ᠳᠠᠯᠠᠶᠢᠨᠠᠭᠤᠷ ᠤᠨ ᠤᠤᠯ ᠨᠡᠷ᠎ᠡ ᠨᠢ ᠳᠠᠯᠤ ᠨᠠᠭᠤᠷ ᠪᠠᠶᠢᠬᠰᠡᠨ ᠭᠡᠵᠤ ᠡᠨᠡ ᠨᠤᠳᠤᠭ ᠤᠨ ᠪᠤᠭᠤᠷᠤᠯᠴᠤᠳ | ᠶᠠᠷᠢᠳᠠᠭ ᠪᠠᠶᠢᠵᠠᠢ᠃ ᠡᠭᠡᠷᠡᠮ ᠳᠠᠯ᠎ᠠ ᠳᠡᠭᠡᠷᠡᠭᠢ ᠡᠩ ᠦᠭᠡᠢ ᠶᠡᠭᠡ ᠡᠨᠡ ᠨᠠᠭᠤᠷ ᠢ ᠡᠷᠭᠢᠮᠯᠡᠨ ᠬᠠᠶᠢᠷᠠᠯᠠᠬᠤ ᠪᠤᠯᠤᠬᠰᠡᠨ | ᠢᠶᠠᠷ ᠠᠳᠡᠭᠢ ᠶᠢᠨ ᠬᠦᠮᠤᠰ ᠳᠠᠯᠠᠶᠢᠨᠠᠭᠤᠷ ᠭᠡᠵᠤ ᠳᠠᠭᠤᠳᠠᠬᠤ ᠪᠤᠯᠤᠬᠰᠡᠨ ᠶᠤᠮ ᠪᠠᠶᠢᠨ᠎ᠠ᠃ ᠳᠠᠯᠠᠶᠢᠨᠠᠭᠤᠷ ᠭᠡᠰᠢᠭᠳᠡᠨ | ᠬᠤᠰᠢᠭᠤᠨ ᠤ ᠪᠠᠷᠠᠭᠤᠨ ᠪᠡᠶ᠎ᠡ ᠶᠢᠨ ᠬᠦᠩᠭᠡᠷ ᠤᠨ ᠳᠠᠯ᠎ᠠ ᠶᠢᠨ ᠪᠠᠷᠠᠭᠤᠨ ᠡᠮᠤᠨ᠎ᠡ ᠤᠷᠤᠰᠢᠵᠤ ᠪᠤᠢ᠂ ᠡᠨᠡ ᠨᠠᠭᠤᠷ | ᠪᠤᠯ ᠦᠪᠦᠷ ᠮᠤᠩᠭᠤᠯ ᠤᠷᠤᠨ ᠤ ᠳᠦᠷᠪᠡᠨ ᠶᠡᠭᠡ ᠨᠠᠭᠤᠷ ᠤᠨ ᠨᠢᠭᠡ ᠨᠢ ᠪᠤᠯᠬᠤ ᠪᠠ ᠤᠯᠠᠭᠠᠨᠬᠠᠳᠠ ᠬᠤᠳᠠ ᠶᠢᠨ | ᠬᠠᠮᠤᠭ ᠤᠨ ᠳᠤᠮᠤ ᠨᠠᠭᠤᠷ ᠪᠤᠯᠤᠨ᠎ᠠ᠃ ᠨᠠᠭᠤᠷ ᠤᠨ ᠢᠷᠤᠭᠠᠷ ᠲᠤᠨᠢ ᠭᠠᠯᠳᠤ ᠠᠭᠤᠯᠠᠨ ᠤ ᠬᠠᠳᠠᠭᠤ ᠬᠠᠳᠠ | ᠳᠠᠪᠢᠰᠦᠭᠳᠡᠭᠰᠡᠨ ᠪᠠᠶᠢᠳᠠᠭ ᠪᠠ ᠨᠠᠭᠤᠷ ᠤᠨ ᠬᠦᠪᠡᠭᠡᠨ ᠤ ᠡᠷᠭᠢᠨ ᠳᠤᠭᠤᠷᠢᠨ ᠳᠤᠨᠢ ᠳᠤᠭ᠎ᠠ ᠳᠤᠮᠰᠢ ᠦᠭᠡᠢ ᠤᠯᠠᠨ | ᠭᠠᠯᠳᠤ ᠠᠭᠤᠯᠠᠨ ᠤ ᠬᠦᠷᠮᠡᠨ ᠬᠠᠳᠠ ᠪᠤᠯᠤᠨ ᠭᠠᠳᠠᠷᠭᠤ ᠳᠦᠬᠦᠷᠡᠩ ᠨᠦᠭᠡ ᠲᠠᠢ ᠠᠭᠤᠰᠭᠢᠨ ᠴᠢᠯᠠᠭᠤᠨ ᠬᠠᠳᠠ | ᠰᠡᠬᠦᠶᠢᠵᠤ ᠪᠠᠶᠢᠳᠠᠭ ᠪᠤᠯᠬᠤᠷ ᠡᠨᠡ ᠨᠠᠭᠤᠷ ᠢ ᠡᠳᠡᠭᠡᠳ ᠨᠢᠭᠤᠴᠠᠯᠢᠭ ᠮᠦᠷᠳᠡᠭᠡᠨ ᠬᠦᠨ ᠰᠠᠨᠠᠬᠳᠠᠭᠤᠯᠬᠤ | ᠪᠤᠯᠭᠠᠵᠠᠢ᠃ | ᠳᠠᠯᠠᠶᠢᠨᠠᠭᠤᠷ ᠪᠤᠯ ᠳᠠᠯᠠᠶᠢᠨᠠᠭᠤᠷ ᠤᠨ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ | ᠬᠦᠢᠰᠤ ᠭᠠᠵᠠᠷ ᠪᠤᠯᠬᠤ ᠶᠤᠮ᠂ ᠨᠠᠭᠤᠷ ᠤᠨ ᠳᠠᠯᠠᠪᠠᠢ ᠨᠢ 240 ᠮᠢᠩᠭᠠᠨ ᠳᠦᠷᠪᠡᠯᠵᠢᠨ ᠮᠧᠲᠷ ᠪᠠᠶᠢᠬᠤ ᠪᠠ | ᠤᠰᠤᠨ ᠤ ᠬᠠᠳᠠᠭᠠᠯᠠᠬᠴᠠ ᠨᠢ 16 ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ᠂ ᠤᠰᠤᠨ ᠬᠦᠨ ᠨᠢ 10 — | 13 ᠮᠧᠲᠷ ᠪᠠᠶᠢᠳᠠᠭ᠂ ᠦᠪᠦᠷ ᠮᠤᠩᠭᠤᠯ ᠳᠤ ᠪᠠᠨ ᠭᠤᠷᠪᠠᠳᠤᠭᠠᠷ ᠲᠤ ᠤᠷᠤᠬᠤ ᠳᠠᠯᠠᠶᠢᠨᠠᠭᠤᠷ ᠤᠨ ᠤᠰᠤ ᠨᠢ | ᠪᠠᠭ᠎ᠠ ᠱᠤᠷᠪᠤᠭ ᠪᠠᠶᠢᠳᠠᠭ ᠶᠤᠮ᠃ ᠨᠠᠯᠠᠭᠠᠷ ᠨᠠᠮᠤᠷ ᠤᠨ ᠳᠤᠯᠠᠭᠠᠬᠠᠨ ᠨᠠᠷᠠᠨ ᠤ ᠭᠡᠷᠡᠯ ᠳᠤᠤᠷ᠎ᠠ᠂ ᠬᠤᠩᠭᠤᠷ ᠰᠠᠯᠭᠢᠨ | ᠦᠯᠢᠶᠡᠬᠦᠶᠡ ᠬᠤᠯᠠ ᠠᠴᠠ ᠡᠨᠡ ᠨᠠᠭᠤᠷ ᠢ ᠬᠠᠷᠠᠬᠤ ᠳᠤ ᠬᠤᠷᠭᠤᠢ ᠳᠤᠷᠭ᠎ᠠ ᠶᠢ ᠳᠡᠯᠭᠡᠭᠰᠡᠨ ᠭᠡᠮᠡᠷᠭᠡᠨ ᠪᠤᠳᠠᠶᠢᠳᠠᠨ | ᠬᠦᠪᠡᠭᠡ ᠭᠢᠵᠠᠭᠠᠷ ᠨᠢ ᠶᠡᠷᠤ ᠦᠵᠡᠭᠳᠡᠬᠦ ᠦᠭᠡᠢ ᠪᠠᠷ ᠦᠯᠤ ᠪᠠᠷᠠᠨ ᠬᠤᠨ ᠤ ᠰᠦᠷᠦᠭ ᠡᠯᠢᠨ ᠬᠠᠯᠢᠨ ᠨᠢᠰᠬᠦ ᠨᠢ | ᠬᠤᠪᠢᠯᠭᠠᠨ ᠤ ᠰᠠᠭᠠᠳᠠᠳᠠᠭ ᠤᠷᠤᠨ ᠪᠤᠯᠪᠠᠤ ᠭᠡᠮᠡᠷ ᠬᠦᠮᠤᠰ ᠲᠤ ᠰᠠᠨᠠᠬᠳᠠᠭᠤᠯᠳᠠᠭ᠃ ᠳᠠᠯᠠᠶᠢᠨᠠᠭᠤᠷ ᠤᠨ ᠵᠡᠬᠦᠨ | ᠪᠠᠷᠠᠭᠤᠨ ᠳᠠᠯ᠎ᠠ ᠳᠤᠨᠢ ᠬᠤᠶᠠᠷ ᠵᠢᠵᠢᠭ ᠨᠠᠭᠤᠷ ᠪᠠᠶᠢᠳᠠᠭ ᠪᠤᠯᠬᠤᠷ ᠬᠤᠯᠪᠤᠯᠵᠢᠨ ᠡᠨᠡ ᠭᠤᠷᠪᠠᠨ ᠨᠠᠭᠤᠷ ᠠᠮᠢ ᠭᠤᠤᠯ | ᠨᠢᠭᠡᠳᠠᠢ ᠪᠠᠶᠢᠳᠠᠭ ᠪᠠᠶᠢᠵᠠᠢ᠃ ᠡᠨᠡ ᠨᠠᠭᠤᠷ ᠲᠤ ᠤᠯᠠᠭᠠᠨ ᠮᠦᠷᠬᠦ᠂ ᠭᠡᠯᠳᠡᠭᠡ᠂ ᠤᠯᠠᠭᠠᠨ ᠨᠢᠳᠤᠳᠤ ᠵᠡᠷᠭᠡ ᠶᠢᠨ | ᠵᠢᠭᠠᠰᠤ ᠪᠠᠶᠢᠳᠠᠭ ᠪᠠ ᠵᠢᠭᠠᠰᠤᠨ ᠳᠦᠷᠦᠯ ᠨᠢ ᠭᠡᠳᠤᠢ ᠴᠦᠭᠡᠨ ᠪᠤᠯᠪᠠᠴᠤ ᠭᠠᠷᠤᠯᠳᠠ ᠨᠢ ᠬᠠᠷᠢᠨ ᠳᠤᠩ ᠦᠨᠳᠤᠷ | ᠪᠠᠶᠢᠳᠠᠭ ᠪᠤᠯᠬᠤᠷ ᠶᠡᠭᠡᠳᠡ ᠨᠡᠷ᠎ᠡ ᠮᠠᠨᠳᠤᠵᠠᠢ᠃ ᠰᠤᠳᠤᠯᠤᠯ ᠤᠨ ᠨᠡᠷ᠎ᠡ ᠨᠢ ᠤᠯᠠᠭᠠᠨ ᠨᠢᠳᠤᠳᠤ ᠪᠤᠯᠬᠤ ᠵᠢᠭᠠᠰᠤ ︵ | Leuxiscus Waaleckii︶ ᠶᠢᠨ ᠨᠢᠳᠤ ᠶᠢ ᠨᠢ ᠳᠤᠭᠤᠷᠢᠭᠠᠳ ᠤᠯᠠᠭᠠᠨ ᠲᠠᠢ ᠪᠠᠶᠢᠳᠠᠭ ᠪᠤᠯᠬᠤᠷ | ᠢᠩᠭᠢᠵᠤ ᠨᠡᠷᠡᠯᠡᠭᠰᠡᠨ ᠪᠠᠶᠢᠨ᠎ᠠ᠃ | ᠦᠪᠦᠷ ᠮᠤᠩᠭᠤᠯ ᠤᠨ ᠦᠨᠳᠦᠷᠯᠢᠭ ᠲᠠᠬᠢ ᠳᠠᠯᠠᠶᠢᠨᠠᠭᠤᠷ ᠤᠨ ᠡᠷᠭᠢᠨ ᠳᠤᠭᠤᠷᠢᠨ ᠳᠤ ᠬᠦᠮᠤᠨ ᠠᠮᠠ | ᠰᠡᠶᠢᠷᠡᠭ ᠳᠡᠭᠡᠷ᠎ᠡ ᠪᠠᠨ ᠨᠠᠭᠤᠷ ᠤᠨ ᠳᠠᠯᠠᠪᠠᠢ ᠨᠢ ᠶᠡᠭᠡ᠂ ᠨᠠᠭᠤᠷ ᠤᠨ ᠳᠤᠭᠤᠷᠢᠨ ᠳᠤ ᠨᠤᠭᠤ ᠭᠠᠵᠠᠷ᠂ ᠨᠠᠮᠤᠬᠳᠤ | ᠳᠠᠯ᠎ᠠ ᠪᠠᠶᠢᠳᠠᠭ ᠪᠤᠯᠬᠤᠷ ᠠᠳᠡᠭᠢ ᠨᠢ ᠨᠡᠬᠦᠳᠡᠯ ᠤᠨ ᠰᠢᠪᠠᠭᠤᠳ ᠤᠨ ᠵᠢᠷᠭᠠᠯ ᠤᠨ ᠤᠷᠤᠨ ᠪᠤᠯᠵᠤ ᠪᠠᠶᠢᠭ᠎ᠠ ᠪᠠ ᠮᠠᠨ | ᠤ ᠤᠯᠤᠰ ᠤᠨ ᠤᠮᠠᠷᠠᠳᠤ ᠤᠷᠤᠨ ᠤ ᠨᠡᠬᠦᠳᠡᠯ ᠤᠨ ᠰᠢᠪᠠᠭᠤᠳ ᠤᠨ ᠪᠠᠭᠤᠵᠤ ᠰᠠᠭᠤᠬᠤ ᠦᠷᠳᠡᠭᠡ ᠭᠠᠵᠠᠷ᠂ | ᠬᠤᠪᠤᠷ ᠴᠤᠬᠠᠭ ᠵᠢᠬᠦᠷᠳᠡᠨ ᠰᠢᠪᠠᠭᠤᠳ ᠢ ᠬᠠᠮᠠᠭᠠᠯᠠᠬᠤ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ | ᠤᠷᠤᠨ ᠪᠤᠯᠤᠬᠰᠡᠨ ᠪᠤᠯᠬᠤᠷ ᠬᠠᠪᠤᠷ ᠨᠠᠮᠤᠷ ᠤᠨ ᠤᠯᠠᠷᠢᠯ ᠳᠤ ᠠᠳᠡ ᠵᠢᠬᠦᠷᠳᠡᠨ ᠰᠢᠪᠠᠭᠤᠳ ᠬᠠᠮᠤᠭ ᠠᠴᠠ ᠠᠷᠪᠢᠨ | ᠴᠤᠬᠯᠠᠷᠠᠬᠰᠡᠨ ᠪᠠᠶᠢᠳᠠᠭ᠃ ᠪᠦᠷᠢᠳᠭᠡᠯ ᠢ ᠦᠨᠳᠤᠰᠤᠯᠠᠪᠠᠯ᠂ ᠠᠳᠡ ᠤᠯᠤᠰ ᠤᠨ ᠭᠤᠤᠯᠳᠠᠯᠭ᠎ᠠ ᠲᠠᠢ ᠬᠠᠮᠠᠭᠠᠯᠠᠬᠤ | ᠠᠯ ᠰᠡᠬᠦᠯ ᠵᠡᠷᠭᠡ ᠶᠢ ᠪᠠᠭᠳᠠᠭᠠᠬᠰᠡᠨ 26 ᠳᠦᠷᠦᠯ ᠤᠨ 15 ᠪᠠᠭ ᠤᠨ 32 ᠢᠵᠠᠭᠤᠷ ᠤᠨ 152 ᠳᠦᠷᠦᠯ ᠤᠨ | ᠵᠢᠬᠦᠷᠳᠡᠨ ᠪᠠᠶᠢᠳᠠᠭ ᠪᠠᠶᠢᠨ᠎ᠠ᠃ 4 ᠰᠠᠷ᠎ᠠ ᠶᠢᠨ ᠬᠤᠷᠢᠳ ᠠᠴᠠ 5 ᠰᠠᠷ᠎ᠠ ᠶᠢᠨ ᠰᠢᠨᠡᠳ ᠬᠦᠷᠳᠡᠯᠡᠭᠢ ᠬᠤᠭᠤᠴᠠᠭᠠᠨ | ᠳᠤ ᠴᠠᠰᠤ ᠮᠦᠰᠤ ᠬᠠᠶᠢᠯᠤᠭᠠᠳ ᠬᠦᠭᠡ ᠨᠤᠭᠤᠭ᠎ᠠ ᠴᠤᠬᠤᠶᠢᠳᠠᠭ ᠪᠤᠯᠬᠤᠷ ᠨᠡᠬᠦᠳᠡᠯ ᠤᠨ ᠰᠢᠪᠠᠭᠤᠳ ᠰᠦᠷᠦᠭ | ᠰᠦᠷᠦᠭ ᠢᠶᠠᠷ ᠢᠶᠠᠨ ᠡᠮᠤᠨᠡᠳᠤ ᠤᠷᠤᠨ ᠠᠴᠠ ᠨᠢᠰᠤᠨ ᠢᠷᠡᠵᠤ ᠡᠨᠡ ᠨᠠᠭᠤᠷ ᠲᠤ ᠠᠮᠢᠳᠤᠷᠠᠳᠠᠭ ᠪᠤᠯᠬᠤᠷ ᠳᠡᠷᠡ | ᠦᠶ᠎ᠡ ᠳᠤ ᠠᠳᠡᠭᠢ ᠨᠢ ᠶᠤᠰᠤᠳᠠᠢ ᠵᠦᠢᠯ ᠤᠨ ᠰᠢᠪᠠᠭᠤᠳ ᠵᠢᠷᠭᠢᠨ ᠳᠤᠩᠭᠤᠳᠴᠤ᠂ ᠵᠡᠭᠡᠰᠤᠨ ᠬᠤᠯᠤᠰᠤᠨ ᠳᠤᠨᠢ | ᠤᠯᠠᠨ ᠶᠠᠩᠵᠤ ᠶᠢᠨ ᠦᠨᠳᠡᠭᠡ ᠳᠦᠬᠦᠷᠦᠭᠰᠡᠨ ᠬᠦᠷ ᠬᠦᠭᠵᠢᠶᠡᠨ ᠲᠠᠢ ᠰᠠᠶᠢᠬᠠᠨ ᠭᠠᠵᠠᠷ ᠪᠤᠯᠳᠠᠭ ᠶᠤᠮ᠃ ᠵᠢᠯ | ᠪᠦᠷᠢ ᠶᠢᠨ ᠵᠤᠨ ᠤ ᠤᠯᠠᠷᠢᠯ ᠳᠤ ᠠᠯ ᠰᠡᠬᠦᠯ᠂ ᠴᠠᠭᠠᠨ ᠳᠤᠯᠤᠭᠠᠶᠢᠳᠤ ᠳᠤᠭᠤᠷᠤᠤ᠂ ᠴᠠᠭᠠᠭ ᠳᠤᠭᠤᠷᠤᠤ᠂ ᠬᠤᠨ | ᠭᠠᠯᠠᠭᠤ᠂ ᠬᠠᠯᠢᠭᠤᠨ ᠭᠠᠯᠠᠭᠤ᠂ ᠮᠦᠩᠬᠦᠨ ᠴᠠᠬᠤᠯᠠᠢ ᠪᠤᠯᠤᠨ ᠬᠤᠷᠢᠶᠠᠴᠠᠢ ᠴᠠᠬᠤᠯᠠᠢ ᠵᠡᠷᠭᠡ ᠶᠢᠨ ᠵᠦᠢᠯ ᠪᠦᠷᠢ | ᠶᠢᠨ ᠵᠢᠬᠦᠷᠳᠡᠨ ᠰᠢᠪᠠᠭᠤᠳ ᠡᠨᠡ ᠨᠠᠭᠤᠷ ᠤᠨ ᠵᠡᠭᠡᠰᠤ ᠬᠤᠯᠤᠰᠤᠨ ᠳᠤ ᠦᠷ᠎ᠡ ᠵᠤᠯᠵᠠᠭ᠎ᠠ ᠪᠠᠨ ᠦᠷᠡᠵᠢᠬᠦᠯᠤᠨ | ᠦᠰᠭᠡᠳᠡᠭ ᠪᠤᠯᠬᠤᠷ ᠳᠠᠯᠠᠶᠢᠨᠠᠭᠤᠷ ᠴᠤᠬᠤᠮ ᠴᠦ ︽ᠳᠠᠯᠠᠢ ᠤᠯᠠᠨ ᠵᠢᠬᠦᠷᠳᠡᠨ ᠰᠢᠪᠠᠭᠤᠳ ᠤᠨ ᠵᠢᠷᠭᠠᠯ ᠤᠨ ᠤᠷᠤᠨ | ︾ ᠪᠤᠯᠤᠬᠰᠡᠨ ᠪᠠᠶᠢᠳᠠᠭ᠃ 9 ᠰᠠᠷ᠎ᠠ ᠶᠢᠨ ᠬᠤᠷᠢᠳ ᠠᠴᠠ 10 ᠰᠠᠷ᠎ᠠ ᠶᠢᠨ ᠰᠢᠨᠡᠳ ᠬᠦᠷᠳᠡᠯᠡᠭᠢ ᠬᠤᠭᠤᠴᠠᠭᠠᠨ | ᠳᠤ ᠡᠮᠤᠨᠡᠰᠢ ᠨᠡᠬᠦᠳᠡᠯᠯᠡᠬᠦ ᠨᠡᠬᠦᠳᠡᠯ ᠤᠨ ᠰᠢᠪᠠᠭᠤᠳ ᠠᠳᠡ ᠪᠠᠭᠤᠵᠤ ᠠᠮᠠᠷᠠᠳᠠᠭ᠂ ᠳᠡᠭᠡᠬᠦ ᠳᠤ ᠬᠤᠨ ᠭᠠᠯᠠᠭᠤ | ᠪᠤᠯᠤᠨ ᠬᠤᠩᠭᠤᠷ ᠭᠠᠯᠠᠭᠤ ᠬᠠᠮᠤᠭ ᠠᠷᠪᠢᠨ ᠬᠠᠷᠠᠬᠳᠠᠵᠤ ᠪᠠᠶᠢᠳᠠᠭ ᠪᠠ ᠬᠤᠨ ᠭᠠᠯᠠᠭᠤ ᠨᠡᠮᠡᠭᠳᠡᠭᠰᠡᠨ ᠨᠢ ᠢᠯᠡᠷᠭᠡᠢ | ᠦᠵᠡᠭᠳᠡᠨ ᠬᠠᠮᠤᠭ ᠠᠷᠪᠢᠨ ᠳᠤ ᠪᠠᠨ 7 ᠳᠦᠮᠡ ᠳᠤ ᠬᠦᠷᠦᠭᠰᠡᠨ ᠪᠠᠶᠢᠳᠠᠭ᠃ ᠬᠤᠨ ᠭᠠᠯᠠᠭᠤ ᠨᠢᠰᠬᠦ ᠦᠶ᠎ᠡ ᠳᠤ | ᠬᠠᠨᠠᠭᠠᠷ ᠤᠬᠳᠠᠷᠭᠤᠢ ᠠᠴᠠ ᠴᠠᠰᠤ ᠯᠠᠪᠰᠠᠬᠤ ᠮᠡᠳᠤ ᠬᠠᠷᠠᠬᠳᠡᠨ ᠬᠤᠨ ᠭᠠᠯᠠᠭᠤ ᠨᠠᠭᠤᠷ ᠲᠤ ᠪᠠᠭᠤᠬᠤ ᠦᠶ᠎ᠡ ᠳᠤ | ᠬᠤᠨ ᠴᠠᠭᠠᠨ ᠳᠤᠷᠳᠤᠩ ᠢᠶᠠᠷ ᠨᠠᠭᠤᠷ ᠢ ᠪᠦᠳᠡᠭᠡᠭᠰᠡᠨ ᠰᠢᠭ ᠦᠵᠡᠭᠳᠡᠳᠡᠭ ᠪᠤᠯᠬᠤᠷ ᠳᠠᠯᠠᠶᠢᠨᠠᠭᠤᠷ ᠤᠨ ᠪᠠᠰᠠ ︽ | ᠬᠤᠨᠳᠤ ᠨᠠᠭᠤᠷ︾ ᠭᠡᠵᠤ ᠳᠠᠭᠤᠳᠠᠳᠠᠭ ᠶᠤᠮ᠃ | |