ᠮᠤᠩᠭᠤᠯᠴᠤᠤᠨ ᠤᠨ ᠬᠡᠤᠬᠡᠤᠨ ᠢᠶᠠᠨ ᠡᠷᠡᠯᠬᠡᠭ ᠪᠠᠭᠠᠳᠤᠷᠯᠢᠭ ᠰᠥᠰᠤ ᠵᠤᠷᠢᠭ ᠲᠠᠢ ᠪᠤᠯᠭᠠᠨ ᠬᠥᠮᠤᠵᠢᠬᠦᠯᠬᠦ ᠬᠡᠷ ᠤᠨ ᠰᠤᠷᠭᠠᠯ
ᠨᠡᠶᠢᠲᠡᠯᠡᠭᠰᠡᠨ ᠴᠠᠭ᠄
2016/3/30
       ᠮᠤᠩᠭᠤᠯᠴᠤᠤᠨ ᠲᠤ ᠮᠤᠩᠭᠤᠯ ᠮᠤᠷᠢᠨ ᠤ ᠰᠢᠨᠳᠠᠰᠤ ᠰᠢᠷᠪᠤᠰᠤ ᠬᠥᠴᠤ ᠴᠢᠳᠠᠯ ᠪᠠ ᠮᠤᠩᠭᠤᠯ ᠡᠷ᠎ᠡ ᠶᠢᠨ ᠡᠷᠡᠮᠡᠬᠡᠢ ᠵᠤᠷᠢᠭ ᠡᠷᠡᠯᠭᠡᠭ ᠰᠠᠨᠠᠭ᠎ᠠ ᠪᠠᠶᠢᠭᠰᠠᠨ ᠥᠬᠡᠢ ᠪᠤᠯ ᠲᠡᠯᠡᠬᠡᠢ ᠶᠢᠨ ᠲᠡᠤᠬᠡᠨ ᠳᠤ ᠠᠭᠤᠤ ᠶᠡᠭᠡ ᠨᠡᠷ᠎ᠡ ᠠᠯᠳᠠᠷ ᠢ ᠥᠯᠡᠳᠡᠬᠡᠵᠤ ᠲᠡᠯᠡᠬᠡᠢ ᠶᠢ ᠲᠤᠩᠰᠤᠯᠭᠠᠭᠰᠠᠨ ᠲᠡᠤᠬᠡ ᠰᠤᠶᠤᠯ ᠢ ᠡᠬᠦᠳᠤᠨ ᠪᠥᠳᠤᠬᠡᠵᠤ ᠴᠢᠳᠠᠬᠤ ᠥᠬᠡᠢ ᠶᠤᠮ᠃       ᠡᠷᠳᠡᠨ ᠤ ᠷᠠᠰᠢᠳ᠋ ᠡᠳᠢ᠊ ᡁᠧᠨ ᠤ ︽ᠰᠤᠳᠤᠷ ᠤᠨ ᠴᠤᠭᠯᠠᠭᠠᠨ︾ ᠬᠡᠳᠡᠭ ᠨᠤᠮ ᠳᠤ ᠪᠠᠶᠢᠭ᠎ᠠ ︽ᠡᠷᠬᠦᠨ᠎ᠡ ᠬᠤᠨ ᠤ ᠲᠤᠮᠤᠭ︾ ᠪᠤᠯ ᠡᠷᠳᠡᠨ ᠤ ᠲᠥᠷᠺ ᠠᠶᠢᠮᠠᠭ ᠮᠤᠩᠭᠤᠯ ᠠᠶᠢᠮᠠᠭ ᠢ ᠢᠯᠠᠵᠤ ᠶᠡᠭᠡ ᠪᠠᠷ ᠬᠢᠳᠤᠯᠭ᠎ᠠ ᠬᠢᠭᠰᠡᠨ ᠢ ᠲᠡᠮᠳᠡᠭᠯᠡᠭᠰᠡᠨ ᠪᠠᠶᠢᠵᠠᠢ᠃ ᠡᠬᠦᠨ ᠤ ᠲᠤᠳᠤᠷ᠎ᠠ ᠠᠴᠠ ᠡᠷᠡᠯᠬᠡᠭ ᠪᠠᠭᠠᠳᠤᠷᠯᠢᠭ ᠰᠥᠰᠤ ᠵᠤᠷᠢᠭ ᠲᠠᠢ ᠬᠤᠶᠠᠷ ᠬᠤᠤᠰ ᠵᠢᠭᠤᠳᠠᠨ ᠲᠤᠳᠠᠭᠠᠵᠤ ᠪᠤᠶᠢᠳᠠ ᠪᠥᠭᠯᠡᠬᠦᠤ ᠬᠠᠳᠠᠨ ᠵᠠᠪᠰᠠᠷ ᠲᠤ ᠤᠷᠤᠵᠤ ᠠᠮᠢ ᠭᠠᠷᠤᠭᠰᠠᠨ ᠬᠡᠳᠡᠭ᠃ ᠡᠨᠡᠬᠦ ᠲᠥᠷᠪᠡᠨ ᠲᠠᠯ᠎ᠠ ᠪᠠᠷ ᠢᠶᠠᠨ ᠠᠰᠬ᠎ᠠ ᠥᠨᠳᠤᠷ ᠬᠠᠨ᠎ᠠ ᠬᠠᠳᠠ ᠪᠢᠳᠡᠬᠦᠤ ᠰᠠᠬᠤᠯᠢᠭ ᠤᠢ ᠰᠢᠭᠤᠢ ᠨᠢ ᠲᠡᠳᠡᠨ ᠤ ᠠᠮᠢᠳᠤᠷᠠᠨ ᠰᠠᠭᠤᠬᠤ ᠤᠷᠴᠢᠨ ᠪᠤᠯᠵᠠᠢ᠃ ᠲᠡᠷᠡ ᠬᠤᠶᠠᠷ ᠤᠨ ᠨᠢᠬᠡ ᠨᠢ ᠬᠢᠶᠠᠨ ᠤᠪᠤᠭ᠂ ᠨᠥᠬᠦᠬᠡ ᠨᠢ ᠨᠠᠬᠦᠰ ᠤᠪᠤᠭ ᠤᠨ ᠲᠡᠬᠡᠳᠤᠰ ᠶᠤᠮ᠃ ᠤᠨ ᠤᠳᠠᠵᠤ ᠡᠨᠡ ᠬᠤᠶᠠᠷ ᠤᠪᠤᠭ ᠤᠨ ᠬᠥᠮᠤᠰ ᠥᠷᠡᠵᠢᠨ ᠥᠰᠦᠭᠰᠡᠬᠡᠷ ᠲᠤᠰ ᠬᠠᠪᠴᠢᠯ ᠳᠤ ᠪᠠᠭᠳᠠᠬᠤ ᠪᠠᠨ ᠪᠤᠯᠢᠭᠰᠠᠨ ᠠᠴᠠ ᠲᠡᠳᠡ ᠠᠷᠭ᠎ᠠ ᠭᠠᠷᠭᠠᠵᠤ ᠲᠤᠰ ᠬᠠᠪᠴᠢᠯ ᠠᠴᠠ ᠭᠠᠷᠬᠤ ᠵᠠᠮ ᠡᠷᠢᠯᠬᠢᠯᠡᠭᠰᠡᠨ ᠪᠠᠶᠢᠨ᠎ᠠ᠃ ᠲᠡᠳᠡ ᠨᠢᠬᠡ ᠡᠳᠤᠷ ᠲᠠᠯᠠᠨ ᠥᠬᠡᠷ ᠮᠤᠷᠢ ᠶᠢᠨ ᠨᠡᠬᠦᠷᠡᠰᠤ ᠶᠢ ᠤᠪᠤᠭᠠᠯᠠᠨ ᠲᠠᠯᠠᠨ ᠬᠥᠬᠡᠷᠬᠡ ᠶᠢ ᠨᠢᠬᠡ ᠵᠡᠷᠬᠡ ᠪᠠᠷ ᠬᠥᠬᠡᠷᠬᠡᠳᠡᠨ ᠠᠭᠤᠯᠠ ᠶᠢ ᠬᠠᠶᠢᠯᠤᠭᠤᠯᠵᠤ ᠭᠠᠷᠴᠤ ᠢᠷᠡᠭᠰᠡᠨ ᠬᠡᠳᠡᠭ᠃ ᠡᠨᠡᠭᠦ ᠲᠤᠮᠤᠭ ᠨᠢ ᠡᠷᠡᠯᠬᠡᠭ ᠪᠠᠭᠠᠳᠤᠷᠯᠢᠭ ᠰᠥᠰᠤ ᠵᠤᠷᠢᠭ ᠲᠠᠢ ᠬᠢᠶᠠᠨ ᠤᠪᠤᠭ ᠤᠨ ᠡᠬᠢᠯᠡᠯ ᠪᠤᠯᠤᠨ᠎ᠠ᠃       ᠡᠷᠡᠯᠬᠡᠭ ᠪᠠᠭᠠᠳᠤᠷᠯᠢᠭ ᠰᠥᠰᠤ ᠵᠤᠷᠢᠭ ᠤᠷᠠᠨ ᠤᠬᠠᠭᠠᠯᠢᠭ ᠠᠷᠭ᠎ᠠ ᠰᠠᠮᠪᠠᠭ᠎ᠠ ᠰᠠᠶ᠋ᠢ ᠠᠯᠢᠪᠠ ᠶᠢ ᠢᠯᠠᠵᠤ ᠢᠯᠠᠯᠳᠠ ᠳᠤ ᠬᠥᠷᠴᠤ ᠴᠢᠳᠠᠨ᠎ᠠ ᠬᠡᠳᠡᠭ ᠢ ᠲᠤᠰ ᠲᠤᠮᠤᠬ ᠬᠠᠷᠠᠭᠤᠯᠵᠤ ᠪᠠᠶᠢᠬᠤ ᠶᠤᠮ᠃ ᠲᠡᠬᠡᠪᠡᠯ ᠴᠢᠩᠭᠢᠰ ᠬᠠᠭᠠᠨ ᠤ ᠰᠤᠷᠭᠠᠯ ᠥᠬᠡᠨ ᠳᠤ ᠴᠤ ︽ᠬᠥᠨᠳᠤ ᠬᠡᠮᠡᠨ ᠪᠤᠤ ᠰᠢᠳᠠᠷᠠ ᠡᠷᠬᠦᠪᠡᠰᠤ ᠲᠠᠭᠠᠭᠠᠶᠤ᠂ ᠬᠤᠯᠠ ᠬᠡᠮᠡᠨ ᠪᠤᠤ ᠴᠥᠬᠦᠷᠡ ᠶᠠᠪᠤᠪᠠᠰᠤ ᠬᠥᠷᠤᠶᠤ︾ ᠬᠡᠬᠦ ᠥᠬᠡ ᠪᠠᠶᠢᠳᠠᠭ᠃ ᠡᠨᠡ ᠨᠢ ᠴᠢᠩᠭᠢᠰ ᠬᠠᠭᠠᠨ ᠤ ᠡᠷᠡᠯᠬᠡᠭ ᠪᠠᠭᠠᠳᠤᠷᠯᠢᠭ ᠰᠥᠰᠤ ᠵᠤᠷᠢᠭ ᠢ ᠬᠠᠷᠠᠭᠤᠯᠵᠤ ᠪᠠᠶᠢᠬᠤ ᠮᠥᠷᠳᠡᠬᠡᠨ ᠮᠠᠨ ᠤ ᠮᠤᠩᠭᠤᠯᠴᠤᠤᠨ ᠤᠨ ᠪᠠᠷᠳᠠᠭ᠎ᠠ ᠪᠡᠷᠬᠡ ᠶᠢ ᠢᠯᠠᠬᠤ ᠪᠠᠭᠠᠳᠤᠷᠯᠢᠭ ᠰᠥᠰᠤ ᠵᠤᠷᠢᠭ ᠲᠠᠢ ᠯᠠ ᠶᠤᠮ ᠪᠤᠯ ᠵᠤᠷᠢᠭᠰᠠᠨ ᠳᠠᠭᠠᠨ ᠯᠠᠪ ᠬᠥᠷᠴᠤ ᠴᠢᠳᠠᠬᠤ ᠶᠢ ᠥᠵᠡᠬᠦᠯᠦᠭᠰᠡᠨ ᠠᠭᠤᠤ ᠶᠡᠭᠡ ᠰᠤᠷᠭᠠᠨ ᠬᠥᠮᠤᠵᠢᠯ ᠶᠤᠮ᠃       ᠮᠤᠩᠭᠤᠯ ᠬᠥᠮᠤᠨ ᠡᠷᠳᠡᠨ ᠠᠴᠠ ᠠᠪᠤᠭᠠᠤᠨ ᠥᠪᠡᠷ ᠤᠨ ᠬᠥᠴᠤ ᠪᠠᠷ ᠢᠶᠠᠨ ᠲᠡᠭᠵᠢᠷᠡᠭᠦ ᠵᠤᠷᠢᠭ ᠰᠠᠨᠠᠭ᠎ᠠ ᠪᠤᠯᠤᠨ ᠡᠷᠡᠯᠬᠡᠭ ᠵᠤᠷᠢᠭ ᠮᠡᠷᠬᠡᠨ ᠤᠬᠠᠭᠠᠨ ᠢᠶᠠᠷ ᠢᠶᠠᠨ ᠥᠷ᠎ᠡ ᠬᠡᠤᠬᠡᠤᠨ ᠢᠶᠠᠨ ᠰᠤᠷᠭᠠᠨ ᠬᠥᠮᠤᠵᠢᠬᠦᠯᠳᠡᠭ ᠥᠨᠳᠤᠰᠤᠳᠡᠨ ᠶᠤᠮ᠃       ᠮᠤᠩᠭᠤᠯ ᠤᠨ ︽ᠡᠷ᠎ᠡ ᠶᠢᠨ ᠭᠤᠷᠪᠠᠨ ᠨᠠᠭᠠᠳᠤᠮ︾ ᠴᠤ ᠡᠷ᠎ᠡ ᠬᠥᠮᠤᠨ ᠤ ᠡᠷᠡᠯᠬᠡᠭ ᠵᠤᠷᠢᠭ᠂ ᠡᠷᠡᠮᠡᠬᠡᠢ ᠰᠠᠨᠠᠭ᠎ᠠ᠂ ᠤᠷ᠎ᠠ ᠤᠬᠠᠭᠠᠨ ᠢ ᠰᠢᠯᠭᠠᠵᠤ ᠪᠠᠶᠢᠭ᠎ᠠ ᠵᠦᠢᠯ ᠪᠤᠯᠬᠤ ᠶᠤᠮ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号