ᠲᠠᠯᠠᠶᠢᠨᠠᠭᠤᠷ ᠤᠨ ᠦᠵᠡᠮᠵᠢ ᠶᠢᠨ ᠣᠷᠣᠨ ᠳᠤ ᠬᠦᠷᠬᠦ᠄ ︵ᠪᠢᠷᠠᠭᠤ ᠪᠠᠯᠭᠠᠰᠣ ᠪᠠᠷ ᠡᠬᠢᠯᠡᠯᠳᠡ ᠪᠣᠯᠭᠠᠨ᠎ᠠ
ᠨᠡᠶᠢᠲᠡᠯᠡᠭᠰᠡᠨ ᠴᠠᠭ᠄
2016/4/19
      ᠬᠡᠰᠢᠭᠳᠡᠨ ᠬᠤᠰᠢᠭᠤᠨ ᠤ ᠪᠢᠷᠠᠭᠤ ᠪᠠᠯᠭᠠᠰᠣᠨ ᠠᠴᠠ 303 ᠣᠯᠣᠰ ᠤᠨ ᠵᠠᠮ ᠢ ᠲᠠᠭᠠᠵᠣ ᠪᠠᠷᠠᠭᠤᠨᠰᠢ ᠶᠠᠪᠣᠵᠣ᠂ ᠲᠠᠯᠠᠶᠢᠨᠠᠭᠤᠷ ᠪᠠᠯᠭᠠᠰᠣᠨ ᠤ ᠲᠡᠮᠡᠭᠡ ᠬᠠᠳᠠ ᠬᠦᠷᠴᠦ᠂ ᠵᠠᠮ ᠤᠨ ᠵᠢᠭᠠᠯᠳᠠ ᠲᠡᠮᠳᠡᠭ ᠢᠶᠠᠷ ᠵᠡᠬᠦᠨᠰᠢ ᠮᠣᠷᠣᠶᠢᠨ᠂ ᠲᠡᠷᠬᠠᠠᠠᠭᠤᠯᠠ ᠰᠣᠮᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠬᠦᠷᠪᠡᠯ ᠲᠠᠯᠠᠶᠢᠨᠠᠭᠤᠷ ᠤᠨ ᠡᠮᠣᠨ᠎ᠡ ᠡᠷᠬᠢ ᠳᠠᠬᠢ ᠮᠠᠨᠳᠠᠯ ᠠᠭᠤᠯᠠᠨ ᠳᠤ ᠭᠦᠷᠴᠢᠬᠡᠨ᠎ᠡ᠃ ᠲᠠᠯᠠᠶᠢᠨᠠᠭᠤᠷ ᠨᠢ ᠬᠤᠯᠠᠨ ᠰᠢᠷᠭ᠎ᠠ ᠲᠠᠭ᠎ᠠ ᠶᠢᠨ ᠡᠯᠡᠰᠣ ᠪᠣᠯᠣᠨ ᠮᠠᠨᠳᠠᠯ ᠠᠭᠤᠯᠠ ᠲᠠᠢ ᠵᠠᠯᠭᠠᠯᠳᠣᠵᠣ ᠪᠠᠶᠢᠳᠠᠭ ᠪᠣᠯᠬᠤᠷ ᠣᠷᠢᠳᠠᠪᠠᠷ ᠬᠤᠯᠠᠨ ᠰᠢᠷᠭ᠎ᠠ ᠲᠠᠭ᠎ᠠ ᠶᠢᠨ ᠡᠯᠡᠰᠣᠨ ᠎ ᠳᠤ ᠬᠦᠷᠴᠦ᠂ ᠲᠠᠷᠠᠭ᠎ᠠ ᠨᠢ ᠮᠠᠨᠳᠠᠯ ᠠᠭᠤᠯᠠ ᠢ ᠣᠷᠢᠶᠠᠨ ᠭᠤᠣᠯ ᠡᠬᠦᠳᠡ ᠪᠠᠷ ᠨᠢ ᠠᠭᠤᠯᠠᠨ ᠳᠤ ᠭᠠᠷᠴᠣ ᠪᠣᠯᠣᠨ᠎ᠠ ᠂ ᠲᠡᠬᠢᠨ ᠭᠤᠣᠯ ᠡᠬᠦᠳᠡ ᠠᠴᠠ ᠨᠢ ᠪᠣᠴᠠᠨ ᠮᠠᠰᠢᠨ ᠲᠡᠷᠬᠡ ︵ᠬᠤᠶᠢᠳᠣ ᠬᠤᠶᠠᠷ ᠬᠦᠷᠳᠣ ᠨᠢ ᠬᠦᠳᠡᠯᠬᠡᠬᠦᠷ ᠲᠠᠢ ᠮᠠᠰᠢᠨ ᠲᠡᠷᠬᠡ ᠪᠣᠯ ᠨᠡᠩ ᠰᠡᠶᠢᠨ︶᠎ ᠪᠠᠷ ᠠᠷᠪᠠᠭᠠᠳ ᠮᠢᠨᠦ᠋ᠲ ᠶᠠᠪᠣᠪᠠᠯ ᠲᠠᠯᠠᠶᠢᠨᠠᠭᠤᠷ ᠤᠨ ᠦᠵᠡᠮᠵᠢ ᠶᠢᠨ ᠣᠷᠣᠨ ᠎ ᠤ ᠭᠤᠣᠯ ᠡᠬᠦᠳᠡᠨ ᠳᠤ ᠰᠢᠭᠤᠳ ᠬᠦᠷᠴᠢᠬᠡᠨ᠎ᠡ᠃ ᠵᠠᠮ ᠰᠠᠶᠢᠨ᠂ ᠪᠦᠬᠦ ᠣᠷᠳᠣ ᠨᠢ ᠪᠠᠷᠤᠭ 90 ᠺᠢᠯᠣᠮᠧᠲᠷ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号