ᠰᠦᠷᠦᠭ ᠤᠨ ᠮᠠᠩᠯᠠᠢ ᠶᠢᠨ ᠦᠢᠯᠡᠳᠤᠯ
ᠨᠡᠶᠢᠲᠡᠯᠡᠭᠰᠡᠨ ᠴᠠᠭ᠄
2016/3/31
        ᠮᠠᠯ ᠢ ᠰᠦᠷᠦᠭ ᠢᠶᠠᠷ ᠨᠢᠬᠡᠴᠢ ᠪᠤᠯᠭᠠᠨ ᠬᠠᠷᠢᠭᠤᠯᠬᠤ ᠨᠢ ᠮᠠᠯ ᠤᠨ ᠪᠦᠯᠬᠦᠮᠳᠡᠯ ᠨᠢᠭᠳᠠᠷᠠᠯ ᠢ ᠴᠢᠩᠭᠠᠳᠬᠠᠬᠤ ᠳᠤ ᠮᠠᠰᠢ ᠠᠴᠢ ᠬᠤᠯᠪᠤᠭᠳᠠᠯ ᠲᠠᠢ ᠶᠤᠮ᠃ ᠵᠠᠩᠬᠢᠯᠠᠭ᠎ᠠ ᠶᠢᠨ ᠴᠠᠭ ᠦᠶ᠎ᠡ ᠳᠤ᠂ ᠤᠳᠠᠭᠠᠨ ᠵᠢᠯ ᠵᠤᠵᠠᠭᠠᠨ ᠬᠤᠨᠤᠭ ᠢᠶᠠᠷ ᠢᠵᠢᠯᠰᠢᠨ ᠲᠠᠰᠤᠭᠰᠠᠨ ᠮᠠᠯ ᠰᠦᠷᠦᠭ ᠦᠨᠡᠬᠡᠷ ᠲᠤᠤᠭᠠᠷᠪᠠᠯ ᠲᠠᠭᠤ ᠨᠢᠬᠡᠳᠠᠢ᠂ ᠲᠤᠭᠳᠤᠷᠪᠠᠯ ᠬᠦᠴᠦ ᠨᠢᠬᠡᠳᠠᠢ ᠪᠠᠷ ᠬᠡᠨᠡᠳᠳᠠ ᠶᠢᠨ ᠭᠠᠮᠰᠢᠭ ᠠᠶᠤᠯ ᠢ ᠢᠯᠡᠨ ᠲᠠᠪᠠᠵᠤ ᠴᠢᠳᠠᠳᠠᠭ᠃ ᠬᠡᠨᠡᠳᠳᠠ ᠪᠠᠷ ᠴᠠᠰᠤ ᠰᠢᠭᠤᠷᠭ᠎ᠠ ᠪᠤᠰᠬᠤ᠂ ᠶᠡᠭᠡ ᠰᠠᠯᠬᠢ ᠲᠡᠭᠳᠡᠨ᠂ ᠰᠢᠷᠦᠬᠦᠨ ᠪᠤᠷᠤᠭᠠᠨ ᠮᠦᠨᠳᠤᠷ ᠪᠠᠭᠤᠬᠤ ᠶᠠᠪᠤᠳᠠᠯ ᠬᠦᠳᠡᠭᠡ ᠨᠤᠳᠤᠭ ᠲᠤ ᠦᠷᠬᠦᠯᠵᠢ ᠲᠤᠬᠢᠶᠠᠯᠳᠤᠨ᠎ᠠ᠃ ᠡᠨᠡ ᠬᠦ ᠬᠡᠨᠡᠳᠳᠠ ᠶᠢᠨ ᠴᠠᠭ ᠠᠭᠤᠷ ᠤᠨ ᠶᠡᠭᠡ ᠬᠤᠪᠢᠷᠠᠯᠳᠠ ᠳᠤ ᠬᠦᠮᠦᠨ ᠬᠦᠷᠳᠡᠯ᠎ᠡ ᠬᠡᠯᠮᠡᠭᠳᠡᠨ ᠰᠠᠨᠳᠤᠷᠴᠤ᠂ ᠶᠠᠭᠠᠬᠢᠬᠤ ᠪᠠᠨ ᠤᠯᠬᠤ ᠦᠭᠡᠢ ᠪᠤᠯᠳᠠᠭ ᠶᠤᠮ ᠴᠢᠨᠢ ᠮᠠᠯ ᠰᠦᠷᠦᠭ ᠢ ᠨᠡᠩ ᠶᠠᠭᠤᠨ ᠦᠬᠦᠯᠡᠬᠦ ᠪᠤᠢ᠃ ᠡᠶᠢᠮᠤᠷᠬᠦ ᠪᠠᠶᠢᠳᠠᠯ ᠳᠤ ᠤᠯᠠᠩᠬᠢ ᠮᠠᠯ ᠬᠠᠮᠢᠭᠠᠰᠢ ᠪᠠᠨ ᠶᠠᠪᠤᠵᠤ ᠶᠠᠭᠠᠬᠢᠬᠤ ᠪᠠᠨ ᠤᠯᠵᠤ ᠶᠠᠳᠠᠨ ᠰᠠᠯᠬᠢ ᠲᠠᠭᠠᠨ ᠤᠷᠤᠭᠤᠳᠠᠨ ᠬᠦᠶᠦᠳᠡᠭ᠃ ᠡᠨᠡ ᠪᠤᠯ ᠮᠠᠰᠢ ᠠᠶᠤᠯ ᠲᠠᠢ ᠶᠤᠮ᠃ ᠤᠷᠤᠭᠤᠳᠠᠨ ᠬᠦᠶᠦᠭᠰᠡᠭᠡᠷ ᠪᠦᠭᠯᠡᠷᠡᠬᠦ᠂ ᠭᠤᠤᠯ ᠤᠰᠤᠨ ᠳᠤ ᠤᠨᠠᠬᠤ᠂ ᠡᠷᠬᠢ ᠭᠠᠩᠭ᠎ᠠ᠂ ᠭᠤᠤ ᠵᠢᠯᠠᠭ᠎ᠠ ᠳᠤ ᠬᠦᠯ ᠠᠯᠳᠠᠨ ᠤᠨᠠᠬᠤ ᠶᠠᠪᠤᠳᠠᠯ ᠵᠦᠩᠳᠡᠬᠡᠨ ᠲᠤᠬᠢᠶᠡᠯᠳᠤᠳᠠᠭ᠃ ᠡᠨᠡ ᠦᠶ᠎ᠡ ᠳᠤ ᠭᠠᠭᠴᠠ ᠬᠤᠨᠢ ᠮᠠᠯᠴᠢᠨ ᠬᠦᠮᠦᠨ ᠬᠡᠳᠦᠨ ᠵᠠᠭᠤ ᠬᠡᠳᠦᠨ ᠮᠢᠩᠭᠠᠨ ᠲᠤᠯᠤᠭᠠᠢ ᠮᠠᠯ ᠢ ᠬᠠᠰᠢᠵᠤ ᠬᠤᠷᠢᠬᠤ ᠬᠡᠭᠴᠢ ᠬᠡᠴᠡᠬᠦᠦ ᠪᠡᠷᠬᠡ ᠶᠤᠮ᠃ ᠬᠠᠷᠢᠨ ᠰᠦᠷᠦᠭ ᠤᠨ ᠮᠠᠩᠯᠠᠢ᠂ ᠰᠠᠳᠠᠷᠳᠠᠢ ᠬᠠᠰᠢᠷ ᠲᠤᠮᠤ ᠲᠤᠷᠰᠢᠯᠭ᠎ᠠ ᠲᠠᠢ ᠮᠠᠯ ᠤᠳ ᠶᠡᠷᠦ ᠪᠦᠬᠦ ᠰᠦᠷᠦᠭ ᠢᠶᠠᠨ ᠬᠠᠰᠢᠨ ᠬᠤᠮᠢᠵᠤ᠂ ᠬᠤᠳᠠᠨ ᠵᠦᠭ ᠢᠶᠠᠨ ᠲᠦᠬᠦᠬᠦᠯᠵᠤ ᠴᠢᠳᠠᠳᠠᠭ᠃ ᠵᠠᠷᠢᠮ ᠦᠶ᠎ᠡ ᠳᠤ ᠰᠦᠷᠦᠭ ᠤᠨ ᠮᠠᠩᠯᠠᠢ ᠰᠠᠯᠬᠢ ᠰᠦᠷᠦᠨ ᠶᠠᠪᠤᠬᠤ ᠳᠤ ᠪᠤᠰᠤᠳ ᠮᠠᠯ ᠴᠦ ᠠᠶᠠᠨᠳᠠᠭᠠᠨ ᠳᠠᠭᠠᠨ ᠬᠤᠳᠠᠨ ᠵᠦᠭ ᠠᠷᠤ ᠠᠷᠤ ᠠᠴᠠ ᠪᠠᠨ ᠰᠢᠭᠤᠷᠭ᠎ᠠ ᠵᠦᠰᠦᠨ ᠬᠦᠶᠦᠳᠡᠭ ᠪᠠᠶᠢᠳᠠᠯ ᠳᠤ ᠮᠠᠯ ᠢ ᠰᠦᠷᠦᠭ ᠢᠶᠠᠷ ᠬᠠᠷᠢᠭᠤᠯᠬᠤ ᠶᠢᠨ ᠦᠢᠯᠡᠳᠤᠯ ᠢ ᠨᠡᠩ ᠲᠤᠳᠤᠷᠬᠠᠢ ᠤᠶᠢᠯᠭᠠᠬᠤ ᠪᠤᠯᠤᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号