ᠤᠯᠠᠨ ᠨᠠᠭᠤᠷ ᠤᠨ ᠭᠤᠤᠯ ᠳᠤ ᠬᠡᠴᠡᠬᠦᠤ ᠴᠦᠩᠬᠦᠯ ᠬᠡᠵᠤ ᠵᠠᠷ ᠳᠤ ᠭᠠᠷᠤᠭᠰᠠᠨ ᠪᠡᠷᠭᠡ ᠨᠠᠭᠤᠷ ᠪᠠᠶᠢᠳᠠᠭ | ᠶᠤᠮ᠃ ᠲᠤᠮᠤ ᠢᠶᠠᠷ ᠢᠶᠠᠨ ᠴᠤ ᠭᠠᠪᠢᠬᠤ ᠦᠭᠡᠢ ᠯᠡ ᠳ᠋ᠧ᠃ ᠨᠢᠭᠡ ᠵᠠᠬ᠎ᠠ ᠠᠴᠠ ᠪᠠᠨ ᠨᠦᠬᠦᠭᠡ ᠵᠠᠬ᠎ᠠ ᠳᠤ ᠪᠠᠨ | ᠬᠦᠷᠳᠡᠯ᠎ᠠ ᠶᠡᠷᠤ ᠳᠡᠭᠡᠨ ᠵᠠᠭᠤᠭᠠᠳ ᠯᠡ ᠠᠯᠬᠤᠮ᠃ ᠵᠢᠵᠢᠭᠭᠡᠨ ᠬᠢᠷᠢ ᠨᠢ ᠤᠴᠢᠷ ᠦᠭᠡᠢ ᠬᠦᠨᠵᠡᠭᠡᠢ᠂ ᠡᠷᠬᠢᠬᠦᠯᠭᠡ | ᠲᠠᠢ᠂ ᠲᠤᠳᠤᠷ᠎ᠠ ᠨᠢ ᠤᠷᠤᠭᠰᠠᠨ ᠬᠢᠷᠢ ᠶᠢᠨ ᠠᠮᠢᠳᠠᠨ ᠡᠰᠡᠨ ᠮᠡᠨᠳᠤ ᠡᠷᠬᠢᠵᠤ ᠭᠠᠷᠬᠤ ᠨᠢ ᠬᠤᠪᠤᠷ ᠲᠤᠭᠤᠯᠳᠠᠳᠠᠭ᠃ | ᠤᠭ ᠨᠢ ᠤᠰᠤ ᠨᠢ ᠲᠤᠩᠭᠠᠯᠠᠭ᠂ ᠲᠤᠭᠳᠠᠭᠤᠨ ᠲᠦᠯᠭᠡᠨ᠂ ᠢᠷᠤᠭᠠᠯ ᠤᠨ ᠰᠢᠷᠭᠠᠯ ᠡᠯᠡᠰᠤ ᠨᠢ ᠲᠤᠩ ᠤᠶᠢᠷᠠᠬᠠᠨ | ᠮᠡᠳᠤ ᠲᠤᠶᠠᠭᠠᠷᠠᠨ ᠬᠠᠷᠠᠭᠳᠠᠳᠠᠭ᠃ ᠲᠡᠷᠭᠡᠳᠡᠬᠦᠷ ᠨᠢ ᠶᠠᠩᠵᠤ ᠪᠦᠷᠢ ᠶᠢᠨ ᠡᠪᠡᠰᠤ ᠤᠷᠭᠤᠮᠠᠯ ᠠᠯᠠᠭᠯᠠᠨ | ᠤᠷᠭᠤᠭᠰᠠᠨ᠂ ᠬᠠᠵᠠᠭᠤᠬᠠᠨ ᠳᠤ ᠪᠠᠨ ᠨᠠᠷᠢᠨ ᠰᠢᠷᠭᠡᠭ ᠲᠠᠢ ᠵᠦᠭᠡᠯᠡᠨ ᠡᠯᠡᠰᠤ ᠲᠠᠢ᠂ ᠶᠤᠰᠤᠳᠠᠢ ᠯᠡ ᠠᠮᠠᠷᠠᠵᠤ | ᠪᠠᠶᠢᠭᠤᠰᠢᠳᠠᠢ ᠰᠠᠶᠢᠬᠠᠨ ᠭᠠᠵᠠᠷ ᠪᠠᠶᠢᠳᠠᠭ ᠶᠤᠮ᠃ | ᠵᠢᠷᠭᠤᠭᠠᠨ ᠰᠠᠷ᠎ᠠ ᠶᠢᠨ ᠠᠭᠠᠬᠢᠮ᠎ᠠ ᠬᠠᠯᠠᠭᠤᠨ ᠢᠳᠠ ᠰᠢᠳᠠᠵᠤ ᠪᠠᠶᠢᠭᠰᠠᠨ ᠦᠶ᠎ᠠ ᠶᠤᠮᠰᠠᠨ᠃ ᠮᠢᠳᠠᠪ ᠬᠤᠨᠢ | ᠰᠠᠯᠬᠢᠳᠠᠭᠠᠳ ᠬᠡᠴᠡᠬᠦᠤ ᠴᠦᠩᠬᠦᠯ ᠳᠤ ᠤᠶᠢᠴᠢᠬᠤ ᠪᠤᠢ᠂ ᠶᠠᠭᠤᠮ᠎ᠠ ᠶᠢ ᠶᠠᠭᠠᠬᠢᠵᠤ ᠮᠡᠳᠡᠬᠦ ᠪᠤᠢ ᠬᠡᠭᠰᠡᠭᠡᠷ ᠨᠠᠭᠤᠷ | ᠤᠨ ᠬᠤᠶᠢᠳᠤ ᠬᠤᠸᠠ ᠲᠡᠭᠡᠬᠦᠷ ᠭᠠᠷᠴᠤ ᠢᠷᠡᠵᠠᠢ᠃ ᠬᠡᠳᠡᠯ᠎ᠠ ᠪᠠᠴᠢᠮᠳᠠᠭᠰᠠᠨ ᠬᠦᠮᠦᠨ ᠤ ᠮᠠᠭᠤᠬᠠᠢ ᠤᠷᠢᠯᠠᠬᠤ | ᠲᠠᠭᠤ ᠭᠠᠷᠴᠤ ᠬᠡᠨ᠎ᠠ᠃ ᠲᠤᠭᠳᠠᠭᠠᠵᠤ ᠬᠠᠷᠠᠪᠠᠯ᠂ ᠨᠠᠭᠤᠷ ᠤᠨ ᠤᠰᠤᠨ ᠳᠤ ᠨᠢᠭᠡ ᠬᠦᠮᠦᠨ ᠤᠷᠤᠴᠢᠬᠠᠭᠰᠠᠨ ᠦᠶ᠎ᠠ | ᠦᠶ᠎ᠠ ᠱᠤᠪᠤᠰᠬᠢᠨ᠂ ᠰᠠᠷᠪᠠᠯᠵᠠᠵᠤ ᠪᠠᠶᠢᠭ᠎ᠠ ᠦᠵᠡᠭᠳᠡᠨ᠎ᠠ᠃ ᠮᠢᠳᠠᠪ ᠨᠢᠭᠡ ᠮᠡᠳᠡᠬᠦᠨ᠎ᠠ ᠨᠠᠭᠤᠷ ᠤᠨ ᠡᠷᠬᠢ ᠲᠡᠭᠡᠷ᠎ᠠ | ᠢᠷᠡᠴᠢᠭᠡᠭᠰᠡᠨ᠃ ︽ᠤᠳᠤ ᠶᠠᠭᠠᠬᠢᠨ᠎ᠠ ᠠ ᠰᠦᠢᠳ ᠪᠤᠯᠤᠯ᠎ᠠ᠃ ᠨᠠᠭᠤᠷ ᠤᠷᠤᠭᠤ ᠤᠷᠤᠴᠢᠬᠠᠬᠤ ᠪᠠᠷ ᠬᠠᠮᠳᠤ | ᠦᠩᠭᠡᠷᠡᠴᠢᠬᠡᠬᠦ᠂ ᠭᠠᠷ ᠲᠤ ᠨᠢ ᠪᠠᠷᠢᠭᠤᠯᠴᠢᠬᠠᠬᠤ ᠬᠡᠬᠦ ᠪᠠᠷ ᠶᠠᠭᠤ ᠴᠦ ᠪᠠᠶᠢᠳᠠᠭ ᠦᠭᠡᠢ︾ ᠬᠡᠵᠤ ᠭᠠᠰᠠᠯᠤᠨ | ᠵᠤᠭᠰᠤᠵᠤ ᠪᠠᠶᠢᠪᠠ᠃ | ᠶᠠᠳᠠᠵᠤ ᠤᠰᠤᠨ ᠠᠴᠠ ᠶᠡᠭᠡ ᠠᠶᠤᠳᠠᠭ ᠢ ᠬᠡᠯᠡᠬᠦ ᠦᠦ᠂ ᠶᠠᠭᠠᠬᠢᠳᠠᠭ ᠴᠦ ᠠᠷᠭ᠎ᠠ ᠪᠠᠨ ᠤᠯᠬᠤ ᠦᠭᠡᠢ ᠨᠢᠭᠡ | ᠬᠡᠰᠡᠭ ᠪᠤᠯᠵᠠᠢ᠃ ᠨᠦᠬᠦᠭᠡ ᠬᠦᠮᠦᠨ ᠨᠢᠭᠡ ᠢᠯᠨ ᠭᠠᠷᠴᠤ᠂ ᠨᠢᠭᠡ ᠲᠠᠯᠳᠠ ᠤᠷᠤᠵᠤ ᠤᠷᠢ ᠲᠠᠭᠤ ᠲᠠᠯᠪᠢᠭᠰᠠᠨ | ᠬᠡᠪ ᠢᠶᠠᠷ᠃ ᠲᠠᠭᠤᠨ ᠤ ᠬᠢᠨᠢ ᠬᠦᠴᠤ ᠤᠯᠠᠮ ᠰᠤᠯᠠᠷᠠᠵᠤ ᠪᠠᠶᠢᠬᠤ ᠶᠢ ᠦᠵᠡᠭᠡᠳ ᠪᠦᠷ ᠴᠦ ᠶᠡᠭᠡ ᠪᠠᠴᠢᠮᠳᠠᠭᠰᠠᠨ | ᠬᠡᠨ᠎ᠠ᠃ ᠤᠯᠤᠰ ᠠᠮᠢᠳᠠᠨ ᠳᠤ ᠲᠤᠭᠤᠯᠭᠠᠶᠠ ᠬᠡᠳ ᠡᠷᠬᠢᠳᠡᠯᠠ ᠲᠡᠪᠡᠳᠡᠭᠰᠡᠨ ᠳᠡᠭᠡᠨ ᠪᠤᠯᠤᠭᠠᠳ ᠮᠤᠷᠢ ᠪᠠᠨ | ᠠᠯᠳᠠᠴᠢᠬᠠᠭᠰᠠᠨ ᠬᠦᠯ ᠵᠠᠯᠭᠠᠵᠤ ᠬᠡᠯ᠎ᠠ ᠬᠦᠷᠭᠡᠬᠦ ᠤᠨᠤᠭ᠎ᠠ ᠪᠤᠤ ᠬᠡᠯᠨ᠂ ᠭᠠᠷ ᠲᠤ ᠪᠠᠨ ᠪᠠᠷᠢᠭᠰᠠᠨ ᠰᠢᠳᠡᠮᠡᠰᠦᠨ ᠤ | ᠲᠠᠰᠤᠷᠬᠠᠢ ᠴᠦ ᠦᠭᠡᠢ ᠬᠤᠴᠤᠷᠤᠭᠰᠠᠨ ᠪᠠᠶᠢᠵᠠᠢ᠃ ︽ᠶᠠᠭᠠᠬᠢᠨ᠎ᠠ ᠠ᠂ ᠦᠩᠭᠡᠷᠡᠴᠢᠬᠡᠯᠠ ᠳ᠋ᠧ︾ ᠬᠡᠵᠤ ᠬᠠᠷᠠᠮᠰᠠᠨ | ᠡᠶᠢᠰᠢ ᠲᠡᠶᠢᠰᠢ ᠬᠠᠷᠠᠳᠠᠯ᠎ᠠ ᠪᠦᠭᠡᠷ᠎ᠠ ᠠᠯᠠᠭ ᠬᠦᠷᠡᠩ ᠪᠢᠷᠠᠭᠤ ᠨᠢ ᠤᠭᠤᠳᠤᠩᠨᠠᠨ ᠰᠡᠬᠦᠯ ᠬᠠᠳᠬᠤᠭᠰᠠᠭᠠᠷ ᠠᠶᠢᠰᠤᠢ | ᠶᠢ ᠦᠵᠡᠩᠬᠦᠳᠠ᠄ ︽ᠲᠡᠭᠡᠳᠡᠭ ᠬᠡᠷᠡᠭ᠂ ᠪᠤᠯᠳᠠᠭ ᠠᠷᠭ᠎ᠠ︕︾ ᠬᠡᠵᠤ ᠲᠠᠭᠤ ᠠᠯᠳᠠᠨ ᠪᠢᠷᠠᠭᠤ ᠶᠢ ᠠᠮᠠᠳᠠᠯᠠ᠃ | ᠢᠯᠠᠭ᠎ᠠ ᠰᠢᠮᠠᠭᠤᠯ ᠳᠤ ᠬᠦᠭᠡᠭᠡᠭᠳᠡᠨ ᠤᠬᠠᠭᠠᠨ ᠵᠢᠯᠤᠭᠤ ᠦᠭᠡᠢ ᠶᠠᠪᠤᠭ᠎ᠠ ᠪᠢᠷᠠᠭᠤ ᠶᠢ ᠤᠶᠢᠷᠠᠳᠤᠭᠠᠳ ᠢᠷᠡᠬᠦ ᠪᠠᠷ | ᠨᠢ ᠤᠬᠤᠰᠬᠢᠨ ᠰᠡᠬᠦᠯᠳᠡᠵᠤ ᠪᠠᠷᠢᠵᠤ ᠠᠪᠤᠭᠠᠳ ᠲᠡᠪᠡᠷᠢᠨ ᠨᠠᠭᠤᠷ ᠤᠷᠤᠭᠤ ᠬᠦᠶᠦᠪᠡ᠃ ᠨᠠᠭᠤᠷ ᠤᠨ ᠡᠷᠬᠢ | ᠲᠡᠭᠡᠷ᠎ᠠ ᠢᠷᠡᠵᠤ᠂ ᠨᠦᠬᠦᠭᠡ ᠬᠦᠮᠦᠨ ᠢ ᠢᠯᠨ ᠭᠠᠷᠴᠤ ᠢᠷᠡᠬᠦ ᠶᠢ ᠤᠳᠤᠵᠤ ᠪᠠᠶᠢᠭᠰᠠᠨ ᠢᠶᠠᠨ ᠪᠠᠶᠢᠳᠠᠭ ᠴᠢᠳᠠᠯ | ᠢᠶᠠᠨ ᠰᠢᠪᠬᠠᠨ ᠪᠢᠷᠠᠭᠤ ᠶᠢ ᠨᠠᠭᠤᠷ ᠤᠨ ᠲᠡᠭ ᠲᠤᠮᠳᠠ ᠴᠢᠯᠠᠭᠤᠳᠠᠴᠢᠬᠠᠯᠠ᠃ ︽ᠬᠤᠯ︾ ᠬᠢᠬᠦ ᠰᠦᠷᠳᠡᠢ ᠴᠢᠮᠡᠭᠡ | ᠭᠠᠷᠴᠤ᠂ ᠮᠢᠳᠠᠪ ᠴᠠᠯᠬᠢᠭᠰᠠᠨ ᠤᠰᠤᠨ ᠤ ᠬᠦᠴᠦᠳᠤ ᠲᠠᠪᠠᠯᠭᠠᠨ ᠳᠤ ᠴᠤᠬᠢᠭᠳᠠᠨ ᠠᠷᠤ ᠲᠡᠶᠢᠰᠢ ᠪᠠᠨ ᠰᠠᠪᠠᠨ | ᠤᠨᠠᠵᠠᠢ᠃ ᠲᠤᠯᠬᠢᠶ᠎ᠠ ᠨᠠᠮᠳᠠᠬᠤ ᠪᠠᠷ ᠡᠷᠬᠢᠨ ᠲᠤᠭᠤᠷᠢᠨ ᠢᠶᠠᠨ ᠬᠠᠷᠠᠭᠰᠠᠨ ᠴᠢᠨᠢ ᠨᠦᠬᠦᠭᠡ ᠬᠦᠮᠦᠨ ᠲᠡᠷᠳᠡᠭᠡ ᠡᠷᠬᠢ | ᠶᠢᠨ ᠰᠢᠷᠭᠠᠯ ᠡᠯᠡᠰᠦᠨ ᠲᠡᠭᠡᠷ᠎ᠠ ᠬᠡᠪᠳᠡᠭᠡ ᠬᠠᠷᠠᠭᠳᠠᠨ᠎ᠠ᠃ ᠤᠴᠢᠳᠠᠯᠠ ᠨᠦᠬᠦᠭᠡ ᠬᠦᠮᠦᠨ ᠠᠮᠢᠰᠬᠤᠭ᠎ᠠ ᠠᠪᠴᠤ | ᠵᠢᠭᠠᠬᠠᠨ ᠠᠭᠤᠵᠢᠷᠠᠭᠠᠳ᠄ ︽ᠤᠰᠤ ᠡᠯᠡᠰᠤ ᠬᠤᠶᠠᠷ ᠲᠤ ᠦᠬᠦᠬᠦ ᠰᠢᠬᠠᠴᠢᠬᠠᠯᠠ᠂ ᠶᠠᠭᠤ ᠴᠦ ᠪᠤᠯᠪᠠ ᠳ᠋ᠤᠤ᠃ | ᠤᠰᠤᠨ ᠳᠤ ᠰᠠᠷᠪᠠᠭᠠᠨᠠᠵᠤ ᠶᠠᠪᠤᠳᠠᠯ᠎ᠠ ᠮᠢᠨᠢ ᠨᠢᠭᠡ ᠬᠦᠮᠦᠨ ᠲᠤᠮᠤ ᠠᠯᠠᠭ ᠶᠠᠭᠤᠮ᠎ᠠ ᠴᠢᠯᠠᠭᠤᠳᠠᠴᠢᠬᠠᠬᠤ ᠰᠢᠭ᠋ | ᠪᠤᠯᠤᠭᠰᠠᠨ᠃ ᠲᠡᠭᠡᠭᠰᠡᠨ ᠴᠢᠨᠢ ᠤᠰᠤ ᠬᠦᠴᠦᠳᠠᠢ ᠫᠠᠯᠬᠢᠭᠡᠳ ᠪᠢ ᠲᠡᠬᠦᠨ ᠠᠴᠠ ᠡᠬᠦᠰᠦᠭᠰᠡᠨ ᠬᠦᠴᠦᠳᠠᠢ | ᠲᠤᠯᠬᠢᠶᠠᠨ ᠳᠤ ᠴᠤᠬᠢᠭᠳᠠᠨ ᠰᠢᠳᠡᠭᠳᠡᠵᠤ ᠶᠠᠭᠠᠬᠢᠵᠤ ᠴᠦ ᠴᠢᠳᠠᠯᠬᠦᠢ ᠡᠯᠡᠰᠤ ᠤᠷᠤᠭᠤ ᠰᠢᠭᠠᠴᠢᠬᠠᠭᠠᠳ ᠪᠦᠳᠡᠵᠤ | ᠦᠬᠦᠬᠦ ᠰᠢᠬᠠᠯ᠎ᠠ︾ ᠬᠡᠬᠦ ᠳᠤ᠂ ︽ᠠᠷᠠᠢ ᠲᠡᠩᠳᠡᠬᠦᠤ ᠬᠦᠴᠦᠳᠠᠢ ᠰᠢᠳᠡᠴᠢᠭᠡᠭᠰᠡᠨ ᠶᠤᠮ ᠪᠤᠯᠪᠠ ᠦᠦ ᠳ᠋ᠠ᠂ ᠵᠠ | ᠶᠠᠭᠠᠬᠢᠮᠠᠢ᠂ ᠶᠠᠭᠠᠬᠢᠮᠠᠢ᠃ ᠡᠷᠳᠡᠨᠢᠳᠤ ᠬᠦᠮᠦᠨ ᠤ ᠠᠮᠢ ᠯᠡ ᠮᠡᠨᠳᠤ ᠭᠠᠷᠤᠭᠰᠠᠨ ᠪᠤᠯ ᠪᠤᠯᠬᠤ ᠨᠢ ᠲᠡᠷᠨ︕︾ | ᠬᠡᠵᠤ ᠮᠢᠳᠠᠪ ᠤᠯᠵᠠᠭᠤᠷᠬᠠᠨ ᠪᠠᠶᠠᠷᠯᠠᠵᠤ ᠰᠠᠭᠤᠵᠠᠢ᠃ ᠬᠦᠮᠦᠨ ᠤ ᠵᠤᠯᠢᠶᠠᠨ ᠳᠤ ᠠᠮᠢ ᠠᠯᠳᠠᠬᠤ ᠰᠢᠬᠠᠭᠰᠠᠨ | ᠪᠢᠷᠠᠭᠤᠨ ᠤ ᠬᠤᠰᠢᠭᠤ ᠦᠶ᠎ᠠ ᠦᠶ᠎ᠠ ᠴᠤᠬᠤᠯᠵᠠᠨ ᠶᠠᠪᠤᠭᠰᠠᠭᠠᠷ ᠨᠠᠭᠤᠷ ᠤᠨ ᠡᠷᠬᠢ ᠤᠷᠤᠭᠤ ᠤᠭᠯᠤ ᠬᠠᠷᠠᠶᠢᠨ | ᠭᠠᠷᠴᠤ ᠤᠰᠤ ᠪᠠᠨ ᠰᠢᠯᠭᠡᠭᠡᠳ᠂ ᠢᠩᠬᠢᠵᠤ ᠰᠡᠷᠢᠬᠦᠴᠡᠳᠡᠭ ᠪᠤᠯ ᠴᠦ ᠠᠶᠤᠯᠳᠠᠢ ᠶᠤᠮ ᠪᠠᠶᠢᠨ᠎ᠠ ᠬᠡᠰᠡᠨ ᠶᠠᠩᠵᠤ | ᠲᠠᠢ ᠡᠵᠡᠨ ᠤᠷᠤᠭᠤ ᠪᠠᠨ ᠬᠠᠷᠠᠵᠤ ᠪᠠᠶᠢᠭᠰᠠᠨ ᠢᠶᠠᠨ ᠢᠵᠢᠯᠢ ᠪᠠᠨ ᠦᠭᠡᠶᠢᠯᠡᠬᠦ ᠮᠡᠳᠤ ᠮᠦᠭᠡᠷᠦᠨ ᠬᠡᠷ ᠤᠨ ᠵᠦᠭ | ᠱᠤᠭᠰᠢᠬᠤ ᠳᠤ ᠮᠢᠳᠠᠪ᠄ ︽ᠢᠩᠬᠢᠬᠦ ᠯᠡ ᠶᠤᠰᠤᠳᠠᠢ ᠰᠠᠨ᠂ ᠤᠪᠤᠭ᠎ᠠ ᠰᠢᠤ ᠪᠦᠭᠡᠷ᠎ᠠ ᠠᠯᠠᠭ ᠮᠢᠨᠢ᠃ ᠮᠤᠩᠭᠤᠯ | ᠦᠭᠡᠷ ᠤᠨ ᠡᠷᠳᠡᠮ ᠢ ᠶᠤᠰᠤᠳᠠᠢ ᠨᠢᠭᠡ ᠦᠵᠡᠬᠦᠯᠵᠤ ᠴᠢᠳᠠᠯ᠎ᠠ ᠳ᠋ᠠ︾ ᠬᠡᠵᠤ ᠪᠠᠭ᠋ᠠᠳᠤᠨ ᠬᠠᠶᠢᠷᠠᠯᠠᠵᠠᠢ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | ᠡᠬᠢ ᠰᠤᠷᠪᠤᠯᠵᠢ >>> | |