᠠᠭ᠃             2᠂ ᠡᠨᠧᠷᠬᠢ ᠬᠠᠨᠭ᠍ᠭᠠᠭᠴᠢ ᠪᠤᠳᠠᠰ ᠨᠡᠬᠦᠷᠡᠰᠤ ᠤᠰᠤᠨ ᠤ ᠨᠢᠭᠡᠳᠪᠤᠷᠢ ᠪᠤᠯ ᠡᠨᠧᠷᠬᠢ ᠬᠠᠨᠭ᠍ᠭᠠᠭᠴᠢ ᠭᠤᠤᠯ  ᠪᠤᠳᠠᠰ ᠪᠤᠯᠤᠨ᠎ᠠ᠃ ᠬᠤᠨᠢ ᠶᠢᠨ ᠡᠨᠧᠷᠬᠢ ᠶᠢᠨ ᠭᠡᠷᠡᠭᠴᠡᠭᠡ ᠨᠢ ᠬᠦᠳᠡᠯᠭᠡᠭᠡᠨ ᠬᠢᠬᠦ ᠲᠠᠢ ᠬᠤᠯᠪᠤᠭ᠎ᠠ ᠲᠠᠢ ᠪᠠᠶᠢᠳᠠᠭ᠃  ᠪᠡᠯᠴᠢᠭᠡᠷᠯᠡᠬᠦᠯᠵᠤ ᠪᠠᠶᠢᠬᠤ ᠬᠤᠨᠢ ᠨᠢ ᠬᠠᠰᠢᠶᠠᠯᠠᠨ ᠲᠡᠵᠢᠭᠡᠵᠤ ᠪᠠᠶᠢᠬᠤ ᠬᠤᠨᠢ ᠠᠴᠠ ᠢᠯᠡᠬᠦᠤ 10%᠎ ᠶᠢᠨ  ᠡᠨᠧᠷᠬᠢ ᠬᠤᠷᠤᠭᠳᠠᠭᠤᠯᠳᠠᠭ᠃             3᠂ ᠡᠷᠤᠳᠡᠰᠤ ᠪᠤᠳᠠᠰ ᠡᠷᠤᠳᠡᠰᠤ ᠪᠤᠳᠠᠰ ᠪᠤᠯ ᠬᠤᠨᠢ ᠶᠢᠨ ᠶᠠᠰᠤ ᠪᠤᠯᠤᠨ ᠰᠢᠳᠤ ᠶᠢ ᠪᠦᠷᠢᠯᠳᠤᠬᠦᠯᠬᠦ ᠭᠤᠤᠯ  ᠪᠦᠷᠢᠯᠳᠤᠬᠦᠨ ᠪᠤᠯᠤᠨ᠎ᠠ᠃ ᠦᠯᠡᠮᠵᠢ ᠡᠯᠧᠮᠧᠨ᠋ᠲ ᠨᠢ ᠭᠤᠤᠯᠳᠠᠭᠤ ᠺᠠᠯᠼ᠂ ᠹᠤᠰᠹᠤᠷ᠂ ᠺᠠᠯᠢ᠂ ᠾᠯᠤᠷ᠂ ᠮᠠᠭᠨᠢ᠂  ᠬᠦᠬᠦᠷ ᠵᠡᠷᠭᠡ ᠪᠤᠯᠤᠨ᠎ᠠ᠃ ᠪᠢᠴᠢᠯ ᠡᠯᠧᠮᠧᠨ᠋ᠲ ᠨᠢ ᠭᠤᠤᠯᠳᠠᠭᠤ ᠲᠡᠮᠤᠷ᠂ ᠵᠡᠰ᠂ ᠴᠠᠶᠢᠷ᠂ ᠰᠧᠯᠧᠨ᠂ ᠢᠤᠳ᠋᠂  ᠺᠤᠪᠠᠯᠲ᠂ ᠮᠤᠯᠢᠪᠳᠧᠨ ᠵᠡᠷᠭᠡ ᠪᠤᠯᠤᠨ᠎ᠠ᠃ ᠲᠡᠳᠡᠭᠡᠷ ᠨᠢ ᠠᠮᠢᠳᠠᠨ ᠤ ᠪᠡᠶ᠎ᠡ ᠮᠠᠬᠠᠪᠤᠳ ᠤᠨ ᠬᠤᠭᠤᠯᠠ  ᠪᠤᠯᠪᠠᠰᠤᠷᠠᠭᠤᠯᠬᠤ᠂ ᠰᠢᠩᠭᠡᠭᠡᠨ ᠠᠪᠬᠤ᠂ ᠰᠤᠯᠢᠯᠴᠠᠭ᠎ᠠ ᠬᠢᠬᠦ᠂ ᠬᠦᠴᠢᠯ ᠱᠦᠯᠳᠤ ᠶᠢ ᠲᠡᠩᠴᠡᠬᠦᠷᠢᠰᠢᠬᠦᠯᠬᠦ᠂  ᠨᠡᠪᠴᠢᠯᠳᠡ ᠶᠢᠨ ᠲᠠᠷᠤᠴᠠ ᠶᠢ ᠭᠡᠪ ᠢᠶᠠᠷ ᠪᠠᠶᠢᠯᠭᠠᠬᠤ ᠳᠤ ᠲᠦᠢᠯ ᠤᠨ ᠴᠢᠬᠤᠯᠠ ᠦᠢᠯᠡᠳᠤᠯ ᠦᠵᠡᠬᠦᠯᠳᠡᠭ᠃           4᠂ ᠸᠢᠲ᠋ᠠᠮᠢᠨ ᠸᠢᠲ᠋ᠠᠮᠢᠨ ᠤ ᠭᠤᠤᠯ ᠦᠢᠯᠡᠳᠤᠯ ᠪᠤᠯ ᠹᠢᠽᠢᠤᠯᠤᠬᠢ ᠶᠢᠨ ᠠᠵᠢᠯᠯᠠᠭ᠎ᠠ ᠶᠢ ᠲᠤᠬᠢᠷᠠᠭᠤᠯᠵᠤ᠂  ᠡᠷᠡᠬᠦᠯ ᠮᠡᠨᠳᠤ ᠪᠠᠳᠤᠯᠠᠨ ᠡᠪᠡᠳᠴᠢᠨ ᠬᠢᠵᠢᠭ ᠢ ᠰᠡᠷᠬᠡᠶᠢᠯᠡᠳᠡᠭ᠃ ᠦᠭᠡᠬᠦᠨ ᠳᠤ ᠠᠭᠤᠰᠳᠠᠭ ᠸᠢᠲ᠋ᠠᠮᠢᠨ ᠳᠤ VA᠂  VD᠂ VE᠂ VK ᠲᠦᠷᠪᠡᠨ ᠵᠦᠢᠯ ᠪᠠᠶᠢᠳᠠᠭ ᠤᠰᠤᠨ ᠳᠤ ᠠᠭᠤᠰᠳᠠᠭ ᠸᠢᠲ᠋ᠠᠮᠢᠨ ᠳᠤ B ᠲᠦᠷᠦᠯ ᠤᠨ  ᠸᠢᠲ᠋ᠠᠮᠢᠨ ᠪᠤᠯᠤᠨ VC᠂ VP ᠵᠡᠷᠭᠡ ᠶᠢ ᠪᠠᠭᠳᠠᠭᠠᠨ᠎ᠠ᠃ ᠬᠤᠨᠢ ᠬᠦᠵᠡᠭᠡᠨ ᠤ ᠮᠢᠺᠷᠤᠪ ᠢᠶᠠᠷ ᠲᠡᠮᠵᠢᠭᠤᠯᠤᠨ  ᠵᠤᠬᠢᠬᠤ ᠭᠡᠮᠵᠢᠶᠠᠨ ᠤ B ᠲᠦᠷᠦᠯ ᠤᠨ ᠸᠢᠲ᠋ᠠᠮᠢᠨ ᠢ ᠨᠢᠭᠡᠳᠭᠡᠳᠡᠭ᠃ ᠤᠯᠠᠩᠭᠢ ᠪᠤᠷᠳᠤᠭᠠᠨ ᠳᠤ VD᠂ VE᠂ VK ᠡᠯᠪᠡᠭ ᠠᠭᠤᠯᠤᠭᠳᠠᠵᠤ ᠪᠠᠶᠢᠳᠠᠭ᠂ ᠬᠠᠮᠤᠭ ᠠᠴᠠ ᠬᠢᠯᠪᠠᠷᠬᠠᠨ ᠲᠤᠳᠠᠭᠳᠠᠳᠠᠭ ᠨᠢ VA ᠪᠤᠯᠤᠨ᠎ᠠ᠃ ᠡᠶᠢᠮᠤ ᠎ ᠠᠴᠠ᠂ ᠠᠯᠠᠰᠢᠨ ᠬᠤᠨᠢ ᠨᠢ ᠲᠡᠵᠢᠭᠡᠨ ᠠᠷᠠᠴᠢᠯᠠᠬᠤ ᠲᠤᠮᠳᠠ VA᠎ ᠶᠢ ᠨᠦᠬᠦᠪᠤᠷᠢᠯᠠᠬᠦ ᠶᠢ ᠤᠨᠴᠠᠭᠠᠢᠢᠯᠠᠨ  ᠠᠩᠬᠠᠷᠬᠤ ᠭᠡᠷᠡᠭᠳᠡᠢ᠃      
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号