ᠪᠠᠶᠠᠨᠴᠠᠭᠠᠨ ᠰᠣᠮᠣ ︽ᠲᠠᠯ᠎ᠠ ᠨᠣᠳᠤᠭ ᠤᠨ ᠬᠦᠪᠡᠭᠦᠳ ᠦᠬᠢᠳ ᠨᠠᠮ ᠲᠠᠢ ᠪᠠᠨ ᠰᠡᠳᠬᠢᠯ ᠨᠢᠭᠡᠳᠡᠢ︾ ᠲᠣᠰᠬᠠᠢ ᠰᠡᠳᠦᠪᠲᠦ ᠨᠠᠮ ᠤᠨ ᠬᠢᠴᠢᠶᠡᠯ ᠤᠨ ᠰᠣᠷᠣᠯᠴᠠᠯᠭ᠎ᠠ ᠶᠢᠨ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2017/9/27
     9 ᠰᠠᠷ᠎ᠠ ᠶᠢᠨ 22 ᠤᠨ ᠡᠳᠦᠷ᠂  ᠪᠠᠶᠠᠨᠴᠠᠭᠠᠨ ᠰᠣᠮᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ   ᠨᠢ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ 70 ᠵᠢᠯ ᠤᠨ ᠣᠢ ᠶᠢᠨ ᠪᠠᠶᠠᠷ ᠢ ᠪᠡᠯᠭᠡᠯᠡᠵᠦ᠂ ᠰᠢ ᠶᠢᠨ ᠫᠢᠩ ᠨᠦᠬᠦᠷ ᠤᠨ ᠰᠢᠷᠢᠰ ᠴᠢᠬᠤᠯᠠ ᠶᠠᠷᠢᠶ᠎ᠠ ᠶᠢᠨ ᠵᠣᠷᠢᠭ ᠰᠠᠨᠠᠭ᠎ᠠ ᠶᠢ ᠭᠦᠨᠵᠡᠭᠡᠢ ᠰᠣᠷᠣᠯᠴᠠᠨ ᠲᠣᠣᠱᠯᠠᠭᠤᠯᠵᠣ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠠᠮᠵᠢᠯᠲᠠ ᠲᠠᠢ ᠬᠤᠷᠯᠳᠣᠬᠤ ᠶᠢ ᠪᠠᠶᠠᠷᠯᠠᠨ ᠣᠭᠳᠣᠬᠤ ᠶᠢᠨ ᠲᠦᠯᠦᠭᠡ᠂ ︽ᠲᠠᠯ᠎ᠠ ᠨᠣᠳᠤᠭ ᠤᠨ ᠬᠦᠪᠡᠭᠦᠳ ᠦᠬᠢᠳ ᠨᠠᠮ ᠲᠠᠢ ᠪᠠᠨ ᠰᠡᠳᠬᠢᠯ ᠨᠢᠭᠡᠳᠡᠢ︾ ᠲᠣᠰᠬᠠᠢ ᠰᠡᠳᠦᠪᠲᠦ ᠨᠠᠮ ᠤᠨ ᠬᠢᠴᠢᠶᠡᠯ ᠤᠨ ᠰᠣᠷᠣᠯᠴᠠᠯᠭ᠎ᠠ ᠶᠢᠨ ᠠᠵᠢᠯᠯᠠᠭ᠎ᠠ ᠦᠷᠨᠢᠭᠦᠯᠪᠡ᠃      ᠰᠣᠮᠣᠨ ᠤ ᠨᠠᠮ ᠤᠨ ᠬᠤᠷᠢᠶ᠎ᠠ ᠶᠢᠨ ᠣᠬᠠᠭᠤᠯᠬᠤ ᠬᠡᠰᠢᠭᠦᠨ ᠪᠠ ᠰᠣᠮᠣᠨ ᠤ ᠪᠠᠶᠢᠭᠤᠯᠣᠯᠭ᠎ᠠ ᠶᠢᠨ ᠨᠠᠮ ᠤᠨ ᠡᠭᠦᠷ ᠤᠨ ᠬᠠᠷᠢᠭᠤᠴᠠᠯᠭᠠᠳᠠᠨ ᠠᠴᠠ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ  ᠠᠴᠠ ᠨᠠᠰᠢᠬᠢ ᠪᠠᠶᠠᠨᠴᠠᠭᠠᠨ ᠰᠣᠮᠣᠨ ᠤᠨ ᠡᠯ᠎ᠡ ᠲᠠᠯ᠎ᠠ ᠶᠢᠨ ᠠᠵᠢᠯ ᠳᠠᠬᠢ ᠬᠢᠯᠠᠯᠵᠠᠭᠰᠠᠨ ᠠᠮᠵᠢᠯᠲᠠ ᠶᠢ ᠪᠦᠬᠦ ᠲᠠᠯ᠎ᠠ  ᠪᠠᠷ ᠰᠢᠰᠲ᠋ᠧᠮ ᠲᠠᠢ ᠲᠠᠶᠢᠯᠪᠣᠷᠢᠯᠠᠨ ᠲᠠᠨᠢᠯᠴᠠᠭᠤᠯᠵᠣ᠂ ᠠᠵᠢᠯᠯᠠᠭᠠᠨ ᠳᠤ ᠣᠷᠣᠯᠴᠠᠭᠰᠠᠨ ᠪᠦᠬᠦ ᠺᠠᠳ᠋ᠷ ᠠᠵᠢᠯᠲᠠᠳ  ᠲᠤ ᠲᠠᠯ᠎ᠠ ᠨᠣᠳᠤᠭ ᠤᠨ ᠦᠨᠢ ᠣᠳᠠᠭᠠᠨ ᠰᠣᠶᠣᠯ ᠲᠡᠤᠭᠡ ᠪᠠ ᠦᠨᠳᠦᠰᠦᠳᠡᠨ ᠤ ᠪᠦᠯᠬᠦᠮᠳᠡᠯ ᠤᠨ ᠰᠠᠶᠢᠨ ᠰᠠᠶᠢᠬᠠᠨ ᠪᠠᠶᠢᠳᠠᠯ ᠢ ᠬᠦᠢᠴᠡᠳ ᠲᠠᠨᠢᠭᠤᠯᠵᠣ᠂ ᠣᠯᠠᠮ ᠰᠠᠶᠢᠨ ᠢᠶᠠᠷ ᠴᠢᠷᠮᠠᠶᠢᠨ ᠠᠵᠢᠯᠯᠠᠵᠣ᠂ ᠡᠯ᠎ᠡ ᠠᠵᠢᠯ ᠤᠨ ᠹᠠᠷᠣᠨᠲ ᠲᠤ ᠠᠮᠵᠢᠯᠲᠠ ᠭᠠᠷᠭᠠᠬᠤ ᠳᠤ ᠢᠳᠡᠭᠡᠯ ᠣᠯᠭᠤᠭᠰᠠᠨ ᠪᠠᠶᠢᠨ᠎ᠠ᠃ ︵ᠡᠩᠬᠡ ᠮᠡᠳᠡᠭᠡᠯᠡᠪᠡ︶
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号