| — ᠭᠤ᠂ ᠬᠠᠰᠪᠠᠭᠠᠳᠤᠷ | | ᠰᠢᠨ᠎ᠡ ᠲᠤᠮᠳᠠᠲᠦ ᠤᠯᠤᠰ ᠪᠠᠶᠢᠭᠤᠯᠤᠭᠳᠠᠭᠰᠠᠨ ᠤ ᠲᠠᠷᠠᠭ᠎ᠠ 1952 ᠤᠨ ᠳᠤ ᠬᠡᠰᠢᠭᠳᠡᠨ ᠬᠤᠰᠢᠭᠤᠨ ᠤ | ᠠᠩᠬᠠᠳᠤᠭᠠᠷ ᠤᠳᠠᠭᠠᠨ ᠤ ᠨᠠᠭᠠᠳᠤᠮ ᠤᠨ ᠬᠤᠷᠠᠯ ᠢ ᠪᠠᠶᠠᠨᠵᠢᠷᠦᠭᠡ ᠰᠦᠯᠳᠡ ᠤᠪᠤᠭᠠᠨ ᠤ ᠪᠠᠷᠠᠭᠤᠨ ᠲᠠᠨᠵᠢᠨ ᠳᠤ | ᠰᠦᠷ ᠲᠠᠯᠠᠶᠢᠴᠠ ᠲᠠᠢ ᠬᠦᠭᠵᠢᠶᠡᠨ ᠪᠢᠯᠬᠠᠮ᠎ᠠ ᠶᠠᠪᠤᠭᠳᠠᠭᠤᠯᠤᠭᠰᠠᠨ ᠶᠤᠮ᠃ ᠬᠦᠴᠦᠲᠦ ᠪᠦᠬᠡ ᠶᠢᠨ ᠮᠦᠷᠦᠶᠢᠴᠡᠭᠡᠨ | ᠳᠤ ᠲᠠᠷᠭᠤᠨ ᠪᠤᠶᠠᠨᠳᠡᠯᠭᠡᠷ ︵ᠵᠡᠭᠦᠨ ᠠᠷᠤ︶ ᠲᠡᠷᠢᠬᠦᠯᠡᠪᠡ᠃ ᠬᠤᠯᠠ ᠶᠢᠨ ᠮᠤᠷᠢᠨ ᠤ ᠤᠷᠤᠯᠳᠤᠭᠠᠨ ᠳᠤ | ᠲᠦᠴᠢᠭᠡᠳ ᠮᠤᠷᠢᠳ ᠢ ᠲᠦᠪᠡᠷᠭᠡᠨ ᠤ ᠪᠠᠨ ᠲᠤᠭᠤᠰᠤᠨ ᠤ ᠠᠷᠤ ᠳᠤ ᠤᠷᠬᠢᠵᠦ ᠦᠵᠦᠭᠦᠷᠯᠡᠨ ᠲᠡᠷᠢᠬᠦᠯᠡᠵᠦ | ᠢᠷᠡᠭᠰᠡᠨ ᠰᠠᠷᠠᠲᠠᠢ ᠬᠦᠷᠡᠩ ᠮᠤᠷᠢ ᠶᠢ ᠬᠤᠭᠤᠯᠠᠲᠦ ᠶᠢᠨ ᠮᠠᠯᠵᠢᠯ ᠤᠨ ᠲᠠᠯᠠᠪᠠᠢ ᠶᠢᠨ ᠲᠠᠷᠤᠭ᠎ᠠ ᠠᠮᠢᠪᠦᠭᠡ ᠶᠢᠨ | ᠬᠦᠦ ᠴᠢᠯᠠᠭᠤᠨᠪᠠᠭᠠᠳᠤᠷ ᠤᠨᠤᠵᠦ ᠪᠢᠯᠡ᠃ ᠨᠠᠶᠢᠷ ᠦᠨᠳᠦᠷᠯᠡᠬᠦ ᠡᠳᠤᠷ ᠪᠠᠷᠠᠭᠤᠨ ᠠᠷᠤ ᠶᠢᠨ ᠠᠷᠠᠳ ᠤᠨ ᠶᠠᠪᠤᠳᠠᠯ | ᠤᠨ ᠲᠤᠰᠠᠯᠠᠭᠴᠢ᠂ ᠠᠷᠠᠳ ᠤᠨ ᠤᠷᠠᠯᠢᠭᠴᠢᠨ ᠶᠦᠮᠵᠠᠪ ᠭᠤᠸᠠᠢ ᠬᠦᠭᠡ ᠲᠤᠷᠭᠠᠨ ᠲᠡᠷᠯᠢᠭ ᠲᠡᠭᠡᠷ᠎ᠡ ᠰᠢᠷ᠎ᠠ ᠪᠦᠰᠡ | ᠪᠦᠰᠡᠯᠡᠵᠦ᠂ ᠮᠦᠩᠭᠦᠨ ᠬᠠᠵᠠᠭᠠᠷ ᠢᠶᠠᠨ ᠬᠢᠯᠠᠯᠵᠠᠭᠤᠯᠤᠨ ᠲᠤᠯᠤᠭᠠᠢ ᠪᠠᠷ ᠢᠶᠠᠨ ᠨᠠᠭᠠᠳᠤᠭᠰᠠᠨ ᠭᠠᠩᠭᠠᠩ ᠬᠡᠭᠡᠷ | ᠮᠤᠷᠢᠨ ᠤ ᠨᠢᠷᠤᠭᠤᠨ᠎ᠠ ᠮᠦᠩᠭᠦᠨ ᠡᠮᠡᠭᠡᠯ ᠤᠨ ᠲᠦᠷᠦᠭᠡ ᠢᠰᠬᠦᠯᠦᠨ ᠯᠠᠷᠵᠢᠶ᠎ᠠ ᠲᠠᠢ ᠰᠠᠭᠤᠵᠦ ᠪᠠᠭ᠎ᠠ ᠨᠠᠰᠤᠨ ᠤ | ᠴᠢᠯᠠᠭᠤᠨᠪᠠᠭᠠᠳᠤᠷ ᠢ ᠰᠠᠷᠠᠲᠠᠢ ᠬᠦᠷᠡᠩ ᠮᠤᠷᠢ ᠶᠢ ᠵᠠᠶᠢᠳᠠᠯᠠᠭᠤᠯᠤᠨ ᠤᠯᠠᠨ ᠤ ᠲᠤᠮᠳᠠ ᠢᠷᠡᠬᠦ ᠳᠤ ᠬᠤᠷᠠᠭᠰᠠᠨ | ᠬᠦᠮᠦᠰ ᠤᠨ ᠬᠦᠷᠢᠶ᠎ᠡ ᠲᠤᠳᠤᠭᠰᠢᠯᠠᠵᠦ ᠱᠤᠬᠤᠭᠤᠷᠬᠠᠨᠠ᠃ | ᠶᠦᠮᠵᠠᠪ ᠭᠤᠸᠠᠢ᠄ | ᠤᠸ᠋ᠮ ᠰᠠᠶᠢᠨ ᠠᠮᠤᠭᠤᠯᠠᠩ ᠪᠤᠯᠳᠤᠭᠠᠢ︕ | ᠡᠩᠭᠡ ᠰᠠᠶᠢᠨ ᠵᠢᠷᠭᠠᠯᠠᠩᠳᠣᠨ ᠪᠤᠯᠳᠤᠭᠠᠢ︕ | | ᠰᠤᠭᠤᠨ ᠰᠠᠶᠢᠬᠠᠨ ᠴᠢᠬᠢ ᠪᠠᠨ ᠰᠡᠷᠳᠡᠯᠵᠡᠬᠦᠯᠦᠨ | ᠰᠤᠷᠭᠤᠭ ᠬᠤᠶᠠᠷ ᠨᠢᠳᠤ ᠪᠠᠨ ᠬᠡᠷᠡᠯᠳᠤᠭᠦᠯᠦᠨ | ᠬᠠᠰ ᠤᠨ ᠴᠠᠭᠠᠨ ᠰᠢᠳᠤ ᠪᠠᠨ ᠢᠷᠡᠯᠵᠠᠭᠤᠯᠤᠨ | ᠬᠠᠳᠠᠭᠤ ᠲᠦᠷᠪᠡᠨ ᠲᠤᠭᠤᠷᠠᠢ ᠪᠠᠨ ᠴᠠᠪᠴᠢᠯᠳᠤᠭᠤᠯᠤᠨ | ᠲᠡᠷᠡᠰᠤᠨ ᠲᠡᠭᠡᠭᠦᠷ ᠲᠡᠭᠳᠡᠭᠡᠳ ᠬᠦᠶᠦᠳᠡᠭ | ᠳ᠋ᠧᠩᠯᠦ ᠲᠡᠭᠡᠭᠦᠷ ᠲᠡᠬᠦᠯᠢᠭᠡᠳ ᠬᠦᠶᠦᠳᠡᠭ | ᠲᠡᠭᠡᠳᠤᠰ ᠤᠨ ᠮᠢᠨᠢ ᠰᠤᠶᠤᠷᠬᠠᠭᠰᠠᠨ ᠠᠵᠢᠨᠠᠢ ᠬᠦᠯᠦᠭ | ᠲᠡᠪᠡᠯ ᠲᠠᠢ ᠮᠤᠩᠭᠤᠯ ᠤᠨ ᠬᠠᠶᠢᠷᠠᠲᠠᠢ ᠬᠦᠯᠦᠭ | ᠬᠠᠷᠪᠤᠭᠰᠠᠨ ᠰᠤᠮᠤ ᠰᠢᠭ᠋ ᠬᠤᠷᠳᠤᠨ | ᠬᠠᠨᠳᠠᠭᠠᠢ ᠪᠤᠭᠤ ᠰᠢᠭ᠋ ᠲᠦᠷᠭᠡᠨ | ᠬᠠᠮᠤᠭ ᠮᠤᠷᠢᠳ ᠠᠴᠠ ᠲᠡᠷᠢᠬᠦᠯᠡᠵᠦ | ᠬᠠᠷᠠᠭᠰᠠᠨ ᠪᠦᠬᠦᠨ ᠢ ᠱᠠᠭᠰᠢᠭᠤᠯᠤᠨ | ᠬᠠᠵᠠᠭᠠᠷ ᠰᠤᠩᠭᠠᠨ ᠲᠡᠭᠦᠯᠢᠭᠡᠳ ᠢᠷᠡᠬᠦ ᠳᠤ ᠁ | ᠬᠡᠨ ᠦᠵᠡᠪᠡᠴᠦ ᠭᠠᠶᠢᠬᠠᠮᠠᠷ | ᠭᠡ ᠤᠭᠠᠯᠵᠠ ᠳᠤ ᠬᠠᠳᠬᠤᠮᠠᠷ | ᠬᠡᠪ ᠶᠠᠩᠵᠦ ᠶᠢ ᠨᠢ ᠰᠠᠶᠢᠯᠤᠮᠠᠷ | ᠬᠡᠯᠡᠮᠦᠷᠴᠢ ᠢᠷᠦᠭᠡᠯᠴᠢ ᠮᠠᠭᠳᠠᠮᠠᠷ | ᠰᠦ ᠴᠠᠭ᠎ᠠ ᠪᠠᠷ ᠮᠢᠯᠢᠶᠠᠮᠠᠷ | ᠰᠡᠭᠦᠳᠡᠷ ᠵᠢᠷᠤᠭ ᠲᠠᠳᠠᠮᠠᠷ | ᠬᠤᠭᠤᠷ ᠤᠨ ᠲᠤᠯᠤᠭᠠᠢ ᠳᠤ ᠤᠷᠠᠯᠠᠮᠠᠷ | ᠬᠤᠯᠤᠰᠤᠨ ᠯᠢᠩᠪᠦ ᠳᠤ ᠤᠶᠠᠩᠭᠠᠯᠠᠮᠠᠷ ᠡᠨᠡ ᠮᠤᠷᠢ ᠪᠤᠯ | ᠪᠠᠶᠠᠯᠢᠭ ᠰᠠᠶᠢᠬᠠᠨ ᠬᠡᠰᠢᠭᠳᠡᠨ ᠬᠤᠰᠢᠭᠤᠨ ᠤ | ᠪᠠᠷᠠᠭᠤᠨ ᠠᠷᠤ ᠨᠤᠳᠤᠭ ᠤᠨ | ᠪᠦᠬᠦ ᠬᠤᠰᠢᠭᠤᠨ ᠤ ᠵᠢᠱᠢᠶᠡᠴᠢ ᠮᠠᠩᠯᠠᠢ | ᠪᠤᠮᠪᠠᠲᠠᠢ ᠭᠠᠴᠠᠭ᠎ᠠ ᠶᠢᠨ ᠠᠳᠤᠭᠤᠴᠢᠨ ᠦᠪᠦᠳᠡᠩ ᠤᠨ ᠰᠠᠷᠠᠲᠠᠢ ᠬᠦᠷᠡᠩ ᠮᠤᠷᠢ ᠪᠢᠯᠡ︕ | ᠤᠨᠤᠭᠰᠠᠨ ᠡᠨᠡ ᠬᠡᠤᠬᠡᠳ ᠪᠤᠯ | ᠤᠳᠤᠮ ᠰᠠᠶᠢᠲᠠᠢ ᠠᠮᠢᠪᠦᠭᠡ ᠲᠠᠷᠤᠭ᠎ᠠ ᠶᠢᠨ ᠴᠢᠯᠠᠭᠤᠨᠪᠠᠭᠠᠳᠤᠷ ᠬᠡᠳᠡᠭ ᠬᠦᠦ ᠪᠢᠯᠡ︕ ᠬᠡᠮᠡᠨ ᠤᠶᠠᠩᠭᠠᠯᠠᠨ | ᠰᠢᠯᠦᠭᠯᠡᠭᠰᠡᠨ ᠪᠢᠯᠡ᠃ | ᠵᠤᠬᠢᠶᠠᠭᠴᠢ ᠨᠠᠰᠣ ᠪᠠᠭ᠎ᠠ ᠪᠠᠶᠢᠭᠰᠠᠨ ᠪᠤᠯᠪᠠᠴᠦ ᠮᠠᠨ ᠤ ᠭᠠᠴᠠᠭ᠎ᠠ ᠶᠢᠨ ᠰᠠᠷᠠᠲᠠᠢ ᠬᠦᠷᠡᠩ ᠮᠤᠷᠢ ᠶᠢ | ᠣᠨᠣᠭᠰᠠᠨ ᠴᠢᠯᠠᠭᠤᠨᠪᠠᠭᠠᠳᠤᠷ ᠤᠨ ᠲᠤᠯᠤᠭᠠᠢ ᠲᠤᠬᠢᠨ ᠢᠨᠢᠶᠡᠮᠰᠦᠭᠯᠡᠵᠦ ᠪᠠᠶᠢᠭᠰᠠᠨ ᠢ ᠨᠢ ᠲᠣᠳᠣ ᠴᠡᠭᠡᠵᠢᠯᠡᠵᠦ | ᠪᠠᠶᠢᠨ᠎ᠠ᠃ | ᠡᠬᠦᠨ ᠠᠴᠠ ᠬᠤᠶᠢᠰᠢᠬᠢ ᠨᠠᠭᠠᠳᠤᠮ ᠤᠨ ᠬᠤᠷᠠᠯ ᠤᠨ ᠲᠡᠷᠢᠬᠦᠨ ᠮᠤᠷᠢᠨ ᠤ ᠴᠤᠯᠠ ᠶᠢ ᠶᠦᠮᠵᠠᠪ ᠭᠤᠸᠠᠢ | ᠤᠶᠠᠩᠭᠠᠯᠠᠨ ᠰᠢᠯᠦᠭᠯᠡᠨ ᠮᠠᠭᠳᠠᠨ ᠲᠠᠭᠤᠳᠠᠳᠠᠭ ᠪᠢᠯᠡ᠃ ᠶᠦᠮᠵᠡᠪ 1921 ᠤᠨ ᠳᠤ ᠲᠦᠷᠦᠵᠠᠢ᠃ ᠪᠠᠷᠠᠭᠤᠨ | ᠠᠷᠤ ᠨᠤᠳᠤᠭ ᠤᠨ ᠲᠠᠯᠠᠢ ᠭᠠᠴᠠᠭ᠎ᠠ ᠶᠢᠨ ᠬᠦᠮᠦᠨ᠃ ᠪᠠᠭ᠎ᠠ ᠳᠠᠭᠠᠨ ᠲᠤᠯᠢ ᠶᠢᠨ ᠰᠦᠮ᠎ᠡ᠂ ᠬᠦᠬᠦᠷᠭᠡ ᠰᠦᠮ᠎ᠡ ᠳᠤ | ᠱᠠᠪᠢ ᠤᠷᠤᠵᠦ ᠨᠤᠮ ᠰᠤᠷᠴᠠᠢ᠃ ᠠᠪᠠᠭ᠎ᠠ ᠶᠢᠨ ᠶᠠᠩᠳᠤ ᠰᠦᠮ᠎ᠡ ᠳᠤ ᠴᠦ ᠬᠦᠷᠴᠦ ᠨᠤᠮ ᠰᠤᠷᠴᠠᠢ᠃ ᠶᠠᠩᠳᠤ | ᠶᠢᠨ ᠨᠠᠷᠠᠤ ᠪᠠᠨᠴᠢᠨ ᠬᠤᠸᠠᠷᠠᠭ ᠲᠡᠬᠦᠨ ᠤ ᠱᠠᠪᠢ ᠬᠡᠴᠢᠨᠡᠨ ᠵᠠᠭᠤᠨ ᠯᠠᠮᠠ ᠨᠠᠷ ᠤᠨ ᠲᠤᠮᠳᠠ ᠠᠴᠠ ᠭᠠᠭᠴᠠ | ᠶᠦᠮᠵᠠᠪ ᠶᠢ ᠬᠦᠷᠳᠡᠮ ᠪᠤᠯᠭᠠᠬᠤ ᠪᠠᠷ ᠨᠢᠳᠤᠯᠡᠨ ᠰᠤᠩᠭᠤᠵᠠᠢ᠃ ᠴᠠᠭᠠᠨ ᠶᠠᠰᠤ ᠲᠠᠢ ᠬᠦᠮᠦᠨ ᠳᠤ ᠰᠠᠬᠢᠭᠤᠰᠤ | ᠤᠷᠤᠰᠢᠳᠠᠭ ᠬᠡᠨ᠎ᠡ᠃ ᠨᠠᠷᠠᠤ ᠪᠠᠨᠴᠢᠨ ᠨᠢ ᠴᠠᠬᠠᠷ ᠬᠦᠮᠦᠨ᠃ ᠠᠷᠤ ᠬᠠᠯᠬ᠎ᠠ ᠶᠢᠨ ᠵᠢᠪᠽᠤᠩᠳᠠᠮᠪᠠ ᠬᠤᠳᠤᠭᠳᠠᠨ | ᠲᠠᠢ ᠰᠠᠶᠢᠨ ᠶᠠᠪᠤᠯᠴᠠᠳᠠᠭ ᠪᠠᠶᠢᠵᠠᠢ᠃ ᠠᠷᠤ ᠲᠠᠪᠢᠨ ᠲᠤᠯᠤᠭ᠎ᠠ ᠦᠪᠦᠷ ᠲᠦᠴᠢ ᠶᠢᠰᠦᠨ ᠬᠤᠰᠢᠭᠤ ᠪᠠᠷ ᠨᠡᠶᠢᠳᠡᠮ | ᠲᠤᠭᠤᠷᠢᠵᠦ ᠡᠮᠴᠢᠯᠡᠭᠡ ᠬᠢᠳᠡᠭ᠃ ᠶᠦᠮᠵᠠᠪ ᠨᠢ ᠯᠠᠮᠠ ᠮᠦᠷᠳᠡᠭᠡᠨ ᠬᠦᠷᠳᠡᠮ ᠪᠠᠭᠤᠵᠦ ᠬᠦᠮᠦᠨ ᠠᠷᠠᠳ ᠤᠨ | ᠡᠪᠡᠳᠴᠢᠨ ᠠᠷᠬᠠᠭ ᠢ ᠠᠷᠢᠯᠭᠠᠵᠦ ᠶᠠᠪᠤᠳᠠᠭ ᠪᠠᠶᠢᠵᠠᠢ᠃ ᠡᠮᠴᠢᠯᠡᠭᠡ ᠶᠢᠨ ᠮᠡᠷᠭᠡᠵᠢᠯ ᠢ ᠰᠠᠶᠢᠨ ᠰᠤᠷᠴᠦ ᠮᠤᠩᠭᠤᠯ | ᠡᠮ ᠪᠠᠷᠢᠵᠦ ᠶᠠᠪᠤᠳᠠᠭ ᠪᠠᠶᠢᠵᠠᠢ᠃ | ᠲᠡᠷᠡᠪᠡᠷ 1943 ᠤᠨ ᠳᠤ ᠬᠤᠪᠢᠰᠬᠠᠯ ᠤᠨ ᠠᠵᠢᠯ ᠳᠤ ᠤᠷᠤᠯᠴᠠᠵᠦ 1949 ᠤᠨ ᠳᠤ ᠲᠤᠮᠳᠠᠲᠦ | ᠤᠯᠤᠰ ᠤᠨ ᠡᠪ ᠬᠠᠮᠲᠦ ᠨᠠᠮ ᠳᠤ ᠤᠷᠤᠵᠠᠢ᠃ ᠪᠠᠷᠠᠭᠤᠨ ᠠᠷᠤ ᠨᠤᠳᠤᠭ ᠤᠨ ᠠᠷᠠᠳ ᠤᠨ ᠶᠠᠪᠤᠳᠠᠯ ᠤᠨ | ᠲᠤᠰᠠᠯᠠᠭᠴᠢ ᠪᠠᠷ ᠠᠵᠢᠯᠯᠠᠵᠠᠢ᠃ 1947 ᠤᠨ ᠳᠤ ᠪᠠᠶ᠋ᠬᠠᠠᠭᠤᠯᠠ ᠬᠦᠬᠦᠷᠭᠡ ᠪᠠᠷ ᠠᠵᠢᠯ ᠢᠶᠠᠷ ᠪᠠᠭᠤᠵᠦ ᠶᠠᠪᠤᠬᠤ | ᠳᠠᠭᠠᠨ ︽ᠪᠠᠶ᠋ᠬᠠᠠᠭᠤᠯᠠ ᠶᠢᠨ ᠮᠠᠭᠳᠠᠭᠠᠯ︾ ᠬᠡᠮᠡᠬᠦ ᠲᠠᠭᠤᠤ ᠵᠤᠬᠢᠶᠠᠵᠠᠢ᠃ | ᠪᠠᠶᠠᠯᠢᠭ ᠰᠠᠶᠢᠬᠠᠨ ᠬᠡᠰᠢᠭᠳᠡᠨ ᠬᠤᠰᠢᠭᠤᠨ ᠤ | ᠪᠠᠷᠠᠭᠤᠨ ᠵᠠᠬ᠎ᠠ ᠬᠦ᠋ | ᠪᠠᠶ᠋ᠬᠠᠠᠭᠤᠯᠠ ᠬᠦᠬᠦᠷᠭᠡ ᠬᠤᠶᠠᠷ ᠢ | ᠪᠠᠭ᠋ᠠᠳᠤᠨ ᠲᠠᠭᠤᠯᠠᠶ᠎ᠠ ᠬᠦ᠋ ᠁ ᠬᠡᠮᠡᠨ ᠰᠢᠯᠦᠭᠯᠡᠨ ᠲᠠᠭᠤᠯᠠᠵᠠᠢ᠃ | 1958 ᠤᠨ ᠳᠤ ᠶᠠᠮᠠᠷ ᠨᠢᠭᠡᠨ ᠵᠡᠬᠦᠨ ᠤ ᠨᠦᠯᠦᠭᠡ ᠠᠴᠠ ᠪᠤᠯᠵᠦ ᠶᠦᠮᠵᠠᠪ ᠨᠢ ᠠᠵᠢᠯ ᠠᠴᠠ ᠪᠠᠨ | ᠤᠭᠴᠤᠷᠠᠭᠳᠠᠵᠠᠢ᠃ ᠶᠡᠷᠡᠨ ᠤᠨ ᠤ ᠡᠬᠢᠨ ᠳᠤ ᠲᠠᠯᠠᠶᠢᠨᠠᠭᠤᠷ ᠨᠢᠭᠡᠳᠤᠯ ᠨᠢ ᠵᠠᠳᠠᠷᠠᠵᠦ ᠬᠤᠪᠢᠶᠠᠭᠳᠠᠨ | ᠲᠠᠷᠬᠠᠬᠠᠭᠤᠯᠠ ᠬᠡᠰᠡᠨ ᠪᠠᠰᠠ ᠨᠢᠭᠡ ᠨᠢᠭᠡᠳᠤᠯ ᠭᠠᠷᠴᠦ ᠢᠷᠡᠪᠡ᠃ ᠶᠠᠭᠤ ᠪᠦᠬᠦᠨ ᠨᠢ ᠬᠤᠶᠠᠷ ᠲᠡᠰᠢ ᠵᠠᠳᠠᠷᠠᠬᠤ ᠳᠤ | ᠲᠠᠯᠠᠶᠢᠨᠠᠭᠤᠷ ᠤᠨ ᠮᠤᠩᠭᠤᠯ ᠡᠮᠨᠡᠯᠭᠡ ᠶᠢᠨ ᠬᠤᠷᠢᠶ᠎ᠠ ᠶᠢᠨ ᠮᠤᠩᠭᠤᠯ ᠡᠮᠴᠢ ᠨᠠᠷ ᠠᠴᠠ ᠬᠠᠭᠠᠰ ᠨᠢ ᠲᠠᠷᠬᠠᠬᠠᠭᠤᠯᠠ | ᠨᠢᠭᠡᠳᠤᠯ ᠳᠤ ᠬᠤᠪᠢᠶᠠᠷᠠᠯᠠᠭᠳᠠᠵᠠᠢ᠃ ᠡᠶᠢᠮᠦ ᠠᠴᠠ ᠲᠠᠯᠠᠶᠢᠨᠠᠭᠤᠷ ᠨᠢᠭᠡᠳᠤᠯ ᠤᠨ ᠮᠤᠩᠭᠤᠯ ᠡᠮᠨᠡᠯᠭᠡ ᠶᠢᠨ ᠬᠤᠷᠢᠶ᠎ᠠ | ᠨᠢ ᠶᠦᠮᠵᠠᠪ ᠭᠤᠸᠠᠢ ᠶᠢ ᠡᠮᠴᠢ ᠪᠠᠷ ᠤᠷᠢᠨ ᠵᠠᠯᠠᠪᠡ᠃ 1966 ᠤᠨ ᠳᠤ ᠰᠤᠶᠤᠯ ᠤᠨ ᠬᠤᠪᠢᠰᠬᠠᠯ ᠤᠨ ᠤᠯᠠᠭᠠᠨ | ᠰᠢᠭᠤᠷᠭ᠎ᠠ ᠳᠤ ᠶᠦᠮᠵᠠᠪ ᠭᠤᠸᠠᠢ ᠶᠢ ︽ᠦᠪᠦᠷ ᠠᠷᠠᠳ ᠤᠨ ᠨᠠᠮ︾ ︽ᠶᠠᠫᠤᠨ ᠤ ᠲᠠᠩᠨᠠᠭᠤᠯ︾ ᠬᠡᠮᠡᠨ ᠲᠡᠮᠡᠴᠡᠵᠦ | ᠪᠡᠶ᠎ᠡ ᠮᠠᠬᠠᠪᠤᠳ ᠨᠢ ᠵᠡᠮᠳᠡᠭ ᠪᠤᠯᠵᠦ ᠤᠶᠤᠨ ᠰᠠᠨᠠᠭᠠᠨ ᠤ ᠬᠡᠳᠤ ᠲᠠᠷᠤᠯᠳᠠ ᠶᠢ ᠠᠮᠰᠠᠪᠠ᠃ ᠶᠦᠮᠵᠠᠪ ᠭᠤᠸᠠᠢ | 1977 ᠤᠨ ᠳᠤ ᠨᠡᠷᠡᠲᠦ ᠶᠢᠷᠳᠢᠨᠴᠦ ᠠᠴᠠ ᠦᠨᠢᠳᠡ ᠠᠩᠬᠢᠵᠠᠷᠡᠪᠡ᠃ ᠲᠡᠷᠡᠪᠡᠷ ᠠᠮᠢᠲᠦ ᠰᠡᠷᠡᠬᠦᠨ ᠪᠠᠶᠢᠬᠤ | ᠳᠠᠭᠠᠨ ︽ᠪᠠᠶ᠋ᠬᠠᠠᠭᠤᠯᠠ ᠶᠢᠨ ᠮᠠᠭᠳᠠᠭᠠᠯ︾ ︽ᠲᠠᠯᠠᠨ ᠬᠡᠯᠡᠲᠦ ᠶᠢᠨ ᠮᠠᠭᠳᠠᠭᠠᠯ︾ ︽ᠬᠦᠩᠭᠡᠷ ᠤᠨ ᠲᠠᠯ᠎ᠠ ᠶᠢᠨ | ᠮᠠᠭᠳᠠᠭᠠᠯ︾ ︽ᠲᠠᠩ ᠤᠨ ᠰᠢᠯᠦᠭ ᠲᠠᠪᠤᠨ ᠪᠠᠳᠠᠭ︾ ︽ᠭᠠᠩᠭᠠᠨ ᠬᠠᠷ᠎ᠠ ᠦᠭᠡᠷ ᠤᠨ ᠮᠠᠭᠳᠠᠭᠠᠯ︾ ︽ | ᠤᠷᠤᠯᠳᠤᠭᠠᠨ ᠮᠤᠷᠢᠨ ᠤ ᠮᠠᠭᠳᠠᠭᠠᠯ︾ ᠵᠡᠷᠭᠡ ᠤᠯᠠᠨ ᠰᠠᠶᠢᠬᠠᠨ ᠰᠢᠯᠦᠭ ᠵᠤᠬᠢᠶᠠᠵᠠᠢ᠃ ᠵᠠᠷᠢᠮ ᠰᠢᠯᠦᠭ ᠨᠢ | ᠬᠦᠮᠦᠰ ᠲᠤ ᠮᠠᠷᠳᠠᠭᠳᠠᠵᠠᠢ᠃ ︽ᠪᠠᠶᠠᠯᠢᠭ ᠰᠠᠶᠢᠬᠠᠨ ᠬᠡᠰᠢᠭᠳᠡᠨ︾ ᠬᠡᠮᠡᠨ ᠬᠠᠮᠤᠭ ᠤᠨ ᠠᠩᠬ᠎ᠠ ᠤᠶᠠᠩᠭᠠᠯᠠᠨ | ᠰᠢᠯᠦᠭᠯᠡᠭᠰᠡᠨ ᠬᠦᠮᠦᠨ ᠪᠤᠯ ᠠᠷᠠᠳ ᠤᠨ ᠤᠷᠠᠯᠢᠭᠴᠢᠨ ᠶᠦᠮᠵᠠᠪ ᠮᠦᠨ᠃ | ᠶᠦᠮᠵᠠᠪ ᠭᠤᠸᠠᠢ ᠪᠤᠯ ᠯᠠᠮᠠ ᠭᠠᠷᠤᠯ ᠲᠠᠢ᠂ ᠬᠦᠷᠳᠡᠮ᠂ ᠤᠯᠤᠰ ᠤᠨ ᠺᠠᠳᠡᠷ᠂ ᠨᠡᠷᠡᠲᠦ ᠡᠮᠴᠢ᠂ ᠠᠷᠠᠳ ᠤᠨ | ᠤᠷᠠᠯᠢᠭᠴᠢᠨ᠂ ᠪᠡᠯᠡᠭᠡᠨ ᠰᠢᠯᠦᠭᠴᠢᠨ᠂ ᠢᠷᠠᠭᠤ ᠨᠠᠶᠢᠷᠠᠭᠴᠢ ᠬᠦᠮᠦᠨ ᠪᠢᠯᠡ᠃ | 1984 ᠤᠨ ᠳᠤ ᠬᠡᠰᠢᠭᠳᠡᠨ ᠬᠤᠰᠢᠭᠤᠨ ᠤ ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ | ᠲᠤᠪᠴᠢᠶᠠᠨ ᠠᠴᠠ ᠡᠷᠬᠢᠯᠡᠭᠰᠡᠨ ᠠᠩᠬᠠᠳᠤᠭᠴᠢ ᠤᠳᠬ᠎ᠠ ᠵᠤᠬᠢᠶᠠᠯ ᠤᠨ ᠰᠡᠳᠬᠦᠯ ᠡᠬᠦᠳᠡ ᠪᠠᠨ ᠨᠡᠭᠡᠭᠡᠵᠦ ᠡᠷᠦᠭᠡ | ᠪᠠᠨ ᠰᠡᠬᠦᠬᠦ ᠳᠤ ᠬᠡᠰᠢᠭᠳᠡᠨ ᠨᠤᠳᠤᠭᠲᠠᠢ ᠮᠤᠩᠭᠤᠯ ᠬᠡᠯᠡᠨ ᠤ ᠡᠷᠳᠡᠮᠳᠡᠨ ᠪᠠᠭᠰᠢᠳᠠᠨ ᠡᠷᠳᠡᠨᠢᠳᠤᠭᠳᠠᠬᠤ ᠭᠤᠸᠠᠢ ︽ | ᠪᠠᠶᠠᠯᠢᠭ ᠰᠠᠶᠢᠬᠠᠨ ᠬᠡᠰᠢᠭᠳᠡᠨ︾ ᠬᠡᠮᠡᠬᠦ ᠵᠤᠬᠢᠶᠠᠯ ᠢᠶᠠᠷ ᠢᠶᠠᠨ ᠲᠡᠮᠳᠡᠭᠯᠡᠵᠦ ︽ᠪᠠᠶᠠᠯᠢᠭ ᠰᠠᠶᠢᠬᠠᠨ ᠬᠡᠰᠢᠭᠳᠡᠨ︾ | ᠬᠡᠰᠡᠨ ᠰᠡᠳᠬᠦᠯ ᠮᠡᠨᠳᠦᠯᠡᠪᠡ᠃ | ᠠᠷᠠᠳ ᠤᠨ ᠤᠷᠠᠯᠢᠭᠴᠢᠨ ᠶᠦᠮᠵᠠᠪ ᠭᠤᠸᠠᠢ 1947 ᠤᠨ ᠳᠤ ᠪᠠᠶᠠᠯᠢᠭ ᠰᠠᠶᠢᠬᠠᠨ ᠬᠡᠰᠢᠭᠳᠡᠨ ᠬᠡᠮᠡᠨ | ᠤᠶᠠᠩᠭᠠᠯᠠᠨ ᠲᠠᠭᠤᠯᠠᠭᠰᠠᠨ ᠤ 37 ᠵᠢᠯ ᠤᠨ ᠲᠠᠷᠠᠭ᠎ᠠ ᠪᠠᠶᠠᠯᠢᠭ ᠰᠠᠶᠢᠬᠠᠨ ᠬᠡᠰᠢᠭᠳᠡᠨ ᠰᠡᠳᠬᠦᠯ ᠮᠡᠨᠳᠦᠯᠡᠪᠡ᠃ | | ᠲᠠᠶᠢᠯᠪᠤᠷᠢ᠄ | | | ① ᠴᠢᠯᠠᠭᠤᠨᠪᠠᠭᠠᠳᠤᠷ — ᠠᠮᠢᠪᠦᠭᠡ ᠲᠠᠷᠤᠭ᠎ᠠ ᠶᠢᠨ ᠬᠦᠦ᠂ ᠲᠠᠪᠢᠭᠠᠳ ᠤᠨ ᠳᠤ ᠠᠮᠢᠪᠦᠭᠡ ᠲᠠᠷᠤᠭ᠎ᠠ | ᠶᠢᠨ ᠭᠡᠷ ᠨᠢ ᠮᠠᠨᠠᠢ ᠪᠤᠮᠪᠠᠳᠠᠢ ᠶᠢᠨ ᠠᠶᠢᠯ ᠳᠤ ᠢᠷᠡᠵᠦ ᠠᠷᠤ ᠵᠠᠮ ᠤᠨ ᠵᠤᠰᠠᠯᠠᠩ ᠳᠤ ᠦᠷᠦᠭᠡ ᠭᠡᠷ ᠵᠦᠷᠢᠶ᠎ᠠ | ᠪᠡᠯᠴᠢᠭᠡᠷ ᠲᠠᠢ ᠰᠠᠭᠤᠵᠦ ᠪᠠᠶᠢᠭᠰᠠᠨ᠃ ᠴᠢᠯᠠᠭᠤᠨᠪᠠᠭᠠᠳᠤᠷ ᠤᠨ ᠮᠠᠯ ᠨᠢ ᠬᠦᠮᠦᠨ ᠤ ᠨᠤᠳᠤᠭ ᠲᠤ ᠢᠷᠡᠭᠰᠡᠨ ᠠᠴᠠ | ᠢᠳᠡᠭᠡᠰᠢᠵᠦ ᠲᠠᠰᠤᠯᠴᠠᠬᠤ ᠦᠭᠡᠢ ᠲᠤᠯᠠ ᠲᠡᠷᠡ ᠮᠤᠷᠢ ᠪᠠᠨ ᠵᠠᠶᠢᠳᠠᠯᠠᠵᠦ ᠮᠠᠯ ᠢᠶᠠᠨ ᠡᠷᠬᠢᠬᠦᠯᠳᠡᠭ᠃ ᠲᠡᠷᠡ ᠮᠤᠷᠢᠨ | ᠳᠠᠭᠠᠨ ᠠᠯᠢᠶ᠎ᠠ ᠰᠢᠭ᠋ ᠰᠠᠶᠢᠨ ᠪᠠᠶᠢᠳᠠᠭ ᠠᠴᠠ ᠠᠳᠤᠭᠤᠴᠢᠨ ᠦᠪᠦᠳᠡᠩ ᠲᠡᠬᠦᠨ ᠢ ᠭᠤᠶᠤᠵᠦ ᠰᠠᠷᠠᠲᠠᠢ ᠬᠦᠷᠡᠩ | ᠮᠤᠷᠢ ᠪᠠᠨ ᠤᠨᠤᠭᠤᠯᠤᠭᠰᠠᠨ ᠶᠤᠮ᠃ ᠲᠡᠷᠡᠪᠡᠷ ᠰᠤᠷᠭᠠᠭᠤᠯᠢ ᠰᠤᠶᠤᠯ ᠤᠨ ᠮᠦᠷ ᠬᠦᠬᠡᠬᠡᠵᠦ ᠦᠪᠦᠷ ᠮᠤᠩᠭᠤᠯ ᠤᠨ | ᠶᠡᠭᠡ ᠰᠤᠷᠭᠠᠭᠤᠯᠢ ᠳᠤ ᠲᠠᠪᠰᠢᠭᠰᠡᠨ᠃ ᠶᠡᠭᠡ ᠰᠤᠷᠭᠠᠭᠤᠯᠢ ᠪᠠᠨ ᠲᠡᠭᠦᠰᠦᠭᠡᠳ ᠶᠠᠮᠠᠷ ᠭᠠᠵᠠᠷ ᠠᠵᠢᠯᠯᠠᠭᠰᠠᠨ ᠢ ᠨᠢ | ᠮᠡᠳᠡᠬᠦ ᠦᠭᠡᠢ᠃ | | |