ᠡᠬᠡ ᠶᠢᠨ ᠰᠠᠨᠠᠭ᠎ᠠ ᠦᠷ᠎ᠡ ᠳᠤ | ᠦᠷ᠎ᠡ ᠶᠢᠨ ᠰᠠᠨᠠᠭ᠎ᠠ ᠠᠭᠤᠯᠠᠨ ᠳᠤ | | ᠪᠢ ᠮᠡᠳᠡᠭᠡ ᠣᠷᠣᠭᠰᠠᠨ ᠴᠠᠭ ᠠᠴᠠ ᠪᠠᠨ ᠡᠵᠢ ᠳᠡᠭᠡᠨ ᠳᠤᠷ᠎ᠠ ᠦᠭᠡᠢ ᠪᠠᠶᠢᠯ᠎ᠠ᠃ ᠲᠡᠷᠡ ᠡᠮᠡᠭᠡᠨ ᠳᠤ | ᠠᠭᠤᠷᠯᠠᠨ ᠬᠤᠷᠣᠰᠴᠤ ᠬᠡᠯᠡᠭᠰᠡᠨ ᠦᠭᠡ ᠶᠢ ᠮᠢᠨᠢ ᠰᠣᠨᠣᠰᠤᠭᠰᠠᠨ ᠬᠥᠮᠥᠰ ᠨᠠᠳᠠ ᠳᠤ ︽ᠴᠢ ᠲᠥᠷᠥᠭᠦᠯᠦᠭᠰᠡᠨ | ᠡᠬᠡ ᠶᠢ ᠪᠠᠨ ᠶᠠᠭᠠᠬᠢᠵᠤ ᠢᠩᠭᠢᠵᠦ ᠬᠡᠯᠡᠵᠦ ᠴᠢᠳᠠᠵᠤ ᠪᠠᠶᠢᠨ᠎ᠠ ᠠ᠋︖︾ ᠭᠡᠵᠦ ᠮᠡᠯ ᠭᠠᠶᠢᠬᠠᠳᠠᠭ ᠪᠠᠶᠢᠵᠤ ᠪᠢᠯᠡ᠃ | ᠲᠡᠶᠢᠮᠦ ᠠᠴᠠ ᠪᠢ ᠲᠡᠭᠦᠨ ᠤ ᠲᠤᠬᠠᠢ ᠪᠤᠰᠤᠳ ᠲᠤ ᠶᠠᠷᠢᠬᠤ ᠦᠭᠡ ᠪᠠᠨ ᠴᠡᠨᠡᠳᠡᠭ ᠪᠣᠯᠣᠭᠰᠠᠨ ᠶᠤᠮ᠃ | ᠦᠨᠡᠨ ᠳᠡᠭᠡᠨ ᠲᠡᠷᠡ ᠵᠥᠨᠥᠭ ᠮᠢᠨᠤ ᠡᠵᠢ ᠮᠥᠨ ᠴᠦ ᠶᠤᠮ ᠦᠦ᠂ ᠪᠢᠰᠢ ᠴᠦ ᠶᠤᠮ ᠦᠦ ᠬᠡᠨ ᠮᠡᠳᠡᠯ᠎ᠡ᠃ ᠡᠶᠢᠮᠦ | ᠪᠣᠳᠣᠯ ᠳᠠᠭᠠᠨ ᠬᠥᠲᠥᠯᠥᠭᠳᠡᠨ ᠪᠢ ᠲᠡᠷᠡ ᠮᠢᠨᠤ ᠡᠵᠢ ᠪᠢᠰᠢ ᠪᠠᠶᠢᠬᠤ ᠪᠣᠯᠣᠮᠵᠢᠲᠠᠢ ᠡᠰᠡᠬᠦ ᠶᠢ ᠰᠤᠳᠤᠯᠵᠤ ᠦᠵᠡᠭᠰᠡᠨ | ᠃ ᠳᠠᠩᠴᠤ ᠨᠠᠳᠠ ᠳᠤ ᠲᠡᠶᠢᠮᠦ ᠪᠠᠷᠢᠮᠲᠠ ᠶᠡᠷᠦ ᠠᠴᠠ ᠪᠠᠨ ᠣᠯᠳᠠᠭ᠎ᠠ ᠦᠭᠡᠢ ᠪᠥᠭᠡᠳ ᠬᠠᠮᠤᠭ ᠤᠨ ᠭᠤᠣᠯ ᠨᠢ ᠪᠢ | ᠲᠡᠷᠡ ᠬᠥᠭᠰᠢᠨ ᠰᠢᠮᠨᠤ ᠠᠴᠠ ᠣᠯᠠᠨ ᠶᠠᠭᠤᠮ᠎ᠠ ᠶᠢ ᠨᠢ ᠳᠠᠭᠤᠷᠢᠶᠠᠵᠤ ᠲᠥᠷᠥᠵᠡᠢ᠃ ᠨᠢᠳᠦ᠂ ᠦᠰᠦᠨ ᠤ ᠥᠩᠭᠡ᠂ | ᠨᠢᠭᠤᠷ ᠤᠨ ᠬᠡᠯᠪᠡᠷᠢ ᠲᠥᠷᠬᠦ᠂ ᠪᠡᠶ᠎ᠡ ᠶᠢᠨ ᠭᠠᠯᠪᠢᠷ᠂ ᠠᠯᠬᠤᠭ᠎ᠠ ᠭᠢᠰᠬᠢᠭᠡ᠂ ᠳᠠᠭᠤᠤ ᠬᠤᠭᠤᠯᠠᠢ ᠁ | ᠢᠩᠭᠢᠭᠡᠳ ᠪᠢ ᠥᠪᠡᠷ ᠢ ᠪᠠᠨ ᠲᠡᠭᠦᠨ ᠤ ᠲᠥᠷᠥᠭᠰᠡᠨ ᠥᠬᠢᠨ ᠪᠢᠰᠢ ᠪᠠᠶᠢᠬ᠎ᠠ ᠭᠡᠰᠡᠨ ᠲᠡᠨᠡᠭ ᠪᠤᠳᠤᠯ ᠢᠶᠠᠨ | ᠣᠷᠬᠢᠭᠰᠠᠨ ᠶᠤᠮ᠃ ᠭᠡᠯᠡ ᠴᠦ ᠭᠡᠰᠡᠨ ᠡᠵᠢ ᠳᠡᠭᠡᠨ ᠳᠤᠷ᠎ᠠ ᠦᠭᠡᠶᠢᠴᠡᠬᠦ ᠮᠢᠨᠢ ᠪᠠᠭᠠᠰᠤᠭᠠ ᠦᠭᠡᠢ ᠪᠥᠭᠡᠳ ᠬᠠᠷᠢᠨ | ᠴᠦ ᠪᠢ ᠲᠡᠭᠦᠨ ᠢ ᠤᠯᠠᠮ ᠪᠦᠷ ᠦᠵᠡᠨ ᠶᠠᠳᠠᠬᠤ ᠪᠣᠯᠣᠯ᠎ᠠ᠃ ᠪᠢ ᠲᠣᠯᠢᠨ ᠳᠤ ᠬᠠᠷᠠᠬᠤ ᠪᠣᠯᠭᠠᠨ ᠳᠠᠭᠠᠨ | ᠥᠪᠡᠷ ᠤᠨ ᠢᠶᠠᠨ ᠳᠤᠷ᠎ᠠ ᠦᠭᠡᠢ ᠬᠥᠮᠥᠨ ᠲᠠᠢ ᠲᠥᠰᠲᠡᠢ ᠵᠠᠯᠠᠭᠤ ᠪᠦᠰᠡᠭᠦᠢ ᠶᠢ ᠬᠠᠷᠠᠵᠤ ᠵᠢᠪᠡᠭᠦᠦ ᠮᠢᠨᠢ ᠬᠦᠷᠪᠡᠴᠦ | ᠬᠠᠮᠢᠭ᠎ᠠ ᠣᠴᠢᠵᠤ ᠱᠠᠯ ᠥᠪᠡᠷ ᠠᠭᠠᠰᠢ ᠵᠠᠩ᠂ ᠤᠬᠠᠭᠠᠨ ᠪᠣᠳᠣᠯ᠂ ᠰᠠᠨᠠᠭ᠎ᠠ ᠰᠡᠳᠬᠢᠯᠭᠡ ᠲᠠᠢ ᠲᠥᠷᠥᠭᠦᠯᠦᠭᠰᠡᠨ | ᠪᠤᠷᠬᠠᠨ ᠳᠤ ᠲᠠᠯᠠᠷᠬᠠᠳᠠᠭ ᠪᠢᠯᠡ᠃ | ᠮᠢᠨᠤ ᠯᠡ ᠮᠡᠳᠡᠬᠦ ᠶᠢᠨ ᠨᠠᠳᠠ ᠳᠤ ᠠᠪᠤ ᠪᠠᠶᠢᠭ᠎ᠠ ᠦᠭᠡᠢ ᠶᠤᠮ᠃ ᠶᠠᠭᠠᠬᠢᠵᠤ ᠳᠡᠨᠡᠭᠳᠡᠵᠦ ᠶᠠᠪᠤᠭᠠᠳ ᠶᠠᠮᠠᠷ | ᠬᠥᠮᠥᠨ ᠠᠴᠠ ᠨᠠᠮᠠᠶᠢ ᠣᠯᠣᠭᠰᠠᠨ ᠢ ᠨᠢ ᠪᠢ ᠬᠡᠵᠢᠶ᠎ᠡ ᠴᠦ ᠮᠡᠳᠡᠬᠦ ᠶᠢ ᠬᠦᠰᠡᠵᠦ ᠪᠠᠶᠢᠭᠰᠠᠨ ᠦᠭᠡᠢ᠃ ᠨᠠᠳᠠ ᠳᠤ | ᠨᠢᠭᠡᠨ ᠤᠳᠠᠭ᠎ᠠ ︽ᠪᠤᠷᠬᠠᠨ ᠤ ᠬᠠᠶᠢᠷᠠᠯᠠᠭᠰᠠᠨ ᠬᠡᠰᠢᠭ᠂ ᠭᠤᠣᠯ ᠤᠨ ᠬᠠᠶᠢᠷᠠᠲᠠᠢ ᠭᠠᠭᠴᠠ ᠥᠬᠢᠨ ᠴᠢᠮᠠᠶᠢ ᠪᠠᠨ | ᠬᠤᠶᠢᠲᠤ᠂ ᠤᠷᠢᠳᠤ ᠶᠢᠨ ᠭᠠᠷ ᠬᠠᠷᠠᠭᠤᠯᠬᠤ ᠦᠭᠡᠢ ᠭᠡᠵᠦ ᠪᠢ ᠬᠥᠮᠥᠨ ᠲᠠᠢ ᠰᠠᠭᠤᠭ᠎ᠠ ᠦᠭᠡᠢ ᠶᠤᠮ︾ ᠭᠡᠵᠦ | ᠬᠡᠯᠡᠭᠰᠡᠨ ᠲᠡᠷᠡ ᠬᠠᠭᠤᠷᠮᠠᠭ ᠦᠭᠡ ᠶᠢ ᠨᠢ ᠰᠠᠨᠠᠬᠤ ᠪᠠᠷ ᠣᠢ ᠭᠤᠲᠤᠵᠤ ᠤᠯᠠᠮ ᠬᠤᠣᠷ ᠪᠤᠴᠠᠯᠤᠨ᠎ᠠ᠃ ᠪᠠᠭ᠎ᠠ | ᠪᠠᠶᠢᠬᠤ ᠳᠤ ᠮᠢᠨᠢ ᠥᠷᠯᠥᠭᠡ ᠪᠦᠬᠦᠨ ᠨᠠᠮᠠᠶᠢ ᠴᠡᠴᠡᠷᠯᠢᠭ ᠲᠤ ᠥᠭᠭᠦᠭᠡᠳ ᠣᠷᠣᠢ ᠳᠠᠭᠠᠨ ᠢᠷᠠᠵᠤ ᠠᠪᠤᠨ᠎ᠠ᠃ | ᠴᠡᠴᠡᠷᠯᠢᠭ ᠲᠤ ᠶᠠᠪᠤᠬᠤ ᠦᠭᠡᠢ ᠭᠡᠬᠦ ᠳᠤ ᠮᠢᠨᠢ ᠡᠵᠢ ᠨᠢ ᠠᠵᠢᠯ ᠬᠢᠬᠦ ᠦᠭᠡᠢ ᠪᠣᠯ ᠴᠢᠮᠠᠶᠢ ᠪᠠᠨ ᠶᠠᠭᠠᠬᠢᠵᠤ ᠲᠡᠵᠢᠭᠡᠬᠦ | ᠪᠢᠯᠡ ᠭᠡᠳᠡᠭ ᠰᠠᠨ᠃ ᠶᠠᠭᠤ ᠭᠡᠰᠡᠨ ᠦᠭᠡ ᠪᠤᠢ︖ ᠥᠪᠡᠷ ᠤᠨ ᠢᠶᠠᠨ ᠨᠣᠬᠠᠢ ᠠᠮᠢ ᠶᠢ ᠪᠣᠷᠣᠯᠠᠭᠤᠯᠬᠤ ᠭᠡᠵᠦ | ᠠᠵᠢᠯ ᠬᠢᠴᠢᠬᠡᠭᠡᠳ ᠁ ᠲᠡᠭᠡᠬᠦ ᠪᠠᠶᠢᠭᠰᠠᠨ ᠶᠤᠮ ᠪᠣᠯ ᠶᠠᠭᠠᠬᠢᠬᠤ ᠭᠡᠵᠦ ᠨᠠᠮᠠᠶᠢ ᠲᠥᠷᠥᠭᠦᠯᠦᠭᠰᠡᠨ ᠶᠤᠮ ᠪᠤᠢ︖ | ᠰᠤᠷᠭᠠᠭᠤᠯᠢ ᠳᠤ ᠪᠠᠶᠢᠬᠤ ᠳᠠᠭᠠᠨ ᠪᠢ ᠠᠩᠬᠢ ᠶᠢᠨ ᠢᠶᠠᠨ ᠥᠬᠢᠳ ᠲᠠᠢ ᠮᠠᠭᠤᠳᠠᠯᠴᠠᠵᠦ᠂ ᠰᠢᠷᠠᠨ ᠳᠠᠭᠠᠨ | ᠲᠡᠳᠡᠨ ᠢ ᠵᠢᠭᠠᠬᠠᠨ ᠬᠤᠤᠷᠯᠠᠭᠰᠠᠨ ᠠᠴᠠ ᠪᠣᠯᠵᠤ ᠲᠡᠷᠡ ᠠᠪᠠᠭᠠᠢ ᠪᠠᠭᠰᠢ ᠳᠤ ᠳᠠᠭᠤᠳᠠᠭᠳᠠᠨ᠎ᠠ᠃ ᠲᠡᠭᠡᠭᠡᠳ ᠯᠡ | ᠨᠢᠭᠤᠷ ᠢᠶᠠᠨ ᠤᠯᠠᠶᠢᠯᠭᠠᠨ ᠬᠦᠯᠦᠯᠵᠡᠭᠡᠳ ᠨᠠᠮᠠᠶᠢ ᠬᠤᠳᠠᠯ ᠦᠮᠦᠭᠡᠷᠡᠬᠦ ᠳᠤ ᠨᠢ ᠮᠢᠨᠤ ᠪᠠᠬ᠎ᠠ ᠲᠠᠪᠠ ᠬᠠᠨᠤᠵᠦ᠂ | ᠬᠤᠬᠢ ᠨᠢ ᠭᠡᠵᠦ ᠪᠣᠳᠣᠳᠠᠭ ᠪᠠᠶᠢᠯ᠎ᠠ᠃ ᠤᠭ ᠨᠢ ᠨᠠᠮᠠᠶᠢ ᠥᠯᠥᠰᠬᠡᠵᠦ ᠪᠠᠶᠢᠭ᠎ᠠ ᠦᠭᠡᠢ ᠨᠢ ᠦᠨᠡᠨ ᠪᠣᠯᠪᠠᠴᠤ | ᠨᠠᠳᠠ ᠳᠤ ᠬᠡᠷᠡᠭᠲᠡᠢ ᠬᠡᠷᠡᠭ ᠲᠠᠢ ᠶᠠᠭᠤᠮ᠎ᠠ ᠶᠢ ᠮᠠᠨᠢ ᠠᠷᠠᠢ ᠶᠠᠳᠠᠨ ᠵᠠᠯᠭᠠᠭᠤᠯᠵᠤ ᠪᠠᠶᠢᠭᠰᠠᠨ ᠠᠴᠠ ᠬᠠᠷᠢᠨ ᠳᠤᠷᠠᠲᠠᠢ | ᠪᠦᠬᠦᠨ ᠢ ᠮᠢᠨᠢ ᠠᠪᠴᠤ ᠥᠭᠴᠦ᠂ ᠡᠷᠬᠡ ᠳᠤᠷ᠎ᠠ ᠪᠠᠷ ᠮᠢᠨᠢ ᠦᠭᠬᠦᠭᠰᠡᠨ ᠦᠭᠡᠢ ᠯᠡ ᠶᠤᠮ ᠳ᠋ᠠᠭ᠃ ᠮᠢᠨᠤ ᠣᠯᠠᠨ | ᠵᠢᠯ ᠭᠠᠭᠴᠠᠭᠠᠷᠳᠠᠵᠤ᠂ ᠣᠯᠠᠨ ᠶᠠᠭᠤᠮᠠᠨ ᠳᠡᠭᠡᠷ᠎ᠡ ᠰᠠᠨᠠᠭᠰᠠᠨ ᠳᠠᠭᠠᠨ ᠬᠦᠷᠴᠦ ᠴᠢᠳᠠᠭ᠎ᠠ ᠦᠭᠡᠢ ᠳᠤ ᠵᠣᠪᠠᠯᠠᠩ ᠢᠶᠠᠷ | ᠳᠦᠭᠦᠷᠡᠩ ᠡᠨᠡ ᠨᠣᠪᠰᠢ ᠶᠢᠨ ᠬᠤᠷᠸ᠎ᠠ ᠳᠤ ᠲᠥᠷᠥᠭᠰᠡᠨ ᠳᠤ ᠮᠢᠨᠢ ᠭᠠᠭᠴᠠᠬᠠᠨ ᠲᠡᠷᠡ ᠬᠥᠭᠰᠢᠨ ᠯᠡ ᠪᠤᠷᠤᠭᠤ ᠲᠠᠢ᠃ | ᠬᠡᠳᠦᠶᠢᠪᠡᠷ ᠪᠢ ᠲᠡᠭᠦᠨ ᠢ ᠦᠨᠡᠨ ᠰᠡᠳᠬᠢᠯ ᠠᠴᠠ ᠪᠠᠨ ᠦᠵᠡᠨ ᠶᠠᠳᠠᠵᠤ ᠬᠤᠷᠣᠰᠳᠠᠭ ᠴᠦ ᠪᠠᠭ᠎ᠠ ᠪᠠᠯᠴᠢᠷ ᠤᠨ | ᠡᠷᠬᠡ ᠪᠠᠷ ᠵᠠᠷᠢᠮ ᠳᠠᠭᠠᠨ ᠲᠡᠭᠦᠨ ᠠᠴᠠ ᠶᠠᠭᠤᠮ᠎ᠠ ᠰᠠᠯᠭᠠᠬᠤ ᠶᠢᠨ ᠲᠤᠯᠠᠳᠠ ᠳᠤᠯᠢᠭᠠᠨᠠᠵᠦ᠂ ︽ᠡᠵᠢ ᠳᠡᠭᠡᠨ | ᠬᠠᠶᠢᠷᠠᠲᠠᠢ︾ ᠡᠨᠡ ᠡ ᠲᠡᠷᠡ ᠡ ᠭᠡᠵᠦ ᠨᠢᠯᠠᠭᠠᠨᠠᠬᠤ ᠠᠴᠠ ᠥᠭᠡᠷ᠎ᠡ ᠵᠠᠮ ᠪᠠᠶᠢᠭ᠎ᠠ ᠦᠭᠡᠢ ᠶᠤᠮ᠃ | ᠠᠬᠠᠯᠠᠬᠤ ᠠᠩᠭᠢ ( ᠳᠡᠭᠡᠳᠦ ᠳᠤᠮᠳᠠᠳᠤ ) ᠳᠤ ᠣᠷᠣᠭᠰᠠᠨ ᠴᠠᠭ ᠠᠴᠠ ᠬᠤᠶᠢᠰᠢ ᠪᠠᠷᠤᠭ ᠭᠤᠴᠢᠨ ᠨᠠᠰᠤ | ᠬᠦᠷᠲᠡᠯ᠎ᠡ ᠤᠷᠤᠶᠢᠳᠠᠬᠤ᠂ ᠭᠠᠳᠠᠭᠤᠷ ᠬᠤᠨᠣᠬᠤ ᠳᠤᠭᠠᠯᠠᠩ ᠳᠤ ᠮᠢᠨᠢ ᠨᠠᠮᠠᠶᠢ ᠢᠷᠡᠲᠡᠯ᠎ᠡ ᠬᠥᠰᠢᠭᠡ ᠠᠳᠠᠯᠢ | ᠦᠷᠭᠦᠯᠵᠢ ᠴᠣᠩᠬᠤᠨ ᠳᠡᠭᠡᠷ᠎ᠡ ᠪᠠᠨ ᠪᠠᠶᠢᠳᠠᠭ ᠰᠠᠨ᠃ ᠲᠡᠷᠡ ᠨᠢ ᠰᠠᠶᠢᠨ ᠳᠠᠭᠠᠨ ᠴᠦ ᠪᠢᠰᠢ ᠨᠠᠮᠠᠶᠢ ᠪᠢᠲᠡᠭᠡᠢ | ᠢᠷᠡᠭᠡᠰᠡᠢ ᠭᠡᠰᠡᠨ ᠳᠡᠭᠡᠨ᠃ ᠶᠡᠷᠦ ᠨᠢ ᠲᠡᠷᠡ ᠨᠠᠳᠠ ᠳᠤ ᠪᠠᠰᠠ ᠪᠤᠰᠤᠳ ᠬᠥᠮᠥᠰ ᠲᠤ ᠥᠪᠡᠷ ᠢ ᠪᠠᠨ ᠰᠠᠶᠢᠨ ᠡᠵᠢ | ᠪᠣᠯᠭᠠᠨ ᠬᠠᠷᠠᠭᠳᠠᠭᠤᠯᠬᠤ ᠭᠡᠵᠦ ᠶᠡᠬᠡᠳᠡ ᠬᠢᠴᠢᠶᠡᠳᠡᠭ ᠪᠠᠶᠢᠭᠰᠠᠨ ᠶᠤᠮ᠃ ᠶᠠᠮᠠᠷ ᠰᠠᠶᠢᠨ ᠳᠠᠭᠠᠨ ᠯᠡ ᠳᠣᠯᠣᠳᠤᠭᠠᠷ | ᠠᠩᠭᠢ ᠳᠤ ᠪᠠᠶᠢᠬᠤ ᠳᠠᠭᠠᠨ ᠠᠩᠬ᠎ᠠ ᠤᠳᠠᠭ᠎ᠠ ᠪᠠᠨ ᠳᠡᠭᠡᠳᠦ ᠠᠩᠭᠢ ᠶᠢᠨ ᠬᠢᠨ ᠲᠠᠢ ᠪᠠᠨ ᠨᠠᠷᠭᠢᠵᠤ ᠭᠠᠳᠠᠭᠤᠷ | ᠬᠤᠨᠣᠭᠰᠠᠨ ᠡᠪᠦᠯ ᠤᠨ ᠰᠥᠨᠢ ᠨᠠᠮᠠᠶᠢ ᠬᠠᠶᠢᠵᠤ ᠪᠠᠶᠢᠭ᠎ᠠ ᠨᠢ ᠡᠨᠡ ᠭᠡᠳ ᠬᠠᠴᠠᠷ ᠨᠢᠭᠤᠷ ᠢᠶᠠᠨ ᠬᠦᠯᠳᠡᠭᠡᠴᠢᠭᠡᠭᠰᠡᠨ | ᠪᠠᠶᠢᠬᠤᠪ ᠳ᠋ᠡ᠃ ᠲᠡᠷᠡ ᠨᠠᠮᠠᠶᠢ ᠪᠠᠷᠤᠭ ᠠᠷᠪᠠᠨ ᠲᠠᠪᠤ ᠵᠢᠷᠭᠤᠭ᠎ᠠ ᠬᠦᠷᠲᠡᠯ᠎ᠡ ᠮᠢᠨᠢ ᠪᠤᠷᠤᠭᠤ ᠬᠡᠷᠡᠭ ᠲᠠᠷᠢᠬᠤ | ᠪᠣᠯᠭᠠᠨ ᠳᠤ ᠦᠭᠡᠯᠡᠵᠦ᠂ ᠰᠤᠷᠭᠠᠬᠤ ᠰᠠᠨᠠᠭ᠎ᠠ ᠲᠠᠢ ᠪᠠᠶᠢᠯ᠎ᠠ᠃ ᠰᠡᠭᠦᠯ ᠳᠡᠭᠡᠨ ᠨᠠᠮᠠᠶᠢ ᠥᠭᠡᠳᠡ ᠠᠴᠠ ᠨᠢ | ᠵᠠᠩᠨᠠᠬᠤ ᠪᠠᠷ ᠶᠠᠭᠤ ᠴᠦ ᠬᠡᠯᠡᠵᠦ ᠴᠢᠳᠠᠬᠤ ᠪᠠᠨ ᠪᠣᠯᠢᠭᠰᠠᠨ ᠶᠤᠮ᠃ ᠨᠠᠳᠠ ᠳᠤ ᠵᠠᠩᠨᠠᠭᠤᠯᠬᠤ ᠪᠠᠷ ᠢᠶᠠᠨ ᠰᠠᠨᠳᠤᠷᠴᠤ | ᠪᠦᠯᠳᠡᠯᠵᠡᠬᠦ ᠪᠠᠷ ᠨᠢ ᠮᠢᠨᠤ ᠬᠥᠬᠡ ᠢᠨᠢᠶᠡᠳᠦ ᠬᠦᠷᠦᠨ᠎ᠡ ᠭᠡᠵᠦ ᠵᠢᠭᠲᠡᠶᠢᠬᠡᠨ᠃ ᠢᠯᠠᠩᠭᠤᠶ᠎ᠠ ᠮᠢᠨᠤ ᠬᠡᠨ ᠲᠠᠢ | ᠨᠠᠶᠢᠵᠠᠯᠠᠬᠤ᠂ ᠬᠠᠮᠢᠭᠠᠭᠤᠷ ᠬᠤᠨᠣᠬᠤ᠂ ᠠᠷᠢᠬᠢ᠂ ᠲᠠᠮᠠᠬᠢ ᠬᠡᠷᠡᠭᠯᠡᠬᠦ ᠡᠰᠡᠬᠦ ᠶᠢ ᠵᠢᠭᠠᠪᠤᠷᠢᠯᠠᠬᠤ ᠭᠡᠪᠡᠯ ᠪᠢ ᠶᠣᠰᠣᠲᠠᠢ | ᠯᠡ ᠪᠠᠭᠤᠵᠤ ᠭᠠᠷᠳᠠᠭ ᠪᠠᠶᠢᠯ᠎ᠠ᠃ ᠲᠡᠶᠢᠮᠦ ᠴᠦ ᠤᠴᠢᠷ ᠠᠴᠠ ᠨᠠᠮᠠᠶᠢ ᠬᠤᠵᠢᠮ ᠨᠢ ᠭᠤᠷᠪᠠᠨ ᠴᠦ ᠨᠥᠬᠦᠷ | ᠰᠣᠯᠢᠬᠤ ᠳᠤ ᠶᠠᠭᠤᠮ᠎ᠠ ᠬᠡᠯᠡᠵᠦ ᠵᠢᠷᠦᠬᠡᠯᠡᠭᠡ ᠦᠭᠡᠢ᠃ ᠤᠭ ᠠᠴᠠ ᠪᠠᠨ ᠲᠡᠷᠡ ᠮᠠᠭᠤ ᠪᠠᠷ ᠬᠡᠵᠢᠶ᠎ᠡ ᠴᠦ ᠶᠠᠭᠤ ᠴᠦ | ᠵᠢᠭᠠᠯᠭᠠᠬᠤ ᠶᠢ ᠬᠦᠰᠡᠬᠦ ᠦᠭᠡᠢ ᠪᠢᠯᠡ᠃ | ᠪᠢ ᠨᠢᠭᠡᠨ ᠤᠳᠠᠭ᠎ᠠ ᠰᠣᠯᠣᠩᠭᠤᠰ ᠲᠤ ᠣᠴᠢᠵᠤ ᠠᠵᠢᠯ ᠬᠢᠬᠦ ᠪᠠᠷ ᠰᠢᠢᠳᠦᠯ᠎ᠡ᠃ ᠲᠡᠭᠦᠨ ᠠᠴᠠ ᠬᠡᠳᠦᠨ | ᠵᠢᠯ ᠤᠨ ᠡᠮᠦᠨ᠎ᠡ ᠡᠵᠢ ᠦᠢᠯᠡᠳᠪᠦᠷᠢ ᠶᠢᠨ ᠣᠰᠣᠯ ᠳᠤ ᠣᠷᠣᠵᠤ ᠭᠷᠦ᠋ᠫ (ᠠᠵᠢᠯ ᠤᠨ ᠳᠠᠯᠠᠪᠠᠢ ᠳᠡᠭᠡᠷᠡᠬᠢ | ᠦᠢᠯᠡᠳᠪᠤᠷᠢ ᠶᠢᠨ ᠤᠰᠤᠯ ᠠᠴᠠ ᠪᠤᠯᠵᠦ ᠴᠠᠯᠢᠩ ᠠᠪᠴᠦ ᠳᠡᠳᠬᠦᠪᠦᠷᠢ ᠳᠤ ᠭᠠᠷᠬᠤ ) ᠲᠤ ᠰᠠᠭᠤᠬᠤ ᠪᠣᠯᠣᠭᠰᠠᠨ | ᠶᠤᠮ᠃ ᠬᠠᠮᠢᠭ᠎ᠠ ᠣᠴᠢᠵᠤ ᠦᠢᠯᠡᠳᠪᠦᠷᠢ ᠶᠢᠨ ᠣᠰᠣᠯ ᠤᠴᠢᠷ ᠠᠴᠠ ᠭᠷᠦ᠋ᠫ ᠤᠨ ᠮᠥᠩᠭᠦ ᠨᠢ ᠬᠠᠭᠤᠴᠢᠨ | ᠴᠠᠯᠢᠩ ᠠᠴᠠ ᠨᠢ ᠳᠤᠲᠠᠬᠤ ᠦᠭᠡᠢ᠃ ᠡᠮᠡᠭᠡᠨ ᠭᠡᠷ ᠳᠣᠲᠣᠭᠤᠷ ᠢᠶᠠᠨ ᠳᠡᠷᠭᠡᠨᠴᠢᠷ ᠲᠠᠢ ᠶᠠᠪᠤᠵᠤ ᠥᠪᠡᠷ ᠤᠨ ᠢᠶᠠᠨ | ᠬᠤᠭᠤᠯᠠ ᠤᠮᠳᠠ ᠶᠢ ᠠᠶᠠᠯᠠᠭᠤᠯᠤᠭᠰᠠᠨ ᠪᠣᠯᠣᠨ᠎ᠠ᠃ ᠮᠡᠳᠡᠭᠡᠵᠢ ᠪᠢ ᠲᠡᠭᠦᠨ ᠳᠤ ᠶᠠᠭᠠᠬᠢᠭᠠᠳ ᠴᠦ ᠲᠤᠰᠠᠯᠠᠬᠤ | ᠦᠭᠡᠢ ᠰᠢᠦ ᠳ᠋ᠡ᠃ ᠦᠨᠡᠨ ᠳᠡᠭᠡᠨ ᠨᠠᠳᠠ ᠳᠤ ᠲᠡᠭᠦᠨ ᠲᠠᠢ ᠣᠷᠢᠶᠠᠴᠠᠯᠳᠤᠭᠠᠳ ᠪᠠᠶᠢᠬᠤ ᠵᠠᠪ ᠴᠦ ᠪᠠᠶᠢᠭ᠎ᠠ ᠦᠭᠡᠢ᠃ | ᠬᠠᠷᠢᠨ ᠰᠣᠯᠣᠩᠭᠤᠰ ᠲᠤ ᠶᠠᠪᠤᠬᠤ ᠳᠤ ᠮᠢᠨᠢ ᠨᠠᠳᠠ ᠳᠤ ᠮᠥᠩᠭᠦ ᠬᠡᠷᠡᠭᠲᠡᠢ ᠪᠣᠯᠣᠯ᠎ᠠ᠃ ᠰᠠᠯᠤᠭᠰᠠᠨ ᠨᠥᠬᠦᠷ ᠤᠨ | ᠨᠢᠭᠡ ᠨᠢ ᠮᠥᠩᠭᠦ ᠦᠭᠡᠢ ᠠᠷᠢᠬᠢᠴᠢᠨ᠂ ᠨᠥᠭᠦᠭᠡ ᠨᠢ ᠰᠤᠷᠠᠭ ᠲᠠᠰᠤᠷᠠᠭᠰᠠᠨ᠂ ᠰᠡᠭᠦᠯᠴᠢ ᠶᠢᠨ ᠢᠶᠠᠨ ᠨᠥᠬᠦᠷ ᠢ | ᠭᠤᠣᠯ ᠳᠤ ᠨᠢ ᠣᠷᠣᠲᠠᠯ᠎ᠠ ᠭᠤᠮᠣᠳᠠᠭᠠᠭᠰᠠᠨ᠂ ᠬᠦᠦ ᠪᠠᠨ ᠭᠠᠭᠴᠠ ᠴᠦ ᠪᠣᠯᠪᠠ ᠡᠷᠭᠢᠵᠦ ᠣᠴᠢᠭ᠎ᠠ ᠦᠭᠡᠢ | ᠤᠴᠢᠷ ᠠᠴᠠ ᠲᠡᠷᠡ ᠨᠠᠳᠠ ᠳᠤ ᠮᠥᠩᠭᠦ ᠬᠢᠯᠠᠶᠢᠯᠭᠠᠨᠠ ᠭᠡᠵᠦ ᠪᠠᠶᠢᠬᠤ ᠦᠭᠡᠢ ᠶᠢ ᠪᠢ ᠰᠠᠶᠢᠨ ᠮᠡᠳᠡᠵᠦ ᠪᠠᠶᠢᠯ᠎ᠠ᠃ | ᠴᠣᠷ ᠤᠨ ᠭᠠᠭᠴᠠ ᠪᠣᠯᠣᠮᠵᠢ ᠪᠣᠯ ᠲᠠᠬᠢᠷ ᠳᠤᠲᠠᠭᠤ᠂ ᠵᠥᠨᠥᠭ ᠡᠬᠡ ᠶᠢᠨ ᠢᠶᠠᠨ ᠬᠤᠶᠠᠷ ᠥᠷᠥᠭᠡ ᠪᠠᠶᠢᠷᠢ ᠶᠢ | ᠪᠠᠷᠢᠴᠠᠭᠠᠨ ᠳᠤ ᠲᠠᠯᠪᠢᠬᠤ᠂ ᠤᠭ ᠠᠴᠠ ᠪᠠᠨ ᠥᠭᠡᠷ᠎ᠡ ᠠᠷᠭ᠎ᠠ ᠪᠠᠶᠢᠭ᠎ᠠ ᠦᠭᠡᠢ ᠶᠤᠮ ᠴᠢᠨᠢ᠃ ᠭᠤᠷᠪᠠ ᠬᠤᠨᠤᠭ | ᠬᠢᠷᠢ ᠲᠠᠢ ᠪᠢ ᠲᠡᠭᠦᠨ ᠲᠠᠢ ᠱᠠᠯ ᠥᠭᠡᠷ᠎ᠡ ᠪᠠᠷ ᠬᠠᠷᠢᠴᠠᠵᠤ ᠶᠣᠰᠣᠲᠠᠢ ᠯᠠ ᠡᠬᠡ ᠥᠬᠢᠨ ᠬᠤᠶᠠᠷ ᠰᠢᠭ᠋ ᠪᠠᠶᠢᠭᠰᠠᠨ | ᠪᠠᠶᠢᠬ᠎ᠠ᠃ ᠲᠡᠭᠡᠵᠦ ᠲᠡᠭᠡᠵᠦ ᠪᠢ ᠬᠡᠯᠡᠭᠡᠳ ᠲᠠᠯᠪᠢᠴᠢᠬᠠᠯ᠎ᠠ᠃ ᠮᠠᠭᠤ ᠰᠠᠨᠠᠭ᠎ᠠ ᠲᠠᠢ ᠬᠥᠭᠰᠢᠨ ᠬᠦᠯᠦᠯᠵᠡᠭᠡᠳ | ᠳᠤᠤᠭᠠᠷᠬᠤ ᠦᠭᠡᠢ ᠪᠠᠶᠢᠨ᠎ᠠ᠃ ᠵᠢᠪᠡᠭᠦᠨ ᠭᠡᠳᠡᠭ ᠨᠢ᠃ ᠠᠭᠰᠤᠷᠴᠤ ᠨᠢᠭᠡ ᠦᠵᠡᠭᠡᠳ ᠠᠷᠭᠠᠳᠠᠵᠤ ᠨᠢᠭᠡ ᠦᠵᠡᠯ᠎ᠡ᠃ | ᠲᠡᠷᠡ ᠨᠢᠳᠦᠨ ᠳᠡᠭᠡᠨ ᠨᠢᠯᠪᠤᠰᠤ ᠴᠡᠶᠢᠯᠡᠭᠡᠨᠡᠬᠦᠯᠵᠦ ᠪᠠᠶᠢᠭᠠᠳ ᠵᠥᠪᠰᠢᠶᠡᠷᠡᠬᠦ ᠠᠴᠠ ᠥᠭᠡᠷ᠎ᠡ ᠠᠷᠭ᠎ᠠ ᠦᠭᠡᠢ ᠪᠣᠯᠣᠯ᠎ᠠ | ᠃ ᠪᠢ ᠮᠡᠳᠡᠭᠡᠳ ᠪᠠᠶᠢᠭᠰᠠᠨ ᠶᠤᠮ ᠠ᠋᠃ | ᠰᠣᠯᠣᠩᠭᠤᠰ ᠲᠤ ᠣᠴᠢᠭᠠᠳ ᠨᠡᠯᠢᠶᠡᠳ ᠬᠡᠳᠦᠨ ᠵᠢᠯ ᠠᠵᠢᠯᠯᠠᠵᠤ ᠣᠪᠣᠭ᠎ᠠ ᠴᠦ ᠮᠥᠩᠭᠦ ᠲᠠᠢ ᠪᠣᠯᠣᠯ᠎ᠠ᠃ | ᠰᠤᠷᠠᠭ ᠰᠤᠨᠤᠰᠬᠤ ᠠᠴᠠ ᠡᠮᠡᠭᠡᠨ ᠵᠢᠭᠡᠯᠡᠭᠰᠡᠨ ᠮᠦᠩᠬᠦᠨ ᠤ ᠪᠠᠨ ᠬᠦᠦ ᠶᠢ ᠲᠥᠯᠥᠵᠦ ᠳᠡᠶᠢᠯᠦᠯ ᠦᠭᠡᠢ ᠪᠠᠶᠢᠷᠢ ᠪᠠᠨ | ᠠᠯᠳᠠᠭᠠᠳ ᠥᠪᠡᠷ ᠢᠶᠠᠨ ᠬᠥᠭᠰᠢᠳ ᠢ ᠠᠰᠠᠷᠠᠬᠤ ᠭᠠᠵᠠᠷ ᠤᠷᠤᠭᠤ ᠶᠠᠪᠤᠵᠠᠢ᠃ ᠮᠢᠨᠤ ᠬᠥᠬᠡ ᠢᠨᠢᠶᠡᠳᠦ ᠬᠦᠷᠦᠭᠰᠡᠨ | ᠭᠡᠵᠦ ᠵᠢᠭᠲᠡᠶᠢᠬᠡᠨ᠃ ᠮᠡᠳᠡᠭᠡᠵᠢ ᠰᠢᠦ ᠳ᠋ᠡ᠂ ᠥᠭᠡᠳᠡ ᠦᠭᠡᠢ ᠥᠬᠢᠨ ᠨᠢ ᠲᠡᠭᠦᠨ ᠳᠤ ᠰᠣᠬᠤᠷ ᠵᠣᠭᠤᠰ ᠴᠦ | ᠶᠠᠪᠤᠭᠤᠯᠤᠭ᠎ᠠ ᠦᠭᠡᠢ ᠶᠤᠮ ᠴᠢᠨᠢ᠃ ᠶᠠᠭᠠᠬᠢᠯ᠎ᠠ ᠭᠡᠵᠦ ᠬᠥᠮᠥᠨ ᠤ ᠨᠤᠲᠤᠭ ᠲᠤ ᠵᠣᠪᠠᠵᠤ ᠣᠯᠣᠭᠰᠠᠨ ᠮᠥᠩᠭᠦ ᠪᠠᠨ | ᠬᠠᠮᠤᠭ ᠤᠨ ᠳᠤᠷ᠎ᠠ ᠦᠭᠡᠢ ᠬᠥᠮᠥᠨ ᠳᠡᠭᠡᠨ ᠶᠠᠪᠤᠭᠤᠯᠬᠤ ᠪᠤᠢ ᠳ᠋ᠡ᠃ ᠲᠡᠭᠦᠨ ᠤ ᠭᠷᠦ᠋ᠫ ᠤᠨ ᠮᠥᠩᠭᠦ ᠨᠢ ᠬᠤᠭᠤᠯᠠ | ᠤᠮᠳᠠ᠂ ᠪᠠᠶᠢᠷᠢᠨ ᠤ ᠮᠥᠩᠭᠦ᠂ ᠵᠢᠭᠡᠯᠡᠭᠰᠡᠨ ᠮᠥᠩᠭᠦᠨ ᠤ ᠬᠦᠦ ᠳᠤ ᠬᠦᠷᠬᠦ ᠶᠠᠮᠠᠷ ᠴᠦ ᠪᠣᠯᠣᠮᠵᠢ ᠪᠠᠶᠢᠬᠤ ᠦᠭᠡᠢ᠃ | ᠪᠢ ᠶᠠᠮᠠᠷ ᠶᠡᠭᠡ ᠪᠠᠶᠠᠷᠯᠠᠭᠰᠠᠨ ᠭᠡᠵᠦ ᠰᠠᠨᠠᠨ᠎ᠠ᠃ ᠤᠳᠠᠯ ᠦᠭᠡᠢ ᠡᠬᠡ ᠣᠷᠣᠨ ᠳᠤ ᠪᠠᠨ ᠢᠷᠠᠵᠤ ᠣᠯᠣᠭᠰᠠᠨ | ᠮᠥᠩᠭᠦ ᠪᠠᠷ ᠢᠶᠠᠨ ᠮᠠᠶᠢᠮᠠᠢ ᠬᠢᠬᠦ ᠪᠠᠷ ᠰᠢᠢᠳᠦᠯ᠎ᠡ᠃ ᠮᠣᠩᠭᠤᠯ ᠳᠤ ᠢᠷᠡᠭᠡᠳ ᠪᠠᠶᠢᠷᠢ ᠠᠪᠴᠤ ᠳᠤᠬᠢᠵᠢᠨ ᠮᠠᠶᠢᠮᠠᠢ ᠶᠢᠨ | ᠠᠵᠢᠯ ᠳᠠᠭᠠᠨ ᠴᠦ ᠣᠷᠣᠪᠠ᠃ ᠬᠥᠭᠰᠢᠨ ᠶᠠᠭᠠᠬᠢᠵᠤ ᠮᠢᠨᠤ ᠬᠠᠶ᠋ᠢᠭ ᠢ ᠣᠯᠣᠭᠰᠠᠨ ᠶᠤᠮ ᠪᠤᠢ ᠪᠦᠦ ᠮᠡᠳᠡ᠂ ᠡᠷᠭᠢᠵᠦ | ᠢᠷᠡᠭᠡᠴᠢ ᠭᠡᠵᠦ ᠬᠤᠶᠠᠷ ᠴᠦ ᠤᠳᠠᠭ᠎ᠠ ᠬᠥᠮᠥᠨ ᠢᠶᠠᠷ ᠦᠭᠡ ᠳᠠᠶᠢᠬᠰᠠᠨ ᠪᠠᠶᠢᠨ᠎ᠠ ᠯᠠᠢ᠃ ᠲᠡᠭᠦᠨ ᠤ ᠵᠥᠨᠥᠭ | ᠲᠣᠯᠣᠭᠠᠢ ᠳᠤ ᠶᠠᠭᠠᠬᠢᠬᠤ ᠪᠠᠷ ᠢᠶᠠᠨ ᠨᠠᠮᠠᠶᠢ ᠣᠴᠢᠨ᠎ᠠ ᠭᠡᠰᠡᠨ ᠪᠣᠳᠣᠯ ᠣᠷᠣᠳᠠᠭ ᠪᠠᠶᠢᠨ᠎ᠠ ᠠ᠋᠃ ᠭᠡᠲᠡᠯ᠎ᠡ ᠤᠷᠵᠢᠳᠤᠷ | ᠠᠰᠠᠷᠠᠮᠵᠢ ᠶᠢᠨ ᠭᠠᠵᠠᠷ ᠠᠴᠠ ᠶᠠᠷᠢᠵᠤ ᠲᠡᠭᠦᠨ ᠢ ᠨᠠᠰᠤ ᠪᠠᠷᠠᠭᠰᠠᠨ᠂ ᠣᠷᠣᠰᠢᠭᠤᠯᠬᠤ ᠠᠵᠢᠯ ᠳᠤ ᠨᠢ ᠣᠷᠣᠯᠴᠠᠬᠤ | ᠦᠦ ᠭᠡᠬᠦ ᠤᠬᠠᠭᠠᠨ ᠲᠠᠢ ᠶᠤᠮ ᠬᠡᠯᠡᠪᠡ᠃ ᠦᠬᠦᠭᠰᠡᠨ ᠬᠤᠶᠢᠨ᠎ᠠ ᠪᠠᠨ ᠴᠦ ᠭᠡᠰᠡᠨ ᠬᠥᠮᠥᠨ ᠳᠤ ᠭᠠᠢ ᠪᠣᠯᠬᠤ ᠶᠤᠮ᠃ | ᠨᠠᠳᠠ ᠳᠤ ᠦᠨᠡᠨ ᠳᠡᠭᠡᠨ ᠵᠠᠪ ᠠᠯᠠᠭ᠎ᠠ᠂ ᠵᠠᠪ ᠲᠠᠢ ᠪᠠᠶᠢᠭᠰᠠᠨ ᠴᠦ ᠪᠢ ᠣᠴᠢᠬᠤ ᠦᠭᠡᠢ᠂ ᠶᠠᠷᠰᠢᠭ ᠴᠠᠭᠠᠰᠢ ᠪᠠᠨ᠃ | ᠬᠠᠷᠢᠨ ᠪᠢ ᠲᠡᠭᠦᠨ ᠢ ᠦᠬᠦᠭᠰᠡᠨ ᠳᠤ ᠶᠠᠭᠠᠬᠢᠭᠠᠳ ᠪᠠᠶᠠᠷᠯᠠᠬᠤ ᠦᠭᠡᠢ ᠪᠠᠶᠢᠭ᠎ᠠ ᠶᠤᠮ ᠪᠣᠯᠤᠭ᠎ᠠ ᠭᠡᠵᠦ | ᠥᠪᠡᠷ ᠠᠴᠠ ᠪᠠᠨ ᠠᠰᠠᠭᠤᠵᠤ ᠰᠠᠭᠤᠯ᠎ᠠ᠃ ᠠᠰᠠᠷᠠᠮᠵᠢ ᠶᠢᠨ ᠭᠠᠵᠠᠷ ᠤᠨ ᠬᠢᠨ ᠳᠤ ︽ᠦᠨᠡᠬᠡᠷ ᠵᠠᠪ ᠪᠠᠶᠢᠬᠤ ᠦᠭᠡᠢ᠂ | ᠪᠡᠶ᠎ᠡ ᠮᠠᠭᠤ ᠡᠮᠨᠡᠯᠭᠡ ᠳᠤ ᠬᠡᠪᠲᠡᠵᠦ ᠪᠠᠶᠢᠨ᠎ᠠ︾ ᠭᠡᠰᠡᠨ ᠶᠤᠮ᠃ ᠨᠥᠭᠦᠭᠡᠳᠦᠷ ᠨᠢ ᠳᠠᠬᠢᠨ ᠤᠲᠠᠰᠤᠳᠠᠵᠤ ︽ | ᠡᠵᠢ ᠶᠢ ᠴᠢᠨᠢ ᠨᠣᠮ ᠶᠣᠰᠣ ᠪᠠᠷ ᠨᠢ ᠨᠤᠲᠤᠭᠯᠠᠭᠤᠯᠤᠭᠰᠠᠨ᠃ ᠡᠵᠢ ᠴᠢᠨᠢ ᠲᠠᠨ ᠳᠤ ᠵᠠᠬᠢᠳᠠᠯ᠂ ᠨᠠᠨᠳᠢᠩᠨᠠᠵᠤ | ᠬᠠᠳᠠᠭᠠᠯᠠᠭᠰᠠᠨ ᠡᠳ᠋ ᠵᠦᠢᠯ᠂ ᠮᠥᠩᠭᠦ ᠲᠥᠭᠦᠷᠢᠭ ᠬᠡᠷᠢᠶᠡᠰᠦᠯᠡᠵᠦ ᠦᠯᠡᠳᠡᠭᠡᠭᠰᠡᠨ᠃ ᠢᠷᠠᠵᠤ ᠠᠪᠬᠤ ᠦᠭᠡᠢ ᠪᠣᠯ | ᠠᠰᠠᠷᠠᠮᠵᠢ ᠶᠢᠨ ᠭᠠᠵᠠᠷ ᠤᠨ ᠣᠷᠣᠯᠭ᠎ᠠ ᠪᠣᠯᠭᠠᠯ᠎ᠠ︾ ᠭᠡᠵᠦ ᠰᠢᠷᠦᠬᠦᠯᠡᠳᠡᠭ ᠪᠠᠶᠢᠭ᠎ᠠ᠃ ᠪᠢ ᠭᠠᠶᠢᠬᠠᠬᠤ ᠶᠢᠨ | ᠶᠡᠭᠡ ᠪᠠᠷ ᠭᠠᠶᠢᠬᠠᠯ᠎ᠠ᠃ ᠴᠢᠪᠠᠭᠠᠨᠴᠠ ᠳᠤ ᠶᠠᠮᠠᠷ ᠡᠳ᠋ ᠵᠦᠢᠯ᠂ ᠮᠥᠩᠭᠦ ᠲᠥᠭᠦᠷᠢᠭ ᠪᠠᠶᠢᠳᠠᠭ ᠪᠢᠯᠡ᠃ ᠦᠶ᠎ᠡ | ᠳᠡᠮᠵᠢᠨ ᠡᠳ᠋ᠯᠡᠵᠦ ᠰᠡᠳᠡᠷᠡᠬᠦ ᠰᠢᠬᠠᠭᠰᠠᠨ ᠭᠠᠭᠴᠠ ᠪᠤᠯᠤᠷ ᠡᠭᠡᠮᠦᠭ ᠪᠠᠶᠢᠵᠤ ᠮᠠᠭᠠᠳ ᠦᠭᠡᠢ᠂ ᠬᠠᠷᠢᠨ ᠮᠥᠩᠭᠦ | ᠲᠥᠭᠦᠷᠢᠭ ᠭᠡᠵᠦ ᠡᠯᠡᠭ ᠤᠨ ᠶᠠᠭᠤᠮ᠎ᠠ ᠪᠠᠶᠢᠵᠤ ᠲᠠᠭᠠᠷᠠᠨ᠎ᠠ᠃ | ᠠᠵᠢᠯ ᠲᠥᠷᠥᠯ ᠢᠶᠠᠨ ᠵᠣᠬᠢᠴᠠᠭᠤᠯᠤᠭᠠᠳ ᠠᠰᠠᠷᠠᠮᠵᠢ ᠶᠢ ᠵᠣᠷᠢᠯ᠎ᠠ᠃ ᠦᠨᠡᠨ ᠢ ᠬᠡᠯᠡᠬᠦ ᠳᠤ ︽ᠮᠠᠭᠤ | ᠰᠠᠨᠠᠭ᠎ᠠ ᠲᠠᠢ ᠬᠥᠭᠰᠢᠨ ᠶᠠᠭᠤ ᠴᠦ ᠬᠠᠳᠠᠭᠠᠯᠠᠭᠰᠠᠨ ᠶᠤᠮ ᠪᠢᠯᠡ᠂ ᠯᠤᠤᠬᠠᠨ ᠨᠤᠭᠤᠳ ᠰᠢᠭ᠋ ᠬᠠᠮᠤᠭ ᠶᠠᠭᠤᠮ᠎ᠠ ᠪᠠᠨ | ᠦᠬᠦᠲᠡᠯ᠎ᠡ ᠪᠠᠨ ᠵᠤᠭᠤᠷᠢᠯᠠᠭᠰᠠᠨ ᠴᠦ ᠶᠤᠮ ᠪᠢᠯᠡ ᠦᠦ︾ ᠭᠡᠵᠦ ᠪᠣᠳᠣᠭᠳᠠᠭᠠᠳ ᠰᠣᠨᠢᠷᠬᠠᠯ ᠰᠢᠨᠤᠯ ᠬᠤᠶᠠᠷ ᠪᠠᠭ᠎ᠠ | ᠦᠭᠡᠢ ᠬᠥᠳᠡᠯᠦᠭᠰᠡᠨ ᠶᠤᠮ᠃ ᠠᠰᠠᠷᠠᠮᠵᠢ ᠭᠡᠵᠦ ᠶᠠᠭᠠᠬᠢᠭᠰᠠᠨ ᠴᠦ ᠥᠷᠥ ᠡᠪᠡᠳᠦᠯ ᠲᠠᠢ ᠭᠠᠵᠠᠷ ᠪᠠᠶᠢᠳᠠᠭ ᠶᠤᠮ᠂ | ᠪᠠᠭᠠᠬᠠᠨ ᠤᠶᠢᠳᠴᠤ ᠴᠥᠬᠦᠷᠡᠭᠰᠡᠨ ᠬᠥᠭᠰᠢᠴᠦᠦᠯ ᠪᠠᠶᠢᠨ᠎ᠠ᠂ ᠠᠵᠠ ᠦᠭᠡᠢ ᠬᠤᠭ ᠤᠳ᠃ ᠠᠰᠠᠷᠠᠮᠵᠢ ᠶᠢᠨ | ᠡᠷᠬᠢᠯᠡᠭᠴᠢ ᠭᠡᠵᠦ ᠬᠦᠢᠲᠡᠨ ᠴᠢᠷᠠᠢ ᠲᠠᠢ ᠶᠦᠭᠵᠢᠷ ᠠᠪᠠᠭᠠᠢ ᠨᠠᠳᠠ ᠳᠤ ᠨᠢᠭᠤᠷ ᠥᠭᠬᠦ ᠦᠭᠡᠢ ᠶᠠᠨᠳᠠᠭᠨᠠᠵᠦ | ᠪᠠᠶᠢᠭ᠎ᠠ ᠶᠢ ᠨᠢ ᠬᠠᠷᠠᠬᠤ ᠪᠠᠷ ᠨᠢᠭᠤᠷ ᠤᠷᠤᠭᠤ ᠨᠢ ᠨᠢᠯᠪᠤᠴᠢᠬᠠᠮᠠᠷ ᠰᠠᠨᠠᠭᠳᠠᠭᠠᠳ ᠪᠠᠶᠢᠯ᠎ᠠ᠃ ᠲᠡᠷᠡ ᠲᠠᠢ ᠲᠡᠷᠡ | ᠦᠭᠡᠢ ᠬᠠᠤᠯᠢ ᠶᠣᠰᠣᠨ ᠤ ᠴᠣᠷ ᠤᠨ ᠭᠠᠭᠴᠠ ᠥᠪ ᠵᠠᠯᠭᠠᠮᠵᠢᠯᠠᠭᠴᠢ ᠪᠣᠯᠣᠭᠰᠠᠨ ᠨᠠᠳᠠ ᠳᠤ ᠥᠭᠬᠦ ᠦᠭᠡᠢ ᠭᠡᠳ | ᠲᠡᠷᠡ ᠶᠠᠭᠠᠬᠢᠬᠤ ᠪᠢᠯᠡ ᠳ᠋ᠡ᠃ ᠨᠢᠭᠡ ᠬᠠᠶᠢᠷᠴᠠᠭ ᠲᠠᠢ ᠵᠦᠢᠯ ᠭᠠᠷᠭᠠᠵᠤ ᠦᠭᠬᠦᠯ᠎ᠡ᠃ ᠶᠣᠰᠣ ᠶᠢ ᠪᠣᠳᠣᠵᠤ ᠨᠢᠭᠤᠷ | ᠳᠡᠭᠡᠷ᠎ᠡ ᠨᠢ ᠭᠡᠷ ᠠᠴᠠ ᠵᠠᠬᠢᠳᠠᠯ ᠢ ᠭᠠᠷᠭᠠᠵᠤ ᠤᠩᠰᠢᠯ᠎ᠠ᠃ | ︽ᠡᠨᠡ ᠬᠤᠷᠸ᠎ᠠ ᠶᠢᠨ ᠨᠠᠷᠠ ᠪᠣᠯᠣᠭᠰᠠᠨ᠂ ᠶᠠᠭᠤ ᠶᠠᠭᠤᠨ ᠠᠴᠠ ᠬᠠᠶᠢᠷᠠᠲᠠᠢ ᠭᠠᠭᠴᠠ ᠦᠷ᠎ᠡ ᠮᠢᠨᠢ᠃ ᠮᠢᠨᠤ | ᠡᠴᠦᠰ ᠤᠨ ᠭᠠᠭᠴᠠ ᠬᠦᠰᠡᠯ ᠪᠣᠯ ᠡᠷᠳᠡᠨᠢ ᠪᠣᠯᠣᠭᠰᠠᠨᠥᠬᠢᠨ ᠴᠢᠮᠠᠶᠢ ᠪᠠᠨ ᠨᠢᠭᠡ ᠦᠨᠦᠷᠯᠡᠴᠢᠭᠡᠭᠡᠳ᠂ ᠪᠤᠭᠤᠷᠤᠯ | ᠲᠣᠯᠣᠭᠠᠢ ᠪᠠᠨ ᠳᠦᠰᠢᠬᠦᠯᠵᠦ ᠬᠠᠳᠠᠨ ᠭᠡᠷ ᠲᠡᠭᠡᠨ ᠣᠴᠢᠬᠤ ᠪᠠᠶᠢᠯ᠎ᠠ᠃ ᠭᠡᠪᠡᠴᠦ ᠡᠵᠢ ᠨᠢ ᠴᠢᠮᠠᠶᠢ ᠢᠷᠡᠬᠦ ᠡᠰᠡᠬᠦ ᠶᠢ | ᠮᠡᠳᠡᠬᠦ ᠦᠭᠡᠢ᠂ ᠰᠢᠨᠠᠯᠤᠨ ᠬᠡᠪᠲᠡᠵᠦ ᠪᠠᠶᠢᠨ᠎ᠠ᠃ ᠦᠷᠦ ᠠᠴᠠ ᠤᠨᠠᠭᠰᠠᠨ ᠦᠷ᠎ᠡ ᠴᠢᠮᠠᠶᠢ ᠪᠠᠨ ᠢᠷᠡᠬᠦ ᠦᠭᠡᠢ | ᠪᠠᠶᠢᠯ᠎ᠠ ᠭᠡᠳ ᠵᠥᠨᠥᠭ ᠲᠣᠯᠣᠭᠠᠢ ᠨᠠᠳᠠ ᠳᠤ ᠭᠤᠮᠣᠳᠠᠬᠤ ᠡᠷᠬᠡ ᠪᠠᠶᠢᠬᠤ ᠦᠭᠡᠢ᠂ ᠨᠥᠭᠦᠭᠡ ᠶᠢᠷᠲᠢᠨᠴᠦ ᠳᠤ | ᠣᠴᠢᠭᠰᠠᠨ ᠴᠦ ᠭᠡᠰᠡᠨ ᠴᠢᠨᠦ ᠰᠠᠶᠢᠨ ᠰᠠᠶᠢᠬᠠᠨ ᠤ ᠲᠥᠯᠥᠭᠡ ᠵᠠᠯᠪᠠᠷᠢᠵᠤ᠂ ᠰᠠᠴᠤᠯᠢ ᠪᠠᠨ ᠡᠷᠭᠦᠬᠦ ᠪᠣᠯᠣᠨ᠎ᠠ᠃ | ᠴᠢᠨᠦ ᠡᠴᠢᠭᠡ ᠶᠢ ᠵᠠᠪᠤ ᠭᠡᠳᠡᠭ ᠬᠥᠮᠥᠨ ᠪᠠᠶᠢᠭᠰᠠᠨ᠂ ᠴᠢᠮᠠᠶᠢ ᠰᠣᠯᠣᠩᠭᠤᠰ ᠲᠤ ᠶᠠᠪᠤᠳᠠᠭ ᠵᠢᠯ ᠥᠭᠡᠳᠡ | ᠪᠣᠯᠣᠭᠰᠠᠨ᠃ ᠡᠨᠡ ᠣᠯᠠᠨ ᠵᠢᠯ ᠴᠢᠮ᠎ᠠ ᠳᠤ ᠳᠤᠷᠠᠰᠤᠭᠠ ᠦᠭᠡᠢ ᠶᠢᠨ ᠤᠴᠢᠷ ᠪᠣᠯ ᠲᠡᠷᠡ ᠶᠡᠭᠡ ᠬᠢᠯᠢᠨᠴᠡ | ᠨᠢᠭᠦᠯ ᠲᠠᠢ ᠬᠥᠮᠥᠨ ᠪᠠᠶᠢᠭᠰᠠᠨ ᠶᠤᠮ᠃ ᠶᠡᠭᠡ ᠴᠦ ᠵᠦᠳᠡᠷᠡᠭᠰᠡᠨ ᠭᠡᠨ᠎ᠡ ᠯᠠᠢ ᠬᠥᠭᠡᠷᠦᠬᠦᠢ᠃ ᠠᠬ᠎ᠠ ᠳᠡᠭᠦᠦ ᠨᠠᠷ ᠨᠢ | ᠣᠰᠣᠯ ᠢᠶᠠᠷ ᠦᠷᠡᠭᠳᠡᠵᠦ᠂ ᠥᠪᠡᠷ ᠢᠶᠠᠨ ᠲᠠᠭ ᠰᠤᠬᠤᠷᠠᠭᠠᠳ ᠬᠠᠷᠠᠵᠤ ᠬᠠᠨᠳᠤᠬᠤ ᠬᠥᠮᠥᠨ ᠦᠭᠡᠢ ᠦᠢᠯᠡ ᠪᠠᠨ | ᠢᠳᠡᠭᠰᠡᠨ᠂ ᠣᠳᠣ ᠮᠢᠨᠤ ᠪᠠᠶᠢᠭ᠎ᠠ ᠠᠰᠠᠷᠠᠮᠵᠢᠨ ᠳᠤ ᠨᠢᠳᠦ ᠠᠨᠢᠭᠰᠠᠨ ᠰᠤᠷᠠᠭ ᠲᠠᠢ᠃ ᠠᠷᠭ᠎ᠠ ᠴᠦ ᠦᠭᠡᠢ ᠪᠢᠵᠡ | ᠳ᠋ᠡ᠂ ᠲᠡᠷᠡ ᠬᠥᠮᠥᠨ ᠤ ᠬᠢᠭᠰᠡᠨ ᠠᠷᠠᠨᠳᠠᠭ ( ᠨᠢᠬᠦᠯ ) ᠢ ᠡᠵᠢ ᠥᠬᠢᠨ ᠬᠤᠶᠠᠷ ᠴᠦ ᠡᠳ᠋ᠯᠡᠵᠦ ᠪᠠᠷᠠᠭ᠎ᠠ ᠦᠭᠡᠢ | ᠪᠠᠶᠢᠨ᠎ᠠ᠃ ᠡᠵᠢ ᠨᠢ ᠲᠡᠷᠡ ᠬᠥᠮᠥᠨ ᠵᠦᠪᠯᠡᠯᠳᠦ ᠳᠤ ᠰᠤᠷᠭᠠᠭᠤᠯᠢ ᠲᠡᠭᠦᠰᠦᠭᠰᠡᠨ ᠭᠢᠯᠠᠯᠵᠠᠭᠰᠠᠨ ᠴᠧᠺᠢᠰᠲ ( | ᠵᠦᠪᠯᠡᠯᠳᠦ ᠬᠤᠯᠪᠤᠭᠠᠳᠤ ᠤᠯᠤᠰ ᠲᠤ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤᠨ ᠤ ᠰᠤᠷᠭᠠᠭᠤᠯᠢ ᠶᠢ | ᠳᠡᠬᠦᠰᠦᠭᠰᠡᠨ ᠬᠦᠮᠦᠨ ᠢ ᠢᠩᠬᠢᠵᠦ ᠨᠡᠷᠡᠯᠡᠳᠡᠭ )᠂ ᠠᠷᠢᠬᠢ ᠲᠠᠮᠠᠬᠢ ᠬᠡᠷᠡᠭᠯᠡᠳᠡᠭ ᠦᠭᠡᠢ ᠲᠣᠮᠣᠭᠠᠲᠠᠢ ᠬᠥᠮᠥᠨ ᠭᠡᠵᠦ | ᠢᠲᠡᠭᠡᠭᠡᠳ ᠬᠠᠷ᠎ᠠ ᠨᠢᠯᠬ᠎ᠠ ᠪᠠᠷ ᠢᠶᠠᠨ ᠬᠠᠨᠢᠯᠠᠭᠰᠠᠨ ᠶᠤᠮ᠃ ᠲᠡᠷᠡ ᠯᠡ ᠴᠢ ᠪᠢᠳᠠ ᠬᠤᠶᠠᠷ ᠤᠨ ᠠᠮᠢᠳᠤᠷᠠᠯ ᠳᠤ | ᠠᠷᠢᠯᠬᠤ ᠦᠭᠡᠢ ᠬᠠᠷ᠎ᠠ ᠲᠣᠯᠪᠤ ᠦᠯᠡᠳᠡᠭᠡᠭᠰᠡᠨ᠂ ᠮᠢᠨᠤ ᠨᠠᠰᠤᠨ ᠤ ᠪᠥᠭᠰᠡᠨ ᠳᠤ ᠢᠩᠭᠢᠵᠦ ᠦᠢᠯᠡ ᠪᠠᠨ | ᠦᠵᠡᠬᠦ ᠶᠢᠨ ᠴᠤᠨᠳᠤᠩ (ᠳᠠᠪᠢᠯᠠᠩ ᠢᠷᠸ᠎ᠠ ᠪᠡᠯᠭᠡᠳᠡᠯ ) ᠪᠣᠯᠣᠭᠰᠠᠨ ᠠᠵᠢ᠃ ᠡᠴᠢᠭᠡ ᠴᠢᠨᠢ ᠲᠠᠩᠨᠠᠭᠤᠯ ᠤᠨ | ᠭᠠᠵᠠᠷ ᠨᠢᠭᠤᠴᠠ ᠠᠵᠢᠯ ᠬᠢᠳᠡᠭ ᠭᠡᠳ ᠭᠤᠣᠯ ᠲᠥᠯᠥᠪ ᠰᠥᠨᠢ ᠣᠷᠣᠢ ᠭᠠᠷᠴᠤ ᠶᠠᠪᠤᠭᠠᠳ ᠦᠷ ᠴᠦ᠊ᠷ ᠢᠶᠠᠷ | ᠤᠯᠠᠭᠠᠨ ᠨᠢᠳᠦᠯᠡᠭᠰᠡᠭᠡᠷ ᠢᠷᠠᠨ᠎ᠠ᠃ ᠪᠢ ᠲᠥᠷᠥ ᠶᠢᠨ ᠨᠢᠭᠤᠴᠠ ᠠᠯᠪᠠ ᠭᠡᠳ ᠶᠠᠭ ᠶᠠᠭᠤ ᠬᠢᠳᠡᠭ ᠢ ᠨᠢ | ᠰᠣᠨᠢᠷᠬᠠᠵᠤ ᠠᠰᠠᠭᠤᠳᠠᠭ ᠦᠭᠡᠢ ᠪᠠᠶᠢᠪᠠ᠃ | ᠴᠢᠮᠠᠶᠢ ᠬᠤᠶᠠᠷᠬᠠᠨ ᠰᠠᠷ᠎ᠠ ᠲᠠᠢ ᠤᠯᠠᠭᠠᠨ ᠨᠢᠯᠵᠠᠷᠠᠢ ᠪᠠᠶᠢᠬᠤ ᠳᠤ ᠪᠢ ᠰᠠᠨᠠᠮᠰᠠᠷ ᠦᠭᠡᠢ ᠲᠣᠬᠢᠶᠠᠯᠳᠤᠯ ᠢᠶᠠᠷ | ᠲᠡᠷᠡ ᠬᠥᠮᠥᠨ ᠤ ᠶᠠᠮᠠᠷ ᠠᠵᠢᠯ ᠬᠢᠳᠡᠭ ᠢ ᠣᠯᠵᠤ ᠮᠡᠳᠡᠭᠰᠡᠨ᠂ ᠲᠡᠶᠢᠮᠦ ᠠ᠋ ᠡᠴᠢᠭᠡ ᠴᠢᠨᠢ ᠭᠦᠢᠴᠡᠳᠬᠡᠭᠴᠢ ( | ᠦᠬᠦᠬᠦ ᠶᠠᠯᠠᠳᠠᠨ ᠢ ᠬᠤᠷᠤᠭᠠᠳᠠᠭ ᠬᠦᠮᠦᠨ ) ᠪᠠᠶᠢᠭᠰᠠᠨ ᠶᠤᠮ᠃ ᠭᠡᠮᠲᠡᠢ ᠭᠡᠮ ᠦᠭᠡᠢ ᠬᠡᠴᠢᠨᠡᠨ ᠣᠯᠠᠨ ᠬᠥᠮᠥᠨ ᠤ | ᠦᠷ᠎ᠡ ᠶᠢ ᠴᠢᠨᠠᠭᠰᠢ ᠬᠠᠷᠠᠭᠤᠯᠤᠭᠰᠠᠨ ᠶᠤᠮ ᠪᠦᠦ ᠮᠡᠳᠡ᠃ ᠡᠭᠦᠨ ᠢ ᠨᠢ ᠪᠠᠲᠤᠲᠠᠢ ᠮᠡᠳᠡᠭᠰᠡᠨ ᠪᠢ ᠵᠤᠷᠪᠤᠰ ᠪᠢᠴᠢᠵᠦ | ᠣᠷᠬᠢᠭᠠᠳ ᠥᠯᠥᠭᠡᠢ ᠲᠠᠢ ᠴᠢᠮᠠᠶᠢ ᠠᠪᠴᠤ ᠡᠪᠦᠯ ᠤᠨ ᠬᠦᠢᠲᠡᠨ ᠳᠤ ᠣᠷᠭᠤᠭᠰᠠᠨ ᠶᠤᠮ᠃ ᠬᠠᠮᠢᠶᠠᠲᠠᠨ ᠰᠠᠳᠤᠨ᠂ | ᠨᠠᠶᠢᠵᠠ ᠨᠦᠬᠦᠳ ᠤᠨ ᠢᠶᠠᠷ ᠢᠶᠠᠨ ᠪᠠᠶᠢᠪᠠᠯ ᠵᠠᠪᠤ ᠣᠯᠣᠭᠠᠳ ᠢᠷᠡᠬᠦ ᠠᠴᠠ ᠠᠶᠤᠵᠤ ᠲᠠᠨᠢᠬᠤ ᠦᠭᠡᠢ ᠠᠶᠢᠯ ᠤᠨ | ᠬᠠᠰᠢᠶᠠᠨ ᠳᠤ ᠭᠡᠷ ᠪᠠᠷᠢᠵᠤ ᠪᠠᠭᠤᠭᠠᠳ ᠮᠥᠨ ᠴᠦ ᠬᠡᠴᠡᠭᠦᠦ ᠪᠠᠶᠢᠭᠰᠠᠨ ᠳ᠋ᠠ᠃ ᠡᠷᠳᠡᠨᠢ ᠪᠣᠯᠣᠭᠰᠠᠨ ᠦᠷ᠎ᠡ ᠴᠢᠮᠠᠶᠢ | ᠲᠡᠶᠢᠮᠦ ᠮᠠᠭᠤ ᠢᠷᠸ᠎ᠠ ᠶᠢᠨ ᠠᠮᠢᠲᠠᠨ ᠤ ᠳᠡᠷᠭᠡᠳᠡ ᠥᠰᠬᠡᠨ᠎ᠡ ᠭᠡᠳᠡᠭ ᠤᠬᠠᠭᠠᠨ ᠰᠠᠨᠠᠭᠠᠨ ᠳᠤ ᠪᠠᠭᠲᠠᠬᠤ ᠦᠭᠡᠢ | ᠬᠡᠷᠡᠭ ᠪᠠᠶᠢᠯ᠎ᠠ᠃ ᠲᠡᠶᠢᠮᠦ ᠴᠦ ᠤᠴᠢᠷ ᠠᠴᠠ ᠴᠢᠮᠠᠶᠢ ᠥᠪᠡᠷ ᠢᠶᠠᠷ ᠢᠶᠠᠨ ᠣᠪᠣᠭᠯᠠᠵᠤ᠂ ᠨᠡᠷ᠎ᠡ ᠶᠢ ᠴᠢᠨᠢ | ᠥᠭᠡᠷᠡᠴᠢᠯᠡᠭᠡᠳ ᠲᠥᠷᠥᠭᠰᠡᠨ ᠤ ᠭᠡᠷᠡᠴᠢᠯᠡᠭᠡ᠂ ᠪᠢᠴᠢᠭ ᠪᠠᠷᠢᠮᠲᠠ ᠰᠣᠯᠢᠭᠤᠯᠵᠤ ᠠᠪᠬᠤ ᠭᠡᠵᠦ ᠬᠢᠷᠢᠨ ᠳᠡᠭᠡᠨ | ᠵᠦᠳᠡᠷᠡᠭᠰᠡᠨ ᠶᠤᠮ᠃ ᠢᠳᠡᠷ ᠶᠢᠰᠦ ᠪᠠᠷ ᠨᠢᠯᠬ᠎ᠠ ᠪᠡᠶ᠎ᠡ ᠲᠠᠢ ᠡᠮᠡᠭᠲᠡᠢ᠂ ᠤᠯᠠᠭᠠᠨ ᠨᠢᠯᠵᠠᠷᠠᠢ ᠥᠬᠢᠨ ᠬᠤᠶᠠᠷ | ᠰᠡᠶᠢᠮᠡᠬᠡᠢ ᠲᠦᠷᠪᠡᠨ ᠬᠠᠨᠠᠳᠤ ᠳᠤ ᠮᠥᠩᠭᠦ ᠴᠠᠭᠠᠨᠰᠣ᠂ ᠬᠤᠭᠤᠯᠠ ᠤᠮᠳᠠ ᠮᠠᠭᠤᠲᠠᠢ᠂ ᠲᠡᠷᠡ ᠬᠥᠮᠥᠨ ᠢ ᠬᠡᠵᠢᠶ᠎ᠡ | ᠣᠷᠣᠭᠠᠳ ᠢᠷᠡᠬᠦ ᠪᠣᠯ ᠭᠡᠵᠦ ᠠᠶᠤᠵᠤ ᠰᠠᠭᠤᠬᠤ ᠯᠡ ᠬᠠᠮᠤᠭ ᠤᠨ ᠬᠡᠴᠡᠭᠦᠦ ᠪᠠᠶᠢᠵᠠᠢ᠃ ᠵᠠᠪᠤ ᠬᠠᠮᠢᠭ᠎ᠠ ᠣᠴᠢᠵᠤ | ᠡᠷᠢᠯ ᠰᠤᠷᠠᠯ ᠪᠣᠯᠵᠤ ᠰᠦᠢᠳ ᠪᠣᠯᠣᠯ ᠦᠭᠡᠢ ᠬᠡᠳᠦᠬᠡᠨ ᠰᠠᠷ᠎ᠠ ᠶᠢᠨ ᠳᠠᠷᠠᠭ᠎ᠠ ᠪᠠᠰᠠ ᠨᠢᠭᠡ ᠵᠠᠯᠠᠭᠤ ᠥᠬᠢᠨ ᠲᠠᠢ | ᠳᠡᠷᠡ ᠨᠡᠶᠢᠯᠡᠭᠦᠯᠦᠭᠰᠡᠨ ᠭᠡᠵᠦ ᠳᠤᠭᠤᠯᠳᠠᠭᠰᠠᠨ᠃ ᠪᠢ ᠭᠡᠳᠡᠭ ᠲᠡᠨᠡᠭ ᠬᠥᠮᠥᠨ ᠡᠴᠢᠭᠡ ᠶᠢᠨ ᠴᠢᠨᠢ ᠨᠠᠮᠠᠶᠢ | ᠡᠷᠭᠢᠭᠦᠯᠵᠦ ᠪᠠᠶᠢᠬᠤ ᠳᠠᠭᠠᠨ ᠪᠡᠯᠡᠭᠯᠡᠭᠰᠡᠨ ᠭᠡᠵᠢᠭᠡᠨ ᠤ ᠳᠠᠷᠤᠭᠤᠯᠭ᠎ᠠ ᠶᠢ ᠴᠢᠮ᠎ᠠ ᠳᠤ ᠬᠡᠷᠡᠭ ᠪᠣᠯᠣᠨ᠎ᠠ ᠭᠡᠳ ᠬᠠᠪ | ᠳᠠᠷᠤᠭᠠᠳ ᠭᠠᠢ ᠳᠠᠭᠤᠳᠠᠭᠠᠳ ᠪᠠᠶᠢᠭᠰᠠᠨ ᠢᠶᠠᠨ ᠣᠳᠣ ᠯᠡ ᠤᠬᠠᠭᠠᠷᠠᠵᠤ᠂ ᠬᠠᠷ᠎ᠠ ᠲᠣᠯᠣᠭᠠᠢ ᠪᠠᠨ ᠰᠢᠭᠠᠵᠦ | ᠪᠠᠶᠢᠨ᠎ᠠ᠃ ᠮᠢᠨᠤ ᠥᠬᠢᠨ ᠡᠭᠦᠨ ᠢ ᠵᠠᠷᠤᠵᠤ ᠪᠣᠷᠣᠯᠠᠭᠤᠯᠤᠭᠠᠳ ᠪᠦᠭᠦᠳᠡᠭᠡᠷ ᠨᠢ ᠥᠭᠯᠢᠭᠡ ᠥᠭᠴᠦ᠂ ᠪᠢᠳᠠ | ᠬᠤᠶᠠᠷ ᠤᠨ ᠠᠷᠤ ᠠᠴᠠ ᠪᠤᠶᠠᠨ ᠬᠢᠭᠡᠷᠡᠢ᠂ ᠬᠤᠶᠠᠷ ᠯᠠᠩ ᠰᠢᠵᠢᠷ ᠠᠯᠲᠠ ᠣᠷᠣᠭᠰᠠᠨ ᠶᠤᠮ ᠰᠢᠦ᠃ | ᠬᠠᠷᠢᠨ ᠮᠢᠨᠤ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠪᠤᠯᠤᠷ ᠡᠭᠡᠮᠦᠭ᠂ ᠳᠣᠲᠣᠷ᠎ᠠ ᠪᠠᠨ ᠡᠷᠡᠭᠡᠢ | ᠶᠢᠨ ᠥᠨᠳᠡᠭᠡᠨ ᠤ ᠳᠠᠶᠢᠲᠠᠢ ᠠᠯᠲᠠᠨ ᠽᠦᠩᠺᠪᠠ ᠪᠤᠷᠬᠠᠨ ᠪᠦᠬᠦᠢ ᠮᠥᠩᠭᠦᠨ ᠭᠤᠤ ᠲᠠᠢ ᠰᠠᠬᠢᠭᠤᠰᠤ᠂ ᠴᠢᠮ᠎ᠠ ᠳᠤ | ᠯᠡ ᠭᠡᠵᠦ ᠬᠠᠳᠠᠭᠠᠯᠠᠭᠰᠠᠨ ᠬᠡᠳᠦᠨ ᠬᠠᠯᠲᠠᠷ ᠲᠥᠭᠦᠷᠢᠭ ᠲᠤ ᠨᠢᠭᠦᠯ ᠬᠢᠯᠢᠨᠴᠡ ᠪᠠᠶᠢᠬᠤ ᠦᠭᠡᠢ᠃ ᠪᠢ ᠴᠢᠮᠠᠶᠢ | ᠰᠣᠯᠣᠩᠭᠤᠰ ᠲᠤ ᠶᠠᠪᠤᠬᠤ ᠳᠤ ᠪᠠᠶᠢᠷᠢ ᠪᠠᠨ ᠠᠪᠴᠤ ᠴᠢᠳᠠᠬᠤ ᠦᠭᠡᠢ ᠪᠠᠨ ᠮᠡᠳᠡᠷᠡᠭᠡᠳ ᠭᠷᠦ᠋ᠫ ᠤᠨ ᠢᠶᠠᠨ ᠬᠡᠳᠦ ᠪᠠᠷ | ᠪᠠᠩᠬᠢ ᠶᠢᠨ ᠬᠦᠦ᠂ ᠪᠠᠶᠢᠷᠢᠨ ᠤ ᠮᠥᠩᠭᠦ ᠪᠠᠨ ᠴᠦ ᠲᠥᠯᠥᠬᠦ ᠦᠭᠡᠢ ᠬᠠᠳᠠᠭᠠᠯᠠᠭᠰᠠᠨ᠂ ︿ᠶᠠᠭᠠᠬᠢᠬᠤᠪ ᠬᠤᠵᠢᠮ | ᠥᠬᠢᠨ ᠳᠤ ᠮᠢᠨᠢ ᠬᠡᠷᠡᠭ ᠪᠣᠯᠬᠤ ᠴᠦ ᠪᠢᠯᠡ ᠦᠦ ᠬᠥᠭᠡᠷᠦᠬᠦᠢ ᠮᠢᠨᠢ﹀ ᠭᠡᠵᠦ ᠪᠣᠳᠣᠵᠤ ᠶᠠᠪᠤᠯ᠎ᠠ᠃ ᠠᠰᠠᠷᠠᠮᠵᠢ ᠬᠡᠮᠡᠬᠦ | ᠡᠨᠡ ᠪᠤᠶᠠᠨ ᠲᠠᠢ ᠭᠠᠵᠠᠷ ᠢᠷᠡᠨ ᠢᠷᠡᠳᠡᠯ᠎ᠡ ᠪᠠᠨ ᠡᠵᠢ ᠨᠢ ᠣᠯᠢᠭ ᠲᠠᠢ ᠴᠦ ᠬᠤᠭᠤᠯᠠ ᠢᠳᠡᠭᠡ ᠦᠭᠡᠢ ᠥᠯᠥᠩ | ᠵᠡᠯᠮᠡᠭᠦᠨ ᠪᠠᠶᠢᠵᠤ ᠬᠡᠳᠦᠨ ᠲᠥᠭᠦᠷᠢᠭ ᠢᠶᠠᠨ ᠬᠤᠷᠠᠮᠳᠤᠯᠠᠭᠤᠯᠤᠭᠰᠠᠨ ᠶᠤᠮ ᠰᠢᠦ᠃ ᠯᠠᠪ ᠯᠡ ᠰᠠᠶᠢᠨ ᠢ ᠨᠢ ᠪᠢᠰᠢ | ᠶᠤᠮ ᠠ᠋ ᠭᠡᠬᠦ ᠳᠤ ᠰᠠᠭᠠᠷ ᠨᠢ ᠴᠦ ᠪᠣᠯᠲᠤᠭᠠᠢ ᠨᠢᠭᠡ ᠬᠥᠯ ᠳᠡᠭᠦᠵᠢᠯᠡᠬᠦ ᠤᠨᠤᠭ᠎ᠠ ᠠᠪᠴᠤ ᠠᠪᠴᠦ ᠬᠦᠷᠬᠦ ᠪᠠᠶᠢᠬ᠎ᠠ᠃ | ᠥᠬᠢᠨ ᠮᠢᠨᠢ ᠡᠭᠦᠨ ᠠᠴᠠ ᠬᠠᠳᠠᠭᠠᠯᠠᠬᠤ ᠶᠢ ᠨᠢ ᠬᠠᠳᠠᠭᠠᠯᠠᠵᠤ᠂ ᠵᠠᠷᠤᠵᠤ ᠦᠷᠡᠬᠦ ᠶᠢ ᠨᠢ ᠵᠠᠷᠤᠵᠤ ᠦᠷᠡᠭᠡᠷᠡᠢ᠃ | ᠡᠴᠦᠰ ᠲᠤ ᠨᠢ ᠡᠵᠢ ᠨᠢ ᠦᠷ᠎ᠡ ᠳᠡᠭᠡᠨ ᠭᠠᠭᠴᠠᠬᠠᠨ ᠵᠦᠢᠯ ᠵᠠᠬᠢᠶ᠎ᠠ᠃ ᠪᠢ ᠤᠯᠠᠭᠠᠨ ᠭᠤᠣᠯ᠂ ᠡᠴᠦᠰ ᠤᠨ | ᠠᠮᠢᠰᠬᠤᠯ ᠢᠶᠠᠨ ᠲᠠᠰᠤᠷᠠᠲᠠᠯ᠎ᠠ ᠭᠠᠭᠴᠠᠬᠠᠨ ᠴᠢᠨᠦ ᠲᠥᠯᠥᠭᠡ ᠵᠠᠯᠪᠠᠷᠢᠬᠤ ᠪᠣᠯᠣᠨ᠎ᠠ᠃ ᠴᠢ ᠬᠤᠵᠢᠮ ᠴᠦ ᠬᠠᠮᠢᠶ᠎ᠠ | ᠦᠭᠡᠢ ᠨᠢᠭᠡᠨ ᠴᠠᠭ ᠲᠤ ᠡᠵᠢ ᠪᠠᠨ ᠠᠭᠤᠴᠢᠯᠠᠵᠤ᠂ ᠮᠢᠨᠤ ᠴᠢᠮᠠᠶᠢ ᠭᠡᠬᠦ ᠰᠡᠳᠬᠢᠯ ᠢ ᠵᠥᠪ ᠤᠬᠠᠭᠠᠷᠠᠪᠠᠯ ᠥᠭᠡᠷ᠎ᠡ | ᠬᠦᠰᠡᠬᠦ ᠵᠦᠢᠯ ᠦᠭᠡᠢ᠃ ᠡᠪᠡᠢ ᠦᠷ᠎ᠡ ᠮᠢᠨᠢ᠂ ᠡᠵᠢ ᠨᠢ ᠥᠬᠢᠨ ᠢᠶᠠᠨ ᠦᠨᠦᠰᠦᠶ᠎ᠡ᠃︾ | | ︵ᠤᠯᠠᠭᠠᠨᠪᠠᠭᠠᠳᠤᠷ ᠬᠦᠬᠡᠬᠤᠳᠠ 2008 — 2011 ᠤᠨ︶ | ᠡᠬᠢ ᠰᠤᠷᠪᠤᠯᠵᠢ >>> | |