ᠲᠠᠷᠢᠶᠠᠯᠠᠩ ᠤᠨ ᠡᠷᠦᠭᠡ ᠠᠮᠠ ᠶᠢᠨ ᠲᠠᠩᠰᠠ ᠶᠢ ᠦᠭᠡᠶᠢᠰᠭᠡᠭᠰᠡᠨ ᠤ ᠲᠠᠷᠠᠭ᠎ᠠ ᠲᠠᠷᠢᠶᠠᠴᠢᠳ ᠲᠤ ᠶᠠᠮᠠᠷ ᠨᠦᠯᠦᠭᠡ ᠪᠤᠯᠳᠠᠭ ᠪᠤᠯ⁈
ᠨᠡᠶᠢᠲᠡᠯᠡᠭᠰᠡᠨ ᠴᠠᠭ᠄
2017/12/27
       ᠤᠢᠢᠷ᠎ᠠ ᠳᠤ᠂ ᠡᠷᠦᠭᠡ ᠠᠮᠠ ᠶᠢᠨ ᠳᠠᠩᠰᠠ ᠶᠢᠨ ᠦᠭᠡᠷᠡᠴᠢᠯᠡᠯᠳᠡ ᠶᠢᠨ ᠡᠷᠴᠢᠮᠳᠠᠢ ᠶᠠᠪᠤᠬᠳᠠᠬᠤ ᠶᠢ ᠳᠠᠭᠠᠯᠳᠤᠨ ᠲᠠᠷᠢᠶᠠᠯᠠᠩ ᠤᠨ ᠡᠷᠦᠭᠡ ᠠᠮᠠ ᠶᠢᠨ ᠳᠠᠩᠰᠠ ᠶᠢ ᠦᠬᠡᠶᠢᠰᠬᠡᠬᠦ ᠲᠤᠬᠠᠢ ᠤᠢᠢᠯᠠᠭᠠᠵᠤ ᠮᠡᠳᠡᠭᠦ ᠪᠠᠷ ᠠᠰᠠᠭᠤᠵᠤ ᠯᠠᠪᠯᠠᠳᠠᠭ ᠳᠠᠷᠢᠶᠠᠴᠢᠳ ᠴᠤ ᠤᠯᠠᠰᠢᠷᠡᠪᠡ᠃ ᠲᠡᠭᠡᠪᠡᠯ᠂ ᠳᠠᠷᠢᠶᠠᠯᠠᠩ ᠤᠨ ᠡᠷᠦᠭᠡ ᠠᠮᠠ ᠶᠠᠮᠠᠷᠰᠢᠤ ᠰᠠᠶᠢᠨ ᠳᠠᠯ᠎ᠠ ᠲᠠᠢ ᠪᠤᠢ  ︖ ᠶᠠᠭᠠᠬᠢᠭᠠᠳ ᠦᠬᠡᠶᠢᠰᠬᠡᠬᠦ ᠭᠡᠵᠦ ᠪᠠᠶᠢᠬᠤ ᠪᠤᠢ  ︖ ᠡᠬᠦᠨ ᠢ ᠳᠤᠷᠠᠳᠬᠤ ᠳᠤ ᠭᠠᠵᠠᠷ ᠰᠢᠷᠤᠢ ᠶᠢᠨ ᠦᠮᠴᠢᠯᠡᠯ ᠤᠨ ᠡᠷᠭᠡ ᠶᠢ ᠳᠤᠳᠤᠯᠠᠬᠤ ᠶᠢ ᠳᠤᠷᠠᠳᠬᠤ ᠦᠭᠡᠢ ᠪᠠᠶᠢᠬᠤ ᠶᠢᠨ ᠠᠷᠭ᠎ᠠ ᠦᠭᠡᠢ᠂ ᠤᠴᠢᠷ ᠨᠢ ᠶᠠᠬ ᠡᠨᠡᠬᠦ ᠭᠠᠵᠠᠷ ᠰᠢᠷᠤᠢ ᠶᠢᠨ ᠦᠮᠴᠢᠯᠡᠯ ᠤᠨ ᠡᠷᠭᠡ ᠶᠢ ᠳᠤᠳᠤᠯᠠᠬᠤ ᠠᠬᠢᠴᠠ ᠨᠢ ᠬᠦᠳᠡᠭᠡ ᠳᠤᠰᠬᠤᠨ ᠤ ᠭᠠᠵᠠᠷ ᠰᠢᠷᠤᠢ ᠶᠢᠨ ᠦᠨ᠎ᠡ ᠦᠷᠲᠡᠭ ᠢ ᠶᠡᠭᠡᠪᠡᠷ ᠲᠡᠭᠡᠭᠰᠢᠯᠡᠬᠦᠯᠵᠦ᠂ ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠴᠤ ᠭᠠᠵᠠᠷ ᠰᠢᠷᠤᠢ ᠶᠢ ᠳᠠᠭᠠᠯᠳᠤᠨ ᠦᠨ᠎ᠡ ᠬᠦᠷᠬᠦ ᠨᠢ ᠵᠠᠶᠢᠯᠠᠰᠢ ᠦᠭᠡᠢ᠃ ᠭᠠᠵᠠᠷ ᠰᠢᠷᠤᠢ ᠶᠢᠨ ᠦᠮᠴᠢᠯᠡᠯ ᠤᠨ ᠡᠷᠭᠡ ᠶᠢ ᠳᠤᠳᠤᠯᠠᠬᠤ ᠨᠢ ᠭᠠᠵᠠᠷ ᠰᠢᠷᠤᠢ ᠳᠠᠷᠢᠶᠠᠴᠢᠳ ᠤᠨ ︽ᠳᠤᠭᠳᠠᠮᠠᠯ ᠬᠦᠷᠦᠩᠭᠡ︾ ᠪᠤᠯᠵᠤ᠂ ᠳᠠᠷᠢᠶᠠᠴᠢᠳ ᠡᠬᠦᠨ ᠠᠴᠠ ᠬᠤᠶᠢᠰᠢ ᠭᠠᠵᠠᠷ ᠰᠢᠷᠤᠢ ᠶᠢᠨ ᠦᠨᠡᠨᠬᠦ ᠡᠵᠡᠨ ᠨᠢ ᠪᠤᠯᠤᠯ᠎ᠠ ᠭᠡᠰᠡᠨ ᠦᠭᠡ᠃ ᠡᠬᠦᠨ ᠤ ᠬᠠᠮᠳᠤ ᠳᠠᠷᠢᠶᠠᠴᠢᠳ ᠤᠨ ᠬᠦᠷᠦᠩᠭᠡ ᠴᠤ ᠨᠡᠩ ᠬᠦᠴᠦᠨ ᠲᠠᠢ ᠬᠠᠤᠯᠢ ᠴᠠᠭᠠᠵᠠ ᠶᠢᠨ ᠬᠠᠮᠠᠭᠠᠯᠠᠯᠳᠠ ᠬᠦᠷᠳᠡᠵᠦ᠂ ᠵᠠᠰᠠᠭ ᠤᠨ ᠤᠷᠳᠤᠨ ᠠᠴᠠ ᠭᠠᠵᠠᠷ ᠢ ᠨᠢ ᠳᠠᠳᠠᠪᠤᠷᠢᠯᠠᠭᠰᠠᠨ ᠴᠤ ᠳᠠᠷᠢᠶᠠᠴᠢᠳ ᠤᠨ ᠵᠦᠪᠰᠢᠶᠡᠷᠡᠯ ᠢ ᠤᠯᠬᠤ ᠭᠡᠷᠡᠭᠳᠡᠢ  ︔ ᠭᠠᠵᠠᠷ ᠰᠢᠷᠤᠢ ᠶᠢᠨ ᠡᠵᠡᠩᠨᠡᠯᠳᠠ ᠶᠢᠨ ᠡᠷᠬᠡ ᠶᠢ ᠰᠢᠯᠵᠢᠭᠦᠯᠭᠦ ᠳᠡᠭᠡᠨ ᠴᠤ ᠨᠡᠩ ᠰᠠᠨᠠᠭ᠎ᠠ ᠠᠮᠤᠷ ᠪᠤᠯᠵᠤ᠂ ᠦᠮᠴᠢᠯᠡᠯ ᠤᠨ ᠡᠷᠭᠡ ᠪᠠᠨ ᠳᠤᠳᠤᠯᠠᠭᠤᠯᠤᠭᠰᠠᠨ ᠭᠠᠵᠠᠷ ᠢᠶᠠᠷ ᠢᠶᠠᠨ ᠪᠠᠰᠠ ᠬᠦᠷᠦᠩᠭᠡ ᠪᠤᠯᠭᠠᠨ ᠪᠠᠷᠢᠴᠠᠭᠠᠯᠠᠨ ᠵᠢᠭᠡᠯᠡᠯᠭᠡ ᠠᠪᠴᠤ ᠪᠤᠯᠬᠤ ᠳᠤᠯᠠ ᠳᠠᠷᠢᠶᠠᠴᠢᠳ ᠤᠨ ᠦᠢᠯᠡᠳᠪᠦᠷᠢᠯᠡᠯ ᠤᠨ ᠭᠡᠪᠴᠢᠶᠠᠵᠢᠶᠠᠯ ᠢᠶᠠᠨ ᠦᠷᠭᠡᠳᠭᠡᠭᠦ ᠳᠤ ᠪᠡᠯᠡ ᠮᠦᠩᠬᠦ ᠬᠦᠷᠦᠯᠴᠡᠬᠦ ᠦᠭᠡᠢ ᠠᠰᠠᠭᠤᠳᠠᠯ ᠢ ᠰᠢᠢᠳᠪᠦᠷᠢᠯᠡᠬᠦ ᠳᠤ ᠠᠰᠢᠭᠳᠠᠢ᠃ ᠡᠶᠢᠮᠦ ᠠᠴᠠ ᠳᠠᠷᠢᠶᠠᠴᠢᠳ ᠲᠤ ᠠᠰᠢᠬ ᠲᠠᠢ ᠲᠠᠯ ᠎ᠠ ᠤᠯᠠᠨ ᠪᠤᠢ᠃       ᠨᠢᠭᠡ᠂ ᠳᠠᠭᠠᠭᠠᠴᠢᠯᠠᠭᠰᠠᠨ ᠭᠠᠵᠠᠷ ᠪᠠ ᠬᠡᠷ ᠪᠠᠶᠢᠰᠢᠩ ᠤᠨ ᠰᠠᠭᠤᠷᠢ ᠶᠢᠨ ᠭᠠᠵᠠᠷ ᠳᠠᠷᠢᠶᠠᠴᠢᠳ ᠳᠠᠭᠠᠭᠠᠴᠢᠯᠠᠭᠰᠠᠨ ᠭᠠᠵᠠᠷ ᠲᠠᠭᠠᠨ ᠳᠠᠷᠢᠵᠤ ᠤᠷᠭᠤᠭᠤᠯᠤᠨ ᠡᠯ᠎ᠡ ᠵᠦᠢᠯ ᠤᠨ ᠨᠦᠬᠦᠪᠦᠷᠢ ᠤᠯᠬᠤ ᠮᠦᠷᠲᠡᠭᠡᠨ ᠬᠡᠷ ᠪᠠᠶᠢᠰᠢᠩ ᠤᠨ ᠰᠠᠭᠤᠷᠢ ᠶᠢᠨ ᠭᠠᠵᠠᠷ ᠲᠡᠭᠡᠷ᠎ᠡ ᠪᠠᠨ ᠭᠡᠷ ᠪᠠᠷᠢᠵᠤ ᠪᠤᠯᠤᠨ᠎ᠠ᠃       ᠤᠳᠤ ᠨᠡᠯᠢᠶᠡᠳ ᠤᠯᠠᠨ ᠬᠦᠳᠡᠭᠡ ᠶᠢᠨ ᠬᠦᠮᠦᠨ ᠭᠤᠶᠤ ᠭᠡᠭᠡᠨᠴᠢᠷ ᠠᠰᠠᠷ᠂ ᠵᠤᠰᠠᠯᠠᠩ ᠪᠠᠷᠢᠵᠤ᠂ ᠭᠡᠭᠦ ᠳᠡᠭᠡᠨ ᠵᠦᠪᠭᠡᠨ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠲᠠᠢ ᠬᠦᠮᠦᠨ ᠯᠡ ᠦᠪᠡᠰᠦᠪᠠᠨ ᠭᠡᠷ ᠪᠠᠷᠢᠵᠤ ᠪᠤᠯᠤᠨ᠎ᠠ᠂ ᠬᠤᠳᠠ ᠶᠢᠨ ᠡᠷᠦᠭᠡ ᠠᠮᠠ ᠶᠢᠨ ᠳᠠᠩᠰᠠ ᠲᠠᠢ ᠬᠦᠮᠦᠨ ᠬᠦᠳᠡᠭᠡ ᠳᠤᠰᠬᠤᠨ ᠠᠴᠠ ᠭᠠᠵᠠᠷ ᠬᠤᠳᠠᠯᠳᠤᠨ ᠠᠪᠤᠭᠠᠳ ᠪᠠᠷᠢᠵᠤ ᠪᠤᠯᠬᠤ ᠦᠭᠡᠢ ᠪᠠᠶᠢᠳᠠᠭ᠃ ᠵᠠᠩᠬᠢᠯᠠᠭ᠎ᠠ ᠨᠢ ᠦᠪᠡᠰᠦᠪᠡᠨ ᠭᠡᠷ ᠪᠠᠷᠢᠬᠤ ᠨᠢ ᠳᠠᠮᠠᠢ ᠵᠤᠭᠤᠰ ᠵᠠᠷᠤᠴᠠᠭᠤᠯᠬᠤ ᠦᠭᠡᠢ᠂ ᠡᠩ ᠤᠨ ᠪᠠᠶᠢᠳᠠᠯ ᠳᠤ ᠬᠤᠳᠠ ᠳᠤ ᠠᠰᠠᠷ ᠠᠪᠬᠤ ᠳᠤ ᠠᠩᠬ᠎ᠠ ᠵᠠᠷᠤᠴᠠᠭᠤᠯᠬᠤ ᠮᠦᠩᠬᠦ ᠪᠠᠷ ᠬᠦᠳᠡᠭᠡ ᠳᠤᠰᠬᠤᠨ ᠳᠤ ᠰᠠᠶᠢᠬᠠᠨ ᠨᠢᠭᠡ ᠭᠡᠷ ᠪᠠᠷᠢᠵᠤ ᠳᠠᠶᠢᠯᠦᠨ᠎ᠡ᠃ ᠭᠡᠷᠪᠡ ᠲᠡᠨ ᠤ ᠭᠠᠵᠠᠷ ᠰᠢᠷᠤᠢ ᠴᠢᠨᠢ ᠬᠤᠳᠠ ᠶᠢᠨ ᠤᠢᠢᠷ᠎ᠠ ᠲᠡᠬᠦᠷᠭᠡ ᠪᠤᠶᠤ ᠵᠠᠮ ᠬᠠᠷᠢᠯᠴᠠᠭᠠᠨ‌‍ᠤ ᠪᠦᠳᠦᠭᠡᠨ ᠪᠠᠶᠢᠭᠤᠯᠤᠯᠳᠠ ᠶᠢᠨ ᠴᠢᠬᠤᠯᠠ ᠭᠠᠵᠠᠷ ᠪᠠᠶᠢᠪᠠᠯ ᠭᠠᠵᠠᠷ ᠰᠢᠷᠤᠢ ᠶᠢᠨ ᠦᠷᠲᠡᠭ ᠨᠡᠮᠡᠭᠳᠡᠬᠦ ᠶᠢ ᠬᠦᠯᠢᠶᠡᠭᠡᠳ ᠰᠠᠭᠤᠪᠠᠯ ᠤᠳᠠᠯ ᠦᠭᠡᠢ ᠶᠡᠭᠡ ᠬᠦᠷᠦᠩᠬᠡ ᠲᠠᠢ ᠴᠤ ᠪᠤᠯᠴᠢᠬᠠᠬᠤ ᠮᠠᠭᠠᠳ᠃       ᠬᠤᠶᠠᠷ᠂ ᠭᠠᠵᠠᠷ ᠰᠢᠷᠤᠢ ᠳᠠᠳᠠᠪᠤᠷᠢᠯᠠᠬᠰᠠᠨ ᠲᠦᠯᠦᠪᠦᠷᠢ ᠬᠦᠳᠡᠭᠡ ᠳᠤᠰᠬᠤᠨ ᠳᠤ ᠡᠷᠦᠭᠡ ᠠᠮᠠ ᠶᠢᠨ ᠳᠠᠩᠰᠠ ᠲᠠᠢ ᠪᠤᠯ ᠳᠠᠷᠢᠶᠠᠴᠢᠳ ᠤᠨ ᠬᠠᠮᠳᠤ ᠶᠢᠨ ᠦᠮᠴᠢᠯᠡᠯ ᠤᠨ ᠭᠠᠵᠠᠷ ᠰᠢᠷᠤᠢ ᠶᠢ ᠳᠠᠳᠠᠪᠤᠷᠢᠯᠠᠬᠤ ᠪᠤᠶᠤ ᠳᠠᠳᠠᠪᠤᠷᠢᠯᠠᠨ ᠭᠡᠷᠡᠭᠯᠡᠪᠡᠯ ᠤᠯᠤᠰ ᠠᠴᠠ ᠳᠤᠭᠳᠠᠭᠠᠯ ᠶᠤᠰᠤᠭᠠᠷ ᠳᠠᠷᠢᠶᠠᠴᠢᠳ ᠲᠤ ᠭᠠᠵᠠᠷ ᠰᠢᠷᠤᠢ ᠶᠢ ᠳᠠᠳᠠᠪᠤᠷᠢᠯᠠᠭᠰᠠᠨ ᠲᠦᠯᠦᠪᠦᠷᠢ ᠤᠯᠭᠤᠨ᠎ᠠ᠃       ᠭᠤᠷᠪᠠ᠂ ᠬᠠᠮᠳᠤ ᠶᠢᠨ ᠡᠷᠭᠡ ᠠᠰᠢᠬ ᠢ ᠬᠤᠪᠢᠶᠠᠯᠴᠠᠬᠤ ᠡᠷᠭᠡ ᠲᠠᠢ ᠵᠠᠷᠢᠮ ᠭᠠᠵᠠᠷ ᠤᠷᠤᠠ ᠬᠠᠮᠳᠤ ᠶᠢᠨ ᠠᠰᠢᠭ ᠤᠯᠵᠠᠪᠤᠷᠢ ᠪᠠᠨ ᠬᠤᠪᠢᠶᠠᠯᠴᠠᠳᠠᠭ᠂ ᠳᠠᠷᠤᠢ ᠭᠠᠵᠠᠷ ᠰᠢᠷᠤᠢ ᠵᠡᠷᠭᠡ ᠬᠠᠮᠳᠤ ᠶᠢᠨ ᠠᠵᠤ ᠠᠬᠤᠢ ᠶᠢᠨ ᠠᠰᠢᠬ ᠤᠯᠵᠠᠪᠤᠷᠢ ᠪᠠᠨ ᠬᠤᠪᠢᠶᠠᠯᠴᠠᠵᠤ ᠪᠤᠢ᠂ ᠳᠤᠰᠬᠤᠨ ᠤ ᠬᠢ ᠮᠦᠷᠲᠡᠭᠡᠨ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠲᠠᠢ ᠯᠠ ᠪᠤᠯ ᠡᠷᠡᠭᠳᠡᠢ ᠡᠮᠡᠭᠳᠡᠢ ᠬᠦᠭᠰᠢᠨ ᠵᠠᠯᠠᠭᠤ ᠭᠡᠰᠡᠨ ᠦᠭᠡᠢ ᠴᠦᠮ ᠠᠰᠢᠭ ᠤᠯᠵᠠᠪᠤᠷᠢ ᠬᠤᠪᠢᠶᠠᠯᠴᠠᠵᠤ ᠪᠤᠯᠤᠨ᠎ᠠ᠂ ᠭᠡᠷᠪᠡ ᠡᠷᠦᠭᠡ ᠠᠮᠠ ᠶᠢᠨ ᠳᠠᠩᠰᠠ ᠪᠠᠨ ᠰᠢᠯᠵᠢᠬᠦᠯᠦᠭᠰᠡᠨ ᠪᠤᠯ ᠬᠤᠪᠢᠶᠠᠯᠴᠠᠬᠤ ᠡᠷᠭᠡ ᠪᠠᠨ ᠠᠯᠳᠠᠬᠤ ᠪᠤᠯᠤᠨ᠎ᠠ᠃       ᠲᠦᠷᠪᠡ᠂ ᠢᠨᠲ᠋ᠧᠷ ᠰᠦᠯᠵᠢᠶ᠎ᠡ ᠶᠢᠨ ᠲᠦᠭᠡᠮᠡᠯᠵᠢᠯᠳᠠ ᠨᠢ ᠬᠦᠳᠡᠭᠡ ᠳᠤᠰᠬᠤᠨ ᠤ ᠠᠵᠤ ᠠᠬᠤᠢ ᠶᠢᠨ ᠬᠦᠭᠵᠢᠯᠳᠡ ᠶᠢ ᠠᠬᠢᠭᠤᠯᠪᠠ ᠢᠨᠲ᠋ᠧᠷ ᠰᠦᠯᠵᠢᠶ᠎ᠡ ᠬᠦᠳᠡᠭᠡ ᠳᠤᠰᠬᠤᠨ ᠳᠤ ᠲᠦᠭᠡᠮᠡᠯᠵᠢᠬᠦ ᠶᠢ ᠳᠠᠭᠠᠯᠳᠤᠨ᠂ ᠳᠠᠷᠢᠶᠠᠴᠢᠳ ᠭᠡᠷ ᠲᠡᠭᠡᠨ ᠰᠠᠭᠤᠭᠠᠳ ᠮᠠᠯ ᠤᠨ ᠠᠰᠢᠭ ᠰᠢᠮ ᠎ᠠ ᠳᠠᠷᠢᠶᠠᠯᠠᠩ ᠤᠨ ᠪᠦᠳᠦᠭᠡᠭᠳᠡᠬᠦᠨ ᠢᠶᠠᠨ ᠢᠨᠲ᠋ᠧᠷ ᠰᠦᠯᠵᠢᠶ᠎ᠠ ᠪᠠᠷ ᠪᠤᠷᠤᠯᠠᠭᠤᠯᠳᠠᠭ ᠪᠤᠯᠪᠡ᠃ ᠤᠶᠤᠳᠠᠳ ᠬᠦᠳᠡᠭᠡ ᠳᠤᠰᠬᠤᠨ ᠳᠠᠭᠠᠨ ᠬᠠᠷᠢᠭᠠᠳ ᠦᠢᠯᠡᠰ ᠪᠤᠰᠬᠠᠬᠤ ᠨᠢ ᠵᠦᠡᠭᠳᠡᠭᠡᠨ ᠤ ᠶᠠᠪᠤᠳᠠᠯ ᠪᠤᠯᠵᠤ᠂ ᠰᠢᠨ᠎ᠡ ᠮᠠᠶ᠋ᠢᠬ ᠤᠨ ᠴᠢᠳᠠᠪᠤᠷᠢᠳᠠᠨ ᠤᠷᠤᠵᠤ ᠢᠷᠡᠭᠰᠡᠨ ᠠᠴᠠ ᠬᠦᠳᠡᠭᠡ ᠳᠤᠰᠬᠤᠨ ᠤ ᠠᠵᠤ ᠠᠬᠤᠢ ᠶᠢᠨ ᠬᠦᠭᠵᠢᠯᠳᠠ ᠶᠢ ᠠᠬᠢᠭᠤᠯᠵᠤ ᠪᠤᠢ᠃       ᠳᠠᠪᠤ᠂ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠨᠠᠰᠤᠵᠢᠯ ᠤᠨ ᠳᠠᠭᠠᠳᠬᠠᠯ ᠲᠠᠢ ᠬᠤᠯᠪᠤᠬᠳᠠᠨ᠎ᠠ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠲᠠᠢ ᠬᠦᠮᠦᠰ ᠴᠤ ᠨᠠᠰᠤᠵᠢᠯ ᠤᠨ ᠳᠠᠭᠠᠳᠬᠠᠯ ᠲᠠᠢ ᠪᠤᠯᠵᠤ᠂ ᠪᠦᠬᠦᠯᠢ 60 ᠨᠠᠰᠤ ᠬᠦᠷᠪᠡᠯ ᠰᠦᠢᠳᠭᠡᠯ ᠳᠤᠰᠢᠶᠠᠬᠤ ᠦᠭᠡᠢ ᠪᠠᠷ 70 ᠲᠦᠬᠦᠷᠢᠭ ᠤᠨ ᠨᠠᠰᠤᠵᠢᠯ ᠤᠨ ᠠᠰᠠᠷᠠᠮᠵᠢ ᠶᠢᠨ ᠮᠦᠩᠬᠦ ᠤᠯᠬᠤ ᠪᠤᠯᠪᠠ᠃ ᠭᠡᠷᠪᠡ ᠰᠦᠢᠳᠭᠡᠯ ᠳᠤᠰᠢᠶᠠᠬᠰᠠᠨ ᠪᠤᠯ ᠵᠠᠰᠠᠭ ᠤᠨ ᠤᠷᠳᠤᠨ ᠪᠠ ᠳᠤᠰᠬᠤᠨ ᠠᠴᠠ ᠳᠠᠭᠠᠳᠬᠠᠯ ᠳᠤ ᠤᠷᠤᠭᠰᠠᠳ ᠲᠤ ᠨᠦᠬᠦᠪᠦᠷᠢ ᠤᠯᠭᠤᠨ᠂ ᠬᠤᠪᠢ ᠬᠦᠮᠦᠨ ᠨᠢᠭᠡ ᠭᠡᠰᠡᠭ ᠢ ᠨᠢ ᠳᠤᠰᠢᠶᠠᠪᠠᠯ ᠨᠠᠰᠤᠵᠢᠬᠰᠠᠨ ᠤ ᠳᠠᠷᠠᠭ᠎ᠠ ᠮᠢᠩᠭ᠎ᠠ ᠭᠠᠷᠤᠢ ᠲᠦᠭᠦᠷᠢᠭ ᠤᠨ ᠨᠠᠰᠤᠵᠢᠯ‌‍ᠤᠨ ᠠᠰᠠᠷᠠᠮᠵᠢ ᠶᠢᠨ ᠮᠦᠩᠬᠦ ᠬᠦᠷᠲᠡᠬᠦ ᠪᠤᠯᠤᠨ᠎ᠠ᠃       ᠵᠢᠷᠭᠤᠭ᠎ᠠ᠂ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠶᠢ ᠰᠢᠯᠵᠢᠬᠦᠯᠬᠦ ᠠᠰᠠᠭᠤᠳᠠᠯ ᠬᠦᠳᠡᠭᠡ ᠳᠤᠰᠬᠤᠨ ᠤ ᠡᠷᠦᠭᠡ ᠠᠮᠠ ᠶᠢᠨ ᠳᠠᠩᠰᠠ ᠶᠢ ᠬᠤᠳᠠ ᠶᠢᠨ ᠡᠷᠦᠭᠡ ᠠᠮᠠ ᠶᠢᠨ ᠳᠠᠩᠰᠠ ᠪᠤᠯᠭᠠᠵᠤ ᠪᠤᠯᠤᠨ᠎ᠠ᠂ ᠭᠡᠬᠦ ᠳᠡᠭᠡᠨ ᠤᠳᠤ ᠶᠢᠨ ᠬᠦᠳᠡᠭᠡ ᠳᠤᠰᠬᠤᠨ ᠤ ᠠᠰᠠᠷᠠᠮᠵᠢ ᠶᠢᠨ ᠲᠦᠷᠦ ᠶᠢᠨ ᠪᠤᠳᠤᠯᠭ᠎ᠠ ᠤᠯᠠᠮ ᠠᠷᠪᠢᠨ ᠪᠤᠯᠵᠤ᠂ ᠴᠦᠭᠡᠨ ᠪᠤᠰᠤ ᠬᠤᠳᠠ ᠶᠢᠨ ᠬᠦᠮᠦᠰ ᠴᠤ ᠬᠦᠳᠡᠭᠡ ᠳᠤᠰᠬᠤᠨ ᠳᠤ ᠡᠷᠦᠭᠡ ᠠᠮᠠ ᠶᠢᠨ ᠳᠠᠩᠰᠠ ᠪᠠᠨ ᠰᠢᠯᠵᠢᠬᠦᠯᠦᠨ ᠠᠪᠠᠴᠢᠬᠤ ᠰᠠᠨᠠᠭ᠎ᠠ ᠲᠠᠢ ᠪᠤᠯᠪᠠᠴᠤ ᠲᠦᠷᠦ ᠶᠢᠨ ᠪᠤᠳᠤᠯᠭ᠎ᠠ ᠵᠦᠪᠰᠢᠶᠡᠷᠡᠬᠦ ᠦᠭᠡᠢ᠃       ᠳᠤᠯᠤᠭ᠎ᠠ᠂ ᠳᠠᠷᠢᠶᠠᠴᠢᠳ ᠪᠤᠬᠢᠷᠳᠤᠯ ᠦᠭᠡᠢ ᠠᠮᠢ ᠠᠬᠤᠢ ᠶᠢᠨ ᠠᠵᠤ ᠦᠢᠯᠡᠰ ᠢ ᠬᠦᠭᠵᠢᠬᠦᠯᠪᠡᠯ ᠡᠭᠡᠭᠡ ᠠᠳᠠᠯᠢᠬᠠᠨ ᠮᠦᠩᠬᠦ ᠵᠤᠭᠤᠰ ᠤᠯᠤᠨ᠎ᠠ ᠤᠳᠤ ᠶᠢᠨ ᠬᠦᠮᠦᠰ ᠪᠤᠬᠢᠷᠳᠤᠯ ᠦᠭᠡᠢ ᠭᠡᠷᠡᠭᠯᠡᠭᠡ ᠶᠢ ᠤᠯᠠᠮ ᠠᠴᠠ ᠬᠦᠭᠡᠭᠡᠴᠡᠯᠳᠦᠬᠦ ᠪᠤᠯᠵᠤ᠂ ᠬᠦᠳᠡᠭᠡ ᠳᠤᠰᠬᠤᠨ ᠤ ᠰᠢᠨ᠎ᠡ ᠰᠤᠷᠭᠤᠭ ᠠᠭᠤᠷ ᠠᠮᠢᠰᠬᠤᠯ ᠪᠠ ᠭᠤᠶᠤ ᠦᠵᠡᠰᠬᠦᠯᠡᠩ ᠪᠤᠬᠢᠷᠳᠤᠯ ᠦᠭᠡᠢ ᠬᠦᠭᠡᠮᠳᠦᠭ ᠨᠤᠭᠤᠭᠠᠨ ᠠᠭᠤᠯᠠ ᠤᠰᠤ ᠶᠢ ᠬᠦᠰᠡᠮᠵᠢᠯᠡᠬᠦ ᠪᠤᠯᠤᠭᠰᠠᠨ ᠮᠦᠷᠲᠡᠭᠡᠨ ᠬᠦᠳᠡᠭᠡ ᠶᠢᠨ ᠤᠷᠭᠠᠨᠢᠬ ᠢᠳᠡᠰᠢᠨ ᠨᠤᠭᠤᠭ᠎ᠠ ᠶᠢ ᠴᠤ ᠮᠠᠰᠢ ᠬᠦᠷᠢᠶᠡᠯᠡᠳᠡᠭ᠂ ᠡᠶᠢᠮᠦ ᠠᠴᠠ ᠬᠤᠳᠠᠯᠳᠤᠭᠠᠨ ᠤ ᠠᠵᠠ ᠳᠤᠬᠢᠶᠠᠯ ᠢ ᠠᠵᠢᠵᠤ ᠮᠡᠳᠡᠭᠰᠡᠨ ᠳᠠᠷᠢᠶᠠᠴᠢᠳ ᠡᠨᠡᠬᠦ ᠳᠤᠬᠢᠶᠠᠯ ᠢ ᠠᠰᠢᠬᠯᠠᠨ ᠠᠮᠢ ᠠᠬᠤᠢ ᠶᠢᠨ ᠳᠠᠷᠢᠶᠠᠯᠠᠩ ᠢ ᠬᠦᠭᠵᠢᠬᠦᠯᠦᠬᠡᠳ ᠵᠤᠭᠤᠰ ᠮᠦᠩᠬᠦ ᠤᠯᠵᠤ ᠠᠮᠢᠳᠤᠷᠠᠯ ᠢᠶᠠᠨ ᠰᠠᠶᠢᠵᠢᠷᠠᠭᠤᠯᠵᠤ ᠪᠠᠶᠢᠨ᠎ᠠ᠃       ᠲᠡᠭᠡᠪᠡᠯ᠂ ᠲᠠᠷᠢᠶᠠᠯᠠᠩ ᠤᠨ ᠡᠷᠦᠭᠡ ᠠᠮᠠ ᠶᠢᠨ ᠳᠠᠩᠰᠠ ᠶᠢ ᠶᠠᠭᠤᠨ ᠳᠤ ᠦᠭᠡᠶᠢᠰᠭᠡᠭᠦ ᠪᠤᠢ  ︖       1᠂ ᠲᠠᠷᠢᠶᠠᠯᠠᠩ ᠤᠨ ᠡᠷᠦᠭᠡ ᠠᠮᠠ ᠶᠢᠨ ᠳᠠᠩᠰᠠ ᠶᠢ ᠦᠭᠡᠶᠢᠰᠭᠡᠭᠦ ᠶᠢᠨ ᠵᠢᠩᠬᠢᠨᠢ ᠠᠴᠢ ᠬᠤᠯᠪᠤᠭᠳᠠᠯ ᠨᠢ ᠬᠤᠳᠠ ᠬᠦᠳᠡᠭᠡ ᠳᠤ ᠡᠷᠦᠭᠡ ᠠᠮᠠ ᠶᠢ ᠨᠢᠭᠡᠳᠦᠯᠳᠡᠢ ᠳᠠᠩᠰᠠᠯᠠᠬᠤ ᠲᠦᠷᠢᠮ ᠢ ᠪᠠᠶᠢᠭᠤᠯᠬᠤ ᠳᠤ ᠪᠤᠢ᠃ ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠬᠢᠭᠡᠳ ᠳᠠᠷᠢᠶᠠᠯᠠᠩ ᠤᠨ ᠪᠤᠰᠤ ᠡᠷᠦᠭᠡ ᠠᠮᠠ ᠶᠢᠨ ᠳᠠᠩᠰᠠ ᠶᠢᠨ ᠰᠢᠨᠵᠢ ᠴᠢᠨᠠᠷ ᠤᠨ ᠢᠯᠭᠠᠭ᠎ᠠ ᠠᠴᠠ ᠪᠤᠯᠤᠭᠰᠠᠨ ᠡᠷᠦᠭᠡ ᠠᠮᠠ ᠶᠢᠨ ᠬᠦᠭᠡ ᠲᠡᠪᠳᠡᠷ ᠵᠡᠷᠭᠡ ᠡᠷᠦᠭᠡ ᠠᠮᠠ ᠶᠢᠨ ᠳᠠᠩᠰᠠ ᠶᠢᠨ ᠲᠦᠷᠦᠯ ᠵᠦᠢᠯ ᠢ ᠤᠰᠠᠳᠬᠠᠨ᠂ ᠰᠠᠭᠤᠭᠠᠯᠢ ᠠᠷᠠᠳ ᠤᠨ ᠡᠷᠦᠭᠡ ᠠᠮᠠ ᠶᠢᠨ ᠳᠠᠩᠰᠠ ᠪᠠᠷ ᠨᠢᠭᠡᠳᠦᠯᠳᠡᠢ ᠳᠠᠩᠰᠠᠯᠠᠬᠤ ᠨᠢ ᠡᠷᠦᠭᠡ ᠠᠮᠠ ᠶᠢᠨ ᠳᠠᠩᠰᠠ ᠶᠢᠨ ᠲᠦᠷᠢᠮ ᠤᠨ ᠬᠦᠮᠦᠨ ᠠᠮᠠ ᠶᠢ ᠳᠠᠩᠰᠠᠯᠠᠬᠤ ᠬᠠᠮᠢᠶᠠᠷᠤᠯᠳᠠ ᠶᠢᠨ ᠴᠢᠳᠠᠪᠬᠢ ᠶᠢ ᠬᠠᠷᠠᠭᠤᠯᠬᠤ ᠶᠢᠨ ᠲᠦᠯᠦᠭᠡ ᠶᠤᠮ᠃       2᠂ ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠬᠢᠭᠡᠳ ᠳᠠᠷᠢᠶᠠᠯᠠᠩ ᠤᠨ ᠪᠤᠰᠤ ᠡᠷᠦᠭᠡ ᠠᠮᠠ ᠶᠢᠨ ᠳᠠᠩᠰᠠ ᠶᠢᠨ ᠰᠢᠨᠵᠢ ᠴᠢᠨᠠᠷ ᠤᠨ ᠢᠯᠭᠠᠭ᠎ᠠ ᠶᠢᠨ ᠵᠠᠩᠬᠢᠯᠠᠭ᠎ᠠ ᠨᠢ ᠨᠡᠷ᠎ᠡ ᠨᠢ ᠬᠤᠪᠢᠷᠠᠭᠰᠠᠨ ᠳᠤ ᠪᠠᠶᠢᠬᠤ ᠪᠢᠰᠢ᠂ ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠬᠢᠭᠡᠳ ᠳᠠᠷᠢᠶᠠᠯᠠᠩ ᠤᠨ ᠪᠤᠰᠤ ᠡᠷᠦᠭᠡ ᠠᠮᠠ ᠶᠢᠨ ᠳᠠᠩᠰᠠ ᠶᠢ ᠨᠢᠭᠡᠳᠦᠬᠦᠯᠦᠭᠡᠳ ᠰᠠᠭᠤᠭᠠᠯᠢ ᠠᠷᠠᠳ ᠤᠨ ᠡᠷᠦᠭᠡ ᠠᠮᠠ ᠶᠢᠨ ᠳᠠᠩᠰᠠ ᠪᠤᠯᠭᠠᠬᠤ ᠡᠶᠢᠮᠦ ᠯᠡ ᠲᠦᠬᠦᠮᠭᠡᠨ ᠤᠴᠢᠷ ᠴᠤ ᠪᠢᠰᠢ᠂ ᠬᠠᠷᠢᠨ ᠲᠡᠬᠦᠨ ᠤ ᠠᠷᠤ ᠳᠠᠬᠢ ᠨᠡᠶᠢᠭᠡᠮ ᠤᠨ ᠠᠰᠠᠷᠠᠮᠵᠢ ᠶᠢᠨ ᠵᠦᠷᠢᠶ᠎ᠡ ᠪᠠ ᠤᠯᠠᠨ ᠨᠡᠶᠢᠳᠡ ᠶᠢᠨ ᠦᠢᠯᠡᠴᠢᠯᠡᠭᠡᠨ ᠤ ᠲᠡᠭᠰᠢ ᠪᠤᠰᠤ ᠵᠡᠷᠭᠡ ᠵᠦᠷᠢᠶ᠎ᠠ ᠶᠢ ᠠᠷᠢᠯᠭᠠᠨ᠂ ᠬᠤᠳᠠ ᠬᠦᠳᠡᠭᠡ ᠶᠢᠨ ᠪᠦᠬᠦ᠋ᠢᠯᠡ ᠰᠠᠭᠤᠭᠠᠯᠢ ᠠᠷᠠᠳ ᠲᠤ ᠠᠳᠠᠯᠢ ᠲᠡᠭᠰᠢ ᠨᠡᠶᠢᠭᠡᠮ ᠤᠨ ᠠᠰᠠᠷᠠᠮᠵᠢ ᠶᠢᠨ ᠬᠠᠷᠠᠭᠠᠯᠵᠠᠯ ᠪᠠ ᠤᠯᠠᠨ ᠨᠡᠶᠢᠳᠡ ᠶᠢᠨ ᠦᠢᠯᠡᠴᠢᠯᠡᠭᠡ ᠶᠢ ᠬᠦᠷᠲᠡᠭᠡᠨ᠂ ︽ᠠᠳᠠᠯᠢ ᠡᠷᠦᠭᠡ ᠠᠮᠠ ᠠᠳᠠᠯᠢ ᠡᠷᠭᠡ ᠲᠠᠢ︾ ᠶᠢ ᠪᠡᠶᠡᠯᠡᠬᠦᠯᠬᠦ ᠶᠢᠨ ᠲᠦᠯᠦᠭᠡ ᠶᠤᠮ᠃
 
ᠢᠷᠡᠯᠲᠡ᠄ ᠦᠪᠦᠷ ᠮᠤᠩᠭᠤᠯ ᠤᠨ ᠠᠮᠢᠳᠤᠷᠠᠯ ᠭᠠᠷᠠᠭ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号