ᠦᠨᠳᠦᠷᠯᠢᠭ ᠤᠨ ᠮᠡᠯᠡᠮᠠᠢ — ᠲᠠᠯᠠᠶᠢᠨᠠᠭᠤᠷ
ᠨᠡᠶᠢᠲᠡᠯᠡᠭᠰᠡᠨ ᠴᠠᠭ᠄
2016/4/19
      ᠲᠣᠮᠳᠠᠳᠣ ᠣᠯᠣᠰ ᠤᠨ ︽ᠬᠤᠨᠳᠣ ᠨᠠᠭᠤᠷ︾ ᠬᠡᠮᠡᠨ ᠠᠯᠳᠠᠷᠰᠢᠭᠰᠠᠨ ᠲᠠᠯᠣᠨᠠᠭᠤᠷ ︵ᠲᠠᠯᠠᠶᠢᠨᠠᠭᠤᠷ︶ ᠪᠣᠯ ᠦᠪᠦᠷ ᠮᠣᠩᠭᠤᠯ ᠤᠨ ᠬᠤᠶᠠᠳᠣᠭᠠᠷ ᠲᠣᠮᠣ ᠲᠣᠳᠣᠭᠠᠳᠣ ᠬᠠᠭᠤᠷᠠᠢ ᠶᠢᠨ ᠨᠠᠭᠤᠷ ᠪᠣᠯᠣᠨ᠎ᠠ᠂ ᠲᠠᠯ᠎ᠠ ᠨᠣᠳᠤᠭ ᠪᠠ ᠰᠡᠶᠢᠷᠡᠭ ᠣᠢ ᠶᠢᠨ ᠠᠭᠤᠯᠵᠠᠷ ᠣᠷᠣᠨ ᠳᠤ ᠪᠠᠶᠢᠷᠢᠰᠢᠭᠰᠠᠨ ᠲᠠᠯᠣᠨᠠᠭᠤᠷ ︵ᠲᠠᠯᠠᠶᠢᠨᠠᠭᠤᠷ︶᠎ ᠤᠨ ᠶᠡᠷᠦᠩᠬᠡᠢ ᠲᠠᠯᠠᠪᠠᠢ ᠎ ᠨᠢ 240 ᠬᠠᠪᠳᠠᠭᠠᠢ ᠲᠦᠷᠪᠡᠯᠵᠢᠨ ᠺᠢᠯᠣᠮᠧᠲᠷ ᠪᠠᠶᠢᠵᠣ᠂ ᠣᠰᠣᠨ ᠤ ᠭᠦᠨ ᠨᠢ 1 — 13 ᠮᠧᠲᠷ ᠪᠠᠶᠢᠵᠣ᠂ ᠭᠡᠯᠳᠡᠭᠡ ᠵᠢᠭᠠᠰᠣ᠂ ᠴᠠᠭᠠᠯᠵᠢ ᠵᠢᠭᠠᠰᠣ ᠭᠠᠷᠳᠠᠭ᠃ ᠨᠠᠭᠤᠷ ᠤᠨ ᠡᠮᠦᠨ᠎ᠡ ᠪᠡᠶ᠎ᠡ ᠪᠠᠷ ᠰᠡᠬᠦᠶᠢᠨ ᠰᠦᠨᠳᠡᠷᠯᠡᠵᠣ᠂ ᠠᠭᠤᠯᠠᠨ ᠤ ᠠᠷᠣ ᠲᠣᠣᠷ᠎ᠠ᠂ ᠨᠠᠭᠤᠷ ᠤᠨ ᠡᠮᠦᠨ᠎ᠡ ᠬᠦᠪᠡᠭᠡ ᠪᠠᠷ ᠣᠯᠠᠨ ᠪᠣᠯᠠᠭ ᠪᠠᠶᠢᠵᠣ᠂ ᠲᠡᠭᠦᠨ ᠤ ᠣᠷᠴᠢᠨ ᠳᠤ ᠪᠣᠷᠭᠠᠰᠣ᠂ ᠬᠠᠶᠢᠯᠠᠰᠣ᠂ ᠮᠣᠶᠢᠯ᠂ ᠦᠷᠢᠯ ᠤᠨ ᠮᠣᠳᠣᠳ ᠢᠭᠴᠣᠷᠠᠨ ᠴᠢᠬᠢᠭᠯᠢᠭ ᠰᠡᠷᠡᠭᠦᠨ ᠠᠭᠠᠷ ᠴᠡᠭᠡᠵᠢ ᠠᠭᠤᠵᠢᠷᠠᠭᠤᠯᠵᠣ᠂ ᠠᠭᠤᠯᠠ᠂ ᠲᠠᠯ᠎ᠠ᠂ ᠣᠢ ᠰᠢᠭᠤᠢ᠂ ᠨᠠᠭᠤᠷ ᠤᠨ ᠴᠡᠩᠬᠡᠷ ᠲᠣᠯᠬᠢᠶ᠎ᠠ ᠶᠢᠨ ᠦᠵᠡᠮᠵᠢ ᠲᠡᠭᠦᠰ ᠵᠢᠷᠤᠭ ᠤᠨ ᠲᠣᠮᠳᠠ ᠵᠣᠭᠠᠴᠠᠭᠰᠠᠳ ᠢ ᠠᠭᠤᠰᠬᠠᠨ᠎ᠠ᠃ ᠨᠠᠭᠤᠷ ᠤᠨ ᠵᠡᠭᠦᠨ ᠪᠡᠶ᠎ᠡ ᠪᠠᠷ ᠬᠠᠷᠠᠭ᠎ᠠ ᠠᠯᠳᠠᠮ᠎ᠠ ᠭᠦᠩᠭᠡᠷ ᠤᠨ ᠲᠠᠯ᠎ᠠ ᠲᠡᠨᠡᠶᠢᠵᠣ᠂ ᠣᠭᠠᠯᠵᠠᠯᠠᠨ ᠣᠷᠣᠰᠣᠭᠰᠠᠨ ᠭᠦᠩᠭᠡᠷ ᠤᠨ ᠭᠤᠣᠯ ᠲᠠᠯᠣᠨᠠᠭᠤᠷ ︵ᠲᠠᠯᠠᠶᠢᠨᠠᠭᠤᠷ︶ ᠎ ᠢ ᠵᠣᠷᠢᠨ ᠣᠷᠣᠰᠬᠠᠯ ᠲᠣᠩᠭᠠᠯᠠᠭ ᠮᠠᠯᠮᠠᠯᠵᠡᠨ᠎ᠡ᠃ ᠡᠶᠢᠮᠦᠷᠬᠦ ᠣᠨᠴᠠᠭᠠᠢ ᠪᠠᠶᠢᠭᠠᠯᠢ ᠶᠢᠨ ᠨᠦᠭᠦᠴᠡᠯ ᠪᠡ ᠠᠭᠤᠷ ᠠᠮᠢᠰᠬᠤᠯ ᠨᠢ ᠨᠠᠭᠦᠳᠡᠯ ᠤᠨ ᠰᠢᠪᠠᠭᠤᠳ ᠤᠨ ᠪᠠᠭᠤᠳᠠᠯᠯᠠᠬᠤ ᠶᠡᠭᠡ ᠪᠠᠭᠤᠴᠠ ᠪᠣᠯᠣᠭᠰᠠᠨ ᠪᠠᠶᠢᠨ᠎ᠠ᠃       ᠲᠠᠯᠣᠨᠠᠭᠤᠷ ︵ᠲᠠᠯᠠᠶᠢᠨᠠᠭᠤᠷ︶᠎ ᠲᠤ ᠠᠷᠪᠠᠨ ᠲᠠᠪᠣᠨ ᠪᠠᠭ᠂ ᠭᠤᠴᠢᠨ ᠬᠤᠶᠠᠷ ᠢᠵᠠᠭᠤᠷ᠂ ᠨᠢᠭᠡ ᠵᠠᠭᠤ ᠲᠠᠪᠢᠭᠠᠳ ᠲᠦᠷᠦᠯ ᠤᠨ ᠵᠢᠭᠦᠷᠳᠡᠨ ᠠᠮᠢᠳᠠᠨ ᠪᠠᠶᠢᠵᠣ᠂ ᠠᠯ ᠰᠡᠭᠦᠯ᠂ ᠴᠠᠭᠠᠨ ᠦᠷᠪᠢ᠂ ᠴᠠᠭᠠᠨ ᠲᠣᠬᠤ ᠲᠠᠢ ᠲᠣᠭᠤᠷᠣᠣ ᠵᠡᠷᠭᠡ ᠣᠯᠣᠰ ᠤᠨ ᠨᠢᠭᠡᠳᠦᠭᠡᠷ ᠲᠡᠰ ᠤᠨ ᠬᠠᠮᠠᠭᠠᠯᠠᠯᠳᠠ ᠶᠢᠨ ᠰᠢᠪᠠᠭᠤ ᠪᠡ ᠬᠤᠨ ᠭᠠᠯᠠᠭᠤ᠂ ᠬᠠᠯᠪᠠᠭᠠᠳᠣ ᠦᠷᠪᠢ ᠵᠡᠷᠭᠡ ᠣᠯᠣᠰ ᠤᠨ ᠬᠤᠶᠠᠳᠣᠭᠠᠷ ᠲᠠᠰ ᠤᠨ ᠬᠤᠪᠣᠷ ᠵᠢᠭᠦᠷᠳᠡᠨ ᠪᠠᠶᠢᠬᠤ ᠪᠦᠭᠡᠳ ᠲᠣᠭᠤᠳᠠᠭ᠂ ᠬᠠᠷ᠎ᠠ ᠭᠠᠯᠠᠭᠤ᠂ ᠬᠠᠯᠢᠭᠤᠨ ᠭᠠᠯᠠᠭᠤ᠂ ᠠᠩᠭᠢᠷ ᠨᠣᠭᠤᠰᠣ᠂ ᠮᠦᠩᠭᠦᠨ ᠴᠠᠬᠤᠯᠠᠢ ᠵᠡᠷᠭᠡ ᠣᠯᠠᠨ ᠵᠦᠢᠯ ᠤᠨ ᠰᠢᠪᠠᠭᠤᠳ ᠪᠠᠶᠢᠳᠠᠭ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号