— ᠲᠦᠷᠤ ᠶᠢᠨ ᠱᠠᠩᠨᠠᠯᠳᠤ᠂ ᠰᠤᠶᠤᠯ ᠤᠨ ᠭᠠᠪᠢᠶᠠᠳᠤ ᠵᠢᠳᠬᠦᠯᠳᠡᠨ ᠢᠷᠠᠭᠤ ᠨᠠᠶᠢᠷᠠᠭᠴᠢ᠂ ᠵᠤᠬᠢᠶᠠᠯᠴᠢ | ᠳ᠋᠊ · ᠴᠤᠤᠳᠠᠯ | | | ᠨᠠᠮ᠎ᠠ ᠶᠢ ᠲᠦᠪ ᠠᠶᠢᠮᠠᠭ ᠤᠨ ᠰᠤᠨᠢᠨ ᠳᠤ ᠠᠵᠢᠯᠯᠠᠵᠤ ᠪᠠᠶᠢᠭᠠᠳ ᠬᠤᠳᠠ ᠳᠤ ᠰᠤᠷᠭᠠᠭᠤᠯᠢ ᠳᠤ ᠢᠷᠡᠭᠰᠡᠨ | ᠨᠠᠮᠤᠷ ᠪᠢᠯᠨ᠃ ᠮᠠᠨ ᠤ ᠰᠤᠮᠤ ᠶᠢᠨ ᠮᠤᠬᠤᠷ ᠪᠠᠳᠤ ᠭᠤᠸᠠᠢ ᠮᠢᠨᠤ ᠰᠠᠭᠤᠭ᠎ᠠ ᠠᠶᠢᠯ ᠢ ᠰᠤᠷᠠᠭᠯᠠᠭᠰᠠᠭᠠᠷ ᠪᠠᠶᠢᠭᠠᠳ | ᠤᠯᠤᠭᠠᠳ ᠬᠦᠷᠴᠤ ᠢᠷᠡᠵᠠᠢ᠃ ︽ᠬᠠᠮᠢᠭ᠎ᠠ ᠬᠦᠷᠴᠤ᠂ ᠶᠠᠮᠠᠷ ᠭᠡᠭᠴᠢ ᠠᠵᠢᠯ ᠲᠠᠢ ᠶᠠᠪᠤᠨ᠎ᠠ ᠳ᠋ᠠ︖︾ ᠭᠡᠪᠡᠯ᠂ | ᠵᠢᠵᠢᠭᠭᠡᠨ ᠪᠡᠶ᠎ᠠ ᠳᠡᠭᠡᠨ ᠪᠠᠶᠢᠮᠠᠷ ᠦᠭᠡᠢ ᠠᠪᠳᠠᠷ᠎ᠠ ᠴᠡᠭᠡᠵᠢ᠂ ᠲᠡᠶᠢᠮᠤ ᠴᠡᠭᠡᠵᠢᠨ ᠠᠴᠠ ᠡᠶᠢᠮᠤ ᠲᠠᠭᠤ ᠭᠠᠷᠤᠯᠬᠦᠢ | ᠶᠠᠭᠠᠬᠢᠬᠤᠪ ᠬᠡᠮᠡᠷ ᠫᠠᠷᠵᠢᠬᠢᠨᠠᠭᠰᠠᠨ ᠦᠳᠭᠡᠨ ᠲᠠᠭᠤ᠂ ᠤᠭᠤᠴᠢ ᠰᠠᠬᠠᠯ ᠲᠠᠢ ᠡᠪᠤᠭᠡᠨ ᠬᠠᠷᠢᠭᠤ ᠠᠰᠠᠭᠤᠵᠤ | ᠪᠠᠶᠢᠨ᠎ᠠ᠃ | ︽ᠬᠦᠮᠦᠨ ᠳᠤ ᠬᠢᠮᠡᠯ ᠰᠢᠳᠤ ᠬᠢᠳᠡᠭ ᠬᠡᠵᠤ ᠠᠮᠢᠳᠠᠨ ᠶᠠᠷᠢᠬᠤ ᠶᠤᠮ᠂ ᠦᠨᠡᠨ ᠦᠦ︖︾ | ︽ᠦᠨᠡᠨ᠂ ᠦᠨᠡᠨ᠃ ᠬᠢᠯᠬᠦᠢ ᠶᠠᠭᠠᠬᠢᠬᠤᠪ᠂ ᠶᠠᠮᠠᠷ ᠢ ᠪᠤᠯ ᠶᠠᠮᠠᠷ ᠢ︕︾ | ︽ᠬᠢᠬᠦ ᠳᠡᠭᠡᠨ ᠤᠳᠠᠬᠤ ᠦᠦ︖︾ | ︽ᠡᠬᠢᠯᠡᠵᠤ ᠬᠡᠪ ᠢ ᠨᠢ ᠠᠪᠤᠭᠠᠳ᠂ ᠭᠠᠭᠴᠨ ᠬᠤᠶᠠᠷ ᠬᠤᠨᠤᠭᠠᠳ ᠭᠠᠷᠴᠢᠬᠠᠳᠠᠭ ᠪᠠᠶᠢᠬᠤ ᠡ︾ | ︽ᠪᠢ ᠲᠠᠪᠢᠨ ᠲᠠᠪᠤᠨ ᠵᠢᠯ ᠪᠦᠳᠦᠨ ᠰᠢᠳᠤ ᠲᠠᠢ ᠶᠠᠪᠤᠭᠰᠠᠨ ᠶᠤᠮ᠃ ᠡᠨᠡ ᠵᠤᠨ ᠠᠶᠢᠯ ᠤᠨ ᠨᠠᠶᠢᠷ ᠠᠴᠠ | ᠬᠠᠷᠢᠵᠤ ᠶᠠᠪᠤᠳᠠᠯ᠎ᠠ ᠮᠤᠷᠢ ᠦᠯᠢᠢ① ᠳᠤ ᠲᠠᠷᠤᠵᠤ ᠤᠶᠢᠴᠢᠭᠠᠳ ᠡᠬᠦᠳᠡᠨ ᠤ ᠬᠡᠳᠦᠨ ᠰᠢᠳᠤᠨ ᠠᠴᠠ | ᠰᠠᠯᠭᠠᠴᠢᠬᠠᠯᠠ᠃ ᠡᠬᠦᠳᠡ ᠪᠠᠨ ᠰᠡᠬᠦᠭᠰᠡᠨ ᠠᠶᠢᠯ ᠰᠢᠭ᠋ ᠤᠩᠭᠤᠶᠢᠵᠤ ᠬᠤᠴᠤᠷᠤᠭᠠᠳ ᠮᠠᠭᠤᠬᠠᠢ ᠵᠤᠯᠢᠭ ᠶᠤᠮ᠂ | ᠰᠢᠳᠤᠴᠢᠨ ᠢ ᠨᠢ ᠶᠠᠭᠠᠬᠢᠵᠤ ᠤᠯᠳᠠᠭ ᠪᠢᠯᠨ︖︾ | ᠡᠪᠤᠭᠡᠨ ᠳᠤ ᠪᠢ ᠭᠠᠵᠠᠷᠴᠢᠯᠠᠬᠤ᠂ ᠲᠠᠨᠢᠳᠠᠭ ᠰᠢᠳᠦᠨ ᠤ ᠡᠮᠴᠢ ᠪᠠᠷ ᠢᠶᠠᠨ ᠰᠢᠳᠤ ᠬᠢᠯᠭᠡᠵᠤ ᠦᠭᠬᠦ ᠶᠠᠭᠤᠮ᠎ᠠ | ᠪᠤᠯᠪᠠ᠃ ᠪᠠᠳᠤ ᠭᠤᠸᠠᠢ ᠰᠢᠳᠤᠨ ᠤ ᠪᠠᠨ ᠲᠤᠬᠠᠢ ᠪᠠᠶᠢᠨ ᠪᠠᠶᠢᠨ ᠶᠠᠷᠢᠵᠤ᠂ ᠬᠢᠮᠡᠯ ᠰᠢᠳᠤ ᠤᠶᠢᠴᠢᠳᠠᠭ ᠦᠦ᠂ | ᠦᠭᠡᠢ ᠦᠦ︖ ᠬᠠᠭᠤᠴᠢᠨ ᠠᠴᠠ ᠪᠠᠨ ᠤᠷᠰᠤᠭᠤᠢ ᠶᠤᠮ ᠦᠦ ᠤᠷᠳᠤ ᠪᠤᠭᠤᠨᠢ ᠪᠤᠯᠪᠠᠯ ᠶᠠᠭᠠᠬᠢᠬᠤ︖ ᠬᠤᠨᠢᠨ ᠤ | ᠬᠡᠷᠰᠡᠩ②᠂ ᠦᠭᠡᠷ ᠤᠨ ᠪᠦᠯᠡᠭᠡ③ ᠲᠠᠭᠠᠭᠠᠬᠤ ᠡᠰᠡᠬᠦ ᠶᠢ ᠨᠢ ᠯᠠᠪᠯᠠᠨ ᠠᠰᠠᠭᠤᠵᠤ ᠪᠠᠶᠢᠯ᠎ᠠ᠃ ᠦᠨ᠎ᠠ ᠶᠢ ᠨᠢ | ᠪᠠᠭᠴᠠᠭ᠎ᠠ ᠪᠠᠷ ᠬᠡᠯᠡᠭᠰᠡᠨ ᠳᠤ᠂ ︽ᠦᠨ᠎ᠠ ᠦᠭᠡᠢ ᠲᠠᠢ ᠠᠳᠠᠯᠢ ᠶᠤᠮ︾ ᠬᠡᠵᠤ ᠤᠯᠵᠠᠭᠤᠷᠬᠠᠪᠠ᠃ ᠮᠠᠷᠭᠠᠰᠢ | ᠦᠷᠯᠦᠭᠡ ᠨᠢ ᠬᠤᠶᠠᠭᠤᠯᠨ ᠡᠮᠴᠢ ᠳᠤ ᠤᠴᠢᠵᠤ ᠬᠡᠪ ᠠᠪᠬᠠᠭᠤᠯᠤᠯᠠ᠃ ᠡᠮᠴᠢ ᠠᠮᠠᠨ ᠳᠤ ᠨᠢ ᠵᠢᠭᠤᠷᠠᠭᠠ | ᠡᠮᠬᠦᠬᠦᠯᠦᠭᠡᠳ᠄ ︽ᠴᠢᠩᠭᠠᠬᠠᠨ ᠵᠠᠭᠤ︕︾ ᠬᠡᠪᠡᠯ ᠡᠪᠤᠭᠡᠨ ᠤ ᠠᠷᠠᠭ᠎ᠠ ᠰᠠᠶᠢᠨ᠂ ᠤᠳᠤ ᠴᠦ ᠬᠡᠰᠡᠨ ᠡᠭᠡᠵᠡᠭᠡᠢ | ᠢᠳᠡᠳᠡᠭ ᠲᠤᠬᠠᠢ ᠪᠠᠨ ᠶᠠᠷᠢᠵᠤ᠂ ︽ᠰᠠᠶᠢᠨ ᠵᠠᠭᠤᠨ᠎ᠠ᠂ ᠪᠠᠳᠤ ᠭᠤᠸᠠᠢ ᠨᠢ︾ ᠬᠡᠨ᠎ᠠ᠃ ᠵᠢᠭᠤᠷᠠᠭᠠ ᠠᠮᠠᠨ ᠳᠤ ᠨᠢ | ᠡᠪ ᠦᠭᠡᠢ ᠤᠷᠬᠢᠵᠤ ᠶᠤᠮ ᠦᠦ ᠶᠡᠭᠡᠳᠡᠭᠰᠡᠨ ᠶᠤᠮ ᠰᠢᠭ᠋ ᠰᠠᠨᠠᠭᠳᠠᠵᠤ ᠪᠠᠶᠢᠨ᠎ᠠ ᠦᠦ ᠬᠡᠬᠦ ᠳᠤ ᠡᠪᠤᠭᠡᠨ ᠲᠤᠯᠤᠭᠠᠢ | ᠰᠡᠭᠰᠦᠷᠴᠤ᠄ ︽ᠠᠬ᠎ᠠ ᠨᠢ ᠪᠦᠳᠦᠬᠦᠨ ᠠᠳᠤᠭᠤᠨ ᠤ ᠬᠤᠷᠤᠭᠤ ᠵᠤᠵᠠᠭᠠᠨ ᠬᠢᠳᠠᠢ④ ᠬᠤᠪᠢᠶᠠᠯ ᠦᠭᠡᠢ ᠵᠠᠯᠬᠢᠳᠠᠭ | ᠬᠦᠮᠦᠨ᠂ ᠪᠠᠷᠤᠭᠳᠠᠢ ᠶᠠᠭᠤᠮ᠎ᠠ ᠶᠢ ᠲᠤᠭᠤᠬᠤ ᠦᠭᠡᠢ︾ ᠬᠡᠵᠤ ᠡᠮᠴᠢ ᠪᠦᠰᠡᠬᠦᠢ ᠳᠤ ᠬᠡᠯᠡᠨ᠎ᠠ᠃ ᠭᠤᠷᠪᠠ ᠬᠤᠨᠤᠭ | ᠤᠨ ᠲᠠᠷᠠᠭ᠎ᠠ ᠰᠢᠳᠤ ᠪᠠᠨ ᠠᠪᠬᠤ ᠪᠠᠷ ᠨᠠᠳᠠᠳᠠᠢ ᠤᠴᠢᠯ᠎ᠠ᠃ ᠡᠪᠤᠭᠡᠨ ᠶᠡᠭᠡ ᠪᠠᠶᠠᠷᠯᠠᠵᠤ ᠪᠠᠶᠢᠭ᠎ᠠ ᠶᠠᠩᠵᠤᠳᠠᠢ᠂ | ᠡᠮᠴᠢ ᠤᠯᠠᠨ ᠶᠠᠭᠤᠮ᠎ᠠ ᠠᠰᠠᠭᠤᠯ ᠦᠭᠡᠢ ᠬᠢᠮᠡᠯ ᠰᠢᠳᠤ ᠶᠢ ᠠᠮᠠᠨ ᠳᠤ ᠨᠢ ᠬᠢᠴᠢᠬᠡᠪᠡ᠃ | ︽ᠵᠠ ᠶᠠᠭᠠᠬᠢᠵᠤ ᠪᠠᠶᠢᠨ᠎ᠠ︖︾ | ︽ᠭᠠᠶᠢᠭᠤᠢ᠂ ᠶᠠᠪᠤᠭᠠᠨ ᠳᠠᠭᠠᠨ ᠪᠤᠯᠤᠨ᠎ᠠ ᠪᠢᠵᠠ᠃︾ | ︽ᠠᠢ ᠳ᠋ᠠ᠂ ᠶᠠᠪᠤᠭᠠᠨ ᠳᠠᠭᠠᠨ ᠲᠠᠰᠤᠨᠠ ᠡ᠃ ᠨᠤᠬᠤᠪᠠᠯ ᠢᠷᠡᠵᠤ ᠵᠠᠰᠠᠭᠤᠯᠤᠭᠠᠷᠠᠢ᠃︾ | ︽ᠪᠢ ᠦᠪᠡᠷ ᠢᠶᠠᠨ ᠠᠷᠤᠭ ᠰᠠᠪᠠᠷ ᠬᠢᠳᠡᠭ ᠬᠦᠮᠦᠨ᠂ ᠦᠷᠡᠴᠢᠬᠡᠨᠠ ᠪᠢᠵᠠ᠃︾ | ︽ᠲᠡᠭᠡᠭᠡᠷᠡᠢ᠃︾ | ᠡᠨᠡ ᠦᠶ᠎ᠠ ᠳᠤ ᠰᠤᠪᠢᠯᠠᠭᠴᠢ ᠪᠦᠰᠡᠬᠦᠢ ᠡᠪᠤᠭᠡᠨ ᠢ ᠤᠯᠠᠮ ᠪᠠᠶᠠᠷᠯᠠᠭᠤᠯᠬᠤ ᠬᠡᠰᠡᠨ ᠪᠢᠵᠠ᠂ ᠰᠢᠷᠡᠭᠡᠨ | ᠲᠡᠭᠡᠷ᠎ᠠ ᠪᠠᠶᠢᠭᠰᠠᠨ ᠲᠤᠯᠢ ᠶᠢ ᠡᠮᠦᠨ᠎ᠠ ᠨᠢ ᠪᠠᠷᠢᠭᠠᠳ᠄ ︽ᠲᠠ ᠰᠢᠳᠤ ᠪᠠᠨ ᠬᠠᠷ᠎ᠠ︾ ᠬᠡᠪᠡᠯ᠂ ᠡᠪᠤᠭᠡᠨ ᠠᠮᠠ ᠪᠠᠨ | ᠠᠩᠭᠠᠶᠢᠨ ᠲᠤᠯᠢᠨ ᠳᠤ ᠬᠠᠷᠠᠭᠰᠠᠨ ᠢᠶᠠᠨ ᠬᠡᠨᠡᠳᠳᠠ ᠰᠠᠨᠳᠠᠯᠢ ᠲᠠᠢ ᠪᠠᠨ ᠤᠬᠤᠷᠢᠵᠤ᠄ ︽ᠬᠦᠶ᠋ᠢ᠂ ᠬᠦᠶ᠋ᠢ ᠡ᠂ | ᠡᠨᠡ ᠴᠢᠨᠢ ᠁ ᠪᠤᠯᠢᠶ᠎ᠠ︾ ᠭᠡᠵᠤ ᠲᠡᠪᠡᠳᠡᠪᠡ᠃ | ︽ᠶᠠᠭᠠᠬᠢᠪᠠ ᠲᠠ᠂ ᠶᠠᠭᠠᠬᠢᠭᠰᠠᠨ︖︾ | ︽ᠨᠠᠭᠠᠳᠤᠬᠢ ᠴᠢᠨᠢ ᠴᠠᠭᠠᠨ ᠶᠤᠮ ᠪᠠᠶᠢᠨ᠎ᠠ᠃︾ | ︽ᠰᠢᠨ᠎ᠠ ᠰᠢᠳᠤ ᠴᠠᠭᠠᠨ ᠪᠠᠶᠢᠯᠬᠦᠢ ᠶᠠᠭᠠᠬᠢᠬᠤᠪ︾ ᠬᠡᠵᠤ ᠡᠮᠴᠢ ᠬᠡᠯᠡᠯ᠎ᠠ᠃ | ︽ᠰᠢᠷ᠎ᠠ ᠪᠠᠷ ᠬᠢᠵᠤ ᠪᠤᠯᠬᠤ ᠦᠦ᠂ ᠡᠮᠴᠢ ᠡ︖︾ | ︽ᠦᠭᠡᠢ᠂ ᠡᠶᠢᠮᠤ ᠯᠡ ᠮᠠᠲ᠋ᠧᠷᠢᠶᠠᠯ ᠪᠠᠶᠢᠨ᠎ᠠ᠃︾ | ︽ᠠᠬ᠎ᠠ ᠨᠢ ᠲᠠᠪᠤᠨ ᠨᠠᠰᠤᠳᠠᠢ ᠠᠴᠠ ᠪᠠᠨ ᠮᠤᠳᠤ ᠲᠤᠯᠤᠭᠠᠢ ᠵᠠᠭᠤᠵᠤ᠂ ᠬᠤᠷᠢᠳᠠᠢ ᠳᠠᠭᠠᠨ ᠬᠡᠬᠦ ᠳᠤ ᠰᠢᠷ᠎ᠠ | ᠰᠢᠳᠤ ᠲᠠᠢ ᠶᠠᠪᠤᠭᠰᠠᠨ ᠬᠦᠮᠦᠨ᠃ ᠮᠠᠨ ᠤ ᠰᠤᠮᠤ ᠶᠢᠨ ᠬᠢᠨ ᠪᠦᠬᠦᠳᠡᠭᠡᠷ ᠮᠡᠳᠡᠨ᠎ᠠ᠃ ᠮᠠᠭᠤᠬᠠᠢ ᠳᠠᠭᠠᠨ ᠬᠠᠮᠢᠶ᠎ᠠ | ᠦᠭᠡᠢ᠂ ᠠᠬ᠎ᠠ ᠳᠠᠭᠠᠨ ᠮᠢᠨᠤ ᠲᠡᠬᠦᠤ ᠬᠠᠭᠤᠴᠢᠨ ᠰᠢᠭ᠋ ᠲᠠᠵᠢᠢᠭᠰᠠᠨ ᠰᠢᠷ᠎ᠠ ᠶᠠᠭᠤᠮ᠎ᠠ ᠯᠡ ᠬᠢᠭᠡᠳ ᠦᠭ᠃ | ᠬᠦᠮᠦᠨ ᠱᠤᠤᠯᠠᠨᠠ ᠬᠡᠮ᠂ ᠠᠬ᠎ᠠ ᠶᠢ ᠨᠢ᠃ ᠶᠠᠭᠤᠮ᠎ᠠ ᠴᠠᠭ ᠨᠠᠰᠤᠨ ᠳᠠᠭᠠᠨ ᠲᠡᠭᠡᠷ᠎ᠠ᠃︾ | ︽ᠮᠠᠨ ᠤ ᠬᠢ ᠰᠢᠷ᠎ᠠ ᠰᠢᠳᠤ ᠬᠢᠳᠡᠭ ᠦᠭᠡᠢ ᠶᠤᠮ᠂ ᠲᠡᠭᠡᠭᠡᠳ ᠤᠳᠤ ᠶᠠᠭᠠᠬᠢᠬᠤᠪ᠃︾ | ︽ᠶᠠᠭᠠᠬᠢᠬᠤ ᠶᠠᠭᠤ ᠪᠠᠶᠢᠬᠤᠪ᠂ ᠪᠤᠯᠢᠶ᠎ᠠ᠃︾ | ︽ᠲᠠ ᠮᠦᠩᠬᠦ ᠪᠠᠨ ᠠᠪ ᠳ᠋ᠠ᠂ ᠲᠡᠭᠡᠪᠡᠯ᠃︾ | ︽ᠲᠡᠬᠦᠪᠡᠷ ᠪᠢ ᠶᠠᠭᠠᠬᠢᠬᠤᠪ᠂ ᠬᠡᠦᠭᠡᠳ ᠤᠳ ᠲᠡᠭᠡᠨ ᠠᠵᠢᠯ ᠤᠳᠤᠴᠢᠬᠠᠯᠠ᠂ ᠬᠠᠷᠠᠯ᠎ᠠ ᠁︾ | ᠢᠩᠬᠢᠵᠤ ᠬᠡᠯᠡᠭᠡᠳ ᠪᠠᠳᠤ ᠭᠤᠸᠠᠢ ᠨᠠᠳᠠ ᠤᠷᠤᠭᠤ ᠬᠠᠷᠠᠭᠰᠠᠨ ᠨᠢ ᠶᠠᠪᠤᠶ᠎ᠠ ᠴᠠᠰᠢ ᠬᠡᠰᠡᠨ ᠦᠭᠡ ᠪᠠᠶᠢᠯ᠎ᠠ᠃ | ︽ᠶᠠᠭᠤᠮ᠎ᠠ ᠴᠠᠭ ᠨᠠᠰᠤᠨ ᠳᠠᠭᠠᠨ ᠲᠡᠭᠡᠷ᠎ᠠ᠃︾ ᠠᠬ᠎ᠠ ᠡᠪᠤᠭᠡᠨ ᠤ ᠬᠡᠯᠡᠭᠰᠡᠨ ᠦᠭᠡ ᠤᠳᠤ ᠴᠦ ᠮᠢᠨᠤ ᠰᠡᠳᠬᠢᠯ | ᠳᠤ ᠦᠶ᠎ᠠ ᠦᠶ᠎ᠠ ᠤᠷᠤᠵᠤ ᠯᠡ ᠪᠠᠶᠢᠳᠠᠭ ᠶᠤᠮ᠃ | | ᠲᠠᠶᠢᠯᠪᠤᠷᠢ᠄ | | ① ᠦᠯᠢᠢ — ᠭᠠᠵᠠᠷ ᠢ ᠰᠠᠨᠳᠠᠶᠢᠯᠠᠨ ᠮᠠᠯᠳᠠᠭᠰᠠᠨ ᠬᠤᠯᠤᠭᠠᠨ᠎ᠠ ᠪᠤᠶᠤ ᠤᠭᠤᠳᠤᠨ᠎ᠠ ᠵᠡᠷᠭᠡ ᠠᠮᠢᠳᠠᠨ ᠤ | ᠨᠦᠭᠡ᠃ | ② ᠬᠡᠷᠰᠡᠩ — ᠮᠠᠯ ᠬᠦᠷᠦᠭᠡᠰᠤ ᠵᠡᠷᠭᠡ ᠠᠮᠢᠳᠠᠨ ᠤ ᠡᠪᠴᠢᠬᠦᠨ ᠲᠡᠭᠡᠷᠡᠬᠢ ᠬᠠᠳᠠᠭᠤᠯᠢᠭ ᠵᠤᠵᠠᠭᠠᠨ ᠦᠭᠡᠬᠦ | ᠪᠦᠬᠦᠢ ᠮᠢᠬ᠎ᠠ᠃ | ③ ᠪᠦᠯᠡᠭᠡ — ᠪᠤᠯᠴᠢᠩ ᠮᠢᠬ᠎ᠠ ᠶᠢ ᠠᠷᠤᠭ ᠶᠠᠰᠤ ᠲᠠᠢ ᠬᠤᠯᠪᠤᠭᠰᠠᠨ ᠬᠡᠯᠬᠢᠶ᠎ᠠ ᠨᠡᠭᠡᠳᠡᠰᠤ᠃ | ④ ᠬᠢᠳᠠᠢ — ᠠᠳᠤᠭᠤᠨ ᠤ ᠪᠦᠳᠦᠬᠦᠨ ᠬᠡᠳᠡᠰᠤ᠃ | | ︵ᠺᠢᠷᠢᠯ ᠰᠦᠯᠵᠢᠶᠡᠨ ᠠᠴᠠ ᠰᠠᠴᠤᠷᠠᠯᠳᠤ ᠪᠠᠭᠤᠯᠭᠠᠪᠠ︶ | | |