ᠰᠢᠷᠠᠮᠦ᠋ᠷᠡᠨ ᠪᠣᠯ ᠨᠢᠭᠡᠨ ᠤᠷᠲᠤ ᠤᠳᠠᠭᠠᠨ ᠲᠡᠦᠬᠡ ᠲᠠᠢ ᠮᠦᠷᠡᠨ᠂ ᠠᠯᠢ ᠤᠵᠢᠭᠤᠷ ᠬᠡᠳᠦᠨ ᠮᠢᠩᠭᠠᠨ ᠵᠢᠯ | ᠤᠨ ᠡᠮᠦᠨᠡᠬᠢ ᠪᠠᠯᠠᠷ ᠡᠷᠲᠡᠨ ᠤ ᠨᠡᠶᠢᠭᠡᠮ ᠤᠨ ᠦᠶ᠎ᠡ ᠳᠤ ᠳᠠᠷᠤᠢ ᠬᠦᠮᠦᠨ ᠲᠦᠷᠦᠯᠬᠢᠲᠡᠨ ᠤ ᠬᠦᠳᠡᠯᠭᠡᠭᠡᠨ ᠪᠠᠶᠢᠭᠰᠠᠨ | ᠤᠯᠠ ᠮᠦᠷ ᠲᠠᠢ᠃ ︽ᠬᠤᠸᠠᠢ ᠨᠠᠨ ᠽᠢ᠂ ᠭᠠᠵᠠᠷ ᠤᠨ ᠭᠠᠳᠠᠷᠭᠤ ᠶᠢᠨ ᠲᠡᠮᠳᠡᠭᠯᠡᠯ︾ ᠳᠤ ᠰᠢᠷᠡᠮᠦ᠋ᠷᠡᠨ ᠢ | ᠲᠤᠮᠳᠠᠳᠤ ᠤᠯᠤᠰ ᠤᠨ ᠵᠢᠷᠭᠤᠭᠠᠨ ᠶᠡᠭᠡ ᠭᠤᠤᠯ ᠤᠨ ᠨᠢᠭᠡ ᠳᠤ ᠪᠠᠭᠲᠠᠭᠠᠵᠤ᠂ ᠵᠤᠬᠢᠶᠠᠯ ᠳᠤ᠄ ︽ᠯᠢᠶᠤᠤ ᠾᠧ | ᠭᠤᠤᠯ ᠪᠢᠯᠡᠭᠦᠲᠤ ᠶᠢᠨ ᠠᠭᠤᠯᠠᠨ ᠡᠬᠢ ᠠᠪᠴᠠᠢ︾ ᠭᠡᠵᠤ ᠲᠡᠮᠳᠡᠭᠯᠡᠵᠡᠢ᠃ ︽ᠤᠰᠤᠨ ᠨᠤᠮ ᠤᠨ ᠲᠠᠶᠢᠯᠪᠤᠷᠢ᠂ | ᠯᠢᠶᠤᠤ ᠾᠧ ᠭᠤᠤᠯ︾ ᠳᠤ ︽ᠯᠢᠶᠤᠤ ᠱᠦᠢ ᠭᠤᠤᠯ᠂ ᠪᠢᠯᠡᠭᠦᠲᠤ ᠶᠢᠨ ᠠᠭᠤᠯᠠᠨ ᠠᠴᠠ ᠡᠬᠢ ᠠᠪᠴᠤ ᠵᠡᠭᠦᠨᠰᠢ | ᠤᠷᠤᠰᠤᠨ ᠯᠢᠶᠤᠤᠳᠦ᠋ᠩ ᠬᠤᠶᠢᠭ ᠤᠨ ᠪᠠᠷᠠᠭᠤᠨ ᠬᠡᠰᠡᠭ ᠬᠦᠷᠴᠤ᠂᠂᠂᠂ ᠲᠠᠬᠢᠨ ᠡᠮᠦᠨᠡᠰᠢ ᠮᠤᠷᠤᠶᠢᠨ᠂ ᠲᠠᠯᠠᠢ ᠳᠤ | ᠴᠢᠳᠬᠤᠪᠠᠢ︾ ᠭᠡᠵᠤ ᠲᠡᠮᠳᠡᠭᠯᠡᠵᠤ ᠪᠠᠶᠢᠳᠠᠭ᠃ ᠤᠷᠲᠤ ᠤᠳᠠᠭᠠᠨ ᠲᠡᠤᠬᠡ ᠶᠢᠨ ᠤᠨ ᠵᠢᠯ ᠤᠳ ᠲᠤ ᠰᠢᠷᠠᠮᠦ᠋ᠷᠡᠨ ᠤ | ᠬᠤᠶᠠᠷ ᠡᠷᠭᠢ ᠳᠤ ᠬᠦᠮᠦᠰ ᠦᠶ᠎ᠡ ᠤᠯᠠᠷᠢᠨ ᠠᠮᠢᠳᠤᠷᠠᠵᠤ ᠭᠡᠷᠡᠯ ᠰᠠᠴᠤᠷᠠᠩᠭᠤᠢ ᠲᠡᠤᠬᠡ ᠶᠢ ᠪᠦᠲᠦᠭᠡᠭᠰᠡᠨ ᠪᠠᠶᠢᠨ᠎ᠠ᠃ | ︽ᠯᠢᠶᠤᠤ ᠤᠯᠤᠰ ᠤᠨ ᠲᠡᠤᠬᠡ︾ ᠳᠤ᠄ ︽ᠰᠠᠬᠢᠭᠤᠯᠰᠤᠨ ᠰᠠᠷᠠᠯ ᠮᠤᠷᠢ ᠤᠨᠤᠵᠤ᠂ ᠳᠠᠭᠢᠨᠢ ᠬᠦᠬᠡ ᠦᠭᠡᠷ | ᠲᠡᠷᠭᠡ ᠭᠡᠯᠢᠵᠤ ᠮᠤ᠋ ᠶᠧ ᠱᠠᠨ ᠳᠤ ᠤᠴᠠᠷᠠᠨ ᠠᠮᠠᠷᠠᠭ ᠬᠤᠤᠰ ᠪᠤᠯᠵᠤ᠂ ᠨᠠᠢᠮᠠᠨ ᠬᠦᠪᠡᠭᠦᠨ ᠲᠦᠷᠦᠵᠡᠢ᠂ ᠰᠠᠭᠦᠯᠡᠷ | ᠨᠢ ᠠᠶᠢᠮᠠᠭ ᠤᠭᠰᠠᠭ᠎ᠠ ᠨᠢ ᠪᠠᠳᠠᠷᠠᠨ ᠭᠦᠭᠵᠢᠵᠤ ᠨᠠᠢᠮᠠᠨ ᠠᠶᠢᠮᠠᠭ ᠬᠤᠪᠢᠶᠠᠭᠳᠠᠵᠠᠢ︾ ᠭᠡᠵᠤ ᠲᠡᠮᠳᠡᠭᠯᠡᠭᠰᠡᠨ ᠪᠠᠶᠢᠳᠠᠭ | ᠃ ᠭᠢᠳᠠᠨ ᠦᠨᠳᠤᠰᠦᠲᠠᠨ ᠤ ᠡᠭᠦᠰᠦᠯ ᠬᠦᠭᠵᠢᠯ ᠠᠴᠠ ᠠᠪᠴᠤ ᠬᠡᠯᠡᠭᠰᠡᠨ ᠴᠣ᠋ ᠲᠡᠷᠡ᠂ ᠰᠢᠷᠠᠮᠦ᠋ᠷᠡᠨ ᠤ ᠳᠤᠮᠤᠭ | ᠠᠴᠠ ᠠᠪᠴᠤ ᠬᠡᠯᠡᠭᠰᠡᠨ ᠴᠣ᠋ ᠪᠦᠷ ᠶᠡᠭᠡ ᠰᠤᠨᠢᠷᠬᠠᠯᠲᠠᠢ ᠪᠠᠶᠢᠳᠠᠭ᠃ | ᠢᠷᠭᠡᠨ ᠤᠯᠤᠰ ᠤᠨ ᠰᠢᠯᠦᠭᠴᠢᠨ ᠸᠠᠩ ᠱᠸᠤ ︽ᠤᠰᠤᠨ ᠲᠦᠷᠦᠭᠦᠦ ᠶᠢᠨ ᠴᠡᠩᠭᠡᠷ ᠤᠨᠢᠶᠠᠷ︾ ᠬᠡᠬᠦ | ᠰᠢᠯᠦᠭ ᠲᠡᠭᠡᠨ᠄ | ︽ᠰᠢᠷᠠᠮᠦ᠋ᠷᠡᠨ ᠤ ᠤᠷᠤᠰᠬᠠᠯ ᠤᠨ ᠡᠬᠢ ᠶᠢ ᠰᠤᠷᠪᠤᠯᠵᠢᠯᠠᠨ ᠬᠠᠶᠢᠵᠤ ᠬᠦᠷᠬᠦᠶ᠎ᠡ᠂ | ᠰᠢᠷᠭᠠᠯ ᠨᠠᠮᠤᠷ ᠤᠨ ᠲᠠᠩᠰᠤᠭ ᠤᠯᠠᠷᠢᠯ ᠤᠨᠢᠶᠠᠷ ᠪᠤᠳᠠᠩ ᠲᠣᠨᠣᠷᠠᠵᠣᠬᠤᠢ᠂ | ᠰᠢᠵᠢᠷᠯᠡᠨ ᠢᠷᠡᠯᠵᠠᠭᠰᠠᠨ ᠲᠤᠩᠭᠠᠯᠠᠭ ᠤᠷᠤᠰᠬᠠᠯ ᠤᠷᠴᠢᠯᠠᠩ ᠤᠨ ᠭᠤᠴᠣ ᠭᠡᠮᠡᠬᠦᠶᠡ᠂ | ᠰᠢᠮᠡᠳᠤ ᠶᠢᠷᠲᠢᠨᠴᠤ ᠳᠤᠷ ᠤᠰᠤᠨ ᠲᠦᠷᠦᠭᠦᠦ ᠨᠡᠩ ᠭᠤᠶᠢᠳᠠ ᠪᠤᠯᠵᠤᠬᠤᠢ︾ ᠬᠡᠵᠡᠢ᠃ | |