| | | | ᠨᠢᠳᠦᠨ ᠰᠢᠯ ᠵᠡᠭᠦᠭᠦ ᠨᠢ ᠭᠷᠠᠳᠦ᠋ᠰ ᠢ ᠪᠠᠭᠠᠰᠬᠠᠵᠤ ᠳᠡᠶᠢᠯᠦᠨ᠎ᠡ ᠦᠦ︖ | ᠵᠣᠬᠢᠷᠠᠭᠰᠠᠨ ᠰᠢᠯ ᠨᠢ ᠬᠡᠦᠬᠡᠳ ᠤᠨ ᠬᠠᠷᠠᠭ᠎ᠠ ᠶᠢ ᠰᠠᠶᠢᠵᠢᠷᠠᠭᠤᠯᠳᠠᠭ ᠪᠤᠯᠪᠠᠴᠤ ᠭᠷᠠᠳᠦ᠋ᠰ ᠢ ᠪᠠᠭᠠᠰᠬᠠᠨ᠎ᠠ | ᠭᠡᠰᠡᠨᠦᠭᠡ ᠪᠢᠰᠢ᠃ ᠣᠶᠢᠷ᠎ᠡ ᠬᠠᠷᠠᠭ᠎ᠠ ᠪᠣᠯᠬᠤ ᠳᠤ ᠯᠠ ᠬᠦᠷᠪᠡᠯ ᠰᠢᠯ ᠵᠡᠭᠦᠭᠰᠡᠨ ᠴᠦ ᠵᠡᠭᠦᠭᠰᠡᠨ ᠦᠭᠡᠢ ᠴᠦ | ᠭᠷᠠᠳᠦ᠋ᠰ ᠨᠢ ᠦᠷᠭᠦᠯᠵᠢᠯᠡᠨ ᠨᠡᠮᠡᠭᠳᠡᠬᠦ ᠬᠠᠨᠳᠤᠰᠢ ᠲᠠᠢ᠃ ᠰᠠᠷᠨᠢᠭᠤᠨ ᠬᠠᠷᠠᠭ᠎ᠠ ᠴᠦ ᠰᠢᠯ ᠲᠠᠭᠠᠷᠠᠭᠤᠯᠤᠭᠰᠠᠨ ᠠᠴᠠ | ᠪᠣᠯᠵᠤ ᠭᠷᠠᠳᠦ᠋ᠰ ᠪᠠᠭᠤᠷᠠᠬᠤ ᠦᠭᠡᠢ᠃ ᠬᠤᠯᠠ ᠬᠠᠷᠠᠭᠠᠨ ᠤ ᠭᠷᠠᠳᠦ᠋ᠰ ᠪᠠᠭᠠᠰᠳᠠᠭ ᠨᠢ ᠴᠦ ᠰᠢᠯ ᠵᠡᠭᠦᠭᠰᠡᠨ ᠠᠴᠠ | ᠪᠣᠯᠤᠭᠰᠠᠨ ᠪᠢᠰᠢ᠂ ᠬᠠᠷᠢᠨ ᠬᠡᠦᠬᠡᠳ ᠤᠨ ᠭᠡᠷᠡᠯ ᠨᠤᠭᠤᠷᠠᠭᠤᠯᠬᠤ ᠪᠠᠶᠢᠳᠠᠯ ᠨᠢ ᠣᠭ ᠠᠴᠠ ᠪᠠᠨ ᠬᠤᠯᠠ ᠬᠠᠷᠠᠭ᠎ᠠ | ᠠᠴᠠ ᠣᠶᠢᠷ᠎ᠠ ᠬᠠᠷᠠᠭ᠎ᠠ ᠵᠦᠭ ᠰᠢᠯᠵᠢᠳᠡᠭ ᠠᠴᠠ ᠪᠣᠯᠵᠠᠢ᠃ | ᠶᠠᠮᠠᠷ ᠦᠶ᠎ᠡ ᠳᠤ ᠰᠢᠯ ᠲᠠᠭᠠᠷᠠᠭᠤᠯᠬᠤ ᠪᠤᠢ︖ | ᠰᠠᠷᠨᠢᠭᠤᠨ ᠬᠠᠷᠠᠠᠭᠠᠨ ᠳᠤ ᠡᠷᠳ᠋ᠨ ᠠᠴᠠ ᠨᠢ ᠰᠢᠯ ᠲᠠᠭᠠᠷᠠᠭᠤᠯᠪᠠᠯ ᠵᠣᠬᠢᠨ᠎ᠠ᠃ ᠣᠶᠢᠷ᠎ᠠ ᠬᠠᠷᠠᠭ᠎ᠠ ᠪᠣᠯ | ᠬᠡᠦᠬᠡᠳ ᠤᠨ ᠨᠢᠳᠦ ᠬᠡᠷᠡᠭᠯᠡᠬᠦ ᠬᠡᠷᠡᠭᠴᠡᠭᠡ ᠠᠴᠠ ᠰᠢᠯᠲᠠᠭᠠᠯᠠᠨ᠎ᠠ᠃ ᠬᠡᠷᠪᠡ ᠬᠡᠦᠬᠡᠳ ᠤᠨ ᠰᠣᠷᠤᠯᠭ᠎ᠠ ᠠᠮᠢᠳᠤᠷᠠᠯ | ᠳᠤ ᠨᠢ ᠰᠠᠭᠠᠳ ᠪᠣᠯᠤᠭ᠎ᠠ ᠦᠭᠡᠢ ᠪᠣᠯ ᠰᠢᠯ ᠲᠠᠭᠠᠷᠠᠭᠤᠯᠬᠤ ᠦᠭᠡᠢ ᠪᠠᠶᠢᠵᠤ ᠪᠣᠯᠤᠨ᠎ᠠ᠃ | ᠣᠶᠢᠷ᠎ᠠ ᠬᠠᠷᠠᠭᠠᠨ ᠰᠢᠯ ᠢ ᠴᠠᠭ ᠢᠮᠠᠭᠲᠠ ᠵᠡᠭᠦᠬᠦ ᠦᠦ︖ | ᠣᠶᠢᠷ᠎ᠠ ᠬᠠᠷᠠᠭᠠᠨ ᠰᠢᠯ ᠲᠠᠭᠠᠷᠠᠭᠤᠯᠤᠭᠰᠠᠨ ᠯᠠ ᠪᠣᠯ ᠬᠤᠯᠠ ᠣᠶᠢᠷ᠎ᠠ ᠶᠢ ᠬᠠᠷᠠᠬᠤ ᠳᠤ ᠴᠦᠮ ᠰᠢᠯ ᠢᠶᠠᠨ | ᠵᠡᠭᠦᠬᠦ ᠬᠡᠷᠡᠭᠲᠡᠢ ᠭᠡᠵᠦ ᠣᠶᠢᠯᠠᠭᠠᠵᠤ ᠪᠣᠯᠬᠤ ᠦᠭᠡᠢ᠂ ᠣᠶᠢᠷ᠎ᠠ ᠬᠠᠷᠠᠭᠠᠨ ᠰᠢᠯ ᠢ ᠬᠤᠯᠠ ᠶᠢ ᠬᠠᠷᠠᠬᠤ ᠳᠤ ᠯᠠ | ᠬᠡᠷᠡᠭᠯᠡᠨ᠎ᠡ᠃ ᠬᠡᠷᠪᠡ ᠰᠢᠯ ᠲᠠᠭᠠᠷᠠᠭᠤᠯᠤᠭᠰᠠᠨ ᠠᠴᠠ ᠰᠡᠭᠦᠯᠡᠷ ᠭᠷᠡᠳᠦ᠋ᠰ ᠤᠨ ᠨᠡᠮᠡᠭᠳᠡᠯ ᠨᠢ ᠬᠤᠷᠳᠤᠨ ᠪᠠᠶᠢᠪᠠᠯ ᠰᠢᠯ | ᠵᠡᠭᠦᠵᠦ ᠪᠠᠶᠢᠬᠤ ᠠᠷᠭ᠎ᠠ ᠶᠢᠨ ᠢᠶᠠᠨ ᠵᠦᠪ ᠪᠤᠷᠤᠭᠤ ᠶᠢ ᠠᠩᠬᠠᠷᠬᠤ ᠬᠡᠷᠡᠭᠲᠡᠢ᠃ ᠬᠡᠷᠪᠡ ᠬᠡᠦᠬᠡᠳ ᠤᠨ ᠣᠶᠢᠷ᠎ᠠ | ᠬᠠᠷᠠᠭ᠎ᠠ ᠨᠡᠯᠢᠶᠡᠳ ᠬᠡᠴᠡᠭᠦᠦ ᠪᠣᠯ ᠬᠤᠯᠠ ᠶᠢ ᠬᠠᠷᠠᠬᠤ ᠳᠤ ᠬᠡᠷᠡᠭᠯᠡᠬᠦ ᠪᠠ ᠣᠶᠢᠷ᠎ᠠ ᠶᠢ ᠬᠠᠷᠠᠬᠤ ᠳᠤ ᠬᠡᠷᠡᠭᠯᠡᠬᠦ | ᠭᠡᠵᠦ ᠲᠤᠰ ᠲᠤᠰ ᠲᠤ ᠨᠢ ᠰᠢᠯ ᠲᠠᠭᠠᠷᠠᠭᠤᠯᠵᠤ ᠪᠣᠯᠤᠨ᠎ᠠ᠃ | ᠬᠠᠷᠠᠭ᠎ᠠ ᠶᠢ ᠬᠠᠮᠠᠭᠠᠯᠠᠬᠤ ᠳᠤ ᠳᠦᠷᠪᠡᠨ ᠶᠠᠪᠤᠳᠠᠯ ᠢ ᠮᠡᠳᠡᠬᠦ ᠬᠡᠷᠡᠭᠲᠡᠢ | ᠬᠡᠦᠬᠡᠳ ᠤᠨ ᠬᠠᠷᠠᠭᠠᠨ ᠤ ᠪᠣᠶᠢᠵᠢᠯᠲᠠ ᠳᠤ ᠭᠤᠷᠪᠠᠨ ᠨᠠᠰᠣᠨ ᠠᠴᠠ ᠡᠮᠦᠨ᠎ᠡ ᠪᠣᠯ ᠵᠠᠩᠬᠢᠯᠭ᠎ᠠ ᠶᠢᠨ | ᠬᠤᠭᠤᠴᠠᠭ᠎ᠠ᠂ 3 — 10 ᠨᠠᠰᠤ ᠪᠣᠯ ᠡᠮᠵᠡᠭ ᠬᠤᠭᠤᠴᠠᠭ᠎ᠠ᠃ ᠬᠡᠷᠪᠡ ᠡᠨᠡ ᠦᠶ᠎ᠡ ᠳᠤ ᠬᠡᠦᠬᠡᠳ ᠤᠨ ᠬᠠᠷᠠᠭ᠎ᠠ | ᠶᠢ ᠬᠠᠷᠰᠢᠯᠠᠬᠤ ᠬᠦᠴᠦᠨ ᠵᠦᠢᠯ ᠮᠡᠳᠡᠭᠳᠡᠪᠡᠯ ᠴᠢᠳᠠᠬᠤ ᠶᠢᠨ ᠬᠢᠷᠢ ᠪᠠᠷ ᠲᠡᠳᠡᠭᠡᠷ ᠠᠴᠠ ᠵᠠᠶᠢᠯᠠᠰᠬᠢᠨ᠎ᠠ᠂ ᠬᠡᠷᠪᠡ | ᠬᠠᠷᠠᠭᠠᠨ ᠳᠤ ᠨᠢ ᠠᠰᠠᠭᠤᠳᠠᠯ ᠢᠯᠡᠷᠡᠭᠰᠡᠨ ᠪᠠᠶᠢᠪᠠᠯ ᠡᠷᠳᠡᠬᠡᠨ ᠵᠡᠰᠡᠭᠤᠯᠬᠤ ᠭᠡᠷᠡᠭᠲᠡᠢ᠃ ᠬᠡᠷ ᠤᠨ ᠠᠬᠠᠮᠠᠳ | ᠳᠣᠣᠷᠠᠬᠢ ᠬᠡᠳᠦᠨ ᠪᠠᠶᠢᠳᠠᠯ ᠢᠶᠠᠷ ᠬᠡᠦᠬᠡᠳ ᠤᠨ ᠬᠠᠷᠠᠭ᠎ᠠ ᠡᠷᠡᠭᠦᠯ ᠡᠰᠡᠬᠦ ᠶᠢ ᠡᠷᠲᠡᠨ ᠠᠴᠠ ᠨᠢ ᠪᠠᠶᠢᠴᠠᠭᠠᠨ ᠮᠡᠳᠡᠵᠦ | ᠪᠣᠯᠤᠨ᠎ᠠ᠃ 4 ᠰᠠᠷ᠎ᠠ ᠲᠠᠢ ᠦᠶ᠎ᠡ ᠳᠤ ᠪᠠᠨ ᠲᠣᠭᠯᠠᠭᠠᠮ ᠢᠶᠠᠨ ᠤᠳᠠᠭᠠᠨ ᠰᠢᠷᠲᠡᠵᠦ ᠴᠢᠳᠠᠬᠤ ᠡᠰᠡᠬᠦ︔ 8 | ᠰᠠᠷ᠎ᠠ ᠳᠤ ᠪᠠᠨ ᠬᠦᠳᠡᠯᠦᠩᠭᠦᠢ ᠪᠡᠶᠡᠲᠤ ᠶᠢ ᠳᠠᠭᠠᠵᠤ ᠬᠠᠷᠠᠵᠤ ᠴᠢᠳᠠᠬᠤ ᠡᠰᠡᠬᠦ︔ 1 ᠨᠠᠰᠤ ᠲᠠᠢ ᠳᠤ ᠪᠠᠨ ᠬᠤᠯᠠ | ᠶᠢᠨ ᠶᠠᠭᠤᠮ᠎ᠠ ᠶᠢ ᠣᠯᠵᠤ ᠬᠠᠷᠠᠵᠤ ᠪᠠᠶᠢᠬᠤ ᠡᠰᠡᠬᠦ ︔ 3 ᠨᠠᠰᠤᠲᠠᠢ ᠦᠶ᠎ᠡ ᠳᠤ ᠨᠢ ᠡᠮᠨᠡᠯᠭᠡ ᠶᠢᠨ ᠬᠤᠷᠢᠶᠠᠨ ᠳᠤ | ᠣᠴᠢᠵᠤ ᠬᠠᠷᠠᠭ᠎ᠠ ᠶᠢ ᠨᠢ ᠪᠠᠶᠢᠴᠠᠭᠠᠯᠭᠠᠵᠤ ᠪᠣᠯᠤᠨ᠎ᠠ᠃ | ᠣᠶᠢᠷ᠎ᠠ ᠬᠠᠷᠠᠭ᠎ᠠ ᠶᠢ ᠰᠡᠷᠭᠡᠶᠢᠯᠡᠬᠦ ᠳᠤ ᠭᠤᠷᠪᠠᠨ 20 ᠶᠢ ᠪᠡᠶᠡᠯᠡᠭᠦᠯᠬᠦ ᠬᠡᠷᠡᠭᠲᠡᠢ | ᠡᠳᠦᠷ ᠲᠣᠳᠤᠮ ᠤᠨ ᠠᠮᠢᠳᠤᠷᠠᠯ ᠳᠤ ᠪᠠᠨ ᠦᠷᠬᠦᠯᠵᠢᠯᠡᠨ 20 ᠮᠢᠨᠦ᠋ᠲ ᠶᠠᠭᠤᠮ᠎ᠠ ᠦᠵᠡᠬᠦ ᠪᠦᠷᠢ ᠳᠤ | ᠵᠢᠭᠠᠬᠠᠨ ᠠᠮᠠᠷᠠᠬᠤ ᠬᠡᠷᠡᠭᠲᠡᠢ᠃ ᠠᠮᠠᠷᠠᠬᠤ ᠳᠤ ᠪᠠᠨ ᠤᠷᠢᠲᠠᠪᠠᠷ 20 ᠰᠧᠺᠦ᠋ᠨ᠋ᠳ᠋ ᠨᠢᠳᠦ ᠪᠠᠨ ᠴᠠᠪᠴᠢᠯᠠᠵᠤ᠂ | ᠳᠠᠷᠠᠭ᠎ᠠ ᠳᠤ ᠨᠢ 20 ᠢᠨᠴᠢ ︵ᠪᠠᠷᠤᠭ 6 ᠮᠧᠲᠷ︶ ᠬᠤᠯᠠ ᠶᠢ ᠬᠠᠷᠠᠨ᠎ᠠ᠃ | ᠬᠡᠳᠦ ᠣᠶᠢᠷ᠎ᠠ ᠬᠠᠷᠠᠭᠠᠨ ᠤ ᠳᠠᠯᠳᠠ ᠭᠡᠮ ᠣᠯᠠᠨ | 600 ᠭᠷᠡᠳᠦ᠋ᠰ ᠪᠣᠶᠤ ᠡᠭᠦᠨ ᠠᠴᠠ ᠳᠡᠭᠡᠭᠰᠢ ᠪᠣᠯ ᠬᠡᠳᠤ ᠣᠶᠢᠷ᠎ᠠ ᠬᠠᠷᠠᠭᠠᠨ ᠳᠤ ᠲᠣᠭᠠᠴᠠᠭᠳᠠᠨ᠎ᠠ᠃ | ᠬᠡᠳᠦ ᠣᠶᠢᠷ᠎ᠠ ᠬᠠᠷᠠᠭ᠎ᠠ ᠨᠢ ᠠᠮᠠᠷᠬᠠᠨ ᠬᠠᠷᠠᠭᠠᠨ ᠶᠠᠳᠠᠷᠠᠯ᠂ ᠬᠠᠷᠠᠩᠭᠤᠢ ᠳᠤ ᠵᠣᠬᠢᠴᠠᠬᠤ ᠴᠢᠳᠠᠪᠤᠷᠢ ᠶᠢᠨ ᠰᠤᠯᠠᠷᠠᠯ | ᠵᠢᠴᠢ ᠨᠢᠳᠤᠨ ᠤ ᠳᠣᠷᠤᠶᠢᠲᠠᠯ ᠵᠡᠷᠭᠡ ᠶᠢ ᠡᠭᠦᠰᠬᠡᠳᠡᠭ᠃ ᠬᠦᠨᠳᠦ ᠨᠣᠴᠢᠲᠠᠢ ᠦᠶ᠎ᠡ ᠳᠤ ᠨᠢᠳᠦᠨ ᠤ ᠡᠪᠡᠳᠴᠢᠨ | ᠡᠭᠦᠰᠴᠦ᠂ ᠴᠠᠭᠠᠨ ᠬᠠᠷᠠᠩ ᠪᠣᠯᠬᠤ ᠪᠣᠶᠤ ᠴᠢᠨᠠᠭᠰᠢᠯᠠᠭᠠᠳ ᠬᠠᠷᠠᠭ᠎ᠠ ᠠᠯᠳᠠᠳᠠᠭ᠃ ᠲᠡᠷᠡ ᠮᠦᠷᠲᠡᠭᠡᠨ᠂ ᠬᠡᠳᠦ | ᠣᠶᠢᠷ᠎ᠠ ᠬᠠᠷᠠᠭ᠎ᠠ ᠲᠠᠢ ᠬᠦᠮᠦᠨ ᠤ ᠴᠡᠩᠬᠡᠷ ᠬᠠᠷᠠᠩ ᠪᠣᠯᠬᠤ ᠪᠣᠯᠤᠮᠵᠢ ᠨᠢ ᠡᠩ ᠤᠨ ᠬᠦᠮᠦᠨ ᠤ 3 ᠳᠠᠬᠢᠨ | ᠪᠠᠶᠢᠳᠠᠭ᠃ ᠬᠡᠷᠪᠡ ᠴᠡᠩᠬᠡᠷ ᠬᠠᠷᠠᠩ ᠪᠣᠯᠤᠭᠠᠳ ᠳᠡᠭᠡᠷ᠎ᠡ ᠨᠢ ᠪᠠᠰᠠ ᠴᠠᠭᠠᠨ ᠬᠠᠷᠠᠩ ᠪᠣᠯᠬᠤ ᠶᠤᠮ ᠪᠣᠯ | ᠲᠦᠰᠦᠭᠡᠯᠡᠬᠦᠶᠡ ᠪᠡᠷᠬᠡ ᠪᠠᠶᠢᠳᠠᠯ ᠳᠤ ᠣᠷᠤᠨ᠎ᠠ᠂ ᠡᠶᠢᠮᠦ ᠠᠴᠠ ᠣᠶᠢᠷ᠎ᠠ ᠬᠠᠷᠠᠭᠠᠨ ᠤ ᠬᠦᠨᠳᠦᠷᠡᠯ ᠢ ᠬᠢᠵᠠᠭᠠᠷᠯᠠᠬᠤ | ᠪᠣᠯ ᠵᠠᠩᠭᠢᠯᠠᠭ᠎ᠠ ᠨᠢ ᠶᠤᠮ᠃ | ᠨᠢᠳᠦ ᠶᠢ ᠬᠠᠮᠠᠭᠠᠯᠠᠬᠤ ᠲᠦᠭᠦᠭᠡᠷᠦᠮᠵᠢ ᠤᠳ ᠣᠶᠢᠷ᠎ᠠ ᠬᠠᠷᠠᠭ᠎ᠠ ᠶᠢ ᠨᠡᠮᠳᠡᠭᠤᠯᠵᠦ ᠳᠡᠶᠢᠯᠦᠨ᠎ᠡ ᠦᠦ︖ | ᠨᠢᠳᠦ ᠶᠢ ᠬᠠᠮᠠᠭᠠᠯᠠᠬᠤ ᠲᠦᠭᠦᠭᠡᠷᠦᠮᠵᠢ ᠤᠳ ᠨᠢᠳᠦᠨ ᠤ ᠶᠠᠳᠠᠷᠠᠭ᠎ᠠ ᠶᠢ ᠠᠷᠢᠯᠭᠠᠬᠤ ᠳᠤ ᠵᠣᠬᠢᠬᠤ ᠬᠡᠮᠵᠢᠶᠡᠨ | ᠤ ᠲᠤᠰᠠ ᠪᠣᠯᠤᠨ᠎ᠠ᠂ ᠭᠡᠪᠡᠴᠦ ᠨᠢᠭᠡᠨᠲᠡ ᠣᠶᠢᠷ᠎ᠠ ᠬᠠᠷᠠᠭ᠎ᠠ ᠪᠣᠯᠴᠢᠬᠠᠭᠰᠠᠨ ᠠᠴᠠ ᠰᠡᠭᠦᠯᠡᠷ ᠲᠡᠳᠡᠭᠡᠷ ᠢ ᠬᠡᠷᠡᠭᠯᠡᠬᠦ ᠨᠢ | ᠣᠶᠢᠷ᠎ᠠ ᠬᠠᠷᠠᠭᠠᠨ ᠤ ᠬᠦᠨᠳᠦᠷᠡᠯ ᠳᠤ ᠶᠠᠮᠠᠷ ᠴᠦ ᠲᠤᠰᠠ ᠦᠭᠡᠢ᠃ ᠬᠡᠷᠪᠡ ᠢᠯᠡᠳᠲᠡ ᠰᠠᠶᠢᠵᠢᠷᠠᠭᠤᠯᠤᠶᠡ ᠭᠡᠪᠡᠯ | ᠬᠠᠰᠢ ᠯᠠ ᠢᠯᠡᠭᠦᠬᠡᠨ ᠭᠠᠳᠠᠭᠤᠷ ᠬᠦᠳᠡᠯᠭᠡᠭᠡᠨ ᠬᠢᠭᠰᠡᠨ ᠨᠢ ᠳᠡᠭᠡᠷ᠎ᠡ᠃ | ᠬᠡᠦᠬᠡᠳ ᠤᠨ ᠬᠠᠷᠠᠭ᠎ᠠ ᠬᠡᠳᠦᠢ ᠪᠠᠶᠢᠪᠠᠯ ᠬᠡᠪ ᠤᠨ ᠳᠤ ᠲᠣᠭᠠᠴᠠᠭᠳᠠᠬᠤ ᠪᠤᠢ | ᠬᠡᠦᠬᠡᠳ ᠰᠠᠶ᠋ᠢ ᠲᠦᠷᠦᠬᠦ ᠦᠶ᠎ᠡ ᠳᠤ ᠶᠠᠷᠤ ᠳᠤ ᠪᠠᠨ 2.0~4.0D ᠤᠨ ᠬᠤᠯᠠ ᠬᠠᠷᠠᠭᠠᠨ ᠤ ᠭᠡᠷᠡᠯ | ᠤᠨ ᠨᠤᠭᠤᠷᠠᠯᠲᠠ ᠶᠢᠨ ᠪᠠᠶᠢᠳᠠᠯ ᠳᠤ ᠪᠠᠶᠢᠳᠠᠭ᠂ ᠰᠡᠭᠦᠯᠡᠷ ᠨᠢ᠂ ᠨᠢᠭᠡ ᠰᠠᠷ᠎ᠠ ᠣᠷᠴᠢᠮ ᠤᠨ ᠦᠶ᠎ᠡ ᠳᠤ ᠪᠠᠨ ᠭᠡᠷᠡᠯ | ᠮᠡᠳᠡᠷᠡᠭᠴᠢ ᠬᠠᠷᠠᠭᠠᠨ ᠤ ᠪᠠᠶᠢᠳᠠᠯ ᠲᠠᠢ ᠪᠣᠯᠳᠠᠭ᠃ 3 ᠰᠠᠷ᠎ᠠ ᠲᠠᠢ ᠦᠶ᠎ᠡ ᠳᠤ ᠪᠠᠨ 0.02︔ 1 ᠨᠠᠰᠤ ᠲᠠᠢ ᠳᠤ | ᠪᠠᠨ 0.2︔ 2 ᠨᠠᠰᠤᠨ ᠳᠤ ᠪᠠᠨ 0.4︔ 3 ᠨᠠᠰᠤ ᠲᠠᠢ ᠳᠤ ᠪᠠᠨ 0.6︔ 4 ᠨᠠᠰᠤᠨ ᠳᠤ ᠪᠠᠨ 0.8︔ | 5 ᠨᠠᠰᠤᠨ ᠤ ᠦᠶ᠎ᠡ ᠳᠤ ᠪᠠᠨ 1.0 ᠬᠦᠷᠴᠦ ᠳᠡᠶᠢᠯᠦᠨ᠎ᠡ᠂ ᠳᠠᠷᠤᠢ ᠲᠣᠮᠤ ᠬᠦᠮᠦᠨ ᠤ ᠬᠠᠷᠠᠭ᠎ᠠ ᠲᠠᠢ ᠠᠳᠠᠯᠢ | ᠪᠣᠯᠤᠨ᠎ᠠ᠂ ᠬᠡᠷᠪᠡ ᠡᠨᠡ ᠬᠡᠮᠵᠢᠶᠡᠨ ᠳᠤ ᠬᠦᠷᠦᠭᠡ ᠦᠭᠡᠢ ᠪᠣᠯ ᠡᠮᠨᠡᠯᠭᠡ ᠳᠤ ᠣᠴᠢᠵᠤ ᠪᠠᠶᠢᠴᠠᠭᠠᠯᠭᠠᠭᠰᠠᠨ ᠨᠢ | ᠰᠠᠶᠢᠨ︔ 6 ᠨᠠᠰᠤᠨ ᠤ ᠦᠶ᠎ᠡ ᠳᠤ ᠪᠠᠨ 1.2 ᠬᠦᠷᠴᠦ ᠳᠡᠶᠢᠯᠦᠨ᠎ᠡ᠃ | ᠡᠯᠧᠺᠲᠷᠣᠨ ᠬᠡᠷᠡᠭᠰᠡᠯ ᠪᠣᠯ ᠬᠡᠦᠬᠡᠳ ᠤᠨ ᠣᠶᠢᠷ᠎ᠠ ᠬᠠᠷᠠᠭᠠᠨ ᠤ ᠭᠤᠣᠯ ᠰᠢᠯᠲᠠᠭᠠᠨ | ᠭᠠᠷ ᠤᠲᠠᠰᠤ ᠪᠣᠯᠤᠨ IPAD ᠪᠣᠯ ᠴᠦᠮ ᠣᠶᠢᠷ᠎ᠠ ᠵᠠᠢ ᠳᠤ ᠬᠡᠷᠡᠭᠯᠡᠬᠦ ᠬᠡᠷᠡᠭᠰᠡᠯ ᠪᠤᠯᠤᠨ᠎ᠠ᠂ ᠬᠡᠷᠪᠡ | ᠬᠡᠦᠬᠡᠳ ᠤᠷᠲᠤ ᠬᠤᠭᠤᠴᠠᠭ᠎ᠠ ᠪᠠᠷ ᠣᠶᠢᠷ᠎ᠠ ᠵᠠᠢ ᠠᠴᠠ ᠶᠠᠭᠤᠮ᠎ᠠ ᠰᠢᠷᠲᠡᠬᠦ ᠳᠤ ᠬᠦᠷᠪᠡᠯ ᠲᠡᠭᠦᠨ ᠤ ᠬᠠᠷᠠᠭ᠎ᠠ | ᠦᠷᠬᠦᠯᠵᠢᠯᠡᠨ ᠪᠠᠴᠢᠮ ᠪᠠᠶᠢᠳᠠᠯ ᠳᠤ ᠪᠠᠶᠢᠳᠠᠭ ᠠᠴᠠ ᠣᠬᠤᠷ ᠬᠤᠭᠤᠴᠠᠭᠠᠨ ᠤ ᠬᠠᠷᠠᠭ᠎ᠠ ᠮᠠᠭᠤᠲᠠᠯ ᠳᠤ ᠣᠷᠤᠳᠠᠭ | ᠂ ᠳᠠᠷᠤᠢ ︽ᠬᠠᠭᠤᠷᠮᠠᠭ ᠣᠶᠢᠷ᠎ᠠ ᠬᠠᠷᠠᠭ᠎ᠠ︾ ᠪᠤᠯᠤᠨ᠎ᠠ᠃ ᠬᠡᠷᠪᠡ ᠡᠶᠢᠮᠦᠷᠬᠦᠦ ᠪᠠᠶᠢᠳᠠᠯ ᠢ ᠴᠠᠭ ᠲᠤᠬᠠᠢ ᠳᠤ ᠨᠢ | ᠵᠠᠯᠠᠷᠠᠭᠤᠯᠬᠤ ᠦᠭᠡᠢ ᠪᠣᠯ ᠡᠴᠦᠰ ᠲᠤ ᠪᠠᠨ ᠵᠢᠩᠬᠢᠨᠢ ᠣᠶᠢᠷ᠎ᠠ ᠬᠠᠷᠠᠭ᠎ᠠ ᠪᠣᠯᠳᠠᠭ᠃ | ᠠᠮᠠᠷᠬᠠᠨ ᠤᠮᠳᠠᠭᠠᠶᠢᠯᠠᠭᠳᠠᠳᠠᠭ 4 ᠶᠡᠭᠡ ᠬᠠᠷᠠᠭᠠᠨ ᠤ ᠳᠡᠯᠳᠡ ᠶᠠᠷᠭᠠᠴᠢᠨ | 1. ᠰᠢᠬᠢᠷᠯᠢᠭ ᠢᠳᠡᠬᠡᠨ᠃ ᠶᠡᠭᠡ ᠬᠡᠮᠵᠢᠶᠡᠨ ᠤ ᠰᠢᠬᠢᠷ ᠠᠭᠤᠯᠠᠭᠳᠠᠬᠤ ᠢᠳᠡᠬᠡᠨ ᠢ ᠬᠡᠳᠦ ᠠᠷᠪᠢᠨ ᠢᠳᠡᠬᠦ | ᠨᠢ ᠶᠠᠭ ᠪᠣᠶᠢᠵᠢᠵᠤ ᠪᠠᠶᠢᠭ᠎ᠠ ᠨᠢᠳᠦᠨ ᠴᠡᠴᠡᠬᠡᠢ ᠶᠢᠨ ᠭᠠᠳᠠᠷ ᠬᠠᠨ᠎ᠠ ᠶᠢᠨ ᠤᠭᠤᠷᠠᠭᠲᠤ ᠪᠦᠷᠬᠦᠪᠴᠢ ᠶᠢᠨ | ᠬᠠᠷᠢᠮᠠᠬᠠᠢ ᠴᠢᠨᠠᠷ ᠢ ᠳᠣᠷᠣᠭᠰᠢᠯᠠᠭᠤᠯᠳᠠᠭ ᠠᠴᠠ ᠨᠢᠳᠦᠨ ᠴᠡᠴᠡᠬᠡᠢ ᠠᠮᠠᠷᠬᠠᠨ ᠰᠣᠯᠠᠷᠠᠳᠠᠭ᠂ ᠡᠭᠦᠨ ᠤ ᠤᠯᠠᠮ | ᠠᠴᠠ ᠣᠶᠢᠷ᠎ᠠ ᠬᠠᠷᠠᠭ᠎ᠠ ᠪᠣᠯᠳᠠᠭ᠃ | 2. ᠨᠢᠳᠦ ᠪᠠᠨ ᠬᠡᠲᠦᠷᠬᠡᠢ ᠶᠡᠭᠡ ᠬᠡᠷᠡᠭᠯᠡᠬᠦ᠃ ᠣᠯᠠᠩᠬᠢ ᠬᠡᠦᠬᠡᠳ ᠤᠷᠲᠤ ᠬᠤᠭᠤᠴᠠᠭ᠎ᠠ ᠪᠠᠷ ᠦᠰᠦᠭ | ᠪᠢᠴᠢᠬᠦ᠂ ᠵᠢᠷᠤᠭ ᠵᠢᠷᠤᠬᠤ᠂ ᠲᠡᠭᠦᠯᠳᠡᠷ ᠬᠦᠭᠵᠢᠮ ᠰᠤᠷᠬᠤ ᠵᠡᠷᠭᠡ ᠠᠴᠠ ᠪᠣᠯᠵᠤ ᠬᠠᠷᠠᠭ᠎ᠠ ᠪᠠᠨ ᠭᠡᠮᠲᠦᠭᠡᠳᠡᠭ᠃ | 3. ᠡᠯ᠎ᠡ ᠵᠦᠢᠯ ᠣᠨᠨᠢᠳᠦᠨ ᠤ ᠭᠠᠳᠠᠷ ᠰᠢᠷᠬ᠎ᠠ᠃ ᠬᠡᠦᠬᠡᠳ ᠤᠳ ᠳᠡᠭᠵᠢᠨ ᠠᠯᠢᠶ᠎ᠠ ᠬᠦᠳᠡᠯᠦᠮᠲᠡᠭᠡᠢ | ᠪᠠᠶᠢᠳᠠᠭ ᠠᠴᠠ ᠠᠮᠠᠷᠬᠠᠨ ᠡᠯ᠎ᠡ ᠵᠦᠢᠯ ᠤᠨ ᠭᠠᠳᠠᠷ ᠰᠢᠷᠬ᠎ᠠ ᠣᠯᠳᠠᠭ᠃ ᠡᠨᠡ ᠨᠢ ᠨᠢᠳᠦᠨ ᠤ ᠪᠦᠲᠦᠴᠡ ᠶᠢ | ᠡᠪᠳᠡᠵᠦ᠂ ᠴᠢᠨᠠᠭᠰᠢᠯᠠᠭᠠᠳ ᠨᠢᠳᠦᠨ ᠤ ᠦᠷᠪᠢᠰᠦᠯ ᠢ ᠡᠭᠦᠰᠬᠡᠨ᠂ ᠡᠴᠦᠰ ᠲᠤ ᠬᠠᠷᠠᠭ᠎ᠠ ᠶᠢ ᠭᠡᠮᠲᠦᠭᠡᠳᠡᠭ᠃ ᠡᠯ᠎ᠡ | ᠵᠦᠢᠯ ᠤᠨ ᠬᠦᠴᠢᠯᠯᠢᠭ ᠱᠦᠯᠲᠦᠯᠢᠭ ᠴᠢᠨᠠᠷ ᠲᠠᠢ ᠬᠢᠮᠢ ᠶᠢᠨ ᠪᠤᠳᠠᠰ ᠢ ᠬᠢᠴᠢᠶᠡᠮᠵᠢ ᠦᠭᠡᠢ ᠠᠴᠠ ᠨᠢᠳᠦᠨ ᠳᠤ | ᠪᠠᠨ ᠣᠷᠤᠭᠤᠯᠪᠠᠯ ᠬᠢᠮᠢ ᠶᠢᠨ ᠰᠢᠲᠠᠭᠳᠠᠯ ᠰᠢᠷᠬ᠎ᠠ ᠪᠣᠯᠵᠤ᠂ ᠬᠠᠷᠠᠭ᠎ᠠ ᠶᠢ ᠬᠦᠨᠳᠦ ᠨᠣᠴᠢᠲᠠᠢ ᠨᠦᠯᠦᠭᠡᠯᠡᠳᠡᠭ᠃ | 4. ᠡᠯ᠎ᠡ ᠵᠦᠢᠯ ᠤᠨ ᠲᠦᠷᠦᠯᠬᠢ ᠨᠢᠳᠦᠨ ᠤ ᠡᠪᠡᠳᠴᠢᠨ᠃ ᠵᠢᠱᠢᠶᠡᠯᠡᠪᠡᠯ᠄ ᠲᠦᠷᠦᠯᠬᠢ ᠴᠠᠭᠠᠨ ᠬᠠᠷᠠᠩ᠂ | ᠡᠷᠲᠡ ᠬᠦᠩᠭᠡᠵᠢᠭᠰᠡᠨ ᠬᠡᠦᠬᠡᠳ ᠤᠨ ᠨᠢᠳᠦᠨ ᠤ ᠲᠣᠣᠷᠯᠢᠭ ᠪᠦᠷᠬᠦᠪᠴᠢ ᠶᠢᠨ ᠡᠪᠡᠳᠴᠢᠨ᠂ ᠬᠦᠨᠳᠦ ᠨᠣᠴᠢᠲᠡᠢ | ᠭᠡᠷᠡᠯ ᠤᠨ ᠨᠤᠭᠤᠷᠠᠯᠲᠠ ᠲᠡᠭᠰᠢ ᠪᠣᠰᠤ ᠵᠡᠷᠭᠡ᠂ ᠬᠡᠷᠪᠡ ᠡᠷᠲᠡᠨ ᠠᠴᠠ ᠨᠢ ᠵᠠᠰᠠᠬᠤ ᠦᠭᠡᠢ ᠪᠣᠯ ᠬᠡᠦᠬᠡᠳ ᠤᠨ | ᠬᠠᠷᠠᠭᠠᠨ ᠤ ᠲᠣᠣᠷᠯᠢᠭ ᠪᠦᠷᠬᠦᠪᠴᠢ ᠶᠢᠨ ᠪᠣᠶᠢᠵᠢᠯᠲᠠ ᠶᠢᠨ ᠰᠢᠵᠢᠷ ᠠᠯᠲᠠᠨ ᠴᠠᠭ ᠢ ᠠᠯᠳᠠᠭᠰᠠᠨ ᠠᠴᠠ ᠬᠠᠷᠠᠭ᠎ᠠ | ᠮᠠᠭᠤᠲᠠᠢ ᠪᠣᠯᠵᠤ᠂ ᠵᠠᠯᠠᠷᠠᠭᠤᠯᠬᠤ ᠠᠷᠭ᠎ᠠ ᠦᠭᠡᠢ ᠠᠯᠳᠠᠭ᠎ᠠ ᠪᠣᠯᠤᠨ᠎ᠠ᠃ | | | | | | |