| | ᠪᠢ ᠪᠠᠭ᠎ᠠ ᠪᠠᠶᠢᠬᠤ ᠳᠠᠭᠠᠨ ᠨᠢᠭᠡ ᠵᠤᠨ ᠦᠯᠵᠡᠶᠢᠳᠤ ᠠᠭᠤᠯᠨ ᠶᠢᠨ ᠦᠪᠤᠷ ᠲᠤ ᠨᠤᠳᠤᠭᠯᠠᠵᠤ ᠪᠠᠶᠢᠭ᠎ᠠ | ᠨᠠᠭᠠᠴᠤ ᠠᠬ᠎ᠠ ᠶᠢᠨ ᠳᠠᠭᠠᠨ ᠡᠬᠡ ᠶᠢᠨ ᠬᠠᠮᠳᠤ ᠠᠶᠢᠯᠴᠢᠯᠠᠵᠤ ᠤᠴᠢᠪᠠ᠃ ᠡᠳᠦᠷ ᠤᠨ ᠬᠠᠯᠠᠭᠤᠨ ᠪᠠᠭᠤᠷᠠᠵᠤ᠂ | ᠨᠠᠷᠠᠨ ᠪᠠᠷᠠᠭᠤᠨ ᠲᠡᠰᠢ ᠲᠤᠩᠭᠤᠶᠢᠨ᠂ ᠨᠠᠭᠠᠴᠤ ᠠᠬ᠎ᠠ᠂ ᠠᠪᠠᠭᠠᠢ᠂ ᠮᠠᠨ ᠤ ᠡᠵᠢ ᠭᠤᠷᠪᠠᠭᠤᠯᠨ ᠭᠡᠷ ᠤᠨ | ᠰᠡᠬᠦᠳᠡᠷ ᠲᠤ ᠰᠠᠭᠤᠭᠠᠳ ᠴᠠᠢ ᠤᠤᠭᠤᠵᠤ᠂ ᠬᠠᠭᠤᠴᠢ ᠬᠦᠭᠡᠷᠴᠤ᠂ ᠪᠢᠳᠡ ᠬᠡᠳᠦᠨ ᠬᠡᠦᠭᠡᠳ ᠮᠥᠨ ᠭᠡᠷ ᠤᠨ | ᠲᠡᠷᠭᠡᠳᠠ ᠴᠢᠯᠠᠭᠤ ᠪᠠᠷ ᠭᠡᠷ ᠪᠠᠷᠢᠭᠠᠳ ᠲᠤᠭᠯᠠᠵᠤ ᠪᠠᠶᠢᠪᠠ᠃ ᠤᠷᠴᠢᠨ ᠲᠤᠭᠤᠷᠢᠨ ᠴᠢᠪ ᠴᠢᠮᠡᠭᠡ ᠦᠭᠡᠢ | ᠨᠠᠮᠤᠭᠤᠬᠠᠨ ᠰᠡᠷᠢᠬᠦᠨ ᠦᠳᠡᠰᠢ ᠤᠶᠢᠷᠠᠳᠤᠵᠤ ᠪᠠᠶᠢᠯ᠎ᠠ᠃ | ᠨᠠᠭᠠᠴᠤ ᠶᠢᠨ ᠠᠪᠠᠭᠠᠢ ᠬᠡᠨᠡᠳᠳᠠ ᠶᠠᠭᠠᠷᠠᠯ ᠲᠠᠢ ᠪᠤᠰᠴᠤ ᠭᠡᠷ ᠲᠡᠭᠡᠨ ᠤᠷᠤᠭᠠᠳ ᠬᠤᠪᠢᠩ ᠲᠦᠬᠦᠷᠡᠩ ᠰᠦ | ᠲᠠᠢ ᠴᠠᠢ ᠶᠢ ᠪᠠᠰᠠ ᠨᠢᠭᠡ ᠲᠠᠪᠠᠭ ᠴᠠᠭᠠᠨ ᠢᠳᠡᠭᠡᠨ ᠤ ᠬᠠᠮᠳᠤ ᠪᠠᠷ ᠪᠠᠷᠢᠨ ᠭᠠᠷᠴᠤ ᠢᠷᠡᠯ᠎ᠡ᠃ ᠡᠨᠡ ᠴᠠᠢ ᠢᠳᠡᠭᠡ | ᠪᠠᠷ ᠶᠠᠭᠠᠬᠢᠬᠤ ᠨᠢ ᠶᠤᠮ ᠪᠤᠯ ᠳ᠋ᠠ ᠬᠡᠵᠤ ᠪᠤᠳᠤᠵᠤ ᠪᠠᠶᠢᠳᠠᠯ᠎ᠠ ᠬᠠᠵᠠᠭᠠᠷ ᠨᠤᠭᠳᠤ᠂ ᠴᠢᠳᠤᠷ ᠲᠤᠱᠠ ᠴᠦ ᠦᠭᠡᠢ | ᠲᠠᠷᠭᠤᠨ ᠬᠡᠭᠡᠷ ᠮᠤᠷᠢ ᠭᠡᠷ ᠤᠨ ᠲᠡᠷᠭᠡᠳᠠ ᠬᠦᠷᠴᠤ ᠢᠷᠡᠭᠡᠳ ᠠᠪᠠᠭᠠᠢ ᠳᠤ ᠰᠢᠭᠤᠳ ᠬᠦᠷᠴᠤ ᠤᠴᠢᠪᠠ᠃ ᠠᠪᠠᠭᠠᠢ | ᠲᠡᠷᠨ ᠮᠤᠷᠢᠨ ᠳᠤ ᠬᠤᠪᠢᠩ ᠲᠠᠢ ᠴᠠᠢ ᠪᠠᠨ ᠤᠤᠭᠤᠯᠭᠠᠵᠤ᠂ ᠲᠠᠪᠠᠭ ᠲᠠᠢ ᠢᠳᠡᠭᠡ ᠪᠠᠨ ᠠᠮᠠ ᠬᠦᠷᠭᠡᠬᠦᠯᠪᠡ᠃ | ᠲᠡᠷᠨ ᠮᠤᠷᠢᠨ ᠤ ᠬᠡᠳᠡᠰᠤ ᠪᠠᠷ ᠡᠮᠡᠭᠡᠯ ᠤᠨ ᠤᠯᠤᠩ ᠤᠨ ᠤᠷᠤ ᠪᠠᠷ ᠤᠯᠤᠶᠢᠷᠳᠤᠵᠤ ᠴᠠᠭᠠᠨ ᠦᠰᠤ ᠤᠷᠭᠤᠭᠰᠠᠨ ᠢ | ᠦᠵᠡᠪᠡᠯ ᠬᠡᠭᠡᠷ ᠮᠤᠷᠢ ᠤᠷᠢᠳ ᠬᠠᠳᠠᠭᠤ ᠡᠳ᠋ᠯᠡᠭᠳᠡᠵᠤ ᠪᠠᠶᠢᠭᠰᠠᠨ ᠪᠤᠯᠤᠯᠳᠠᠢ ᠪᠤᠯᠪᠠᠴᠤ ᠤᠳᠤ ᠲᠤᠩ ᠲᠠᠷᠭᠤᠨ | ᠬᠤᠷ ᠬᠦᠴᠤ ᠲᠠᠢ ᠪᠠᠶᠢᠬᠤ ᠶᠢ ᠦᠵᠡᠪᠡᠯ ᠬᠡᠳᠦᠨ ᠵᠢᠯ ᠬᠦᠮᠦᠨ ᠳᠤ ᠤᠭᠳᠤ ᠡᠳ᠋ᠯᠡᠭᠳᠡᠭᠡ ᠦᠭᠡᠢ ᠪᠤᠯᠤᠯᠳᠠᠢ᠃ | ᠪᠠᠰᠠ ᠲᠡᠬᠦᠨ ᠤ ᠤᠷᠳᠤ ᠲᠡᠯ ᠠᠴᠠ ᠤᠯᠠᠨ ᠦᠩᠭᠡ ᠶᠢᠨ ᠭᠬᠢᠪ ᠲᠤᠷᠭ᠎ᠠ ᠨᠠᠮᠢᠷᠠᠳᠠᠯᠠ ᠵᠡᠬᠦᠭᠰᠡᠨ ᠢ ᠦᠵᠡᠪᠡᠯ ᠶᠠᠮᠠᠷ | ᠨᠢᠭᠡ ᠲᠡᠭᠷᠢ ᠰᠠᠬᠢᠭᠤᠯᠰᠤᠨ ᠳᠤ ᠰᠡᠳᠡᠷᠯᠡᠭᠰᠡᠨ ᠮᠤᠷᠢ ᠪᠠᠶᠢᠨ᠎ᠠ᠃ | ᠨᠠᠭᠠᠴᠤ ᠶᠢᠨ ᠡᠬᠡᠨᠡᠷ ᠲᠡᠷᠨ ᠮᠤᠷᠢᠨ ᠤ ᠴᠠᠰᠢ ᠶᠠᠪᠤᠬᠤ ᠳᠤ ᠨᠢ ︽ᠦᠯᠵᠡᠶᠢᠳᠤ ᠶᠢᠨ ᠬᠡᠭᠡᠷ ᠮᠢᠨᠢ᠂ ᠦᠯᠵᠡᠢ | ᠪᠠᠨ ᠬᠠᠶᠢᠷᠠᠯᠠ︕︾ ᠬᠡᠵᠤ ᠬᠡᠯᠡᠭᠡᠳ ᠬᠤᠶᠢᠨ᠎ᠠ ᠠᠴᠠ ᠨᠢ ᠠᠭᠠᠷᠤᠤᠯ ᠢᠳᠡᠭᠡ ᠰᠠᠴᠤᠵᠤ ᠪᠠᠶᠢᠨ᠎ᠠ᠃ ᠬᠡᠭᠡᠷ ᠮᠤᠷᠢ | ᠦᠯᠵᠡᠶᠢᠳᠤ ᠠᠭᠤᠯᠨ ᠶᠢᠨ ᠵᠦᠭ ᠡᠪᠡᠰᠤ ᠲᠠᠳᠠᠯᠠᠨ ᠢᠳᠡᠭᠰᠡᠭᠡᠷ ᠶᠠᠪᠤᠴᠢᠬᠠᠪᠠ᠃ | ᠡᠨᠡ ᠶᠠᠭᠤᠨ ᠮᠤᠷᠢ ᠪᠤᠯᠬᠤ ᠶᠢ ᠠᠰᠠᠭᠤᠪᠠᠯ᠂ ᠡᠨᠡ ᠮᠤᠷᠢᠨ ᠤ ᠲᠤᠬᠠᠢ ᠨᠢᠭᠡ ᠲᠤᠮᠤᠭᠳᠤ ᠶᠠᠪᠤᠳᠠᠯ ᠢ | ᠨᠠᠭᠠᠴᠤ ᠶᠢᠨ ᠠᠪᠠᠭᠠᠢ ᠨᠠᠳᠠ ᠳᠤ ᠶᠠᠷᠢᠵᠤ ᠦᠭᠪᠡ᠃ ᠡᠨᠡ ᠲᠤᠮᠤᠭ ᠢ ᠬᠠᠪᠢ ᠤᠶᠢᠷ᠎ᠠ ᠶᠢᠨ ᠬᠦᠮᠦᠰ ᠢᠳᠡᠭᠡᠳᠡᠭ | ᠪᠦᠭᠡᠳ ᠦᠨᠡᠨ ᠪᠤᠯᠤᠭᠰᠠᠨ ᠬᠡᠷᠡᠭ ᠪᠠᠶᠢᠵᠠᠢ᠃ ᠠᠪᠠᠭᠠᠢ ᠶᠢᠨ ᠶᠠᠷᠢᠭᠰᠠᠨ ᠢ ᠰᠡᠳᠬᠢᠯ ᠳᠡᠭᠡᠨ ᠲᠤᠭᠳᠠᠭᠠᠭᠰᠠᠨ ᠤ | ᠬᠢᠷᠢ ᠪᠠᠷ ᠤᠳᠤ ᠭᠠᠷᠭᠠᠵᠤ ᠬᠡᠯᠡᠶ᠎ᠠ ᠁ | ︽ᠦᠯᠵᠡᠶᠢᠳᠤ ᠶᠢᠨ ᠬᠡᠭᠡᠷ ᠬᠡᠳᠡᠭ ᠡᠨᠡ ᠮᠤᠷᠢ᠂ ᠶᠡᠭᠡ ᠨᠤᠮᠤᠬᠠᠨ ᠪᠤᠯᠪᠠᠴᠤ ᠲᠡᠬᠦᠨ ᠢ ᠬᠠᠪᠢ ᠤᠶᠢᠷ᠎ᠠ ᠶᠢᠨ | ᠬᠦᠮᠦᠰ ᠨᠢᠭᠡ ᠴᠦ ᠪᠠᠷᠢᠵᠤ ᠤᠨᠤᠳᠠᠭ ᠦᠭᠡᠢ᠃ ᠤᠴᠢᠷ ᠨᠢ᠂ ᠡᠨᠡ ᠮᠤᠷᠢ ᠪᠤᠯ ᠦᠯᠵᠡᠶᠢᠳᠤ ᠠᠭᠤᠯᠨ ᠶᠢᠨ ᠡᠵᠡᠨ | ᠤ ᠤᠨᠤᠳᠠᠭ ᠮᠤᠷᠢ ᠬᠡᠳᠡᠭ ᠶᠤᠮ᠃ ᠴᠤᠬᠤᠮ ᠳᠠᠭᠠᠨ ᠠᠭᠤᠯᠨ ᠶᠢᠨ ᠡᠵᠡᠨ ᠬᠡᠭᠡᠷ ᠮᠤᠷᠢ ᠪᠠᠨ ᠤᠨᠤᠭᠠᠳ ᠶᠠᠪᠤᠵᠤ | ᠪᠠᠶᠢᠬᠤ ᠶᠢ ᠦᠵᠡᠭᠰᠡᠨ ᠬᠦᠮᠦᠨ ᠦᠭᠡᠢ ᠪᠤᠯᠪᠠᠴᠤ ᠲᠡᠬᠦᠨ ᠢ ᠠᠭᠤᠯᠨ ᠶᠢᠨ ᠡᠵᠡᠨ ᠤ ᠮᠤᠷᠢ ᠬᠡᠵᠤ ᠢᠳᠡᠭᠡᠬᠦ ᠨᠢᠭᠡ | ᠰᠢᠯᠳᠠᠭᠠᠨ ᠭᠠᠷᠤᠭᠰᠠᠨ ᠶᠤᠮ ᠬᠡᠨ᠎ᠠ᠃ | ᠮᠠᠨ ᠤ ᠠᠳᠠ ᠴᠠᠭᠠᠨᠸᠠᠴᠢᠷ ᠬᠡᠵᠤ ᠨᠢᠭᠡ ᠬᠦᠮᠦᠨ ᠪᠠᠶᠢᠭᠰᠠᠨ ᠶᠤᠮ᠃ ᠲᠡᠬᠦᠨ ᠤ ᠦᠷ᠎ᠠ ᠬᠡᠦᠭᠡᠳ ᠴᠦ᠂ | ᠤᠳᠤ ᠴᠦ ᠬᠦᠷᠳᠡᠯ᠎ᠠ ᠪᠤᠢ᠃ ᠸᠠᠴᠢᠷ ᠬᠠᠪ ᠬᠠᠷ᠎ᠠ ᠴᠢᠷᠠᠢ ᠲᠠᠢ ᠤᠴᠢᠷ ᠠᠴᠠ ᠲᠡᠬᠦᠨ ᠳᠤ ᠨᠤᠳᠤᠭ ᠤᠨ ᠬᠦᠮᠦᠨ | ᠬᠤᠴᠢ ᠨᠡᠷ᠎ᠠ ᠦᠭᠴᠤ ᠴᠠᠭᠠᠨ᠋ᠧᠴᠢᠷ ᠬᠡᠵᠤ ᠨᠡᠷᠡᠯᠡᠵᠠᠢ᠃ ᠴᠠᠭᠠᠨ᠋ᠧᠴᠢᠷ ᠨᠡᠯᠢᠶᠡᠳ ᠤᠯᠠᠨ ᠠᠳᠤᠭᠤ ᠲᠠᠢ᠂ ᠲᠡᠬᠦᠨ ᠤ | ᠬᠠᠮᠤᠭ ᠤᠨ ᠬᠠᠶᠢᠷ᠎ᠠ ᠲᠠᠢ ᠨᠢᠭᠡ ᠬᠤᠷᠳᠤᠨ ᠬᠡᠭᠡᠷ ᠮᠤᠷᠢ ᠪᠠᠶᠢᠭᠰᠠᠨ᠂ ᠲᠡᠷᠨ ᠨᠢ ᠤᠳᠤ ᠰᠠᠶ᠋ᠢ ᠶᠢᠨ ᠢᠷᠡᠳᠡᠭ ᠬᠡᠭᠡᠷ | ᠮᠤᠷᠢ ᠰᠢᠤ᠃ | ᠴᠠᠭᠠᠨᠸᠠᠴᠢᠷ ᠤᠯᠠᠨ ᠠᠳᠤᠭᠤ ᠲᠠᠢ ᠤᠴᠢᠷ ᠠᠴᠠ ᠤᠯᠠᠨ ᠵᠢᠯ ᠲᠠᠷᠠᠭᠠᠯᠠᠨ ᠦᠯᠵᠡᠶᠢᠳᠤ ᠠᠭᠤᠯᠨ ᠶᠢᠨ | ᠲᠡᠷᠭᠡᠳᠠ ᠦᠷᠳᠡᠭᠡᠨ ᠤ ᠠᠯᠪᠠ ᠬᠢᠵᠤ ᠪᠠᠶᠢᠵᠠᠢ᠃ ᠲᠡᠭᠡᠭᠡᠳ ᠲᠡᠬᠦᠨ ᠤ ᠭᠡᠭᠡᠷ ᠮᠤᠷᠢ ᠠᠳᠠ ᠶᠡᠭᠡ ᠨᠤᠳᠤᠭᠰᠢᠵᠤ᠂ | ᠦᠯᠵᠡᠶᠢᠳᠤ ᠠᠭᠤᠯᠨ ᠶᠢᠨ ᠤᠷᠴᠢᠨ ᠢᠮᠠᠭᠳᠠ ᠪᠡᠯᠴᠢᠭᠡᠷᠯᠡᠵᠤ ᠵᠠᠩᠰᠢᠪᠠ᠃ ᠰᠤᠷᠤᠭᠰᠠᠨ ᠵᠠᠩᠰᠢᠯ ᠢ ᠰᠤᠷ ᠢᠶᠠᠷ | ᠤᠭᠤᠰᠤᠷᠯᠠᠪᠠᠴᠤ ᠲᠡᠶᠢᠯᠳᠡᠬᠦ ᠦᠭᠡᠢ ᠬᠡᠳᠡᠭ ᠦᠭᠡ ᠪᠤᠢ ᠰᠢᠤ᠃ ᠠᠳᠤᠭᠤᠰᠤ ᠠᠮᠢᠳᠠᠨ ᠴᠦ ᠬᠡᠰᠡᠨ ᠨᠢᠭᠡ ᠭᠠᠵᠠᠷ | ᠨᠤᠳᠤᠭᠰᠢᠵᠤ ᠵᠠᠩᠰᠢᠪᠠᠯ ᠲᠡᠬᠦᠨ ᠳᠡᠭᠡᠨ ᠵᠠᠪᠠᠯ ᠡᠷᠬᠢᠬᠦ ᠪᠤᠯᠳᠠᠭ ᠶᠤᠮ᠃ ᠡᠨᠡ ᠭᠡᠭᠡᠷ ᠮᠤᠷᠢ ᠡᠪᠡᠰᠤ ᠪᠡᠯᠴᠢᠭᠡᠷ | ᠰᠠᠶᠢᠨ ᠪᠤᠯ ᠦᠯᠵᠡᠶᠢᠳᠤ ᠠᠭᠤᠯᠠᠨ ᠠᠴᠠ ᠤᠭᠳᠤ ᠬᠤᠯᠠᠳᠳᠠᠭ ᠦᠭᠡᠢ᠂ ᠠᠳᠤᠭᠤᠨ ᠰᠦᠷᠦᠭ ᠢ ᠬᠠᠶᠢᠬᠤᠷᠬᠤ | ᠦᠭᠡᠢ᠂ ᠭᠠᠭᠴᠠᠭᠠᠷ ᠪᠡᠯᠴᠢᠭᠡᠷᠯᠡᠨ ᠶᠠᠪᠤᠳᠠᠭ ᠪᠠᠶᠢᠵᠠᠢ᠃ ᠬᠠᠶᠠ ᠪᠡᠯᠴᠢᠭᠡᠷ ᠮᠠᠭᠤᠳᠠᠵᠤ ᠵᠤᠳ ᠪᠤᠯᠪᠠᠯ ᠬᠡᠭᠡᠷ ᠮᠤᠷᠢ | ᠠᠶᠢᠯ ᠤᠨ ᠠᠳᠤᠭᠤ ᠲᠠᠢ ᠨᠡᠶᠢᠯᠡᠵᠤ ᠬᠤᠯᠨ ᠶᠢᠨ ᠪᠡᠯᠴᠢᠭᠡᠷ ᠲᠤ ᠭᠠᠷᠳᠠᠭ᠃ ᠲᠡᠭᠡᠪᠡᠯ ᠬᠤᠯᠨ ᠭᠠᠵᠠᠷ ᠠᠴᠠ | ᠦᠯᠵᠡᠶᠢᠳᠤ ᠠᠭᠤᠯᠨ ᠶᠢᠨ ᠪᠠᠷ᠎ᠠ ᠬᠠᠷᠠᠭᠳᠠᠬᠤ ᠦᠨᠳᠦᠷ ᠭᠠᠵᠠᠷ ᠢ ᠤᠯᠵᠤ ᠦᠷᠯᠦᠭᠡ ᠪᠦᠷᠢ ᠦᠯᠵᠡᠶᠢᠳᠤ ᠠᠭᠤᠯᠨ | ᠪᠠᠨ ᠬᠠᠷᠠᠵᠤ ᠨᠢᠳᠤᠨ ᠤ ᠨᠢᠯᠪᠤᠰᠤ ᠶᠢ ᠤᠨᠠᠭᠠᠵᠤ ᠪᠠᠶᠢᠳᠠᠭ ᠪᠤᠯᠤᠭᠰᠠᠨ ᠶᠤᠮ ᠬᠡᠨ᠎ᠠ ᠪᠢᠯᠨ᠃ ᠦᠯᠵᠡᠶᠢᠳᠤ | ᠠᠭᠤᠯᠨ ᠦᠨᠳᠦᠷ ᠪᠢᠰᠢ ᠪᠤᠯᠪᠠᠴᠤ ᠡᠨᠡ ᠲᠠᠯ᠎ᠠ ᠨᠤᠳᠤᠭ ᠲᠤ ᠬᠡᠳᠦᠨ ᠦᠷᠳᠡᠭᠡ ᠬᠤᠯᠨ ᠭᠠᠵᠠᠷ ᠠᠴᠠ ᠴᠦ | ᠰᠦᠮᠡᠯᠵᠡᠨ ᠬᠠᠷᠠᠭᠳᠠᠨ᠎ᠠ᠃ ᠵᠤᠳ ᠦᠩᠭᠡᠷᠡᠵᠤ ᠴᠠᠭ ᠲᠤᠯᠠᠭᠠᠷᠠᠮᠠᠭᠴᠨ ᠬᠡᠭᠡᠷ ᠮᠤᠷᠢ ᠢᠵᠢᠯᠢ ᠪᠠᠨ ᠤᠷᠬᠢᠵᠤ | ᠬᠠᠮᠤᠭ ᠠᠴᠠ ᠲᠦᠷᠦᠬᠦᠨ ᠳᠤ ᠦᠯᠵᠡᠶᠢᠳᠤ ᠠᠭᠤᠯᠨ ᠳᠠᠭᠠᠨ ᠬᠦᠷᠴᠤ ᠢᠷᠡᠳᠡᠭ ᠶᠤᠮ᠃ | ᠬᠡᠭᠡᠷ ᠮᠤᠷᠢ ᠶᠢ ᠬᠦᠮᠦᠨ ᠤᠨᠤᠭᠠᠳ ᠬᠤᠯᠨ ᠭᠠᠵᠠᠷ ᠠᠪᠠᠴᠢᠭᠠᠳ ᠲᠠᠯᠪᠢᠴᠢᠬᠠᠬᠤ ᠳᠤ ᠨᠤᠳᠤᠭ ᠲᠠᠭᠠᠨ | ᠲᠠᠪᠬᠢᠭᠠᠳ ᠢᠷᠡᠳᠡᠭ ᠪᠠᠶᠢᠵᠠᠢ᠃ ᠤᠷᠢᠳᠤ ᠴᠠᠭᠠᠨᠸᠠᠴᠢᠷ ᠢ ᠦᠷᠳᠡᠭᠡ ᠬᠢᠵᠤ ᠪᠠᠶᠢᠬᠤ ᠳᠤ ᠠᠴᠢᠶ᠎ᠠ ᠪᠠᠷᠠᠭ᠎ᠠ ᠦᠭᠡᠢ | ᠭᠠᠭᠴᠨ ᠡᠯᠴᠢ ᠢᠷᠡᠪᠡᠯ ᠴᠠᠭᠠᠨᠸᠠᠴᠢᠷ ᠬᠡᠭᠡᠷ ᠮᠤᠷᠢ ᠪᠠᠨ ᠤᠨᠤᠭᠤᠯᠤᠭᠠᠳ ᠡᠯᠴᠢ ᠶᠢ ᠤᠯᠠᠭᠠᠴᠢ ᠦᠭᠡᠢ ᠭᠠᠭᠴᠠᠭᠠᠷ | ᠢ ᠨᠢ ᠶᠠᠪᠤᠭᠤᠯᠳᠠᠭ ᠪᠠᠶᠢᠵᠠᠢ᠃ ᠡᠯᠴᠢ ᠬᠡᠭᠡᠷ ᠮᠤᠷᠢ ᠶᠢ ᠵᠡᠷᠭᠡᠯᠡᠳᠡᠭᠡ ᠦᠷᠳᠡᠭᠡᠨ ᠳᠤ ᠤᠴᠢᠭᠠᠳ ᠰᠤᠯᠠᠯᠠᠨ | ᠲᠠᠯᠪᠢᠮᠠᠭᠴᠨ ᠤᠬᠠᠭᠠᠨᠳᠤ ᠬᠡᠭᠡᠷ ᠮᠤᠷᠢ ᠬᠡᠳᠡᠷᠬᠦ ᠦᠪᠡᠷ ᠢᠶᠠᠨ ᠪᠤᠴᠠᠵᠤ ᠢᠷᠡᠳᠡᠭ ᠪᠢᠯᠨ᠃ ᠡᠨᠡ ᠨᠢ ᠴᠠᠭᠠᠨᠸᠠᠴᠢᠷ | ᠲᠤ ᠠᠰᠢᠭ ᠲᠠᠢ ᠤᠴᠢᠷ ᠠᠴᠠ ᠡᠵᠡᠨ ᠨᠢ ᠬᠡᠭᠡᠷ ᠮᠤᠷᠢ ᠪᠠᠨ ᠤᠯᠠᠮ ᠬᠠᠶᠢᠷᠠᠯᠠᠬᠤ ᠪᠤᠯᠵᠠᠢ᠃ | ᠨᠢᠭᠡ ᠶᠡᠭᠡ ᠰᠢᠭᠤᠷᠭ᠎ᠠ ᠪᠤᠯᠬᠤ ᠳᠤ ᠴᠠᠭᠠᠨᠸᠠᠴᠢᠷ ᠤᠨ ᠬᠠᠮᠤᠭ ᠠᠳᠤᠭᠤ ᠤᠷᠤᠭᠤᠳᠠᠨ ᠶᠠᠪᠤᠴᠢᠬᠠᠵᠠᠢ᠃ | ᠠᠳᠤᠭᠤ ᠶᠢ ᠡᠷᠬᠢᠬᠦᠯᠬᠦ ᠪᠠᠷ ᠬᠡᠳᠦᠨ ᠬᠦᠮᠦᠨ ᠢ ᠬᠡᠳᠦᠨ ᠬᠤᠨᠤᠭ ᠶᠠᠪᠤᠭᠤᠯᠵᠤ ᠠᠷᠠᠢ ᠬᠢᠵᠤ ᠲᠤᠳᠠᠭᠤ ᠬᠠᠭᠠᠰ | ᠤᠯᠵᠤ ᠢᠷᠡᠭᠰᠡᠨ ᠶᠤᠮ ᠬᠡᠨ᠎ᠠ ᠪᠢᠯᠨ᠃ ᠲᠡᠭᠡᠬᠦ ᠳᠤ ᠬᠡᠭᠡᠷ ᠮᠤᠷᠢ ᠡᠷᠢᠯ ᠰᠤᠷᠠᠯ ᠴᠦ ᠭᠠᠷᠭᠠᠯᠳᠠ ᠦᠭᠡᠢ ᠪᠠᠷ ᠨᠢᠭᠡ | ᠠᠵᠢᠷᠭ᠎ᠠ ᠠᠳᠤᠭᠤ ᠶᠢ ᠲᠠᠭᠠᠭᠤᠯᠤᠨ ᠰᠢᠭᠤᠷᠭ᠎ᠠ ᠦᠩᠭᠡᠷᠡᠭᠰᠡᠨ ᠤ ᠨᠦᠬᠦᠭᠡᠳᠦᠷ ᠨᠤᠳᠤᠭ ᠲᠠᠭᠠᠨ ᠪᠤᠴᠠᠵᠤ ᠢᠷᠡᠵᠠᠢ | ᠃ ᠡᠨᠡ ᠨᠢ ᠶᠠᠭᠠᠷᠠᠤ ᠲᠦᠷᠭᠡᠨ ᠡᠯᠴᠢ ᠨᠠᠷ ᠢ ᠶᠠᠪᠠᠭᠠᠳᠠᠭᠤᠯᠬᠤ ᠦᠭᠡᠢ᠂ ᠠᠯᠪᠠ ᠶᠢ ᠬᠤᠷᠳᠤᠨ ᠵᠠᠯᠭᠠᠮᠵᠢᠯᠠᠬᠤ ᠳᠤᠨᠢ | ᠶᠡᠭᠡ ᠲᠤᠰᠠ ᠪᠤᠯᠪᠠ᠃ ᠬᠡᠳᠦᠨ ᠵᠢᠯ ᠦᠩᠭᠡᠷᠡᠭᠰᠡᠨ ᠤ ᠬᠤᠶᠢᠨ᠎ᠠ ᠴᠠᠭᠠᠨᠸᠠᠴᠢᠷ ᠦᠷᠳᠡᠭᠡᠨ ᠠᠴᠠ ᠬᠠᠯᠠᠭᠳᠠᠵᠤ | ᠦᠭᠡᠷ᠎ᠠ ᠲᠡᠰᠢ ᠨᠡᠬᠦᠪᠡ᠃ ᠬᠡᠳᠡᠯ᠎ᠠ ᠬᠡᠭᠡᠷ ᠮᠤᠷᠢ ᠢᠵᠢᠯᠢ ᠪᠠᠨ ᠲᠠᠭᠠᠵᠤ ᠶᠠᠪᠤᠬᠤ ᠦᠭᠡᠢ ᠦᠯᠵᠡᠶᠢᠳᠤ ᠠᠭᠤᠯᠠᠨ | ᠳᠠᠭᠠᠨ ᠦᠯᠡᠳᠡᠪᠡ᠃ ᠴᠠᠭᠠᠨᠸᠠᠴᠢᠷ ᠭᠠᠭᠴᠨ ᠮᠤᠷᠢ ᠪᠠᠨ ᠲᠠᠭᠠᠵᠤ ᠦᠯᠵᠡᠶᠢᠳᠤ ᠠᠭᠤᠯᠠᠨ ᠶᠢᠨ ᠤᠶᠢᠷ᠎ᠠ | ᠨᠤᠳᠤᠭᠯᠠᠬᠤ ᠠᠷᠭ᠎ᠠ ᠦᠭᠡᠢ ᠪᠠᠶᠢᠭᠰᠠᠨ ᠪᠠ ᠪᠠᠰᠠ ᠦᠷᠳᠡᠭᠡᠨ ᠤ ᠰᠢᠨ᠎ᠠ ᠬᠦᠮᠦᠰ ᠤᠯᠠᠨ ᠮᠠᠯ ᠲᠠᠢ ᠪᠠᠶᠠᠯᠢᠭ | ᠸᠠᠴᠢᠷ ᠤᠨ ᠬᠢ ᠶᠢ ᠦᠷᠳᠡᠭᠡᠨ ᠤ ᠲᠠᠶᠢᠳᠤ ᠨᠤᠳᠤᠭ ᠪᠡᠯᠴᠢᠭᠡᠷ ᠲᠤ ᠨᠤᠳᠤᠭᠯᠠᠭᠤᠯᠬᠤ ᠦᠭᠡᠢ᠂ ᠬᠦᠭᠡᠭᠡᠳᠡᠭ | ᠪᠠᠶᠢᠵᠠᠢ᠃ ᠡᠶᠢᠮᠤ ᠤᠴᠢᠷ ᠠᠴᠠ ᠴᠠᠭᠠᠨᠸᠠᠴᠢᠷ ᠬᠡᠳᠦᠢ ᠪᠠᠷ ᠬᠡᠭᠡᠷ ᠮᠤᠷᠢᠨ ᠳᠠᠭᠠᠨ ᠬᠠᠶᠢᠷ᠎ᠠ ᠲᠠᠢ ᠪᠤᠯᠪᠠᠴᠤ ᠲᠡᠬᠦᠨ | ᠢ ᠰᠢᠨ᠎ᠠ ᠦᠷᠳᠡᠭᠡᠨ ᠤ ᠬᠦᠮᠦᠰ ᠲᠤ ᠬᠤᠳᠠᠯᠳᠤᠶ᠎ᠠ ᠬᠡᠪᠡᠯ ᠦᠷᠳᠡᠭᠡᠴᠢᠨ ᠸᠠᠴᠢᠷ ᠢ ᠪᠤᠭᠤᠭᠳᠠᠭᠤᠯᠵᠤ ᠬᠡᠭᠡᠷ ᠮᠤᠷᠢ | ᠶᠢ ᠬᠢᠮᠳᠠ ᠪᠠᠷ ᠠᠪᠬᠤ ᠶᠢ ᠤᠷᠤᠯᠳᠤᠵᠠᠢ᠃ ᠲᠡᠭᠡᠬᠦᠯᠡᠷ ᠸᠠᠴᠢᠷ ᠬᠡᠭᠡᠷ ᠮᠤᠷᠢ ᠪᠠᠨ ᠦᠷᠳᠡᠭᠡᠴᠢᠨ ᠳᠤ | ᠬᠤᠳᠠᠯᠳᠤᠭᠰᠠᠨ ᠦᠭᠡᠢ᠃ ᠪᠠᠰᠠ ᠤᠶᠢᠷ᠎ᠠ ᠬᠠᠪᠢ ᠶᠢᠨ ᠬᠦᠮᠦᠰ ᠬᠡᠭᠡᠷ ᠮᠤᠷᠢᠨ ᠤ ᠵᠠᠩ ᠢ ᠮᠡᠳᠡᠬᠦ ᠤᠴᠢᠷ ᠠᠴᠠ | ᠬᠤᠳᠠᠯᠳᠤᠵᠤ ᠠᠪᠬᠤ ᠦᠭᠡᠢ ᠪᠠᠶᠢᠪᠠ᠃ ᠲᠡᠭᠡᠭᠡᠳ ᠸᠠᠴᠢᠷ ᠬᠡᠭᠡᠷ ᠮᠤᠷᠢ ᠶᠢ ᠬᠤᠳᠠᠯᠳᠤᠵᠤ ᠠᠪᠬᠤ ᠬᠦᠮᠦᠨ ᠢ | ᠡᠷᠢᠵᠤ ᠪᠠᠶᠢᠳᠠᠯ᠎ᠠ ᠦᠯᠵᠡᠶᠢᠳᠤ ᠠᠭᠤᠯᠨ ᠶᠢᠨ ᠨᠠᠭᠠᠳᠤᠮ ᠪᠤᠯᠪᠠ᠃ ᠲᠡᠷᠨ ᠨᠠᠭᠠᠳᠤᠮ ᠳᠤ ᠬᠤᠯᠨ ᠶᠢᠨ ᠬᠤᠰᠢᠭᠤᠨ | ᠠᠴᠠ ᠨᠢᠭᠡ ᠪᠦᠭᠡ ᠢᠷᠡᠵᠤ ᠪᠠᠷᠢᠯᠳᠤᠪᠠ᠃ ᠲᠡᠷᠨ ᠪᠦᠭᠡ᠂ ᠢᠷᠡᠬᠦ ᠵᠠᠮ ᠳᠠᠭᠠᠨ ᠮᠤᠷᠢᠨ ᠤ ᠪᠠᠨ ᠬᠦᠯ ᠢ | ᠲᠤᠭᠤᠯᠠᠭᠤᠯᠤᠭᠰᠠᠨ ᠲᠤᠯᠨ ᠤᠨᠤᠵᠤ ᠪᠤᠴᠠᠬᠤ ᠮᠤᠷᠢ ᠡᠷᠢᠵᠤ ᠪᠠᠶᠢᠪᠠ᠃ ᠸᠠᠴᠢᠷ ᠲᠡᠬᠦᠨ ᠲᠠᠢ ᠲᠤᠬᠢᠶᠠᠯᠳᠤᠵᠤ | ᠰᠠᠶ᠋ᠢ ᠲᠡᠬᠦᠨ ᠳᠤ ᠬᠡᠭᠡᠷ ᠮᠤᠷᠢ ᠪᠠᠨ ᠵᠤᠬᠢᠬᠤ ᠦᠨ᠎ᠠ ᠪᠠᠷ ᠬᠤᠳᠠᠯᠳᠤᠪᠠ᠃ ᠲᠡᠷᠨ ᠪᠦᠭᠡ ᠬᠡᠭᠡᠷ ᠮᠤᠷᠢᠨ ᠤ ᠵᠠᠩ ᠢ | ᠮᠡᠳᠡᠬᠦ ᠦᠭᠡᠢ᠂ ᠮᠤᠷᠢᠨ ᠤ ᠲᠠᠷᠭᠤᠨ ᠰᠠᠶᠢᠨ ᠳᠤ ᠪᠠᠭ᠋ᠠᠳᠤᠵᠤ ᠤᠪᠤᠭ᠎ᠠ ᠴᠦ ᠦᠨ᠎ᠠ ᠦᠭᠬᠦᠭᠰᠡᠨ ᠶᠤᠮ ᠬᠡᠨ᠎ᠠ ᠪᠢᠯᠨ | ᠃ | ᠨᠠᠭᠠᠳᠤᠮ ᠲᠠᠷᠬᠠᠮᠠᠭᠴᠨ ᠲᠡᠷᠨ ᠪᠦᠭᠡ ᠬᠡᠭᠡᠷ ᠮᠤᠷᠢ ᠶᠢ ᠤᠨᠤᠭᠠᠳ᠂ ᠲᠤᠭᠤᠯᠠᠩ ᠮᠤᠷᠢ ᠪᠠᠨ ᠬᠦᠳᠦᠯᠦᠭᠡᠳ | ᠨᠤᠳᠤᠭ ᠲᠠᠭᠠᠨ ᠪᠤᠴᠠᠪᠠ᠃ ᠨᠡᠯᠢᠶᠡᠳ ᠬᠤᠨᠤᠭᠰᠠᠨ ᠬᠤᠶᠢᠨ᠎ᠠ ᠬᠡᠭᠡᠷ ᠮᠤᠷᠢ ᠦᠯᠵᠡᠶᠢᠳᠤ ᠠᠭᠤᠯᠠᠨ ᠳᠠᠭᠠᠨ | ᠪᠤᠴᠠᠵᠤ ᠢᠷᠡᠪᠡ᠃ ᠲᠡᠷᠨ ᠪᠦᠭᠡ ᠤᠯᠠᠨ ᠦᠷᠳᠡᠭᠡ ᠠᠯᠤᠰᠯᠠᠭᠰᠠᠨ ᠬᠤᠯᠨ ᠭᠠᠵᠠᠷ ᠠᠴᠠ ᠭᠠᠭᠴᠨ ᠮᠤᠷᠢ ᠶᠢ | ᠡᠷᠢᠵᠤ ᠢᠷᠡᠭᠰᠡᠨ ᠦᠭᠡᠢ ᠤᠷᠬᠢᠪᠠ᠃ ᠲᠡᠭᠡᠬᠦᠯᠡᠷ ᠬᠡᠭᠡᠷ ᠮᠤᠷᠢ ᠪᠠᠰᠠ ᠸᠠᠴᠢᠷ ᠤᠨ ᠬᠢ ᠪᠤᠯᠪᠠ᠃ | ᠤᠳᠤ ᠸᠠᠴᠢᠷ ᠨᠢᠭᠡ ᠰᠠᠨᠠᠭ᠎ᠠ ᠤᠯᠵᠤ ᠬᠡᠭᠡᠷ ᠮᠤᠷᠢ ᠪᠠᠨ ᠬᠤᠯᠨ ᠶᠢᠨ ᠬᠦᠮᠦᠨ ᠳᠤ ᠬᠤᠳᠠᠯᠳᠤᠭᠠᠳ ᠪᠠᠶᠢᠪᠠᠯ | ᠠᠰᠢᠭ ᠲᠠᠢ ᠶᠠᠭᠤᠮ᠎ᠠ ᠪᠠᠶᠢᠨ᠎ᠠ ᠬᠡᠵᠤ ᠮᠡᠳᠡᠭᠡᠳ ᠠᠯᠤᠰ ᠤᠨ ᠠᠶᠠᠨᠴᠢᠨ᠂ ᠵᠠᠮ ᠤᠨ ᠬᠦᠮᠦᠰ᠂ ᠡᠷᠢᠯᠴᠢᠨ ᠨᠠᠷ ᠲᠤ | ᠬᠡᠭᠡᠷ ᠮᠤᠷᠢ ᠪᠠᠨ ᠬᠢᠮᠳᠠ ᠦᠨ᠎ᠠ ᠪᠠᠷ ᠪᠤᠯᠪᠠᠴᠤ ᠲᠤᠷ᠎ᠠ ᠲᠠᠢ ᠬᠤᠳᠠᠯᠳᠤᠳᠠᠭ ᠪᠠᠶᠢᠪᠠ᠃ ᠬᠡᠭᠡᠷ ᠮᠤᠷᠢ ᠬᠤᠷᠳᠤᠨ | ᠰᠠᠶᠢᠨ ᠮᠤᠷᠢ ᠲᠤᠯᠨ ᠬᠡᠨ ᠴᠦ ᠲᠤᠷ᠎ᠠ ᠲᠠᠢ ᠠᠪᠳᠠᠭ ᠪᠠᠶᠢᠪᠠ᠃ ᠬᠡᠳᠤ ᠬᠤᠨᠤᠭᠠᠳ ᠬᠡᠭᠡᠷ ᠮᠤᠷᠢ ᠢᠮᠠᠭᠳᠠ ᠪᠤᠴᠠᠵᠤ | ᠢᠷᠡᠳᠡᠭ ᠤᠴᠢᠷ ᠠᠴᠠ ᠸᠠᠴᠢᠷ ᠲᠤ ᠶᠡᠭᠡ ᠠᠰᠢᠭ ᠲᠠᠢ ᠪᠠᠶᠢᠵᠠᠢ᠃ | ᠠᠶᠠᠨᠴᠢᠳ ᠢ ᠮᠡᠭᠡᠯᠡᠵᠤ ᠬᠡᠭᠡᠷ ᠮᠤᠷᠢ ᠪᠠᠨ ᠬᠤᠳᠠᠯᠳᠤᠭᠰᠠᠨ ᠲᠤᠬᠠᠢ ᠨᠤᠳᠤᠭ ᠤᠨ ᠬᠦᠮᠦᠰ ᠡᠯᠳᠡᠪ ᠤᠨ | ᠦᠭᠡ ᠶᠠᠷᠢᠳᠠᠭ ᠪᠤᠯᠪᠠ᠃ ᠲᠡᠬᠦᠨ ᠤ ᠨᠢᠭᠡ ᠨᠢ᠄ | ᠸᠠᠴᠢᠷ ᠬᠡᠭᠡᠷ ᠮᠤᠷᠢ ᠪᠠᠨ ᠨᠢᠭᠡ ᠠᠶᠠᠨᠴᠢᠨ ᠳᠤ ᠬᠤᠳᠠᠯᠳᠤᠭᠰᠠᠨ ᠤ ᠲᠠᠷᠠᠭ᠎ᠠ ᠬᠡᠭᠡᠷ ᠮᠤᠷᠢ ᠨᠢ | ᠮᠦᠩᠬᠦᠯᠡᠭᠰᠡᠨ ᠰᠠᠶᠢᠬᠠᠨ ᠡᠮᠡᠭᠡᠯ ᠲᠠᠢ ᠪᠤᠴᠠᠵᠤ ᠢᠷᠡᠭᠰᠡᠨ ᠬᠡᠨ᠎ᠠ᠃ ᠮᠤᠷᠢ ᠨᠢ ᠡᠵᠡᠨ ᠤ ᠭᠠᠷ ᠠᠴᠠ ᠠᠯᠳᠠᠭᠤᠯᠤᠨ | ᠵᠢᠭᠤᠳᠠᠵᠤ ᠢᠷᠡᠭᠰᠡᠨ ᠪᠤᠯᠤᠯᠳᠠᠢ᠃ ᠡᠬᠦᠨ ᠠᠴᠠ ᠬᠤᠶᠢᠰᠢ ᠸᠠᠴᠢᠷ ᠤᠨ ᠰᠢᠨᠤᠬᠠᠢ ᠰᠡᠳᠬᠢᠯ ᠤᠯᠠᠮ ᠬᠦᠭᠵᠢᠵᠤ᠂ | ᠬᠡᠭᠡᠷ ᠮᠤᠷᠢᠨ ᠳᠠᠭᠠᠨ ᠤᠨᠤᠭᠰᠠᠨ ᠬᠦᠮᠦᠨ ᠢ ᠪᠤᠯᠬᠢᠵᠤ ᠬᠠᠶᠠᠬᠤ ᠪᠠ ᠴᠤᠯᠪᠤᠭᠤᠷ ᠢᠶᠠᠨ ᠲᠠᠰᠤᠳᠠᠵᠤ ᠤᠶᠠᠭ᠎ᠠ ᠠᠴᠠ | ᠵᠢᠭᠤᠳᠠᠬᠤ ᠵᠡᠷᠭᠡ ᠮᠠᠭᠤ ᠵᠠᠩ ᠢ ᠰᠤᠷᠭᠠᠵᠠᠢ᠃ ᠭᠡᠭᠡᠷ ᠮᠤᠷᠢᠨ ᠳᠠᠭᠠᠨ ᠡᠶᠢᠮᠤ ᠮᠠᠭᠤ ᠵᠠᠩ ᠰᠤᠷᠭᠠᠭᠠᠳ ᠸᠠᠴᠢᠷ | ᠬᠡᠭᠡᠷ ᠮᠤᠷᠢ ᠪᠠᠨ ᠲᠠᠬᠢᠨ ᠬᠤᠳᠠᠯᠳᠤᠵᠤ ᠠᠰᠢᠭ ᠢ ᠶᠡᠭᠡᠯ᠎ᠠ ᠤᠯᠵᠤ ᠪᠠᠶᠢᠪᠠ᠃ | ᠬᠡᠭᠡᠷ ᠮᠤᠷᠢ ᠠᠯᠤᠰ ᠲᠠᠷᠢᠭᠠᠩᠭ᠎ᠠ ᠨᠤᠳᠤᠭ ᠠᠴᠠ ᠨᠢᠭᠡ ᠪᠤᠭᠴᠤ ᠠᠴᠢᠶ᠎ᠠ ᠲᠠᠢ ᠵᠢᠭᠤᠳᠠᠵᠤ ᠢᠷᠡᠭᠰᠡᠨ ᠬᠡᠵᠤ | ᠬᠦᠮᠦᠨ ᠶᠠᠷᠢᠳᠠᠭ᠃ ᠲᠡᠷᠨ ᠪᠤᠭᠴᠤ ᠠᠴᠢᠶ᠎ᠠ ᠶᠢ ᠵᠠᠮ ᠳᠤᠨᠢ ᠬᠦᠮᠦᠨ ᠰᠠᠯᠭᠠᠵᠤ ᠠᠪᠬᠤ ᠦᠭᠡᠢ᠂ ᠶᠠᠭᠠᠬᠢᠵᠤ | ᠢᠷᠡᠭᠰᠡᠨ ᠢ ᠮᠡᠳᠡᠬᠦ ᠠᠷᠭ᠎ᠠ ᠦᠭᠡᠢ᠂ ᠬᠠᠴᠢᠨ ᠶᠤᠮ᠃ ᠸᠠᠴᠢᠷ ᠤᠨ ᠡᠬᠡᠨᠡᠷ ᠦᠬᠢᠳ ᠲᠡᠷᠨ ᠵᠢᠯ ᠤᠨ ᠨᠠᠭᠠᠳᠤᠮ ᠳᠤ | ᠤᠷᠢᠳ ᠦᠵᠡᠭᠳᠡᠭᠡ ᠦᠭᠡᠢ ᠲᠤᠷᠭᠠᠨ ᠲᠡᠪᠡᠯ ᠡᠮᠦᠰᠴᠤ ᠶᠠᠪᠤᠭᠰᠠᠨ᠃ ᠬᠦᠮᠦᠨ ᠤ ᠬᠡᠯᠡᠬᠦ ᠨᠢ ᠲᠡᠷᠨ ᠪᠤᠭᠴᠤᠨ ᠳᠤ | ᠰᠢᠨ᠎ᠠ ᠪᠠᠭᠤᠯᠭᠠᠬᠤ ᠪᠡᠷᠢ ᠶᠢᠨ ᠡᠮᠦᠰᠭᠡᠯ ᠬᠤᠪᠴᠠᠰᠤ ᠪᠠᠶᠢᠭᠰᠠᠨ ᠬᠡᠳᠡᠭ᠃ | ᠲᠡᠭᠡᠭᠡᠳ ᠬᠡᠳᠦᠨ ᠵᠢᠯ ᠦᠩᠭᠡᠷᠡᠭᠰᠡᠨ ᠤ ᠬᠤᠶᠢᠨ᠎ᠠ ᠦᠪᠤᠷ ᠮᠤᠩᠭᠤᠯ ᠳᠤ ᠰᠠᠮᠠᠭᠤᠨ ᠪᠤᠳᠤᠯᠢᠶᠠᠨ | ᠭᠠᠷᠤᠭᠠᠳ ᠮᠠᠨ ᠤ ᠨᠤᠳᠤᠭ ᠲᠤ ᠫᠤᠤ ᠲᠠᠢ ᠲᠡᠭᠡᠷᠡᠮᠴᠢᠳ ᠨᠡᠪᠳᠡᠷᠡᠵᠤ ᠢᠷᠡᠭᠰᠡᠨ ᠳᠤ ᠨᠤᠳᠤᠭ ᠤᠨ ᠬᠦᠮᠦᠰ ᠵᠦᠭ | ᠵᠦᠭ ᠲᠡᠰᠢ ᠪᠠᠨ ᠵᠢᠭᠤᠳᠠᠬᠤ ᠪᠤᠯᠪᠠ᠃ ᠭᠡᠷ ᠮᠠᠯ ᠢᠶᠠᠨ ᠬᠠᠶᠠᠭᠠᠳ ᠵᠢᠭᠤᠳᠠᠭᠰᠠᠨ ᠴᠦ ᠬᠦᠮᠦᠨ ᠪᠤᠢ᠃ ᠲᠡᠷᠨ | ᠦᠶ᠎ᠠ ᠳᠤ ᠮᠠᠨᠠᠶᠢᠬᠢᠨ ᠳᠤ ᠬᠤᠷᠳᠤᠨ ᠫᠤᠤ ᠲᠤᠩ ᠬᠤᠪᠤᠷ ᠪᠠᠶᠢᠭᠰᠠᠨ᠂ ᠭᠠᠭᠴᠠᠬᠠᠨ ᠸᠠᠴᠢᠷ ᠬᠤᠷᠳᠤᠨ ᠫᠤᠤ ᠲᠠᠢ | ᠲᠤᠯᠨ ᠲᠡᠭᠡᠷᠡᠮᠴᠢᠨ ᠤ ᠨᠢᠭᠡ ᠶᠢ ᠫᠤᠤᠳᠠᠨ ᠠᠯᠠᠵᠠᠢ᠃ ᠡᠶᠢᠮᠤ ᠤᠴᠢᠷ ᠠᠴᠠ ᠲᠡᠭᠡᠷᠡᠮᠴᠢᠳ ᠸᠠᠴᠢᠷ ᠢ ᠵᠠᠪᠠᠯ ᠪᠠᠷᠢᠵᠤ | ᠠᠪᠬᠤ ᠬᠡᠵᠤ ᠬᠦᠭᠡᠭᠡᠪᠡ᠃ ᠸᠠᠴᠢᠷ ᠵᠢᠭᠤᠳᠠᠬᠤ ᠳᠠᠭᠠᠨ ᠬᠡᠭᠡᠷ ᠮᠤᠷᠢ ᠪᠠᠨ ᠬᠠᠮᠤᠭ ᠤᠨ ᠬᠤᠷᠳᠤᠨ ᠮᠤᠷᠢ ᠬᠡᠵᠤ | ᠰᠢᠯᠢᠵᠤ ᠤᠨᠤᠭᠠᠳ ᠮᠠᠨᠠᠩ ᠤᠨ ᠰᠢᠯᠢ ᠤᠷᠤᠭᠤ ᠵᠢᠭᠤᠳᠠᠭᠰᠠᠨ ᠳᠤ ᠬᠤᠶᠢᠨ᠎ᠠ ᠠᠴᠠ ᠨᠢ ᠤᠯᠠᠨ ᠲᠡᠭᠡᠷᠡᠮᠴᠢᠳ | ᠮᠤᠷᠢ ᠰᠤᠯᠢᠵᠤ ᠪᠠᠶᠢᠭᠠᠳ ᠬᠦᠭᠡᠭᠡᠭᠰᠡᠨ ᠪᠤᠯᠪᠠᠴᠤ ᠤᠭᠳᠤ ᠬᠦᠢᠴᠡᠭᠰᠡᠨ ᠦᠭᠡᠢ᠃ ᠬᠡᠭᠡᠷ ᠮᠤᠷᠢ ᠲᠡᠶᠢᠮᠤ ᠬᠤᠷᠳᠤᠨ | ᠮᠤᠷᠢ ᠶᠤᠮ᠃ ᠸᠠᠴᠢᠷ ᠬᠡᠭᠡᠷ ᠮᠤᠷᠢᠨ ᠤ ᠠᠴᠢ ᠪᠠᠷ ᠲᠡᠭᠡᠷᠡᠮᠴᠢᠨ ᠤ ᠭᠠᠷ ᠠᠴᠠ ᠭᠠᠷᠴᠠᠢ᠃ | ᠬᠡᠳᠡᠯ᠎ᠠ ᠤᠰᠤ ᠦᠭᠡᠢ ᠴᠦᠯ ᠮᠠᠨᠠᠩ ᠤᠨ ᠶᠡᠭᠡ ᠲᠠᠯ᠎ᠠ ᠳᠤ ᠬᠡᠭᠡᠷ ᠮᠤᠷᠢ ᠨᠢ ᠸᠠᠴᠢᠷ ᠢ ᠦᠪᠡᠷ ᠤᠨ ᠬᠢᠨᠢ | ᠰᠤᠷᠭᠠᠭᠰᠠᠨ ᠠᠷᠭ᠎ᠠ ᠪᠠᠷ ᠪᠤᠯᠬᠢᠵᠤ ᠬᠠᠶᠠᠭᠠᠳ ᠦᠯᠵᠡᠶᠢᠳᠤ ᠠᠭᠤᠯᠠᠨ ᠳᠠᠭᠠᠨ ᠦᠪᠡᠷ ᠤᠨ ᠡᠵᠡᠨ ᠤ ᠡᠮᠡᠭᠡᠯ ᠲᠠᠢ | ᠪᠤᠴᠠᠵᠤ ᠢᠷᠡᠵᠠᠢ᠃ ᠸᠠᠴᠢᠷ ᠲᠡᠭᠡᠭᠡᠳ ᠰᠤᠷᠠᠭ ᠴᠢᠮᠡᠭᠡ ᠦᠭᠡᠢ ᠠᠯᠠᠭ᠎ᠠ ᠪᠤᠯᠤᠭᠰᠠᠨ ᠶᠤᠮ᠃ | ᠬᠡᠳᠦᠨ ᠵᠢᠯ ᠪᠤᠯᠤᠭᠰᠠᠨ ᠤ ᠬᠤᠶᠢᠨ᠎ᠠ᠂ ᠡᠪᠤᠯ ᠴᠠᠰᠤ ᠤᠷᠤᠭᠰᠠᠨ ᠤ ᠲᠠᠷᠠᠭ᠎ᠠ ᠨᠤᠳᠤᠭ ᠤᠨ ᠠᠶᠢᠯ ᠤᠳ | ᠮᠠᠨᠠᠩ ᠤᠨ ᠲᠠᠯ᠎ᠠ ᠳᠤ ᠤᠴᠢᠵᠤ ᠡᠪᠤᠯᠵᠢᠵᠤ ᠪᠠᠶᠢᠭᠠᠳ ᠨᠢᠭᠡ ᠬᠤᠩᠬᠤᠷ ᠠᠴᠠ ᠸᠠᠴᠢᠷ ᠤᠨ ᠬᠡᠯᠬᠢᠶ᠎ᠠ ᠲᠠᠢ ᠶᠠᠰᠤ᠂ | ᠵᠢᠪᠡᠷᠡᠭᠰᠡᠨ ᠫᠤᠤ᠂ ᠬᠤᠪᠠᠭ᠋ᠠᠢ ᠲᠠᠰᠢᠭᠤᠷ ᠭᠤᠷᠪᠠ ᠬᠡᠪᠳᠡᠬᠦ ᠶᠢ ᠦᠵᠡᠭᠰᠡᠨ ᠶᠤᠮ ᠬᠡᠨ᠎ᠠ ᠪᠢᠯᠨ᠃ | ᠸᠠᠴᠢᠷ ᠤᠨ ᠲᠡᠷᠭᠡᠳᠠ ᠠᠯᠳᠠ ᠬᠢᠷᠢ ᠲᠠᠢ ᠤᠬᠤᠭᠰᠠᠨ ᠬᠠᠭᠤᠷᠠᠢ ᠬᠤᠳᠳᠤᠭ ᠪᠠᠶᠢᠭᠰᠠᠨ ᠬᠡᠳᠡᠭ᠃ | ᠪᠤᠳᠤᠪᠠᠯ ᠸᠠᠴᠢᠷ ᠫᠤᠤ ᠲᠠᠰᠢᠭᠤᠷ ᠬᠤᠶᠠᠷ ᠢᠶᠠᠷ ᠢᠶᠠᠨ ᠬᠤᠳᠳᠤᠭ ᠮᠠᠯᠳᠠᠵᠤ᠂ ᠤᠰᠤ ᠭᠠᠷᠭᠠᠵᠤ ᠤᠤᠭᠤᠬᠤ ᠰᠠᠨᠠᠭ᠎ᠠ | ᠲᠠᠢ ᠤᠷᠤᠯᠳᠤᠵᠤ ᠪᠠᠶᠢᠭᠠᠳ ᠴᠢᠳᠠᠯ ᠦᠭᠡᠢ ᠴᠠᠩᠭᠠᠵᠤ ᠦᠬᠦᠭᠰᠡᠨ ᠪᠤᠯᠤᠯᠳᠠᠢ᠃ ᠲᠡᠭᠡᠭᠡᠳ ᠰᠢᠨᠤᠬᠠᠢ ᠸᠠᠴᠢᠷ ᠤᠨ | ᠨᠠᠮᠳᠠᠷ ᠲᠠᠭᠤᠰᠤᠭᠰᠠᠨ ᠶᠤᠮ᠃ | ᠲᠡᠬᠦᠨ ᠠᠴᠠ ᠬᠤᠶᠢᠰᠢ ᠬᠡᠭᠡᠷ ᠮᠤᠷᠢ ᠦᠯᠵᠡᠶᠢᠳᠤ ᠶᠢᠨ ᠬᠡᠭᠡᠷ ᠨᠡᠷ᠎ᠠ ᠲᠠᠢ ᠪᠤᠯᠤᠭᠠᠳ ᠤᠯᠠᠨ ᠵᠢᠯ | ᠨᠤᠳᠤᠭᠰᠢᠵᠤ ᠪᠠᠶᠢᠨ᠎ᠠ᠃ ᠨᠤᠳᠤᠭ ᠤᠨ ᠬᠦᠮᠦᠰ ᠸᠠᠴᠢᠷ ᠤᠨ ᠦᠬᠦᠭᠰᠡᠨ ᠳᠤ ᠬᠠᠷᠠᠮᠰᠠᠨ ᠭᠠᠰᠢᠭᠤᠳᠠᠳᠠᠭ ᠪᠤᠯᠪᠠᠴᠤ | ᠬᠠᠶᠢᠷᠠᠳᠤ ᠮᠤᠷᠢ ᠪᠠᠨ ᠲᠤᠷᠤᠮᠵᠢᠯᠠᠭᠰᠠᠨ ᠤ ᠬᠤᠬᠢ ᠬᠡᠵᠤ ᠦᠵᠡᠭᠡᠳ ᠬᠠᠷᠢᠨ ᠬᠡᠭᠡᠷ ᠮᠤᠷᠢ ᠶᠢ ᠬᠠᠶᠢᠷᠠᠯᠠᠨ ᠴᠠᠢ | ᠢᠳᠡᠭᠡᠨ ᠤ ᠲᠡᠭᠡᠵᠢ ᠶᠢ ᠪᠠᠷᠢᠳᠠᠭ ᠪᠤᠯᠤᠭᠰᠠᠨ ᠶᠤᠮ᠃ | ᠲᠦᠷᠦᠭᠰᠡᠨ ᠨᠤᠳᠤᠭ ᠢᠶᠠᠨ ᠰᠠᠨᠠᠭᠠᠯᠵᠠᠬᠤ ᠮᠤᠷᠢᠨ ᠤ ᠰᠠᠶᠢᠬᠠᠨ ᠵᠠᠩ ᠢ ᠪᠤᠷᠤᠭᠤ ᠪᠠᠷ ᠠᠰᠢᠭᠯᠠᠭᠰᠠᠨ ᠤ | ᠦᠷ᠎ᠠ ᠸᠠᠴᠢᠷ ᠲᠤ ᠢᠩᠬᠢᠵᠤ ᠲᠤᠰᠤᠭᠰᠠᠨ ᠶᠤᠮ ᠰᠢᠤ᠃︾ | |