ᠮᠣᠩᠭᠤᠯᠴᠤᠳ ᠤᠨ ᠭᠡᠷ ᠤᠨ ᠰᠤᠷᠭᠠᠯ ᠤᠨ ᠲᠤᠬᠠᠢ
ᠨᠡᠶᠢᠲᠡᠯᠡᠭᠰᠡᠨ ᠴᠠᠭ᠄
2016/3/30
       ᠮᠣᠩᠭᠤᠯᠴᠤᠳ ᠤᠨ ᠭᠡᠷ ᠪᠦᠯᠢ ᠶᠢᠨ ᠨᠠᠶᠢᠷᠰᠠᠭ ᠰᠠᠶᠢᠨ ᠬᠡᠪ ᠵᠠᠩᠰᠢᠯ ᠪᠦᠷ ᠭᠡᠷ ᠪᠦᠯᠢ ᠶᠢᠨ ᠰᠤᠷᠭᠠᠯ  ᠢᠶᠠᠷ ᠤᠯᠠᠮᠵᠢᠯᠠᠭᠳᠠᠨ ᠳᠡᠯᠭᠡᠷᠡᠵᠦ ᠪᠠᠶᠢᠳᠠᠭ᠃ ᠭᠡᠷ ᠤᠨ ᠰᠤᠷᠭᠠᠯ ᠨᠢ ᠨᠡᠶᠢᠭᠡᠮ ᠤᠨ ᠬᠡᠪ ᠰᠤᠷᠳᠠᠯ ᠤᠨ ᠰᠠᠭᠤᠷᠢ ᠨᠢ ᠪᠣᠯᠤᠭᠰᠠᠭᠠᠷ ᠢᠷᠠᠵᠠᠢ᠃ ᠳᠡᠳᠡ ᠬᠡᠣᠬᠡᠳ ᠢᠶᠠᠨ ᠬᠠᠷᠬᠠᠨ ᠪᠠᠭ᠎ᠠ ᠠᠴᠠ ᠨᠢ ᠶᠠᠭᠠᠬᠢᠵᠤ ᠬᠦᠮᠦᠨ ᠪᠣᠯᠬᠤ ᠶᠢ ᠴᠢᠩᠭ᠎ᠠ ᠰᠤᠷᠭᠠᠵᠤ᠂ ︽ᠰᠤᠷᠭᠠᠯ ᠰᠠᠶᠢᠳᠠᠢ ᠭᠡᠷ ᠪᠦᠯᠢ︾ ᠢ ᠡᠷᠬᠢᠮᠯᠡᠵᠦ᠂ ︽ᠰᠤᠷᠭᠠᠯ ᠰᠠᠶᠢᠳᠠᠢ ᠬᠡᠣᠬᠡᠳ︾ ᠢ ᠬᠦᠮᠦᠵᠢᠭᠦᠯᠬᠦ ᠶᠢ ᠣᠨᠴᠠ ᠬᠢᠴᠢᠶᠡᠭᠰᠡᠭᠡᠷ ᠢᠷᠡᠵᠠᠢ᠃ ᠵᠢᠱᠢᠶᠡᠯᠡᠪᠡᠯ᠄ ᠠᠶᠢᠯ ᠠᠶᠢᠮᠠᠭ ᠤᠨ ᠠᠬᠠᠮᠠᠳ ᠨᠠᠰᠤᠳᠠᠳ ᠤᠨ ᠦᠭᠡ ᠢ ᠠᠪᠳᠠᠭ ᠦᠭᠡᠢ ᠠᠯᠢᠶ᠎ᠠ ᠬᠡᠣᠬᠡᠳ ᠢ ︽ᠶᠠᠮᠠᠷ ᠰᠤᠷᠳᠠᠯ ᠰᠤᠷᠭᠠᠯ ᠦᠭᠡᠢ ᠠᠶᠢᠯ ᠤᠨ ᠬᠡᠣᠬᠡᠳ ᠪᠣᠢ︾ ᠬᠡᠵᠦ ᠵᠠᠩᠨᠠᠳᠠᠭ᠃ ᠡᠭᠦᠨ ᠤ ᠡᠰᠡᠷᠬᠦ ᠪᠠᠷ ᠠᠬᠠᠰ ᠤᠨ ᠢᠶᠠᠨ ᠵᠢᠭᠠᠵᠤ ᠰᠤᠷᠭᠠᠭᠰᠠᠨ ᠰᠣᠷᠭᠠᠯ ᠵᠠᠬᠢᠶ᠎ᠠ ᠶᠢ ᠨᠢ ᠬᠢᠴᠢᠶᠡᠭᠬᠦᠶᠢᠯᠡᠨ ᠰᠣᠨᠤᠰᠴᠤ᠂ ᠳᠡᠳᠡᠨ ᠤ ᠰᠤᠷᠭᠠᠯ ᠵᠠᠬᠢᠶ᠎ᠠ ᠪᠠᠷ ᠨᠢ ᠦᠪᠡᠷ ᠤᠨ ᠦᠢᠯᠡ ᠠᠵᠢᠯᠯᠠᠭ᠎ᠠ ᠪᠠᠨ ᠵᠢᠯᠤᠭᠤᠳᠴᠤ ᠴᠢᠳᠠᠳᠠᠭ ᠬᠡᠣᠬᠡᠳ ᠢ ᠪᠣᠯ ︽ᠰᠤᠷᠭᠠᠯ ᠲᠠᠢ ᠬᠡᠷ ᠤᠨ ᠬᠡᠣᠬᠡᠳ ᠪᠠᠶᠢᠨ᠎ᠠ︾ ᠭᠡᠵᠦ ᠰᠠᠶᠢᠰᠢᠶᠠᠨ ᠮᠠᠭᠳᠠᠳᠠᠭ ᠵᠠᠩᠰᠢᠯ ᠲᠠᠢ᠃       ᠭᠡᠷ ᠪᠦᠯᠢ ᠳᠤ ᠠᠪᠤ ᠡᠵᠢ᠂ ᠠᠬᠠᠮᠠᠳ ᠦᠶ᠎ᠡ ᠶᠢᠨ ᠬᠢᠨ ᠬᠡᠣᠬᠡᠳ ᠪᠠᠭᠠᠴᠤᠳ ᠢ ᠪᠠᠨ ᠰᠤᠷᠭᠠᠨ ᠬᠦᠮᠦᠵᠢᠭᠦᠯᠬᠦ ᠡᠭᠦᠷᠭᠡ ᠲᠠᠢ ᠪᠠᠶᠢᠳᠠᠭ ᠪᠦᠭᠡᠳ ᠳᠡᠳᠡᠨ ᠤ ᠰᠡᠳᠬᠢᠯ ᠳᠤ ᠠᠶᠢᠯ ᠵᠡᠷᠭᠡᠯᠳᠡᠭᠡ ᠶᠢᠨ ᠠᠬᠠᠮᠠᠳ ᠪᠦᠬᠦᠨ ᠬᠡᠣᠬᠡᠳ ᠳᠡᠭᠦᠦᠨᠠᠷ ᠪᠦᠬᠦᠨ ᠢ ᠰᠤᠷᠭᠠᠬᠤ ᠬᠠᠷᠢᠭᠤᠴᠠᠯᠭ᠎ᠠ ᠲᠠᠢ ᠭᠡᠵᠦ ᠦᠵᠡᠳᠡᠭ᠃ ᠶᠠᠭ ᠳᠡᠶᠢᠮᠦ ᠳᠡᠭᠡᠨ ᠳᠡᠳᠡ ᠬᠦᠮᠦᠨ ᠤ ᠦᠭᠡᠷ᠎ᠡ ᠤᠨ ᠬᠡᠣᠬᠡᠳ ᠢ ᠢᠯᠭᠠᠵᠤ ᠰᠠᠯᠭᠠᠵᠦ ᠦᠵᠡᠳᠡᠭ ᠦᠭᠡᠢ᠂ ︽ᠮᠢᠨᠤ ᠬᠡᠣᠬᠡᠳ︾ ᠬᠡᠵᠦ ᠡᠩᠬᠦᠷᠠᠶᠢᠯᠠᠨ ᠳᠠᠭᠤᠳᠠᠳᠠᠭ ᠮᠦᠷᠳᠡᠭᠡᠨ ᠠᠳᠡᠬᠦᠦ ᠪᠤᠷᠤᠭᠤ ᠶᠢ ᠨᠢ ᠳᠠᠷᠤᠢ ᠲᠤᠨᠢ ᠵᠠᠰᠠᠵᠤ ᠵᠠᠯᠠᠷᠠᠭᠤᠯᠵᠤ ᠦᠭᠳᠡᠭ᠃ ᠳᠡᠭᠡᠷᠡᠬᠢ ᠠᠴᠠ ᠪᠢᠳᠡ ᠮᠠᠨ ᠤ ᠮᠣᠩᠭᠤᠯᠴᠤᠳ ︽ᠰᠤᠷᠭᠠᠯ ᠲᠠᠢ ᠭᠡᠷ︾ ᠶᠢ ᠰᠠᠶᠢᠰᠢᠶᠠᠨ᠂ ︽ᠰᠤᠷᠭᠠᠯ ᠰᠤᠷᠳᠡᠯ  ᠲᠠᠢ ᠬᠡᠣᠬᠡᠳ︾ ᠢ ᠬᠦᠮᠦᠵᠢᠭᠦᠯᠬᠦ ᠶᠢ ᠳᠤᠩ ᠬᠦᠨᠳᠦᠳᠬᠡᠨ ᠡᠷᠬᠢᠮᠯᠡᠵᠦ᠂ ᠬᠡᠤᠬᠡᠳ ᠢᠶᠠᠨ ᠶᠠᠭᠠᠬᠢᠵᠤ ᠶᠣᠰᠣ ᠰᠤᠷᠳᠠᠬᠤᠨ ᠲᠠᠢ ᠬᠦᠮᠦᠨ ᠪᠣᠯᠭᠠᠬᠤ ᠶᠢ ᠴᠢᠬᠤᠯᠠᠴᠢᠯᠠᠨ ︽ᠭᠡᠷ ᠤᠨ ᠰᠤᠷᠭᠠᠯ︾ ᠢ ᠬᠦᠨᠳᠦᠳᠬᠡᠨ ᠦᠵᠡᠵᠦ ᠪᠠᠶᠢᠭᠰᠠᠨ ᠬᠡᠳᠡᠭ ᠢ ᠣᠶᠢᠯᠭᠠᠨ ᠮᠡᠳᠡᠵᠦ ᠪᠣᠯᠤᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号