ᠮᠤᠩᠭᠤᠯ ᠪᠢᠴᠢᠭ ᠤᠨ ᠰᠦᠯᠵᠢᠶᠡᠨ ᠨᠡᠪᠲᠡᠷᠬᠡᠢ ᠲᠤᠯᠢ — ︽ᠸᠢᠺᠢ ᠤᠬᠠᠭᠠᠨ︾ ᠤ ᠰᠢᠨ᠎ᠡ ᠬᠡᠪ 3 | ᠰᠠᠷ᠎ᠠ ᠶᠢᠨ 20 ᠤ ᠡᠳᠦᠷ ᠬᠡᠷᠡᠭᠯᠡᠭᠴᠢᠳ ᠲᠠᠢ ᠵᠤᠯᠭᠠᠯ᠎ᠠ᠃ ᠢᠨᠲ᠋ᠧᠷ ᠰᠦᠯᠵᠢᠶ᠎ᠠ ᠠᠰᠢᠭᠯᠠᠭᠴᠢᠳ ᠤᠨ ᠬᠡᠷᠡᠭᠯᠡᠭᠡ᠂ | ᠰᠤᠷᠤᠯᠴᠠᠯᠭ᠎ᠠ ᠳᠤ ᠵᠤᠷᠢᠭᠤᠯᠤᠭᠳᠠᠭᠰᠠᠨ ᠡᠯ᠎ᠡ ᠲᠦᠷᠦᠯ ᠤᠨ ᠰᠢᠨᠵᠢᠯᠡᠬᠦ ᠤᠬᠠᠭᠠᠨ ᠤ ᠮᠡᠳᠡᠯᠬᠡ᠂ ᠮᠠᠲ᠋ᠧᠷᠢᠶᠠᠯ | ᠰᠠᠯᠳᠠ ᠶᠢ ᠬᠠᠮᠤᠷᠤᠨ ᠪᠠᠭᠳᠠᠭᠠᠭᠰᠠᠨ ︽ᠸᠢᠺᠢ ᠤᠬᠠᠭᠠᠨ︾ ᠨᠢ ᠡᠶᠢᠨᠬᠦ ᠰᠢᠨ᠎ᠡ ᠡᠷᠡᠨ᠂ ᠰᠢᠨ᠎ᠡ ᠲᠧᠭᠨᠢᠭ ᠮᠡᠷᠭᠡᠵᠢᠯ | ᠂ ᠰᠢᠨ᠎ᠡ ᠨᠡᠷ᠎ᠡ ᠲᠤᠮᠢᠶ᠎ᠠ ᠶᠢ ᠮᠤᠩᠭᠤᠯ ᠪᠢᠴᠢᠭ ᠢᠶᠠᠷ ᠲᠡᠮᠳᠡᠭᠯᠡᠨ ᠬᠤᠴᠤᠷᠭᠠᠵᠤ᠂ ᠲᠦᠬᠡᠬᠡᠨ ᠲᠡᠯᠬᠡᠷᠡᠬᠦᠯᠬᠦ ᠶᠢᠨ | ᠲᠤᠮᠤᠬᠠᠨ ᠲᠠᠪᠴᠠᠩ ᠪᠤᠯᠵᠤ ᠪᠠᠶᠢᠨ᠎ᠠ᠃ ︽ᠣᠬᠠᠭᠠᠨ︾ ᠪᠠᠭ ᠤᠨ ᠬᠢᠨ ᠤ ᠡᠬᠦᠰᠬᠡᠨ ᠠᠵᠢᠯᠯᠠᠭᠤᠯᠤᠭᠰᠠᠨ ᠡᠨᠡᠬᠦ | ᠰᠦᠯᠵᠢᠶ᠎ᠠ ᠳᠤ ᠬᠦᠮᠦᠨ ᠪᠤᠯᠭᠠᠨ ᠺᠤᠮᠫᠢᠦ᠋ᠲ᠋ᠧᠷ ᠪᠤᠶᠤ ᠭᠠᠷ ᠤᠲᠠᠰᠤ ᠪᠠᠷ ᠬᠤᠯᠪᠤᠭᠳᠠᠵᠤ᠂ ᠣᠩᠰᠢᠬᠤ᠂ ᠬᠠᠶᠢᠬᠤ᠂ | ᠠᠰᠢᠭᠯᠠᠬᠤ᠂ ᠵᠠᠰᠠᠪᠣᠷᠢᠯᠠᠬᠤ ᠪᠤᠶᠤ ᠨᠦᠬᠦᠪᠦᠷᠢᠯᠡᠨ ᠪᠠᠶᠠᠯᠢᠭᠵᠢᠭᠤᠯᠵᠤ ᠪᠤᠯᠤᠨ᠎ᠠ᠃ ᠲᠤᠰ ᠰᠦᠯᠵᠢᠶ᠎ᠠ ᠳᠤ ᠤᠳᠤ | ᠳᠠᠭᠠᠨ ᠬᠤᠶᠠᠷ ᠲᠦᠮᠡ ᠰᠢᠬᠠᠮ ᠦᠬᠦᠯᠡᠯ᠂ ᠬᠤᠶᠠᠷ ᠲᠦᠮᠡ ᠲᠦᠷᠪᠡᠨ ᠮᠢᠩᠭ᠎ᠠ ᠭᠠᠷᠦᠢ ᠵᠢᠷᠤᠭ ᠲᠠᠢ᠃ | ︽ᠸᠢᠺᠢ ᠤᠬᠠᠭᠠᠨ︾ ᠰᠦᠯᠵᠢᠶ᠎ᠡ ᠶᠢᠨ ᠠᠩᠬᠠᠨ ᠤ ᠬᠡᠪ ᠨᠢ 2014 ᠣᠨ ᠤ 3 ᠰᠠᠷ᠎ᠠ ᠳᠤ | ᠨᠡᠶᠢᠳᠡᠯᠡᠭᠳᠡᠭᠰᠡᠨ ᠪᠤᠯᠪᠠᠴᠦ ᠣᠯᠠᠨ ᠲᠠᠯ᠎ᠠ ᠠᠴᠠ ᠰᠢᠯᠲᠠᠭᠠᠯᠠᠨ ᠪᠤᠳᠠᠳᠠᠢ ᠬᠡᠷᠡᠭᠯᠡᠯᠲᠠ ᠳᠤ ᠬᠦᠷᠴᠦ ᠴᠢᠳᠠᠭ᠎ᠠ ᠦᠭᠡᠢ | ᠪᠠᠶᠢᠵᠠᠢ᠃ ︽ᠸᠢᠺᠢ ᠤᠬᠠᠭᠠᠨ︾ ᠬᠡᠳᠡᠭ ᠨᠢ ︽ᠰᠤᠣ ᠤᠬᠠᠭᠠᠨ︾᠂ ︽ᠬᠠᠳᠤᠨ ᠣᠬᠠᠭᠠᠨ︾᠂ ︽ᠰᠢᠨᠵᠢᠯᠡᠬᠦ | ᠣᠬᠠᠭᠠᠨ︾ ᠬᠡᠬᠦ ᠮᠡᠳᠦ ᠶᠢᠨ ᠮᠤᠩᠭᠤᠯᠴᠤᠳ ᠤᠨ ᠣᠢ ᠪᠢᠯᠢᠭ᠂ ᠣᠣᠷ ᠴᠢᠳᠠᠪᠣᠷᠢ᠂ ᠣᠶᠢᠯᠠᠭᠠᠨ ᠮᠡᠳᠡᠷᠡᠬᠦᠢ ᠶᠢᠨ | ᠪᠡᠯᠭᠡᠳᠡᠯ ᠪᠤᠯᠭᠠᠵᠤ ᠬᠡᠷᠡᠭᠯᠡᠳᠡᠭ ᠦᠭᠡ ᠨᠦᠭᠦᠳ ᠲᠠᠢ ᠤᠳᠬ᠎ᠠ ᠬᠠᠷᠠᠭᠠᠯᠵᠠᠨ᠎ᠠ᠃ ︽ᠸᠢᠺᠢ︾ ᠭᠡᠳᠡᠭ ᠨᠢ ᠪᠤᠰᠢᠭᠤ | ᠂ ᠰᠢᠭᠤᠷᠬᠠᠢ ᠭᠡᠬᠦ ᠦᠨᠳᠦᠰᠦᠨ ᠣᠳᠬ᠎ᠠ ᠪᠦᠬᠦᠢ ᠬᠠᠸᠠᠶ᠋ᠶ ᠭᠠᠷᠤᠯ ᠲᠠᠢ ᠦᠭᠡ ᠪᠠᠶᠢᠭᠰᠠᠨ ᠪᠤᠯ ᠤᠳᠤ ᠬᠦᠮᠦᠨ | ᠪᠤᠯᠭᠠᠨ ᠢᠨᠲ᠋ᠧᠷᠨᠧᠲ ᠲᠠᠪᠴᠠᠩ ᠢᠶᠠᠷ ᠳᠠᠮᠵᠢᠨ ᠣᠷᠣᠯᠴᠠᠵᠣ ᠪᠤᠯᠳᠠᠭ ᠴᠢᠯᠦᠭᠡᠲᠠᠢ᠂ ᠨᠡᠭᠡᠭᠡᠯᠲᠡᠳᠡᠢ ᠭᠡᠬᠦ ᠤᠳᠬ᠎ᠠ | ᠪᠠᠷ ᠳᠠᠨᠢᠬᠳᠠᠵᠦ ᠪᠤᠢ᠃ | ︽ᠸᠢᠺᠢ ᠣᠬᠠᠭᠠᠨ︾ ᠤ ᠦᠬᠦᠯᠡᠯ ᠵᠤᠬᠢᠶᠠᠯ ᠨᠢ ᠣᠯᠠᠨ ᠬᠦᠮᠦᠰ ᠤᠨ ᠬᠠᠮᠳᠤ ᠶᠢᠨ ᠪᠦᠳᠦᠭᠡᠭᠳᠡᠬᠦᠨ | ᠪᠠᠶᠢᠳᠠᠭ᠂ ᠬᠠᠷᠢᠨ ᠠᠯᠢ ᠨᠢᠭᠡᠨ ᠵᠤᠬᠢᠶᠠᠭᠴᠢ ᠳᠤ ᠭᠠᠭᠴᠠᠭᠠᠷ ᠦᠮᠴᠢᠯᠡᠭᠳᠡᠬᠦ ᠦᠭᠡᠢ᠃ ᠵᠠᠰᠠᠵᠤ ᠵᠠᠯᠠᠷᠠᠭᠤᠯᠬᠤ | ᠪᠤᠶᠤ ᠰᠢᠨ᠎ᠡ ᠠᠭᠤᠯᠭ᠎ᠠ ᠨᠡᠮᠡᠷᠢᠯᠡᠬᠦ ᠦᠶᠡᠰ ᠰᠦᠯᠵᠢᠶᠡᠨ ᠳᠤ ᠪᠦᠷᠢᠳᠬᠡᠭᠦᠯᠦᠭᠰᠡᠨ ᠪᠠᠶᠢᠬᠤ ᠬᠡᠷᠡᠭᠲᠡᠢ᠃ ᠵᠢᠱᠢᠶᠠᠯᠠᠪᠠᠯ | ᠂ ︽ᠰᠢᠯᠢ ᠶᠢᠨ ᠭᠤᠣᠯ︾ ᠭᠡᠳᠡᠭ ᠦᠬᠦᠯᠡᠯ ᠠᠭᠤᠯᠭ᠎ᠠ ᠶᠢᠨ ᠬᠤᠪᠢ ᠳᠤ ᠬᠠᠷᠠᠬᠠᠨ ᠲᠤᠳᠠᠮᠠᠭ᠂ ᠦᠰᠦᠭ ᠤᠨ | ᠠᠯᠳᠠᠭ᠎ᠠ ᠴᠦ ᠪᠠᠭ᠎ᠠ ᠦᠭᠡᠢ᠂ ᠡᠬᠦᠨ ᠳᠤ ᠣᠩᠰᠢᠭᠴᠢ ᠲᠠ ᠭᠡᠷᠪᠡ ᠰᠢᠯᠢ ᠶᠢᠨ ᠭᠤᠣᠯ ᠤᠨ ᠦᠦᠭᠡ ᠲᠡᠦᠭᠡ ᠶᠢ | ᠰᠠᠶᠢᠨ ᠣᠶᠢᠯᠠᠭᠠᠳᠠᠭ ᠪᠤᠯ ᠰᠢᠭᠤᠳ ︽ᠵᠠᠰᠠᠪᠣᠷᠢᠯᠠᠬᠤ︾ ᠲᠠᠷᠤᠪᠴᠢ ᠶᠢ ᠲᠠᠷᠤᠵᠤ ᠲᠤᠰ ᠵᠤᠬᠢᠶᠠᠯ ᠢ ᠵᠠᠰᠠᠵᠤ | ᠪᠠᠶᠠᠯᠢᠭᠵᠢᠭᠤᠯᠵᠤ ᠪᠤᠯᠬᠤ ᠪᠦᠷᠢᠨ ᠡᠷᠭᠡ ᠲᠠᠢ᠃ ᠡᠶᠢᠮᠦ ᠣᠨᠴᠠᠯᠢᠭ ᠢᠶᠠᠷ ᠢᠶᠠᠨ ᠸᠢᠺᠢ ᠣᠬᠠᠭᠠᠨ ᠨᠢ ᠪᠤᠰᠤᠳ | ᠪᠦᠷᠭᠡ ᠰᠦᠯᠵᠢᠶ᠎ᠡ ᠨᠦᠭᠦᠳ ᠠᠴᠠ ᠢᠯᠭᠠᠭᠳᠠᠨ᠎ᠠ᠃ | ᠡᠬᠦᠨ ᠠᠴᠠ ᠭᠠᠳᠠᠨ᠎ᠠ᠂ ᠡᠨᠡ ᠰᠦᠯᠵᠢᠶ᠎ᠡ ᠶᠢ unicode ᠳᠤ ᠰᠠᠭᠤᠷᠢᠯᠠᠵᠤ ᠪᠦᠳᠦᠭᠡᠭᠰᠡᠨ ᠪᠤᠯᠪᠠᠴᠦ | ᠣᠯᠠᠨ ᠬᠡᠷᠡᠭᠯᠡᠭᠴᠢᠳ ᠤᠨ ᠮᠦᠩᠭᠡ ᠭᠠᠯ ᠢ ᠬᠡᠷᠡᠭᠯᠡᠵᠦ ᠳᠠᠳᠤᠭᠰᠠᠨ ᠪᠠᠶᠢᠳᠠᠯ ᠢ ᠦᠨᠳᠦᠰᠦᠯᠡᠨ ᠮᠦᠩᠭᠡ ᠭᠠᠯ ᠺᠣᠳ᠋ | ᠢ ᠬᠠᠪᠰᠤᠷᠭᠠᠨ ᠲᠤᠬᠢᠷᠠᠭᠤᠯᠤᠭᠰᠠᠨ ᠪᠠᠶᠢᠨ᠎ᠠ᠃ ᠬᠡᠷᠡᠭᠯᠡᠭᠴᠢᠳ unicode ᠳᠤ ᠰᠠᠭᠤᠷᠢᠯᠠᠭᠰᠠᠨ ᠦᠰᠦᠭ | ᠣᠷᠤᠭᠤᠯᠬᠤ ᠠᠷᠭ᠎ᠠ ᠪᠤᠶᠤ ᠮᠦᠩᠭᠡ ᠭᠠᠯ ᠦᠰᠦᠭ ᠣᠷᠤᠭᠤᠯᠬᠤ ᠠᠷᠭ᠎ᠠ ᠶᠢ ᠴᠢᠯᠦᠭᠡᠳᠡᠢ ᠰᠤᠩᠭᠤᠨ ᠭᠡᠷᠡᠭᠯᠡᠵᠤ | ᠪᠤᠯᠤᠨ᠎ᠠ᠃ | ︽ᠡᠭᠡ ᠭᠡᠯᠡᠨ ᠤ ᠪᠤᠯᠪᠠᠰᠤᠷᠠᠩᠭᠤᠢ ᠸᠢᠺᠢ ᠲᠠᠪᠴᠠᠩ ᠪᠠᠶᠢᠬᠤ ᠡᠰᠡᠬᠦ ᠨᠢ ᠡᠨᠡ ᠦᠨᠳᠦᠰᠦᠳᠡᠨ ᠤ ᠲᠡᠯᠡᠭᠡᠢ | ᠶᠢᠨ ᠪᠤᠯᠪᠠᠰᠤᠨ ᠯᠤᠭ᠎ᠠ ᠬᠢᠷᠢ ᠵᠠᠢ ᠲᠠᠢ ᠪᠠᠶᠢᠭ᠎ᠠ ᠶᠢᠨ ᠬᠢᠨᠢ ᠬᠡᠮᠵᠢᠬᠦᠷ ᠤᠨ ᠨᠢᠬᠡ ᠬᠡᠵᠦ ᠪᠢ ᠦᠵᠡᠨ᠎ᠡ᠃ | ᠣᠳᠤᠬᠠᠨ ᠳᠤ ᠮᠤᠩᠭᠤᠯ ᠪᠢᠴᠢᠭ ᠤᠨ ᠰᠦᠯᠵᠢᠶ᠎ᠡ ᠨᠦᠭᠦᠳ ᠵᠤᠬᠢᠬᠤ ᠬᠡᠮᠵᠢᠶᠠᠨ ᠤ ᠬᠦᠭᠵᠢᠯᠳᠡ ᠪᠠᠨ ᠣᠯᠵᠤ | ᠪᠠᠶᠢᠭ᠎ᠠ ᠪᠤᠯᠪᠠᠴᠤ ᠤᠯᠠᠩᠬᠢ ᠲᠤᠬᠢᠶᠠᠯᠳᠤᠯ ᠳᠤ ᠬᠢᠳᠠᠳ ᠢᠶᠠᠷ ᠯᠠ᠂ ᠡᠰᠡᠬᠦᠯ᠎ᠡ ᠠᠩᠭ᠍ᠯᠢ ᠪᠠᠷ ᠯᠠ ᠰᠢᠨ᠎ᠡ ᠦᠭᠡᠰ ᠢ | ᠶᠠᠷᠢᠳᠠᠭ ᠪᠤᠯᠤᠭᠰᠠᠨ᠂ ᠡᠬᠦᠨ ᠢ ᠬᠤᠪᠢ ᠬᠦᠮᠦᠨ ᠤ ᠣᠬᠠᠮᠰᠠᠷ ᠲᠤ ᠨᠠᠶᠢᠳᠠᠵᠤ ᠰᠢᠬᠦᠮᠵᠢᠯᠡᠬᠦ ᠠᠴᠠ ᠡᠮᠦᠨ᠎ᠡ ᠠᠷᠭ᠎ᠠ | ᠪᠠᠷᠢᠯ ᠤᠨ ᠬᠤᠪᠢ ᠳᠤ ᠰᠢᠢᠳᠪᠦᠷᠢᠯᠡᠬᠦ ᠵᠠᠮ ᠡᠷᠢᠯᠬᠢᠯᠡᠬᠦ ᠨᠢ ᠨᠡᠩ ᠲᠤᠯᠭᠠᠮ᠎ᠠ ᠪᠤᠯᠤᠭᠠᠳ ᠪᠠᠶᠢᠭ᠎ᠠ ᠶᠤᠮ᠃ ︿ᠸᠢᠺᠢ | ᠤᠬᠠᠭᠠᠨ﹀ ᠤᠳᠤᠬᠠᠨ ᠳᠠᠭᠠᠨ ᠣᠯᠠᠨ ᠠᠰᠠᠭᠤᠳᠠᠯ ᠣᠷᠤᠰᠢᠵᠤ ᠪᠠᠶᠢᠬᠤ ᠨᠢ ᠳᠠᠮᠵᠢᠭ ᠦᠭᠡᠢ᠃ ᠵᠢᠱᠢᠶᠠᠯᠠᠪᠠᠯ | ᠦᠬᠦᠯᠡᠯ ᠵᠤᠬᠢᠶᠠᠯ ᠢ ᠺᠢᠷᠢᠯ ᠠᠴᠠ ᠣᠶᠢᠭᠤᠷᠵᠢᠨ ᠮᠤᠩᠭᠤᠯ ᠳᠤ ᠬᠦᠷᠪᠡᠬᠦᠯᠬᠦ ᠶᠠᠪᠤᠴᠠ ᠳᠤ ᠲᠠᠰᠢᠶ᠎ᠠ ᠦᠰᠦᠭ | ᠴᠦᠬᠡᠨ ᠪᠤᠰᠤ ᠢᠯᠠᠷᠠᠵᠤ ᠪᠠᠶᠢᠨ᠎ᠠ᠂ ᠡᠬᠦᠨ ᠢ ᠰᠠᠶᠢᠵᠢᠷᠠᠭᠤᠯᠵᠤ ᠲᠡᠬᠦᠯᠳᠡᠷᠵᠢᠬᠦᠯᠬᠦ ᠶᠢᠨ ᠲᠦᠯᠦᠬᠡ ᠪᠢᠳᠡᠨ ᠤ ᠪᠠᠭ | ᠤᠨ ᠬᠢᠨ ᠦᠷᠬᠦᠯᠵᠢᠯᠠᠨ ᠴᠢᠷᠮᠠᠶᠢᠬᠤ ᠪᠤᠯᠤᠨ᠎ᠠ᠂ ᠬᠡᠪᠡᠴᠦ ᠬᠡᠷᠡᠭᠯᠡᠭᠴᠢ ᠪᠦᠬᠦᠨ ᠤ ᠬᠠᠮᠳᠤ ᠶᠢᠨ ᠤᠷᠤᠯᠴᠠᠯᠭ᠎ᠠ | ᠬᠠᠮᠤᠭ ᠠᠴᠠ ᠴᠢᠬᠤᠯᠠ ᠪᠢᠯᠡ︾ ᠬᠡᠵᠤ ︽ᠤᠬᠠᠭᠠᠨ︾ ᠪᠠᠭ ᠤᠨ ᠬᠢᠨ ᠢᠯᠡᠷᠬᠡᠶᠢᠯᠠᠵᠤ ᠪᠠᠶᠢᠯ᠎ᠠ᠃ | |