ᠬᠦᠳᠡᠭᠡ ᠶᠢᠨ ᠦᠬᠢᠨ
ᠨᠡᠶᠢᠲᠡᠯᠡᠭᠰᠡᠨ ᠴᠠᠭ᠄
2016/8/19
         ︽ᠪᠢᠳᠡᠭᠡᠢ ᠴᠢᠮᠡᠭᠡ ᠭᠠᠷᠭᠠᠭᠠᠳ ᠪᠠᠢ ᠯᠡ ᠳ᠋ᠠ᠂ ᠨᠠᠭᠠᠳᠤ ᠬᠠᠭᠠᠯᠭ᠎ᠠ ᠪᠠᠨ ᠬᠤᠷᠳᠤᠨ ᠬᠠᠭ᠎ᠠ︕︾ ᠬᠡᠵᠤ ᠫᠠᠯᠠᠮᠤ ᠭᠤᠸᠠᠢ ᠤᠴᠠᠭᠠᠷᠯᠠᠩᠭᠤᠢ ᠬᠡᠯᠡᠭᠡᠳ ᠱᠠᠬᠠᠢ ᠪᠠᠨ ᠴᠢᠷᠦᠨ ᠲᠤᠮᠤ ᠲᠤᠮᠤ ᠠᠯᠬᠤᠯᠠᠭᠰᠠᠭᠠᠷ ᠦᠷᠦᠭᠡ ᠤᠷᠤᠭᠤ ᠎ ᠪᠠᠨ ᠶᠠᠪᠤᠵᠤ ᠤᠷᠤᠪᠠ᠃ ᠲᠡᠬᠦᠨ ᠤ ᠠᠷᠤ ᠳᠤ ᠰᠠᠭᠠᠷᠠᠯᠳᠤᠨ ᠦᠯᠡᠳᠡᠭᠰᠡᠨ ᠲᠠᠮᠠᠬᠢᠨ ᠤ ᠤᠳᠤᠭ᠎ᠠ ᠤᠷᠴᠢᠨ ᠢ ᠡᠵᠡᠩᠨᠡᠵᠤ᠂ ᠴᠤᠩᠬᠤ ᠪᠠᠷ ᠲᠤᠰᠬᠤ ᠨᠠᠷᠠᠨ ᠤ ᠬᠡᠷᠡᠯ ᠳᠤ ᠶᠠᠭᠤ ᠨᠢ ᠦᠯᠤ ᠮᠡᠳᠡᠭᠳᠡᠬᠦ ᠬᠡ ᠮᠡᠳᠤ ᠪᠤᠯᠤᠭᠰᠠᠨ ᠢᠶᠠᠨ ᠠᠭᠠᠵᠢᠮ ᠢᠶᠠᠷ ᠵᠠᠮᠬᠠᠷᠠᠪᠠ᠃ ᠦᠷ᠎ᠠ ᠶᠢᠨ ᠭᠠᠭᠴᠨ ᠦᠬᠢᠨ ᠳᠡᠭᠡᠨ ᠪᠤᠯ ᠨᠢᠳᠤ ᠪᠠᠨ ᠤᠬᠤᠭᠠᠳ ᠦᠭᠬᠦᠭᠰᠡᠨ ᠴᠦ ᠪᠤᠴᠠᠬᠤ ᠪᠠᠷ ᠦᠭᠡᠢ ᠪᠤᠯᠪᠠᠴᠤ ᠦᠷᠦᠭᠡᠯ ᠤᠨ ᠬᠡᠦᠭᠡᠳ ᠲᠤ ᠡᠪᠡᠷ ᠲᠠᠢ ᠲᠠᠤᠯᠠᠢ ᠦᠵᠡᠭᠰᠡᠨ ᠮᠡᠳᠤ ᠬᠠᠨᠳᠤᠳᠠᠭ ᠨᠢ ᠵᠢᠭᠠᠬᠠᠨ ᠲᠠᠭᠠᠬᠦᠢ᠃ ᠡᠨᠡ ᠵᠢᠯ ᠶᠢᠰᠦᠳᠦᠭᠡᠷ ᠠᠩᠬᠢ ᠪᠠᠨ ᠲᠡᠬᠦᠰᠴᠤ ᠪᠤᠢ ᠬᠠᠯᠢᠭᠤᠨ᠂ ᠰᠤᠷᠭᠠᠭᠤᠯᠢ ᠲᠡᠬᠦᠰᠳᠡᠯ᠎ᠠ ᠬᠠᠮᠢᠶᠠᠳᠠᠨ ᠤ ᠪᠠᠨ ᠪᠠᠶᠢᠷᠢᠨ ᠳᠤ ᠰᠠᠭᠤᠬᠤ ᠪᠠᠷ ᠰᠠᠶ᠋ᠢᠬᠠᠨ ᠰᠢᠯᠵᠢᠵᠤ ᠢᠷᠡᠭᠡᠳ ᠪᠠᠶᠢᠭ᠎ᠠ ᠨᠢ ᠡᠨᠡ᠃ ᠬᠢᠴᠢᠶᠡᠯ ᠰᠤᠷᠭᠠᠭᠤᠯᠢ ᠶᠢᠨ ᠬᠠᠵᠠᠭᠤ ᠪᠠᠷ ᠠᠶᠢᠯ ᠤᠨ ᠠᠶ᠎ᠠ ᠲᠠᠯ᠎ᠠ ᠬᠠᠷᠠᠬᠤ ᠶᠢᠨ ᠠᠮᠤᠷ ᠦᠭᠡᠢ ᠶᠢ ᠰᠡᠬᠦᠯ ᠤᠨ ᠬᠤᠭᠤᠴᠠᠭᠠᠨ ᠳᠤ ᠪᠡᠶ᠎ᠠ ᠪᠠᠷ ᠢᠶᠠᠨ ᠮᠡᠳᠡᠷᠡᠵᠤ ᠪᠤᠢ ᠲᠡᠷᠡᠪᠡᠷ ᠬᠡᠯᠡᠭᠰᠡᠨ ᠪᠦᠬᠦᠨ ᠢ ᠨᠢ ᠬᠢᠨ᠎ᠠ᠃ ᠲᠡᠳᠡᠨ ᠤ ᠦᠬᠢᠨ ᠮᠠᠷᠭᠠᠳ ᠲᠠᠢ ᠨᠠᠰᠤ ᠴᠢᠴᠠᠤ ᠪᠦᠭᠡᠳ ᠨᠢᠭᠡ ᠠᠩᠬᠢ ᠳᠤ ᠰᠤᠷᠤᠯᠴᠠᠳᠠᠭ᠃ ᠰᠤᠷᠤᠯᠭ᠎ᠠ ᠪᠠᠷ ᠲᠠᠭᠠᠷᠠᠤ ᠮᠠᠷᠭᠠᠳ ᠲᠤ ᠬᠢᠴᠢᠶᠡᠯ ᠲᠠᠭᠠᠭᠠᠯᠭᠠᠪᠤᠷᠢ ᠶᠢ ᠨᠢ ᠬᠢᠵᠤ ᠦᠭᠬᠦ᠂ ᠭᠡᠷ ᠤᠨ ᠠᠵᠢᠯ ᠬᠢᠬᠦ ᠦᠷᠢ ᠲᠠᠢ ᠮᠡᠳᠤ ᠪᠠᠶᠢᠪᠠᠴᠤ᠂ ᠵᠠᠷᠢᠮ ᠎ ᠳᠠᠭᠠᠨ ᠲᠡᠭᠡᠵᠤ ᠲᠤᠰᠠᠯᠠᠭ᠎ᠠ ᠦᠭᠡᠢ ᠠᠴᠠ ᠪᠤᠯᠵᠤ ᠪᠠᠭ᠎ᠠ ᠦᠭᠡᠢ ᠬᠡᠷᠡᠭ ᠮᠠᠨᠳᠤᠨ᠎ᠠ᠃ ᠬᠡᠴᠢᠨᠡᠨ ᠡᠶ᠎ᠡ ᠡᠪ ᠶᠢ ᠬᠢᠴᠢᠶᠡᠪᠡᠴᠤ ᠶᠠᠭᠠᠬᠢᠭᠠᠳ ᠴᠦ ᠶᠤᠮ ᠵᠠᠪᠠᠯ ᠨᠢᠭᠡ ᠰᠢᠯᠳᠠᠭ ᠭᠠᠷᠤᠭᠰᠠᠭᠠᠷ ᠡᠨᠡ ᠬᠤᠶᠠᠷ ᠨᠢᠭᠡ ᠯᠡ ᠡᠪ ᠲᠦᠨᠵᠢᠨ ᠦᠭᠡᠢ ᠪᠢᠯᠨ᠃      ᠬᠠᠯᠢᠭᠤᠨ ᠫᠠᠯᠠᠮᠤ ᠠᠬ᠎ᠠ ᠶᠢᠨ ᠲᠤᠰᠢᠶᠠᠯ ᠢᠶᠠᠷ ᠪᠤᠯᠭᠤᠮᠵᠢᠳᠠᠶᠢᠬᠠᠨ ᠬᠠᠭᠠᠯᠭ᠎ᠠ ᠶᠢ ᠬᠠᠭᠠᠭᠠᠳ ᠭᠠᠯ ᠵᠤᠤᠬᠠᠨ ᠎ ᠤ ᠦᠷᠦᠭᠡᠨ ᠳᠤ ᠤᠷᠤᠢ ᠶᠢᠨ ᠬᠤᠭᠤᠯᠨ ᠪᠡᠯᠡᠳᠭᠡᠵᠤ ᠡᠬᠢᠯᠡᠪᠡ᠃ ᠪᠠᠩᠰᠢ ᠶᠢᠨ ᠭᠤᠯᠢᠷ ᠢ ᠬᠢᠴᠢᠶᠡᠩᠬᠦᠶᠢᠯᠡᠨ ᠡᠯᠳᠡᠵᠤ᠂ ᠴᠢᠮᠬᠢᠬᠦ ᠪᠠᠷ ᠵᠠᠪᠳᠤᠵᠤ ᠪᠠᠶᠢᠳᠠᠯ᠎ᠠ ᠮᠠᠷᠭᠠᠳ ᠭᠠᠳᠠᠨ᠎ᠠ ᠠᠴᠠ ᠵᠢᠪᠠᠷ ᠰᠠᠩᠬᠢᠨᠡᠬᠦᠯᠦᠨ ᠤᠷᠤᠵᠤ ᠢᠷᠡᠭᠰᠡᠨ ᠎ ᠢᠶᠠᠨ᠄ ︽ᠥ᠂ ᠤᠳᠤ ᠪᠤᠯᠳᠠᠯ᠎ᠠ ᠬᠤᠭᠤᠯᠨ ᠬᠢᠭᠡ ᠦᠭᠡᠢ ᠶᠤᠮ ᠦᠦ︖ ᠢᠳᠡᠬᠦ ᠶᠠᠭᠤᠮ᠎ᠠ ᠪᠠᠶᠢᠨ᠎ᠠ ᠦᠦ︖︾ ᠬᠡᠳ ᠡᠬᠦᠪᠡᠷ ᠲᠡᠬᠦᠪᠡᠷ ᠤᠩᠬᠢᠴᠢᠨ ᠶᠠᠮᠠᠷ ᠨᠢᠭᠡ ᠵᠦᠢᠯ ᠡᠷᠢᠵᠤ ᠭᠠᠷᠤᠯ᠎ᠠ᠃ ︽ᠦᠨᠦᠳᠦᠷ ᠪᠢ ᠲᠤᠭᠠᠨ ᠲᠡᠭᠡᠷ᠎ᠠ ᠤᠨᠴᠨ ᠦᠭᠡᠢ ᠳ᠋ᠦᠩ ᠠᠪᠤᠴᠢᠬᠠᠯ᠎ᠠ᠂ ᠴᠢ ᠶᠠᠭᠠᠬᠢᠭᠠᠳ ᠨᠠᠳᠠᠳᠤ ᠪᠤᠳᠤᠵᠤ ᠦᠭᠬᠦᠭᠰᠡᠨ ᠦᠭᠡᠢ ᠪᠤᠢ︖︾ ᠬᠡᠮᠡᠨ ᠴᠢᠬᠤᠯᠳᠠᠨ ᠬᠡᠯᠡᠬᠦ ᠳᠤ ᠲᠡᠬᠦᠨ ᠤ ᠡᠵᠢ ᠨᠠᠳᠮᠢᠳ ᠠᠪᠠᠭᠠᠢ ᠤᠯᠠᠪᠴᠢ ᠪᠠᠨ ᠴᠢᠷᠦᠨ ᠤᠷᠤᠵᠤ ᠢᠷᠡᠬᠦ ᠲᠠᠢ ᠵᠡᠷᠭᠡᠴᠡᠨ ᠮᠠᠷᠭᠠᠳ ᠴᠢᠮᠡᠭᠡ ᠦᠭᠡᠢ ᠪᠤᠯᠪᠠ᠃ ︽ᠮᠢᠨᠤ ᠦᠬᠢᠨ ᠲᠠᠭᠠᠷᠠᠭᠰᠠᠨ ᠦᠦ︖ ᠶᠠᠪᠤᠵᠤ ᠨᠠᠭᠠᠳᠤ ᠬᠤᠪᠴᠠᠰᠤ ᠪᠠᠨ ᠰᠤᠯᠢ︾ ᠭᠡᠳ ᠬᠠᠨᠴᠤᠢ ᠰᠢᠮᠠᠯᠠᠨ ᠬᠠᠯᠢᠭᠤᠨ ᠲᠠᠢ ᠬᠠᠮᠳᠤ ᠬᠤᠭᠤᠯᠨ ᠬᠢᠯᠴᠡᠵᠤ ᠡᠬᠢᠯᠡᠬᠦ ᠳᠤ ᠮᠠᠷᠭᠠᠳ ᠰᠢᠷᠡᠭᠡᠨ ᠲᠡᠭᠡᠷ᠎ᠠ ᠪᠠᠶᠢᠭᠰᠠᠨ ᠬᠠᠶᠢᠷᠴᠠᠭ ᠲᠠᠢ ᠲᠠᠮᠠᠬᠢᠨ ᠠᠴᠠ ᠰᠡᠮᠡᠭᠡᠷᠭᠡᠨ ᠰᠤᠭᠤᠯᠤᠨ ᠠᠪᠬᠤ ᠶᠢ ᠬᠠᠯᠢᠭᠤᠨ ᠰᠠᠨᠠᠮᠰᠠᠷ  ᠦᠭᠡᠢ ᠬᠠᠷᠠᠴᠢᠬᠠᠪᠠ᠃ ᠮᠠᠷᠭᠠᠳ ᠲᠡᠬᠦᠨ ᠲᠠᠢ ᠬᠠᠷᠠᠴᠨ ᠲᠤᠯᠭᠠᠷᠠᠮᠠᠭᠴᠨ ᠲᠤᠯᠤᠪᠤᠷ ᠬᠤᠷᠤᠭᠤ ᠪᠠᠨ ᠤᠷᠤᠭᠤᠯ ᠳᠠᠭᠠᠨ ᠬᠦᠷᠭᠡᠵᠤ᠂ ᠲᠠᠷᠠᠭ᠎ᠠ ᠨᠢ ᠭᠠᠷ ᠢᠶᠠᠨ ᠵᠠᠩᠬᠢᠳᠤᠨ ᠵᠠᠩᠨᠠᠭᠠᠳ ᠲᠦᠷᠭᠡᠨ ᠭᠡᠭᠴᠢ ᠎ ᠨᠢ ᠭᠠᠷᠴᠤ ᠤᠳᠬᠤ ᠶᠢ ᠨᠠᠳᠮᠢᠳ ᠡᠭᠡᠴᠢ ᠲᠠᠩᠴᠢ ᠠᠩᠵᠠᠭᠠᠷᠠᠭᠰᠠᠨ ᠦᠭᠡᠢ᠃ ᠲᠦᠳᠡᠯ ᠦᠭᠡᠢ ᠮᠠᠷᠭᠠᠳ ᠠᠭᠤᠷ ᠤᠴᠠᠭᠠᠷ ᠪᠤᠯᠤᠭᠰᠠᠨ ᠨᠢᠳᠤ ᠪᠠᠨ ᠡᠷᠬᠢᠯᠳᠦᠬᠦᠯᠦᠭᠰᠡᠭᠡᠷ ᠤᠷᠤᠵᠤ ᠢᠷᠡᠭᠡᠳ᠄ ︽ᠬᠠᠯᠢᠭᠤᠨ ᠡ᠂ ᠦᠴᠦᠭᠡᠳᠦᠷ ᠠᠪᠤ ᠎ ᠶᠢᠨ ᠠᠪᠴᠤ ᠦᠭᠬᠦᠭᠰᠡᠨ ᠰᠢᠷ᠎ᠠ ᠰᠠᠪᠠ ᠲᠠᠢ ᠦᠵᠦᠭ ᠤᠨ ᠴᠤᠭᠯᠠᠭᠤᠯᠭ᠎ᠠ ᠶᠢ ᠶᠠᠭᠠᠬᠢᠭᠰᠠᠨ︖︾ ᠬᠡᠬᠦ ᠳᠤ ᠭᠠᠶᠢᠬᠠᠭᠰᠠᠨ ᠨᠢᠳᠤ ᠪᠠᠨ ᠲᠤᠮᠤᠷᠠᠭᠤᠯᠤᠨ ᠪᠠᠶᠢᠵᠤ᠄ ︽ᠮᠡᠳᠡᠬᠦ ᠦᠭᠡᠢ᠂ ᠪᠢ ᠲᠡᠶᠢᠮᠤ ᠶᠠᠭᠤᠮ᠎ᠠ ᠤᠭᠳᠤ ᠬᠠᠷᠠᠭ᠎ᠠ ᠦᠭᠡᠢ ᠰᠢᠤ ᠳ᠋ᠧ︾ ᠬᠡᠪᠡ᠃ ︽ᠪᠢ ᠬᠠᠶᠢᠭᠠᠳ ᠤᠯᠬᠤ ᠦᠭᠡᠢ ᠪᠠᠶᠢᠨ᠎ᠠ᠂ ᠴᠢ ᠵᠦᠭᠡᠷ ᠯᠡ ᠭᠠᠷᠭᠠᠭᠠᠳ ᠦᠭᠴᠢᠭᠡ︾ ᠬᠡᠮᠡᠨ ᠰᠢᠢᠳᠦᠮᠡᠭᠡᠢ ᠬᠡᠯᠡᠬᠦ ᠨᠢ ᠲᠡᠷᠨ᠃ ︽ᠪᠢ ᠦᠨᠡᠭᠡᠷ ᠬᠠᠷᠠᠭ᠎ᠠ ᠦᠭᠡᠢ᠂ ᠮᠡᠳᠡᠬᠦ ᠦᠭᠡᠢ ᠰᠢᠤ ᠳ᠋ᠧ ︾ ᠬᠡᠬᠦ ᠳᠤ ᠨᠠᠳᠮᠢᠳ ᠭᠤᠸᠠᠢ ᠬᠡᠷᠡᠭ ᠲᠤ ᠤᠷᠤᠯᠴᠠᠨ᠄ ︽ᠴᠢ ᠦᠪᠡᠷ ᠢᠶᠠᠨ ᠠᠳᠠ ᠲᠡᠨᠳᠠ ᠬᠤᠷᠢᠶᠠᠭᠰᠠᠨ ᠪᠢᠰᠢ ᠪᠢᠵᠠ ᠳ᠋ᠧ︖ ᠦᠪᠡᠷ ᠤᠨ ᠢᠶᠠᠨ ᠴᠦᠩᠬᠦ ᠰᠠᠪᠠᠨ ᠳᠤ ᠰᠠᠶᠢᠨ ᠦᠵᠡᠬᠦ ᠦᠭᠡᠢ ᠦᠦ︾ ᠬᠡᠳ ᠨᠢᠭᠡ ᠶᠡᠭᠡ ᠲᠤᠭᠤᠭᠰᠠᠨ ᠦᠭᠡᠢ ᠲᠤᠯᠨ ᠤᠯᠠᠮ ᠤᠨᠳᠤᠭᠤᠴᠠᠭᠰᠠᠨ ᠮᠠᠷᠭᠠᠳ ᠰᠢᠷᠪᠢ ᠲᠠᠳᠠᠨ ᠪᠤᠴᠠᠵᠤ ᠭᠠᠷᠤᠯ᠎ᠠ᠃ ᠲᠡᠭᠡᠭᠡᠳ ᠬᠠᠯᠢᠭᠤᠨ᠎ᠠ ᠶᠢᠨ ᠦᠷᠦᠭᠡᠨ ᠳᠤ ᠤᠷᠤᠵᠤ ᠬᠠᠮᠤᠭ ᠶᠠᠭᠤᠮ᠎ᠠ ᠶᠢ ᠨᠢ ᠰᠠᠨᠳᠠᠭᠠᠴᠢᠨ ᠬᠠᠶᠠᠬᠤ ᠶᠢᠨ ᠬᠠᠵᠠᠭᠤ ᠪᠠᠷ ᠮᠦᠨᠦᠬᠢ ᠰᠢᠷ᠎ᠠ ᠰᠠᠪᠠ ᠲᠠᠢ ᠦᠵᠦᠭ ᠤᠨ ᠴᠤᠭᠯᠠᠭᠤᠯᠭ᠎ᠠ ᠶᠢ ᠲᠡᠷ᠎ᠡ ᠶᠢᠨ ᠲᠤᠤᠷ᠎ᠠ ᠨᠢ ᠰᠡᠮᠡᠭᠡᠷᠭᠡᠨ ᠬᠢᠵᠤ ᠤᠷᠬᠢᠪᠠ ᠃ ᠬᠠᠯᠢᠭᠤᠨ᠎ᠠ ᠶᠢᠨ ᠨᠠᠳᠮᠢᠳ ᠡᠭᠡᠴᠢ ᠲᠠᠢ ᠬᠠᠮᠳᠤ ᠬᠢᠴᠢᠶᠡᠩᠬᠦᠶᠢᠯᠡᠨ ᠬᠢᠭᠰᠡᠨ ᠪᠠᠩᠰᠢ ᠲᠠᠢ ᠱᠦᠯᠤ ᠨᠢ ᠪᠡᠯᠡᠨ ᠪᠤᠯᠵᠤ ᠫᠠᠯᠠᠮᠤ ᠭᠤᠸᠠᠢ ᠡᠬᠡᠨᠡᠷ ᠤᠨ ᠬᠠᠮᠳᠤ ᠤᠷᠤᠢ ᠶᠢᠨ ᠬᠤᠭᠤᠯᠨ ᠪᠠᠨ ᠲᠤᠬᠠᠯᠠᠨ ᠵᠤᠭᠤᠭᠯᠠᠨ᠎ᠠ᠃ ᠬᠠᠯᠢᠭᠤᠨ ᠲᠠᠪᠠᠭ ᠲᠠᠢ ᠬᠤᠭᠤᠯᠨ ᠪᠠᠷᠢᠭᠰᠠᠭᠠᠷ ᠮᠠᠷᠭᠠᠳ ᠢ ᠬᠤᠭᠤᠯᠠᠯᠯᠠᠬᠤ ᠶᠢ ᠤᠷᠢᠶᠠᠯᠠᠨ ᠦᠷᠦᠭᠡᠨ ᠳᠡᠭᠡᠨ ᠤᠷᠤᠵᠤ ᠢᠷᠡᠬᠦ ᠎ ᠳᠤ ᠲᠡᠷᠡᠪᠡᠷ ᠬᠠᠮᠤᠭ ᠶᠠᠭᠤᠮ᠎ᠠ ᠶᠢ ᠨᠢ ᠲᠠᠯ᠎ᠠ ᠪᠠᠷ ᠨᠢᠭᠡ ᠲᠠᠷᠬᠠᠭᠠᠴᠢᠬᠠᠭᠰᠠᠨ ᠰᠠᠭᠤᠵᠤ ᠪᠠᠶᠢᠪᠠ᠃ ︽ᠦᠭᠡᠢ᠂ ᠴᠢ ᠴᠢᠨᠢ ᠶᠠᠭᠠᠬᠢᠵᠤ ᠪᠠᠶᠢᠭ᠎ᠠ ᠶᠤᠮ ᠪᠤᠢ︖︾ ᠬᠡᠵᠤ ᠪᠠᠯᠠᠮᠠᠭᠳᠠᠨ ᠪᠠᠶᠢᠵᠤ ᠠᠰᠠᠭᠤᠭᠠᠳ ᠬᠠᠯᠠᠭᠤᠨ ᠬᠤᠭᠤᠯᠨ ᠶᠢ ᠡᠪᠳᠡᠶᠢᠬᠡᠨ ᠬᠡᠭᠴᠢ ᠨᠢ ᠰᠢᠷᠡᠭᠡᠨ ᠲᠡᠭᠡᠷ᠎ᠠ ᠲᠠᠯᠪᠢᠯ᠎ᠠ᠃ ᠮᠠᠷᠭᠠᠳ ᠬᠠᠯᠢᠭᠤᠨ᠎ᠠ ᠶᠢᠨ ᠭᠠᠷ ᠠᠴᠠ ᠤᠭᠵᠠ ᠲᠠᠳᠠᠨ ᠬᠠᠨ᠎ᠠ ᠤᠷᠤᠭᠤ ᠲᠦᠯᠬᠢᠵᠤ᠄ ︽ᠪᠢ ᠬᠠᠶᠢᠭᠰᠠᠨ ᠶᠠᠭᠤᠮ᠎ᠠ ᠪᠠᠨ ᠤᠯᠤᠭᠰᠠᠨ ᠦᠭᠡᠢ᠂ ᠬᠡᠷᠪᠡ ᠴᠢᠮ᠎ᠠ ᠠᠴᠠ ᠭᠠᠷᠴᠤ ᠢᠷᠡᠳᠡᠭ ᠯᠡ ᠶᠤᠮ ᠪᠤᠯ ᠶᠠᠭᠠᠬᠢᠪᠠᠴᠤ ᠵᠦᠭᠡᠷ ᠦᠩᠭᠡᠷᠡᠭᠡᠬᠦ ᠦᠭᠡᠢ ᠰᠢᠤ᠂ ᠪᠠᠰᠠ ᠁  ᠲᠡᠷᠨ ᠲᠠᠮᠠᠬᠢᠨ ᠎ ᠤ ᠲᠤᠬᠠᠢ ᠠᠮᠠ ᠪᠠᠨ ᠮᠡᠳᠡᠭᠡᠷᠡᠢ︕︾ ᠬᠡᠮᠡᠨ ᠤᠮᠤᠭᠳᠠᠨ ᠭᠠᠷᠴᠤ ᠤᠳᠤᠪᠠ᠃ ᠬᠠᠯᠢᠭᠤᠨ ᠠᠳᠠ ᠲᠡᠨᠳᠠ ᠦᠭᠡᠢ ᠲᠠᠷᠬᠠᠭᠠᠭᠰᠠᠨ ᠨᠤᠮ ᠲᠡᠪᠳᠡᠷ᠂ ᠬᠤᠪᠴᠠᠰᠤ ᠲᠡᠷᠢᠬᠦᠳᠡᠨ ᠢ ᠡᠬᠢᠨ ᠠᠴᠠ ᠨᠢ ᠠᠪᠬᠠᠭᠤᠯᠤᠭᠠᠳ ᠬᠤᠷᠢᠶᠠᠵᠤ᠄ ︽ᠲᠤᠭ᠎ᠠ ᠪᠠᠨ ᠴᠦ ᠪᠤᠳᠤᠵᠤ ᠴᠢᠳᠠᠬᠤ ᠦᠭᠡᠢ ᠪᠠᠶᠢᠵᠤ᠂ ᠬᠦᠮᠦᠨ ᠤ ᠦᠷᠦᠭᠡ ᠶᠢ ᠪᠠᠭᠤᠯᠭᠠᠭᠠᠳ ᠬᠠᠶᠠᠴᠢᠬᠠᠬᠤ ᠎ ᠳᠠᠭᠠᠨ ᠶᠠᠭᠠᠬᠢᠪᠠ ᠳ᠋ᠠ︾ ᠬᠡᠮᠡᠨ ᠪᠤᠳᠤᠪᠠ᠃ ᠦᠷᠦᠭᠡ ᠪᠠᠨ ᠴᠡᠭᠴᠡᠯᠡᠵᠤ ᠲᠠᠭᠤᠰᠤᠭᠠᠳ ᠲᠦᠩᠭᠡᠵᠢ ᠬᠤᠭᠤᠯᠠᠯᠯᠠᠬᠤ ᠎ ᠪᠠᠷ ᠰᠠᠭᠤᠳᠠᠯ᠎ᠠ ᠨᠠᠳᠮᠢᠳ ᠠᠪᠠᠭᠠᠢ ᠪᠦᠭᠡᠮ ᠴᠢᠮᠡᠭᠡ ᠱᠤᠤᠬᠢᠶᠠᠨ ᠪᠤᠯᠤᠭᠰᠠᠭᠠᠷ ᠤᠷᠤᠵᠤ ᠢᠷᠡᠬᠦ ᠨᠢ ᠲᠡᠷᠨ᠃ ︽ᠬᠡᠦᠭᠡᠳ ᠤᠨ ᠶᠠᠭᠤᠮ᠎ᠠ ᠬᠠᠮᠢᠭᠠᠰᠢ ᠨᠢ ᠬᠢᠭᠰᠡᠨ ᠶᠤᠮ ᠪᠤᠢ ᠴᠢ︖︾ ᠬᠡᠮᠡᠨ ᠴᠠᠮᠨᠠᠬᠤ ᠳᠤ ᠭᠠᠶᠢᠬᠠᠭᠰᠠᠨ ᠬᠠᠯᠢᠭᠤᠨ ᠤᠴᠢᠷ ᠢ ᠨᠢ ᠤᠯᠵᠤ ᠶᠠᠳᠠᠨ ᠵᠤᠭᠰᠤᠳᠠᠯ᠎ᠠ ᠮᠠᠷᠭᠠᠳ ᠤᠬᠢᠯᠠᠭᠰᠠᠭᠠᠷ ᠠᠷᠤ ᠠᠴᠠ ᠨᠢ ᠤᠷᠤᠵᠤ ᠢᠷᠡᠪᠡ᠃ ᠬᠠᠯᠢᠭᠤᠨ᠄ ︽ᠪᠢ ᠮᠡᠳᠡᠬᠦ ᠦᠭᠡᠢ᠂ ᠦᠭᠡᠢ ᠮᠠᠷᠭᠠᠳ ᠴᠢ ᠶᠠᠭᠠᠬᠢᠭᠠᠳ ᠤᠬᠢᠯᠠᠭ᠎ᠠ ᠪᠤᠢ︖︾ ᠬᠡᠮᠡᠨ ᠠᠷᠭᠠᠳᠠᠬᠤ ᠪᠠᠷ ᠤᠶᠢᠷᠠᠳᠤᠳᠠᠯ᠎ᠠ᠄ ︽ᠡᠵᠢ ᠡ᠂ ᠪᠢ ᠬᠠᠷᠠᠭᠰᠠᠨ᠂ ᠲᠡᠨᠳᠠ ᠁︾ ᠬᠡᠵᠤ ᠢᠷᠡᠭᠡᠳ ᠬᠤᠷᠤᠭᠤ ᠎ ᠪᠠᠨ ᠭᠤᠵᠤᠶᠢᠯᠭᠠᠨ ᠭᠤᠮᠤᠳᠠᠯᠳᠠᠢ ᠨᠢ ᠠᠷᠭ᠎ᠠ ᠦᠭᠡᠢ ᠬᠠᠯᠢᠭᠤᠨ᠎ᠠ ᠶᠢᠨ ᠤᠷᠤ ᠤᠷᠤᠭᠤ ᠵᠢᠭᠠᠪᠠ᠃ ᠡᠵᠢ ᠨᠢ ᠠᠭᠤᠷᠯᠠᠨ ᠪᠤᠬᠢᠨᠢᠳᠤᠵᠤ᠄ ︽ᠠᠶᠠᠭ᠎ᠠ ᠬᠤᠭᠤᠯᠨ ᠲᠠᠶᠢᠪᠤᠩ ᠢᠳᠡᠬᠦᠯᠬᠦ ᠦᠭᠡᠢ᠂ ᠶᠠᠭᠠᠬᠢᠭᠰᠠᠨ ᠬᠠᠮᠢᠭᠠᠰᠢ ᠪᠠᠨ ᠤᠯᠤᠰ ᠪᠤᠢ︾ ᠬᠡᠮᠡᠨ ᠤᠷᠤ ᠲᠡᠷ᠎ᠡ ᠶᠢ ᠨᠢ ᠤᠩᠬᠢᠴᠢᠵᠤ ᠭᠠᠷᠤᠳᠠᠯ᠎ᠠ ᠲᠡᠷ᠎ᠠ ᠶᠢᠨ ᠲᠤᠤᠷ᠎ᠠ ᠠᠴᠠ ᠨᠢ ᠦᠵᠦᠭ ᠪᠠᠯ ᠲᠡᠷᠢᠬᠦᠳᠡᠨ ᠱᠠᠯᠠ ᠪᠠᠷ ᠨᠢᠭᠡ ᠲᠠᠷᠬᠠᠵᠤ᠂ ᠠᠯᠳᠠᠯᠢᠭ ᠦᠩᠭᠡᠳᠠᠢ ᠰᠢᠷ᠎ᠠ ᠬᠠᠶᠢᠷᠴᠠᠭ ᠭᠠᠵᠠᠷ ᠲᠤ ᠬᠡᠳᠤ ᠬᠡᠳᠤ ᠦᠩᠬᠦᠷᠢᠭᠰᠡᠨ ᠢᠶᠠᠨ ᠬᠦᠮᠦᠷᠢᠨ ᠤᠨᠠᠪᠠ᠃ ᠮᠡᠯ ᠭᠠᠶᠢᠬᠠᠭᠰᠠᠨ ᠬᠠᠯᠢᠭᠤᠨ ᠶᠠᠭᠤ ᠬᠡᠯᠡᠬᠦ ᠪᠠᠨ ᠮᠡᠳᠡᠬᠦ ᠦᠭᠡᠢ ᠵᠤᠭᠰᠤᠳᠠᠯ᠎ᠠ ᠨᠠᠳᠮᠢᠳ ᠭᠤᠸᠠᠢ᠄ ︽ᠮᠦᠷ ᠢᠶᠠᠷ ᠢᠶᠠᠨ ᠪᠠᠶᠢᠵᠤ ᠴᠢᠳᠠᠬᠤ ᠦᠭᠡᠢ ᠪᠠᠰᠠ ᠶᠠᠭᠤᠮ᠎ᠠ ᠬᠢᠮᠤᠰᠤᠯᠠᠨ᠎ᠠ ᠬᠡᠨ᠎ᠠ ᠡ ᠴᠢ᠂ ᠲᠡᠵᠢᠭᠡᠭᠰᠡᠨ ᠪᠢᠷᠠᠭᠤ ᠲᠡᠷᠭᠡ ᠡᠪᠳᠡᠨ᠎ᠠ ᠭᠡᠭᠴᠢ ᠪᠠᠷ ᠁ ᠲᠡᠬᠦᠭᠡᠴᠢ ᠨᠠᠭᠠᠳᠤᠭᠤᠯᠨ ᠪᠠᠨ︾ ᠭᠡᠳ ᠦᠰᠦᠭᠡᠢ ᠠᠴᠠ ᠪᠠᠨ ᠡᠬᠢᠯᠡᠨ ᠰᠡᠮᠡᠷᠡᠭᠰᠡᠨ ᠤᠯᠠᠪᠴᠢ ᠪᠠᠨ ᠠᠪᠤᠭᠠᠳ ᠬᠠᠯᠢᠭᠤᠨ ᠤᠷᠤᠭᠤ ᠨᠡᠬᠦᠯᠭᠡᠪᠡ᠃ ᠰᠠᠨᠳᠤᠷᠤᠭᠰᠠᠨ ᠬᠠᠯᠢᠭᠤᠨ ᠭᠠᠵᠠᠷ ᠢᠶᠠᠷ ᠨᠢᠭᠡ ᠲᠠᠷᠬᠠᠭᠰᠠᠨ ᠦᠵᠦᠭ ᠪᠡᠯ ᠢ ᠴᠤᠭᠯᠠᠭᠤᠯᠵᠤ ᠬᠠᠶᠢᠷᠴᠠᠭ ᠲᠤ ᠬᠢᠭᠡᠳ ᠮᠠᠷᠭᠠᠳ ᠤᠷᠤᠭᠤ ᠰᠠᠷᠪᠠᠶᠢᠯ᠎ᠠ᠃ ᠬᠠᠷᠢᠨ ᠮᠠᠷᠭᠠᠳ ᠬᠤᠳᠠᠯ ᠤᠬᠢᠯᠠᠭᠰᠠᠨ ᠢᠶᠠᠨ ᠡᠵᠢ ᠠᠴᠠ ᠪᠠᠨ ᠨᠢᠭᠤᠵᠤ᠂ ᠲᠡᠶᠢᠯᠦᠭᠰᠡᠨ ᠬᠦᠮᠦᠨ ᠤ ᠪᠠᠭ᠋ᠠᠳᠤᠯᠳᠠᠢ ᠬᠠᠷᠠᠴᠨ ᠪᠠᠷ ᠬᠠᠯᠢᠭᠤᠨ ᠤᠷᠤᠭᠤ ᠢᠨᠢᠶᠡᠪᠬᠢᠯᠡᠬᠦ ᠨᠢ ᠲᠠᠩᠴᠢ ᠨᠢᠭᠡ ᠭᠤᠮᠤᠳᠠᠮᠠᠷ᠃ ᠡᠶᠢᠮᠤᠷᠬᠦ ᠶᠠᠪᠤᠳᠠᠯ ᠬᠡᠳᠦᠨᠳᠡ ᠲᠤᠬᠢᠶᠠᠯᠳᠤᠭᠰᠠᠨ ᠪᠤᠯᠪᠠᠴᠤ ᠲᠡᠷᠨ ᠪᠦᠷᠢ ᠳᠤ ᠬᠠᠯᠢᠭᠤᠨ ᠲᠡᠪᠴᠢᠨ ᠦᠩᠭᠡᠷᠡᠬᠦᠯᠬᠦ ᠠᠴᠠ ᠦᠭᠡᠷ᠎ᠠ ᠠᠷᠭ᠎ᠠ ᠦᠭᠡᠢ ᠶᠢᠨ ᠲᠡᠭᠡᠷ᠎ᠠ ᠪᠦᠬᠦ ᠪᠤᠷᠤᠭᠤ ᠶᠢ ᠦᠪᠡᠷ ᠲᠡᠭᠡᠷ᠎ᠠ ᠪᠠᠨ ᠡᠬᠦᠷᠦᠨ ᠦᠩᠭᠡᠷᠡᠭᠡᠨ᠎ᠠ᠃ ᠬᠡᠷᠪᠡ ᠶᠠᠮᠠᠷ ᠨᠢᠭᠡ ᠬᠡᠷᠡᠬᠦᠯ ᠱᠤᠤᠬᠢᠶᠠᠨ ᠭᠠᠷᠤᠪᠠᠯ ᠲᠦᠳᠡᠯ ᠦᠭᠡᠢ ᠠᠷᠤ ᠭᠡᠷ ᠤᠷᠤᠭᠤ ᠨᠢ ᠭᠤᠮᠤᠳᠠᠯ ᠬᠦᠷᠴᠤ ᠬᠦᠳᠡᠭᠡ ᠤᠷᠤᠭᠤ ᠪᠠᠨ ᠪᠤᠴᠠᠨ᠎ᠠ᠃ ᠲᠡᠭᠡᠭᠡᠳ ᠰᠤᠷᠬᠤ ᠮᠦᠷᠦᠭᠡᠳᠦᠯ ᠨᠢ ᠲᠠᠯᠠᠭᠠᠷ ᠦᠩᠭᠡᠷᠡᠬᠦ ᠲᠤᠯᠨ ᠬᠠᠯᠢᠭᠤᠨ ᠶᠠᠭᠠᠬᠢᠵᠤ ᠡᠶᠢᠵᠤ ᠪᠠᠶᠢᠭᠠᠳ ᠯᠡ ᠪᠦᠬᠦᠳᠠ ᠶᠢ ᠬᠦᠯᠢᠴᠡᠨ᠎ᠠ᠃      ᠴᠠᠪᠴᠠᠶᠢᠨ ᠴᠡᠶᠢᠬᠤ ᠴᠠᠰᠤᠨ ᠲᠡᠭᠡᠷ᠎ᠠ ᠡᠪᠤᠯ ᠤᠨ ᠨᠠᠷᠠᠨ ᠤᠳᠤᠳ ᠭᠡᠷᠡᠯᠳᠦᠬᠦᠯᠦᠨ ᠬᠡᠶᠢᠨ᠎ᠠ᠃ ᠤᠳᠤᠳ ᠴᠠᠰᠤᠨ ᠲᠡᠭᠡᠷ᠎ᠠ ᠠᠴᠠ ᠨᠢᠳᠤ ᠬᠢᠯᠪᠠᠭᠤᠯᠤᠨ ᠠᠨᠢᠪᠴᠢᠬᠤ ᠨᠢ ᠦᠯᠢᠭᠡᠷ ᠤᠨ ᠬᠡᠮᠡᠷ ᠰᠠᠶᠢᠬᠠᠨ᠃ ᠬᠠᠯᠢᠭᠤᠨ ᠹᠢᠽᠢᠺ ᠎ ᠤᠨ ᠤᠯᠢᠮᠫᠢᠶᠠᠳᠤ ᠲᠤ ᠲᠡᠷᠢᠬᠦᠨ ᠪᠠᠶᠢᠷᠢ ᠡᠵᠡᠯᠡᠭᠡᠳ᠂ ᠠᠩᠬᠢ ᠶᠢᠨ ᠨᠠᠶᠢᠵᠠ ᠨᠤᠭᠤᠳ ᠲᠠᠢ ᠪᠠᠨ ᠡᠯᠳᠡᠪ ᠢ ᠬᠦᠭᠵᠢᠯᠳᠤᠨ ᠪᠠᠶᠠᠷ ᠬᠦᠷ ᠪᠤᠯᠤᠭᠰᠠᠭᠠᠷ ᠤᠷᠤᠵᠤ ᠢᠷᠡᠪᠡ᠃ ᠫᠠᠯᠠᠮᠤ ᠭᠤᠸᠠᠢ ᠮᠦᠨ ᠯᠡ ᠨᠢᠷᠤᠭᠤ ᠪᠠᠨ ᠡᠬᠦᠷᠦᠨ ᠲᠠᠮᠠᠬᠢ ᠪᠠᠨ ᠪᠠᠭᠠᠬᠢᠭᠤᠯᠤᠭᠰᠠᠭᠠᠷ ᠬᠠᠭᠠᠯᠭ᠎ᠠ ᠠᠶᠠᠷᠬᠠᠨ ᠬᠠᠭᠠᠬᠤ ᠶᠢ ᠰᠠᠨᠠᠭᠤᠯᠤᠭᠠᠳ ᠦᠷᠦᠭᠡᠨ ᠳᠡᠭᠡᠨ ᠤᠷᠤᠬᠤ ᠎ ᠳᠤ ᠬᠠᠯᠢᠭᠤᠨ ᠤᠳᠤᠭᠠᠨ ᠤ ᠬᠢᠨᠢ ᠦᠨᠦᠷ ᠲᠤ ᠬᠤᠭᠤᠯᠠᠢ ᠨᠢ ᠬᠤᠷᠤᠰᠴᠤ ᠬᠠᠨᠢᠶᠠᠭᠰᠠᠭᠠᠷ ᠬᠤᠴᠤᠷᠤᠪᠠ᠃ ᠴᠢᠩᠬᠢᠭᠡᠳ ᠦᠷᠦᠭᠡᠨ ᠳᠡᠭᠡᠨ ᠤᠷᠤᠵᠤ ᠱᠠᠩᠨᠠᠯ ᠤᠨ ᠪᠢᠴᠢᠭ ᠢᠶᠠᠨ ᠭᠠᠷᠭᠠᠨ ᠪᠠᠶᠠᠷᠯᠠᠵᠤ ᠰᠠᠭᠤᠳᠠᠯ᠎ᠠ ᠮᠠᠷᠭᠠᠳ ᠠᠶᠠᠭᠠᠳᠠᠢ ᠴᠠᠰ ᠬᠠᠯᠠᠭᠤᠨ ᠺᠤᠹᠧ ᠪᠠᠷᠢᠭᠰᠠᠭᠠᠷ ᠤᠷᠤᠵᠤ ᠢᠷᠡᠪᠡ᠃ ᠦᠨᠦᠳᠦᠷ ᠤᠨ ᠬᠢᠴᠢᠶᠡᠯ ᠤᠨ ᠲᠠᠭᠠᠭᠠᠯᠭᠠᠪᠤᠷᠢ᠂ ᠡᠨᠡ ᠲᠡᠷᠨ ᠶᠢ ᠶᠠᠷᠢᠵᠤ ᠰᠠᠭᠤᠭᠰᠠᠭᠠᠷ ᠨᠢᠭᠡ ᠮᠡᠳᠡᠬᠦᠨ᠎ᠠ ᠮᠠᠷᠭᠠᠳ ᠤᠨ ᠬᠠᠯᠠᠭᠠᠰᠤᠨ ᠠᠴᠠ ᠲᠠᠮᠠᠬᠢᠨ ᠤ ᠬᠠᠶᠢᠷᠴᠠᠭ ᠴᠤᠬᠤᠶᠢᠨ ᠪᠠᠶᠢᠬᠤ ᠶᠢ ᠤᠯᠵᠤ ᠬᠠᠷᠠᠯ᠎ᠠ᠃ ᠬᠠᠯᠢᠭᠤᠨ᠄ ︽ᠫᠦᠬᠦ᠂ ᠮᠠᠷᠭᠠᠳ ᠴᠢ ᠲᠠᠮᠠᠬᠢ ᠲᠠᠳᠠᠭᠰᠠᠭᠠᠷ ᠯᠡ ᠪᠠᠶᠢᠭ᠎ᠠ ᠶᠤᠮ ᠦᠦ︖ ᠴᠢ ᠪᠤᠯᠢᠬᠤ ᠦᠭᠡᠢ ᠪᠤᠯ ᠪᠢ ᠫᠠᠯᠠᠮᠤ ᠠᠬ᠎ᠠ ᠳᠤ ᠬᠡᠯᠡᠨ᠎ᠠ ᠰᠢᠤ︾ ᠬᠡᠬᠦ ᠎ ᠳᠤ ᠮᠠᠷᠭᠠᠳ ᠲᠦᠷᠡᠰᠬᠢᠨ ᠠᠭᠤᠷᠯᠠᠵᠤ᠄ ︽ᠡᠨᠡ ᠴᠢᠮᠠᠳᠤ ᠬᠠᠮᠢᠶ᠎ᠠ ᠦᠭᠡᠢ᠂ ᠴᠢ ᠦᠪᠡᠷ ᠢ ᠪᠠᠨ ᠯᠡ ᠬᠢᠴᠢᠶ᠋ᠨ᠂ ᠤᠯᠠᠭᠠᠨ ᠬᠠᠴᠠᠷᠯᠠᠴᠢᠬᠠᠭᠠᠳ ᠪᠠᠶᠢᠵᠤ ᠪᠠᠶᠢᠭ᠎ᠠ ᠶᠢ ᠨᠢ ᠁︾ ᠬᠡᠵᠤ ᠵᠢᠪᠡᠬᠦᠴᠡᠮᠡᠷ ᠬᠡᠯᠡᠭᠰᠡᠨ ᠢᠶᠠᠨ ᠬᠠᠯᠢᠭᠤᠨ᠎ᠠ ᠎ ᠶᠢᠨ ᠰᠢᠷᠡᠭᠡᠨ ᠲᠡᠭᠡᠷᠡᠬᠢ ᠪᠠᠶᠠᠷ ᠤᠨ ᠪᠢᠴᠢᠭ ᠢ ᠠᠪᠴᠤ᠄ ︽ᠨᠢᠭᠡ ᠶᠡᠭᠡ ᠨᠤᠮ ᠤᠨ ᠴᠢᠷᠠᠶᠢᠯᠠᠴᠢᠬᠠᠭᠠᠳ ᠁ ᠬᠡᠩ᠂ ᠰᠠᠶᠢᠬᠠᠨ ᠯᠡ ᠪᠠᠶᠢᠳᠠᠭ ᠪᠠᠶᠢᠬᠤ ᠳ᠋ᠠ︾ ᠬᠡᠳ ᠡᠷᠬᠢᠬᠦᠯᠵᠤ ᠲᠤᠭᠤᠷᠢᠭᠤᠯᠤᠨ ᠦᠵᠡᠭᠰᠡᠨ ᠢᠶᠠᠨ ᠢᠯᠡᠳᠳᠠ ᠲᠤᠷ᠎ᠠ ᠦᠭᠡᠶᠢᠴᠡᠯ ᠢᠶᠠᠨ ᠢᠯᠡᠷᠭᠡᠶᠢᠯᠡᠵᠤ᠂ ᠬᠠᠷᠠᠭᠰᠠᠭᠠᠷ ᠪᠠᠶᠢᠳᠠᠯ᠎ᠠ ᠲᠡᠬᠦᠨ ᠲᠡᠭᠡᠷ᠎ᠠ ᠪᠠᠯ ᠢᠶᠠᠷ ᠵᠢᠷᠤᠵᠤ ᠭᠠᠷᠪᠠ᠃ ᠬᠠᠯᠢᠭᠤᠨ ᠡᠨᠡ ᠤᠳᠠᠭ᠎ᠠ ᠳᠤ ᠦᠨᠡᠭᠡᠷ ᠬᠦᠯᠢᠴᠡᠵᠤ ᠲᠡᠪᠴᠢᠭᠰᠡᠨ ᠦᠭᠡᠢ ᠲᠤᠯᠨ᠄ ︽ᠮᠠᠷᠭᠠᠳ ᠴᠢ ᠠᠷᠠᠢ ᠴᠦ ᠢᠩᠬᠢᠵᠤ ᠪᠤᠯᠬᠤ ᠦᠭᠡᠢ ᠪᠢᠵᠠ ᠳ᠋ᠧ︖ ᠪᠤᠯᠢᠭᠠᠴᠢ᠂ ᠪᠤᠯᠢ ᠁︾ ᠬᠡᠮᠡᠨ ᠪᠠᠶᠠᠷ ᠤᠨ ᠪᠢᠴᠢᠭ ᠢᠶᠠᠨ ᠠᠪᠬᠤ ᠎ ᠪᠠᠷ ᠲᠡᠬᠦᠨ ᠤ ᠭᠠᠷ ᠠᠴᠠ ᠪᠠᠷᠢᠬᠤ ᠳᠤ ᠮᠠᠷᠭᠠᠳ ᠨᠦᠬᠦᠭᠡ ᠲᠠᠯ᠎ᠠ ᠠᠴᠠ ᠨᠢ ᠤᠭᠵᠠᠷᠠᠪᠠ᠃ ᠬᠠᠷᠢᠭᠤ ᠦᠭᠡᠢ ᠤᠷᠠᠬᠤ ᠶᠢᠨ ᠲᠠᠪᠠᠭᠠᠨ ᠲᠡᠭᠡᠷ᠎ᠠ ᠬᠠᠯᠢᠭᠤᠨ ᠲᠡᠬᠦᠨ ᠤ ᠭᠠᠷ ᠠᠴᠠ ᠪᠠᠶᠠᠷ ᠤᠨ ᠪᠢᠴᠢᠭ ᠢᠶᠠᠨ ᠮᠤᠯᠳᠤᠯᠵᠤ ᠠᠪᠤᠯ᠎ᠠ᠃ ᠮᠠᠷᠭᠠᠳ ᠠᠭᠤᠷ ᠢᠶᠠᠨ ᠪᠠᠷᠢᠵᠤ ᠶᠠᠳᠠᠨ ᠲᠡᠬᠦᠨ ᠤᠷᠤᠭᠤ ᠭᠠᠷ ᠢᠶᠠᠨ ᠲᠠᠯᠠᠶᠢᠬᠤ ᠳᠠᠭᠠᠨ ᠴᠠᠰ ᠬᠠᠯᠠᠭᠤᠨ ᠺᠤᠹᠧ ᠎ ᠢᠶᠠᠨ ᠲᠠᠳᠠᠵᠤ ᠠᠰᠬᠠᠬᠤ ᠨᠢ ᠲᠡᠷᠨ᠃ ᠨᠢᠭᠡ ᠲᠠᠭᠤ ᠲᠡᠭᠷᠢ ᠳᠤ᠂ ᠨᠢᠭᠡ ᠲᠠᠭᠤ ᠭᠠᠵᠠᠷ ᠲᠤ ᠬᠠᠳᠠᠵᠤ ᠬᠤᠷᠤᠮ ᠤᠨ ᠵᠠᠭᠤᠷ᠎ᠠ ᠲᠡᠬᠦᠨ ᠤ ᠭᠠᠷ ᠨᠢ ᠴᠦᠪᠦᠷᠢᠬᠦᠤ ᠦᠰᠦᠷᠦᠨ ᠲᠦᠯᠡᠭᠳᠡᠪᠡ᠃ ᠦᠬᠢᠨ ᠤ ᠪᠠᠨ ᠤᠬᠢᠯᠠᠬᠤ ᠲᠠᠭᠤ ᠪᠠᠷ ᠫᠠᠯᠠᠮᠤ᠂ ᠨᠠᠳᠮᠢᠳ ᠬᠤᠶᠠᠷ ᠤᠷᠤᠯᠳᠤᠬᠤ ᠰᠢᠬᠠᠮ ᠤᠷᠤᠵᠤ ᠢᠷᠡᠪᠡᠯ᠄ ︽ᠠᠪᠤ ᠡ᠂ ᠬᠠᠯᠢᠭᠤᠨ᠂ ᠡᠨᠡ ᠮᠠᠭᠤ ᠨᠠᠮ᠎ᠠ ᠶᠢ ᠲᠦᠯᠡᠴᠢᠭᠡᠯ᠎ᠠ︾ ᠬᠡᠭᠰᠡᠭᠡᠷ ᠴᠢᠷᠠᠯᠠᠵᠤ ᠭᠠᠷᠤᠪᠠ᠃ ᠭᠠᠷ ᠬᠦᠯ ᠨᠢ ᠴᠦᠪᠦᠷᠢᠬᠦᠳᠡᠨ ᠲᠦᠯᠡᠭᠳᠡᠭᠰᠡᠨ ᠦᠬᠢᠨ ᠢᠶᠠᠨ ᠬᠠᠷᠠᠭᠠᠳ ᠨᠠᠳᠮᠢᠳ ᠠᠪᠠᠭᠠᠢ ᠬᠠᠯᠠᠭᠯᠠᠨ ᠪᠠᠶᠢᠵᠤ ᠲᠡᠬᠦᠨ ᠢ ᠠᠪᠴᠤ ᠭᠠᠷᠤᠯ᠎ᠠ᠃ ᠫᠠᠯᠠᠮᠤ ᠭᠤᠸᠠᠢ ᠎ ᠶᠢᠨ ᠨᠢᠳᠤᠨ ᠳᠤ ᠭᠠᠯ ᠠᠰᠠᠬᠤ ᠮᠡᠳᠤ ᠠᠭᠤᠷᠰᠠᠵᠤ᠂ ᠬᠠᠯᠢᠭᠤᠨ ᠢ ᠲᠤᠯᠤᠭᠠᠢ ᠲᠦᠷᠦᠬᠦᠤ ᠦᠭᠡᠢ ᠨᠦᠳᠦᠵᠤ ᠨᠦᠳᠦᠴᠢᠭᠡᠭᠡᠳ᠂ ᠬᠤᠷᠳᠤᠨ ᠲᠡᠳᠡᠨ ᠤ ᠬᠢ ᠠᠴᠠ ᠶᠠᠪᠤᠬᠤ ᠶᠢ ᠲᠤᠰᠢᠶᠠᠪᠠ᠃ ᠭᠤᠮᠤᠳᠠᠬᠤ ᠶᠢᠨ ᠶᠡᠭᠡᠪᠡᠷ ᠭᠤᠮᠤᠳᠠᠭᠰᠠᠨ ᠬᠠᠯᠢᠭᠤᠨ ᠤᠬᠢᠯᠠᠵᠤ ᠰᠠᠭᠤᠬᠤ ᠳᠤ ᠴᠤᠩᠬᠤᠨ ᠲᠡᠭᠡᠷ᠎ᠠ ᠲᠤᠭᠳᠠᠭᠰᠠᠨ ᠴᠠᠩ ᠶᠠᠮᠠᠷ ᠨᠢᠭᠡᠨ ᠬᠡ ᠤᠭᠠᠯᠵᠠ ᠡᠬᠦᠰᠭᠡᠵᠤ ᠭᠠᠳᠠᠨ᠎ᠠ ᠤᠷᠤᠰᠢᠬᠤ ᠴᠢᠯᠦᠭᠡᠳᠤ ᠶᠢᠷᠳᠢᠨᠴᠤ ᠠᠴᠠ ᠬᠢᠵᠠᠭᠠᠷᠯᠠᠬᠤ ᠰᠢᠭ᠋᠃      ᠨᠠᠷᠠᠨ ᠠᠪᠠᠭ᠋ᠠᠢ ᠪᠠᠷᠠᠭᠤᠨᠳᠠ ᠬᠡᠯᠪᠡᠶᠢᠵᠤ᠂ ᠡᠪᠤᠯ ᠤᠨ ᠪᠦᠦᠳᠡᠭᠡᠷ ᠦᠳᠡᠰᠢ ᠬᠤᠳᠠ ᠶᠢᠨ ᠤᠳᠤᠭᠠᠨ ᠲᠤᠮᠳᠠ ᠨᠡᠬᠦᠭᠡᠯᠳᠦᠨ᠎ᠠ᠃ ᠴᠤᠬᠤᠮ ᠶᠠᠭᠤᠨ ᠠᠴᠠ ᠪᠤᠯᠤᠭᠰᠠᠨ ᠡᠰᠡᠬᠦ ᠶᠢ ᠤᠭᠳᠤ ᠮᠡᠳᠡᠬᠦ ᠦᠭᠡᠢ ᠬᠢᠷᠢᠨ᠎ᠠ ᠬᠠᠯᠢᠭᠤᠨ ᠢ ᠲᠡᠶᠢᠨᠬᠦ ᠦᠭᠡ ᠶᠢᠨ ᠵᠦᠷᠢᠶ᠎ᠠ ᠦᠭᠡᠢ ᠰᠢᠳᠭᠡᠭᠰᠡᠨ ᠫᠠᠯᠠᠮᠤ ᠭᠤᠸᠠᠢ ᠶᠢᠨ ᠠᠭᠤᠷᠳᠠᠢ ᠤᠯᠠᠭᠠᠨ ᠨᠢᠳᠤ ᠠᠬᠢᠨ ᠲᠠᠬᠢᠨ ᠬᠠᠷᠠᠭᠳᠠᠬᠤ ᠨᠢ ᠠᠶᠤᠮᠰᠢᠭᠳᠠᠢ᠃ ᠴᠢᠩᠬᠢᠭᠡᠳ ᠬᠠᠯᠢᠭᠤᠨ ᠬᠦᠷᠮ᠎ᠠ ᠪᠠᠨ ᠡᠮᠦᠰᠴᠤ᠂ ᠰᠡᠮᠡᠭᠡᠷᠭᠡᠨ ᠭᠤᠳᠤᠯ ᠢᠶᠠᠨ ᠰᠤᠯᠢᠭᠠᠳ ᠲᠡᠳᠡᠨ ᠤ ᠬᠢ ᠠᠴᠠ ᠭᠠᠷᠴᠤ ᠤᠳᠤᠯ᠎ᠠ᠃ ᠡᠪᠤᠯ ᠤᠨ ᠬᠦᠢᠳᠡᠨ ᠦᠳᠡᠰᠢ ᠠᠩᠬᠢ ᠶᠢᠨ ᠨᠦᠬᠦᠳ ᠠᠴᠠ ᠦᠭᠡᠷ᠎ᠠ ᠲᠠᠨᠢᠯ ᠦᠭᠡᠢ ᠬᠠᠯᠢᠭᠤᠨ ᠬᠠᠮᠢᠭ᠎ᠠ ᠤᠴᠢᠬᠤ ᠪᠠᠨ ᠮᠡᠳᠡᠬᠦ ᠦᠭᠡᠢ ᠪᠠᠶᠢᠷᠢ ᠶᠢᠨ ᠭᠠᠳᠠᠭ᠎ᠠ ᠬᠡᠰᠡᠭ ᠵᠤᠭᠰᠤᠪᠠ ᠃ ᠴᠢᠩᠬᠢᠭᠡᠳ ᠬᠠᠯᠠᠭᠠᠰᠤ ᠪᠠᠨ ᠠᠭᠤᠳᠠᠯᠪᠠᠯ ᠬᠡᠳᠦᠨ ᠲᠦᠬᠦᠷᠢᠭ ᠪᠠᠶᠢᠨ᠎ᠠ᠃ ︽ᠶᠠᠮᠠᠷᠳᠠᠭᠠᠨ ᠴᠦ ᠮᠠᠷᠭᠠᠳ ᠲᠤ ᠲᠦᠯᠡᠩᠭᠡᠢ ᠳᠤ ᠲᠦᠷᠬᠢᠳᠡᠭ ᠡᠮ ᠠᠪᠴᠤ ᠦᠭᠬᠦᠶ᠎ᠠ ᠪᠠᠶᠢᠵᠠ︾ ᠬᠡᠵᠤ ᠰᠢᠢᠳᠦᠭᠡᠳ ᠶᠠᠪᠤᠯ᠎ᠠ᠃ ᠡᠨᠡ ᠵᠠᠭᠤᠷ᠎ᠠ ᠨᠠᠳᠮᠢᠳ ᠠᠪᠠᠭᠠᠢ ᠲᠡᠬᠦᠨ ᠤ ᠡᠵᠡᠬᠦᠢ ᠶᠢ ᠤᠭᠳᠤ ᠭᠠᠳᠠᠷᠯᠠᠭ᠎ᠠ ᠦᠭᠡᠢ ᠠᠭᠠᠳ ᠦᠷᠦᠭᠡᠨ ᠤ ᠬᠢᠨᠢ ᠲᠡᠷᠭᠡᠳᠡᠭᠦᠷ ᠦᠩᠭᠡᠷᠡᠬᠦ ᠳᠡᠭᠡᠨ᠄ ︽ᠦᠭᠡᠢ ᠶᠡᠷᠤ᠂ ᠪᠦᠷ ᠪᠠᠭᠠᠰᠢᠯᠠᠭᠠᠳ ᠬᠤᠭᠤᠯᠨ ᠴᠦ ᠬᠢᠬᠦ ᠪᠠᠨ ᠪᠤᠯᠢᠵᠠᠢ ᠡᠨᠡ ᠴᠢᠨᠢ︾ ᠬᠡᠬᠦ ᠎ ᠳᠤ ᠫᠠᠯᠠᠮᠤ ᠭᠤᠸᠠᠢ᠄ ︽ᠲᠤᠷ᠎ᠠ ᠦᠭᠡᠢ ᠪᠤᠯ ᠬᠢᠬᠦ ᠦᠭᠡᠢ ᠯᠡ ᠪᠠᠶᠢᠨ᠎ᠠ ᠪᠢᠵᠠ᠃ ᠵᠠᠯᠬᠠᠭᠤᠷᠠᠵᠤ ᠪᠠᠶᠢᠭ᠎ᠠ ᠬᠦᠮᠦᠨ ᠎ ᠳᠤ ᠪᠢᠳᠡᠭᠡᠢ ᠬᠤᠭᠤᠯᠨ ᠦᠭ ᠴᠠᠰᠢ ᠪᠠᠨ︾ ᠬᠡᠵᠤ ᠠᠭᠤᠷᠰᠠᠨ᠎ᠠ᠃ ᠲᠡᠷᠡᠪᠡᠷ ᠤᠶᠢᠷᠠᠯᠴᠠᠭᠠᠬᠢ ᠬᠡᠳᠤ ᠬᠡᠳᠦᠨ ᠡᠮ ᠎ ᠤᠨ ᠰᠠᠩ ᠠᠴᠠ ᠲᠦᠯᠡᠩᠬᠡᠢ ᠶᠢᠨ ᠰᠢᠷᠬᠠᠨ ᠳᠤ ᠲᠦᠷᠬᠢᠳᠡᠭ ᠲᠤᠰᠤ᠂ ᠡᠮ ᠵᠡᠷᠭᠡ ᠶᠢ ᠰᠤᠷᠠᠭᠯᠠᠪᠠᠯ ᠪᠠᠶᠢᠬᠤ ᠦᠭᠡᠢ ᠬᠡᠨ᠎ᠠ᠂ ᠪᠠᠶᠢᠭ᠎ᠠ ᠨᠢᠭᠡ ᠨᠢ ᠬᠡᠳᠦᠷᠭᠡᠢ ᠦᠨ᠎ᠠ ᠲᠠᠢ ᠪᠦᠭᠡᠳ ᠮᠦᠩᠬᠦ ᠨᠢ ᠦᠯᠤ ᠬᠦᠷᠦᠯᠴᠡᠨ᠎ᠠ᠃ ᠡᠪᠤᠯ ᠤᠨ ᠨᠠᠷᠠ ᠡᠷᠳᠠ ᠰᠢᠩᠭᠡᠵᠤ᠂ ᠴᠡᠪᠴᠡᠶᠢᠨ ᠴᠠᠶᠢᠷᠠᠬᠤ ᠬᠤᠳᠠ ᠶᠢᠨ ᠭᠤᠳᠤᠮᠵᠢ ᠪᠠᠷ ᠠᠯᠬᠤᠬᠤ ᠬᠦᠮᠦᠰ ᠲᠠᠢ ᠵᠦᠷᠢᠯᠳᠦᠨ ᠶᠠᠪᠤᠭᠰᠠᠭᠠᠷ ᠨᠢᠭᠡ ᠮᠡᠳᠡᠬᠦᠨ᠎ᠠ ᠬᠠᠷᠠᠩᠭᠤᠢ ᠨᠦᠮᠦᠷᠦᠪᠡ᠃ ᠡᠳᠦᠢ ᠪᠤᠯᠳᠠᠯ᠎ᠠ ᠰᠤᠷᠭᠠᠭᠤᠯᠢ᠂ ᠭᠡᠷ ᠠᠴᠠ ᠦᠭᠡᠷ᠎ᠠ ᠵᠦᠭ ᠲᠤ ᠲᠡᠳᠦᠶᠢᠯᠨ ᠬᠠᠵᠠᠶᠢᠵᠤ ᠦᠵᠡᠭᠡ ᠦᠭᠡᠢ ᠬᠦᠳᠡᠭᠡ ᠶᠢᠨ ᠵᠢᠭᠠᠬᠠᠨ ᠦᠬᠢᠨ ᠬᠡᠴᠢᠨᠡᠨ ᠬᠤᠯᠨ ᠶᠠᠪᠤᠭᠰᠠᠨ ᠢ ᠴᠤ ᠪᠤᠤ ᠮᠡᠳᠠ᠃ ᠠᠰᠢᠬᠦᠢ ᠨᠢᠭᠡ ᠲᠦᠯᠡᠩᠬᠡᠢ ᠶᠢᠨ ᠰᠢᠷᠬᠠᠨ ᠳᠤ ᠲᠦᠷᠬᠢᠬᠦ ᠲᠤᠰᠤ ᠬᠤᠳᠠᠯᠳᠤᠵᠤ ᠠᠪᠤᠯ᠎ᠠ᠃ ᠴᠢᠩᠬᠢᠭᠡᠳ ᠡᠮ ᠤᠯᠤᠭᠰᠠᠨ ᠳᠠᠭᠠᠨ ᠰᠡᠳᠬᠢᠯ ᠨᠢ ᠲᠠᠶᠢᠪᠤᠰᠢᠷᠠᠵᠤ᠂ ᠰᠠᠶ᠋ᠢ ᠯᠡ ᠤᠬᠠᠭᠠᠨ ᠤᠷᠤᠭᠰᠠᠨ ᠮᠡᠳᠤ ᠬᠠᠷᠢᠬᠤ ᠪᠠᠷ ᠵᠠᠪᠳᠤᠳᠠᠯ᠎ᠠ ᠬᠠᠮᠢᠭ᠎ᠠ ᠢᠷᠡᠭᠰᠡᠨ ᠢᠶᠠᠨ ᠤᠬᠠᠭᠠᠷᠠᠭᠰᠠᠨ ᠦᠭᠡᠢ᠃ ᠵᠢᠪᠠᠷ ᠲᠤ ᠲᠠᠭᠠᠷᠠᠭᠰᠠᠨ ᠴᠢᠬᠢ ᠎ ᠪᠠᠨ ᠪᠠᠷᠢᠨ᠂ ᠭᠠᠷ ᠢᠶᠠᠨ ᠠᠮᠠᠨ ᠳᠠᠭᠠᠨ ᠬᠦᠷᠭᠡᠵᠤ᠄ ︽ᠵᠠ ᠪᠠᠶᠢᠵᠠ ᠁ 8 ᠳ᠋ᠤᠭᠠᠷ ᠪᠠᠶᠢᠷᠢ᠂ ᠡᠨᠡ ᠪᠠᠶᠢᠷᠢ ᠎ ᠶᠢᠨ ᠠᠷᠤ ᠪᠠᠷ ᠲᠤᠭᠤᠷᠢᠭᠠᠳ᠂ ᠦ᠂ ᠶᠠᠭᠤ ᠪᠢᠯᠨ ᠪᠠᠶᠢᠵᠠ ᠁︾ ᠬᠡᠮᠡᠨ ᠬᠡᠰᠡᠭ ᠵᠤᠭᠰᠤᠪᠠ᠃ ᠠᠩᠬ᠎ᠠ ᠭᠡᠷ ᠎ ᠢᠶᠠᠨ ᠤᠯᠤᠨ᠎ᠠ ᠬᠡᠳᠡᠭ ᠲᠤ ᠶᠠᠭᠤ ᠶᠠᠭᠤᠨ ᠠᠴᠠ ᠢᠯᠡᠬᠦᠤ ᠢᠳᠡᠭᠡᠯᠳᠠᠢ ᠪᠠᠶᠢᠭᠰᠠᠨ ᠴᠦ ᠰᠠᠶ᠋ᠢ ᠯᠡ ᠲᠦᠭᠡᠷᠢᠭᠰᠡᠨ ᠎ ᠢᠶᠠᠨ ᠮᠡᠳᠡᠬᠦ ᠳᠤ ᠶᠠᠮᠠᠷ ᠨᠢᠭᠡᠨ ᠠᠶᠢᠳᠠᠰ ᠲᠡᠬᠦᠨ ᠢ ᠨᠦᠮᠦᠷᠢᠨ ᠠᠪᠬᠤ ᠰᠢᠭ᠋ ᠪᠤᠯᠪᠠ᠃ ᠲᠠᠭᠠᠷᠠᠵᠤ ᠶᠠᠳᠠᠵᠤ ᠪᠠᠶᠢᠬᠤ ᠎ ᠳᠤ ᠬᠠᠵᠠᠭᠤ ᠪᠠᠷ ᠨᠢ ᠪᠡᠭᠡᠯᠡᠢ ᠪᠠᠨ ᠬᠠᠮᠢᠭ᠎ᠠ ᠨᠢᠭᠡ ᠲᠡᠭᠡᠨ ᠭᠡᠭᠡᠵᠠᠢ᠃ ᠬᠠᠯᠢᠭᠤᠨ ᠪᠠᠶᠢᠨ ᠪᠠᠶᠢᠨ ᠠᠯᠠᠭ᠎ᠠ ᠪᠠᠨ ᠬᠤᠭᠤᠷᠤᠨᠳᠤ ᠨᠢ ᠦᠷᠦᠵᠤ᠂ ᠪᠠᠶᠢᠷᠢ ᠨᠤᠭᠤᠳ ᠤᠨ ᠲᠤᠮᠳᠠᠭᠤᠷ ᠠᠯᠬᠤᠵᠤ ᠭᠠᠷᠤᠯ᠎ᠠ᠃ ᠲᠡᠷᠡᠪᠡᠷ ᠶᠠᠪᠤᠭᠰᠠᠭᠠᠷ ᠪᠠᠶᠢᠷᠢ ᠶᠢᠨ ᠢᠶᠠᠨ ᠡᠮᠦᠨ᠎ᠠ ᠢᠷᠡᠭᠡᠳ ᠬᠠᠭᠠᠯᠭ᠎ᠠ ᠲᠤᠭᠰᠢᠵᠤ ᠡᠬᠢᠯᠡᠪᠡ᠃ ᠬᠡᠴᠢᠨᠡᠨ ᠲᠤᠭᠰᠢᠭᠰᠠᠨ ᠪᠤᠯᠪᠠᠴᠤ ᠬᠡᠨ ᠴᠦ ᠲᠡᠬᠦᠨ ᠳᠤ ᠬᠠᠭᠠᠯᠭ᠎ᠠ ᠨᠡᠭᠡᠭᠡᠭᠰᠡᠨ ᠦᠭᠡᠢ᠃ ︽ᠦᠨᠡᠭᠡᠷ ᠨᠠᠮ᠎ᠠ ᠶᠢ ᠤᠷᠤᠭᠤᠯᠬᠤ ᠦᠭᠡᠢ ᠬᠡᠵᠤ ᠦᠦ︾ ᠬᠡᠮᠡᠨ ᠤᠯᠠᠮ ᠴᠦᠬᠦᠷᠡᠭᠰᠡᠨ ᠬᠠᠯᠢᠭᠤᠨ ᠰᠡᠬᠦᠯ ᠳᠡᠭᠡᠨ ᠱᠠᠳᠤᠨ ᠲᠡᠭᠡᠷ᠎ᠠ ᠭᠤᠨᠢᠭᠯᠠᠨ ᠰᠠᠭᠤᠬᠤ ᠳᠠᠭᠠᠨ ᠦᠭᠡᠷ᠎ᠠ ᠪᠠᠶᠢᠷᠢᠨ ᠎ ᠳᠤ ᠠᠨᠳᠠᠭᠤᠷᠠᠵᠤ ᠤᠷᠤᠭᠰᠠᠨ ᠢᠶᠠᠨ ᠦᠯᠤ ᠤᠬᠠᠪᠠ᠃ ᠬᠠᠷᠢᠨ ᠡᠨᠡ ᠦᠶ᠎ᠠ ᠳᠤ ᠮᠠᠷᠭᠠᠳ ᠭᠡᠷ ᠤᠨ ᠲᠠᠭᠠᠭᠠᠯᠭᠠᠪᠤᠷᠢ ᠪᠠᠨ ᠬᠠᠭᠤᠯᠬᠤ ᠰᠠᠨᠠᠭᠠᠳᠠᠢ ᠬᠠᠯᠢᠭᠤᠨ ᠤ ᠦᠷᠦᠭᠡ ᠤᠷᠤᠭᠤ ᠪᠤᠯᠭᠤᠮᠵᠢᠳᠠᠶᠢᠬᠠᠨ ᠱᠠᠭᠠᠶᠢᠭᠠᠳ ᠲᠡᠬᠦᠨ ᠢ ᠡᠵᠡᠬᠦᠢ ᠪᠠᠶᠢᠬᠤ ᠶᠢ ᠰᠠᠶ᠋ᠢ ᠤᠯᠵᠤ ᠮᠡᠳᠡᠯ᠎ᠠ᠃ ︽ᠠᠪᠤ ᠡ᠂ ᠠᠪᠤ᠃ ᠬᠠᠯᠢᠭᠤᠨ ᠠᠯᠠᠭ᠎ᠠ ᠪᠠᠶᠢᠨ᠎ᠠ︾ ᠬᠡᠮᠡᠨ ᠰᠠᠨᠳᠤᠷᠤᠨ ᠢᠷᠡᠪᠡ᠃ ᠴᠢᠩᠬᠢᠭᠡᠳ ᠤᠶᠢᠷ᠎ᠠ ᠬᠠᠪᠢ ᠳᠤ ᠬᠡᠴᠢᠨᠡᠨ ᠬᠠᠶᠢᠭᠠᠳ ᠤᠯᠤᠭᠰᠠᠨ ᠦᠭᠡᠢ᠃ ᠲᠡᠷᠨ ᠰᠦᠨᠢ ᠳᠡᠭᠡᠨ ᠬᠠᠯᠢᠭᠤᠨ ᠢᠷᠡᠭᠰᠡᠨ ᠦᠭᠡᠢ᠃ ᠭᠠᠶᠢᠬᠠᠰᠢ ᠲᠠᠰᠤᠷᠠᠭᠰᠠᠨ ᠫᠠᠯᠠᠮᠤ ᠭᠤᠸᠠᠢ ᠦᠷᠯᠦᠭᠡ ᠡᠷᠳᠡᠯᠡᠨ ᠭᠠᠷᠤᠯ᠎ᠠ᠃ ᠲᠠᠷᠠᠭ᠎ᠠ ᠨᠢ ᠮᠠᠷᠭᠠᠳ ᠰᠤᠷᠭᠠᠭᠤᠯᠢ ᠶᠢᠨ ᠵᠦᠭ ᠭᠠᠭᠴᠠᠭᠠᠷ ᠠᠯᠬᠤᠬᠤ ᠳᠠᠭᠠᠨ ᠡᠮᠦᠨ᠎ᠠ ᠬᠡᠵᠢᠶ᠎ᠠ ᠴᠦ ᠲᠡᠬᠦᠨ ᠤ ᠲᠦᠯᠦᠭᠡ ᠢᠩᠬᠢᠳᠡᠯ᠎ᠠ ᠰᠠᠨᠠᠭ᠎ᠠ ᠵᠤᠪᠠᠵᠤ ᠪᠠᠶᠢᠭᠰᠠᠨ ᠦᠭᠡᠢ᠃ ᠬᠡᠷᠪᠡ ᠶᠠᠮᠠᠷ ᠨᠢᠭᠡ ᠮᠠᠭᠤ ᠶᠠᠭᠤᠮ᠎ᠠ ᠲᠤᠬᠢᠶᠠᠯᠳᠤᠭᠰᠠᠨ ᠪᠤᠯ ᠶᠠᠭᠠᠬᠢᠨ᠎ᠠ ᠬᠡᠬᠦ ᠠᠴᠠ ᠡᠮᠢᠶᠡᠵᠤ᠂ ᠡᠯᠳᠡᠪ ᠢ ᠪᠤᠳᠤᠨ ᠰᠠᠨᠠᠭ᠎ᠠ ᠵᠤᠪᠠᠭᠰᠠᠭᠠᠷ ᠶᠠᠪᠤᠳᠠᠯ᠎ᠠ ᠲᠡᠬᠦᠨ ᠤ ᠦᠷᠦᠭᠡᠰᠦᠨ ᠪᠡᠭᠡᠯᠡᠢ ᠴᠠᠰᠤᠨ ᠲᠡᠭᠡᠷ᠎ᠠ ᠬᠡᠪᠳᠡᠵᠤ ᠪᠠᠶᠢᠬᠤ ᠶᠢ ᠤᠯᠵᠤ ᠬᠠᠷᠠᠪᠠ᠃ ᠦᠷᠯᠦᠭᠡ ᠡᠷᠳᠠ ᠲᠤᠯᠨ ᠤᠯᠠᠨ ᠬᠦᠮᠦᠨ ᠲᠡᠳᠦᠶᠢᠯᠡ ᠶᠠᠪᠤᠵᠤ ᠠᠮᠵᠢᠭ᠎ᠠ ᠦᠭᠡᠢ᠂ ᠲᠡᠨᠳᠠ ᠪᠡᠭᠡᠯᠡᠢ ᠠᠴᠠ ᠬᠤᠯᠠᠳᠠᠨ ᠶᠠᠪᠤᠭᠰᠠᠨ ᠮᠦᠷ ᠪᠠᠶᠢᠬᠤ ᠨᠢ ᠲᠡᠷᠨ᠃ ︽ᠶᠠᠭᠠᠬᠢᠬᠤ ᠠᠷᠭ᠎ᠠ ᠦᠭᠡᠢ ᠮᠥᠨ ᠳ᠋ᠧ︾ ᠬᠡᠮᠡᠨ ᠰᠦᠨᠢ ᠶᠢᠨ ᠰᠢᠨᠡᠭᠡᠨ ᠴᠠᠰᠤᠨ ᠳᠤ ᠦᠯᠤ ᠶᠠᠯᠢᠭ ᠪᠦᠳᠡᠭᠢᠷᠡᠭᠰᠡᠨ ᠮᠦᠷ ᠢ ᠲᠠᠭᠠᠵᠤ ᠶᠠᠪᠤᠭᠰᠠᠭᠠᠷ ᠤᠶᠢᠷᠠᠯᠴᠠᠭᠠᠬᠢ ᠪᠠᠶᠢᠷᠢ ᠶᠢᠨ ᠤᠷᠤᠴᠠᠨ ᠤ ᠡᠬᠦᠳᠡᠨ ᠳᠤ ᠢᠷᠡᠪᠡ᠃ ᠮᠠᠷᠭᠠᠳ ᠡᠷᠬᠢᠨ ᠲᠤᠭᠤᠷᠢᠨ ᠢ ᠭᠠᠶᠢᠬᠠᠨ ᠰᠤᠨᠵᠢᠭᠰᠠᠭᠠᠷ ᠤᠷᠤᠴᠨ ᠤᠷᠤᠭᠤ ᠤᠷᠤᠵᠤ ᠬᠠᠯᠢᠭᠤᠨ ᠢ ᠬᠠᠶᠢᠵᠤ ᠡᠬᠢᠯᠡᠯ᠎ᠠ᠃ ᠶᠠᠭᠠᠷᠠᠨ ᠲᠡᠭᠡᠭᠰᠢᠯᠡᠭᠰᠡᠭᠡᠷ ᠲᠦᠷᠪᠡᠨ ᠲᠠᠪᠬᠤᠷ ᠲᠤ ᠭᠠᠷᠤᠪᠠᠯ ᠱᠠᠳᠤᠨ ᠲᠡᠭᠡᠷ᠎ᠠ ᠡᠪᠤᠳᠦᠭ ᠎ ᠢᠶᠠᠨ ᠲᠡᠪᠡᠷᠢᠨ ᠰᠠᠭᠤᠵᠤ ᠪᠠᠶᠢᠬᠤ ᠨᠢ ᠲᠡᠷᠨ᠃ ᠮᠠᠷᠭᠠᠳ ᠵᠤᠭ ᠲᠤᠰᠤᠨ ᠤᠴᠢᠭᠠᠳ ᠭᠠᠷ ᠠᠴᠠ ᠨᠢ ᠲᠠᠳᠠᠵᠤ᠄ ︽ᠦᠭᠡᠢ᠂ ᠴᠢ ᠴᠢᠨᠢ ᠠᠳᠠ ᠶᠠᠭᠤ ᠬᠢᠵᠤ ᠪᠠᠶᠢᠭ᠎ᠠ ᠶᠤᠮ ᠪᠤᠢ︖ ᠭᠡᠷ ᠲᠡᠭᠡᠨ ᠬᠠᠷᠢᠬᠤ ᠦᠭᠡᠢ ᠶᠠᠭᠠᠬᠢᠭᠰᠠᠨ ᠶᠤᠮ ᠪᠤᠢ︖︾ ᠬᠡᠮᠡᠨ ᠦᠨᠡᠨ ᠰᠡᠳᠬᠢᠯ ᠠᠴᠠ ᠪᠠᠨ ᠵᠤᠪᠠᠨᠢᠨ ᠠᠰᠠᠭᠤᠬᠤ ᠳᠤ ᠬᠠᠯᠢᠭᠤᠨ ᠲᠤᠤᠭᠠᠷᠤᠭᠰᠠᠨ ᠦᠭᠡᠢ᠃ ᠮᠠᠷᠭᠠᠳ ᠬᠡᠮᠰᠢᠩᠬᠦᠢ ᠲᠠᠭᠤ ᠪᠠᠷ᠄ ︽ᠪᠢ ᠲᠠᠬᠢᠭᠠᠳ ᠬᠡᠵᠢᠶ᠎ᠠ ᠴᠦ ᠲᠠᠮᠠᠬᠢ ᠲᠠᠳᠠᠬᠤ ᠦᠭᠡᠢ ᠡ᠂ ᠪᠠᠰᠠ ᠁ ᠴᠢ ᠲᠠᠬᠢᠭᠠᠳ ᠪᠢᠳᠡᠭᠡᠢ ᠢᠩᠬᠢᠵᠤ ᠶᠠᠪᠤᠭᠠᠷᠠᠢ ᠵᠠ ᠦᠦ︾ ᠬᠡᠮᠡᠨ ᠲᠡᠬᠦᠨ ᠢ ᠠᠷᠭᠠᠳᠠᠬᠤ ᠳᠤ᠄ ︽ᠴᠢ ᠦᠪᠡᠷ ᠢᠶᠠᠨ ᠬᠠᠭᠠᠯᠭ᠎ᠠ ᠤᠩᠭᠤᠶᠢᠯᠭᠠᠬᠤ ᠦᠭᠡᠢ ᠪᠠᠶᠢᠭᠰᠠᠨ ᠪᠢᠵᠠ ᠳ᠋ᠧ᠃ ᠮᠠᠢ᠂ ᠡᠬᠦᠨ ᠢ ᠰᠢᠷᠬᠠᠨ ᠳᠠᠭᠠᠨ ᠲᠦᠷᠬᠢ︾ ᠭᠡᠳ ᠭᠤᠮᠤᠳᠠᠯᠳᠠᠢ ᠨᠢᠳᠤ ᠪᠠᠷ ᠬᠠᠷᠠᠵᠤ ᠬᠤᠳᠠᠯᠳᠤᠵᠤ ᠠᠪᠤᠭᠰᠠᠨ ᠡᠮ ᠢᠶᠠᠨ ᠰᠠᠷᠪᠠᠶᠢᠯ᠎ᠠ᠃ ᠲᠡᠳᠠ ᠡᠭᠡᠭᠡ ᠯᠡ ᠡᠬᠡᠴᠢ ᠲᠡᠬᠦᠦᠰ ᠠᠳᠠᠯᠢ ᠬᠦᠳᠡᠯᠦᠯᠴᠡᠭᠰᠡᠭᠡᠷ ᠤᠷᠤᠴᠠᠨ ᠠᠴᠠ ᠭᠠᠷᠴᠤ ᠢᠷᠡᠬᠦ ᠳᠤ ᠦᠷᠯᠦᠭᠡᠨ ᠤ ᠨᠠᠷᠠ ᠰᠠᠴᠤᠷᠠᠨ ᠬᠡᠷᠡᠯᠳᠦᠵᠤ᠂ ᠴᠠᠰᠤᠨ ᠲᠡᠭᠡᠷ᠎ᠠ ᠲᠤᠰᠤᠭᠰᠠᠨ ᠠᠯᠳᠠᠨ ᠰᠢᠷᠭᠠᠯ ᠲᠤᠶᠠᠭ᠎ᠠ ᠨᠢ ᠡᠷᠳᠡᠨᠢ ᠶᠢᠨ ᠵᠦᠢᠯᠡᠰ ᠮᠡᠳᠤ ᠭᠠᠵᠠᠷ ᠎ ᠢᠶᠠᠷ ᠨᠢᠭᠡ ᠬᠢᠯᠠᠯᠵᠠᠵᠤ ᠪᠠᠶᠢᠯ᠎ᠠ᠃
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号