⒈ ᠺᠢᠷᠢᠯ ᠮᠤᠩᠭᠤᠯ ᠦᠰᠦᠭ ᠪᠤᠯ ᠮᠣᠩᠭᠤᠯ ᠤᠯᠤᠰ ᠲᠤ ᠬᠡᠷᠡᠭᠯᠡᠵᠤ ᠪᠠᠶᠢᠭ᠎ᠠ ᠠᠯᠪᠠᠨ ᠶᠤᠰᠤᠨ ᠤ | ᠦᠰᠦᠭ ᠪᠢᠴᠢᠭ ᠮᠦᠨ᠃ 1941 ᠤᠨ ᠳᠤ᠂ ᠤᠯᠠᠮᠵᠢᠯᠠᠯᠳᠤ ᠮᠤᠩᠭᠤᠯ ᠦᠰᠦᠭ ᠢᠶᠠᠨ ᠰᠠᠯᠧ ᠴᠠᠭᠠᠨ ᠲᠤᠯᠤᠭᠠᠢ | ᠪᠠᠷ ᠰᠠᠭᠤᠷᠢ ᠪᠤᠯᠭᠠᠭᠰᠠᠨ ᠰᠢᠨ᠎ᠡ ᠦᠰᠦᠭ ᠢᠶᠠᠷ ᠤᠷᠤᠯᠠᠭᠤᠯᠤᠨ ᠲᠡᠯᠬᠡᠷᠡᠬᠦᠯᠦᠨ ᠬᠡᠷᠡᠭᠯᠡᠬᠦ ᠲᠤᠭᠳᠠᠭᠠᠯ ᠭᠠᠷᠭᠠᠵᠠᠢ᠃ | 1945 ᠤᠨ ᠤ ᠨᠠᠮᠤᠷ ᠠᠴᠠ ᠲᠤᠷᠰᠢᠨ ᠬᠡᠷᠡᠭᠯᠡᠵᠤ᠂ 1946 ᠤᠨ ᠤ ᠡᠬᠢᠨ ᠠᠴᠠ ᠲᠦᠷᠦ ᠶᠢᠨ ᠠᠯᠪᠠᠨ | ᠶᠤᠰᠤᠨ ᠤ ᠦᠰᠦᠭ ᠪᠢᠴᠢᠭ ᠪᠤᠯᠭᠠᠨ ᠬᠡᠷᠡᠭᠯᠡᠪᠡ᠃ | ⒉ ᠺᠢᠷᠢᠯ ᠮᠤᠩᠭᠤᠯ ᠦᠰᠦᠭ ᠤᠨ ᠲᠦᠷᠢᠮ ᠢ ᠲᠡᠬᠦᠯᠳᠡᠷᠵᠢᠬᠦᠯᠦᠨ ᠪᠤᠯᠪᠠᠰᠤᠷᠠᠭᠤᠯᠬᠤ ᠪᠤᠢ ᠪᠦᠬᠦᠢ | ᠠᠩᠬᠠᠨ ᠤ ᠠᠵᠢᠯ ᠢ ᠴ᠊ · ᠲᠠᠮᠳᠢᠨᠰᠦ᠋ᠷᠦᠩ ᠬᠦᠢᠴᠡᠳᠬᠡᠵᠠᠢ᠃ | ⒊1995 ᠤᠨ ᠳᠤ᠂ ᠮᠤᠩᠭᠤᠯ ᠤᠯᠤᠰ ᠤᠨ ᠤᠯᠤᠰ ᠤᠨ ᠶᠡᠭᠡ ᠬᠤᠷᠠᠯ ᠠᠴᠠ ︽ᠮᠤᠩᠭᠤᠯ ᠪᠢᠴᠢᠭ | ᠤᠨ ᠦᠨᠳᠤᠰᠤᠨ ᠬᠦᠳᠦᠯᠪᠤᠷᠢ︾ ᠶᠢ ᠪᠠᠳᠤᠯᠠᠵᠤ᠂ ᠤᠯᠠᠮᠵᠢᠯᠠᠯᠳᠤ ᠮᠤᠩᠭᠤᠯ ᠦᠰᠦᠭ ᠢᠶᠠᠨ 10 ᠵᠢᠯ ᠤᠨ | ᠲᠤᠳᠤᠷ᠎ᠠ ᠰᠡᠷᠬᠦᠬᠡᠵᠤ᠂ 2005 ᠤᠨ ᠳᠤ ᠲᠦᠷᠦ ᠶᠢᠨ ᠠᠯᠪᠠᠨ ᠤ ᠦᠰᠦᠭ ᠪᠢᠴᠢᠭ ᠪᠤᠯᠭᠠᠨ ᠬᠡᠷᠡᠭᠯᠡᠬᠦ ᠪᠠᠷ | ᠰᠠᠨᠠᠭᠠᠴᠢᠯᠠᠪᠠ᠂ ᠬᠡᠪᠡᠴᠤ ᠡᠳᠤᠢ ᠳᠤ ᠲᠤᠯᠳᠠᠯ᠎ᠠ ᠬᠠᠷᠠᠬᠠᠨ ᠪᠡᠶᠡᠯᠡᠭᠳᠡᠵᠤ ᠴᠢᠳᠠᠭ᠎ᠠ ᠦᠭᠡᠢ ᠪᠠᠶᠢᠭᠰᠠᠭᠠᠷ᠃ | ⒋ ᠺᠢᠷᠢᠯ ᠮᠤᠩᠭᠤᠯ ᠦᠰᠦᠭ ᠤᠨ ᠤᠨᠴᠠᠯᠢᠭ᠄ ᠴᠠᠭᠠᠨ ᠲᠤᠯᠤᠭᠠᠢ ᠶᠢᠨ ᠦᠰᠦᠭ ᠤᠨ ᠲᠤᠭ᠎ᠠ ᠴᠦᠬᠡᠨ᠂ | ᠲᠦᠷᠰᠤ ᠶᠢᠨ ᠬᠤᠪᠢᠷᠠᠯᠳᠠ ᠦᠭᠡᠢ᠂ ᠦᠨᠳᠤᠰᠤᠨ ᠳᠤ ᠪᠠᠨ ᠨᠢᠬᠡ ᠠᠪᠢᠶ᠎ᠠ ᠨᠢᠬᠡ ᠦᠰᠦᠭ ᠤᠨ ᠲᠦᠷᠰᠤ ᠪᠠᠷ | ᠢᠯᠡᠳᠬᠡᠨ᠎ᠡ᠃ ᠪᠢᠴᠢᠬᠦ ᠶᠠᠷᠢᠬᠤ ᠬᠤᠶᠠᠷ ᠨᠢ ᠦᠨᠳᠤᠰᠤᠨ ᠳᠤ ᠪᠠᠨ ᠨᠢᠭᠡᠳᠦᠯᠳᠠᠢ ᠪᠠᠶᠢᠵᠤ᠂ ᠰᠤᠷᠬᠤ ᠳᠤ ᠬᠢᠯᠪᠠᠷ | ᠬᠤᠷᠳᠤᠨ᠂ ᠲᠦᠬᠡᠮᠡᠯᠵᠢᠬᠦᠯᠦᠨ ᠬᠡᠷᠡᠭᠯᠡᠬᠦ ᠳᠤ ᠲᠦᠬᠦᠮ ᠪᠠᠶᠢᠳᠠᠭ᠃ | ⒌ ᠺᠢᠷᠢᠯ ᠮᠤᠩᠭᠤᠯ ᠦᠰᠦᠭ ᠤᠨ ᠲᠤᠳᠠᠭᠳᠠᠯ ᠲᠠᠢ ᠲᠠᠯ᠎ᠠ᠄ ᠤᠷᠤᠰ ᠴᠠᠭᠠᠨ ᠲᠤᠯᠤᠭᠠᠢ ᠶᠢ ᠲᠡᠷᠡ ᠴᠢᠭ | ᠢᠶᠠᠷ ᠨᠢ ᠠᠪᠴᠤ ᠬᠡᠷᠡᠭᠯᠡᠭᠰᠡᠨ ᠲᠤᠯᠠ ᠴᠠᠭᠠᠨ ᠲᠤᠯᠤᠭᠠᠢ ᠶᠢᠨ ᠦᠰᠦᠭ ᠪᠦᠷᠢ ᠳᠤ ᠠᠵᠢᠯ ᠤᠯᠭᠤᠬᠤ ᠬᠡᠵᠤ | ᠪᠢᠰᠢᠬᠦᠢ ᠤᠯᠠᠨ ᠲᠦᠷᠢᠮ ᠵᠤᠬᠢᠶᠠᠬᠤ ᠳᠤ ᠬᠦᠷᠦᠭᠰᠡᠨ ᠪᠠᠶᠢᠨ᠎ᠠ᠃ ᠤᠯᠠᠮᠵᠢᠯᠠᠯᠳᠤ ᠮᠤᠩᠭᠤᠯ ᠦᠰᠦᠭ ᠲᠤ ᠢᠯᠭᠠᠭ᠎ᠠ | ᠲᠠᠢ ᠪᠢᠴᠢᠭᠳᠡᠳᠡᠭ ᠵᠠᠷᠢᠮ ᠦᠰᠦᠭ ᠨᠢ ᠢᠯᠭᠠᠭ᠎ᠠ ᠦᠭᠡᠢ ᠪᠤᠯᠤᠭᠰᠠᠨ ᠪᠠᠶᠢᠨ᠎ᠠ᠃ | |