︽ᠲᠠᠪᠤᠨ ᠲᠠᠭᠠᠳᠬᠠᠯ ᠨᠢᠬᠡ ᠮᠦᠩᠬᠦ︾᠎ ᠶᠢ ᠲᠠ ᠨᠠᠷᠢᠨ ᠦᠢᠯᠠᠭᠠᠨ᠎ᠠ ᠤᠤ︖
ᠨᠡᠶᠢᠲᠡᠯᠡᠭᠰᠡᠨ ᠴᠠᠭ᠄
2016/3/30
      ᠠᠵᠢᠯᠯᠠᠵᠤ ᠪᠠᠶᠢᠭ᠎ᠠ ᠬᠦᠮᠦᠰ ᠰᠠᠷ᠎ᠠ ᠪᠦᠷᠢ ︽ᠲᠠᠪᠤᠨ ᠲᠠᠭᠠᠳᠬᠠᠯ ᠨᠢᠬᠡ ᠮᠦᠩᠬᠦ︾ ᠲᠤᠰᠢᠶᠠᠵᠤ ᠪᠠᠶᠢᠳᠠᠭ ᠃ ᠡᠨᠡ ᠨᠢ ᠬᠦᠮᠦᠨ ᠨᠢᠬᠡᠪᠦᠷᠢ ᠶᠢᠨ ᠠᠰᠢᠭ ᠲᠤᠰᠠ ᠲᠠᠢ ᠨᠢᠬᠳᠠ ᠬᠠᠷᠢᠴᠠᠭ᠎ᠠ ᠲᠠᠢ ᠪᠠᠶᠢᠳᠠᠭ᠂ ᠬᠡᠬᠦ ᠳᠡᠭᠡᠨ ᠦᠪᠡᠷ ᠲᠡᠭᠡᠨ ᠠᠵᠢᠯ ᠢᠶᠠᠨ ᠬᠠᠶᠠᠬᠰᠠᠨ ᠪᠠᠶᠢᠪᠠᠯ ᠠᠵᠢᠯ ᠠᠯᠳᠠᠬᠰᠠᠨ ᠮᠦᠩᠬᠦ ᠪᠠᠨ ᠤᠯᠵᠤ ᠠᠪᠬᠤ ᠦᠬᠡᠢ᠂ ᠨᠠᠰᠤᠵᠢᠯ ᠤᠨ ᠲᠠᠭᠠᠳᠬᠠᠯ ᠢ ᠨᠦᠬᠦᠵᠤ ᠲᠤᠰᠢᠶᠠᠵᠤ ᠦᠯᠦ ᠪᠤᠯᠬᠤ ᠁ ᠵᠡᠷᠬᠡ ᠲᠠᠭᠠᠳᠬᠠᠯ ᠳᠤ ᠤᠷᠤᠯᠴᠠᠬᠰᠠᠳ ᠤᠨ ᠡᠷᠬᠡᠪᠰᠢ ᠮᠡᠳᠡᠬᠦ ᠴᠢᠬᠤᠯᠠ ᠲᠠᠢ ᠨᠠᠷᠢᠨ ᠵᠦᠢᠯᠡᠰ ᠢ ᠤᠢᠢᠯᠠᠭᠠᠬᠤ ᠴᠢᠬᠤᠯᠠᠳᠠᠢ᠃            ᠨᠠᠰᠤᠵᠢᠯ ᠤᠨ ᠲᠠᠭᠠᠳᠬᠠᠯ᠄        ᠪᠦᠬᠦᠯᠢ 15 ᠵᠢᠯ ᠲᠤᠰᠢᠶᠠᠪᠠᠯ ᠰᠠᠶᠢ ᠠᠵᠢᠯ ᠠᠴᠠ ᠪᠠᠨ ᠠᠮᠠᠷᠠᠬᠤ ᠦᠶ᠎ᠠ ᠳᠤ ᠨᠠᠰᠤᠨ ᠲᠤᠷᠰᠢᠳᠠ ᠠᠰᠠᠷᠠᠮᠵᠢ ᠶᠢᠨ ᠮᠦᠩᠬᠦ ᠬᠦᠷᠳᠡᠵᠤ ᠴᠢᠳᠠᠨ᠎ᠠ᠃ ᠡᠶᠢᠮᠦ ᠠᠴᠠ ᠠᠰᠠᠷᠠᠮᠵᠢ ᠶᠢᠨ ᠲᠠᠭᠠᠳᠬᠠᠯ ᠬᠦᠷᠳᠡᠬᠦ ᠪᠤᠳᠤᠯ ᠲᠠᠢ ᠪᠤᠯ ᠡᠷᠬᠡᠪᠰᠢ ᠠᠵᠢᠯ ᠠᠴᠠ ᠪᠠᠨ ᠠᠮᠠᠷᠠᠬᠤ ᠠᠴᠠ 15 ᠵᠢᠯ ᠤᠨ ᠡᠮᠦᠨ᠎ᠡ ᠠᠴᠠ ᠡᠬᠢᠯᠡᠨ ᠨᠠᠰᠤᠵᠢᠯ ᠤᠨ ᠲᠠᠭᠠᠳᠬᠠᠯ ᠲᠤᠰᠢᠶᠠᠬᠤ ᠬᠡᠷᠡᠭᠳᠡᠢ᠃ ᠬᠡᠷᠪᠡ ᠠᠵᠢᠯ ᠠᠴᠠ ᠪᠠᠨ ᠠᠮᠠᠷᠠᠬᠤ ᠪᠤᠯᠳᠠᠯ᠎ᠠ ᠨᠠᠰᠤᠵᠢᠯ ᠤᠨ ᠲᠠᠭᠠᠳᠬᠠᠯ ᠲᠤᠰᠢᠶᠠᠬᠰᠠᠨ ᠬᠤᠭᠤᠴᠠᠭ᠎ᠠ ᠪᠦᠬᠦᠯᠢ 15 ᠵᠢᠯ ᠬᠦᠷᠬᠦ ᠦᠬᠡᠢ ᠪᠠᠶᠢᠪᠠᠯ ᠲᠠᠨ ᠢ ᠠᠵᠢᠯ ᠠᠴᠠ ᠪᠠᠨ ᠠᠮᠠᠷᠠᠬᠤ ᠦᠶ᠎ᠠ ᠳᠤ ᠤᠯᠤᠰ ᠠᠴᠠ ᠵᠦᠪᠬᠡᠨ ᠬᠤᠪᠢ ᠬᠦᠮᠦᠨ ᠤ ᠲᠠᠩᠰᠠᠨ ᠡᠷᠦᠬᠡ ᠳᠤ ᠬᠠᠳᠠᠭᠠᠯᠠᠵᠤ ᠪᠠᠶᠢᠬᠤ 8%᠎ ᠶᠢᠨ ᠠᠰᠠᠷᠠᠮᠵᠢ ᠶᠢᠨ ᠮᠦᠩᠬᠦ ᠶᠢ ᠴᠢᠨᠢ ᠪᠦᠬᠦᠨ ᠢ ᠪᠤᠴᠠᠭᠠᠵᠤ ᠦᠭᠭᠦᠨ᠎ᠠ᠃ ᠤᠯᠤᠰ ᠤᠨ ᠪᠠᠶᠢᠭᠤᠯᠤᠯᠭ᠎ᠠ ᠨᠢᠬᠡᠴᠡ ᠶᠢᠨ ᠬᠤᠪᠢ ᠭᠦᠮᠤᠨ ᠳᠤ ᠲᠤᠰᠢᠶᠠᠵᠤ ᠦᠭᠬᠦᠭᠰᠡᠨ 21%᠎ ᠶᠢᠨ ᠵᠤᠭᠤᠰ ᠢ ᠪᠦᠬᠦᠨ ᠢ ᠤᠯᠤᠰ ᠤᠨ ᠨᠠᠰᠤᠵᠢᠯ ᠤᠨ ᠲᠠᠭᠠᠳᠬᠠᠯ ᠤᠨ ᠨᠢᠬᠡᠳᠦᠯᠳᠡᠢ ᠲᠦᠯᠦᠪᠵᠢᠬᠦᠯᠬᠦ ᠰᠠᠭᠤᠷᠢ ᠮᠦᠩᠬᠦ ᠳᠤ ᠤᠷᠤᠭᠤᠯᠵᠤ᠂ ᠤᠯᠤᠰ ᠲᠤ ᠡᠷᠬᠦᠭᠰᠡᠨ ᠢᠶᠠᠷ ᠪᠤᠳᠤᠨ᠎ᠠ᠃      ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠠᠰᠠᠷᠠᠮᠵᠢ ᠶᠢᠨ ᠮᠦᠩᠬᠦ ᠶᠢ ᠬᠡᠷᠬᠢᠨ ᠪᠤᠳᠤᠬᠤ ᠪᠤᠢ︖ ᠠᠰᠠᠷᠮᠠᠵᠢ ᠶᠢᠨ ᠮᠦᠩᠬᠦ ᠶᠢ ᠪᠤᠳᠤᠬᠤ ᠠᠷᠭ᠎ᠠ ᠲᠤᠩ ᠪᠤᠳᠤᠯᠢᠶᠠᠨᠳᠠᠢ ᠶᠤᠮ᠂ ᠤᠯᠤᠰ ᠠᠴᠠ ᠵᠢᠯ ᠪᠦᠷᠢ ᠨᠢᠬᠡ ᠤᠳᠠᠭ᠎ᠠ ᠰᠦᠢᠳᠬᠡᠯ ᠲᠤᠰᠢᠶᠠᠬᠤ ᠰᠠᠭᠤᠷᠢ ᠲᠤᠭ᠎ᠠ ᠶᠢ ᠬᠤᠪᠢᠷᠠᠭᠤᠯᠳᠠᠭ᠃ ᠬᠡᠷᠪᠡ ᠲᠠ ᠤᠳᠤ 30 ᠨᠠᠰᠤᠳᠠᠢ ᠪᠤᠯ ᠤᠳᠤᠬᠠᠨ ᠤ ᠰᠦᠢᠳᠬᠡᠯ ᠲᠤᠰᠢᠶᠠᠬᠤ ᠰᠠᠭᠤᠷᠢ ᠲᠤᠭ᠎ᠠ 3000 ᠲᠦᠬᠦᠷᠢᠭ᠂ ᠬᠡᠷᠪᠡ ᠠᠵᠢᠯ ᠠᠴᠠ ᠪᠠᠨ ᠠᠮᠠᠷᠠᠬᠤ ᠨᠠᠰᠤ 55 ᠨᠠᠰᠤ ᠭᠦᠷᠪᠡᠯ᠂ ᠡᠷᠬᠡᠪᠰᠢ 40 ᠨᠠᠰᠤᠨ ᠠᠴᠠ ᠪᠠᠨ ᠡᠮᠦᠨ᠎ᠠ ᠡᠬᠢᠯᠡᠵᠤ ᠨᠠᠰᠤᠵᠢᠯ ᠤᠨ ᠲᠠᠭᠠᠳᠬᠠᠯ ᠲᠤᠰᠢᠶᠠᠬᠤ ᠬᠡᠷᠡᠭᠳᠡᠢ᠃ ᠬᠡᠷᠪᠡ 30 ᠨᠠᠰᠤᠨ ᠠᠴᠠ ᠪᠠᠨ ᠡᠬᠢᠯᠡᠵᠤ ᠲᠤᠰᠢᠶᠠᠪᠠᠯ 55 ᠨᠠᠰᠤ ᠬᠦᠷᠳᠡᠯ᠎ᠡ ᠨᠠᠶᠢᠳᠠ 25 ᠵᠢᠯ ᠲᠤᠰᠢᠶᠠᠨ᠎ᠠ᠃ ᠲᠡᠬᠡᠪᠡᠯ ᠶᠠᠭᠤᠨ ᠤ ᠡᠮᠦᠨ᠎ᠠ ᠲᠠ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠯᠠᠪᠳᠠᠢ ᠠᠰᠠᠷᠠᠮᠵᠢ ᠶᠢᠨ ᠮᠦᠩᠬᠦ ᠤᠯᠵᠤ ᠬᠦᠷᠳᠡᠨ᠎ᠠ᠃ ᠲᠠᠷᠠᠭ᠎ᠠ ᠨᠢ᠂ ᠬᠡᠷᠪᠡ 25 ᠵᠢᠯ ᠤᠨ ᠲᠠᠷᠠᠭ᠎ᠠ ᠲᠠᠨ ᠤ ᠲᠤᠰᠢᠶᠠᠬᠰᠠᠨ 3000 ᠲᠦᠬᠦᠷᠢᠭ ᠤᠨ ᠰᠠᠭᠤᠷᠢ ᠲᠤᠭ᠎ᠠ ᠨᠢᠬᠡᠨᠳᠡ 6000 ᠲᠦᠬᠦᠷᠢᠭ ᠪᠤᠯᠵᠤ ᠬᠤᠪᠢᠷᠠᠬᠰᠠᠨ ᠪᠤᠯ 55 ᠨᠠᠰᠤᠨ ᠤ ᠦᠶ᠎ᠠ ᠳᠤ ᠰᠠᠷ᠎ᠠ ᠪᠦᠷᠢ 6000 × 20% = 1200 ᠲᠦᠬᠦᠷᠢᠭ ᠤᠨ ᠦᠨᠳᠦᠰᠦᠨ ᠠᠰᠠᠷᠠᠮᠵᠢ ᠶᠢᠨ ᠮᠦᠩᠬᠦ ᠬᠦᠷᠳᠡᠨ᠎ᠡ᠂ ᠡᠳᠡᠭᠡᠷ ᠮᠦᠡᠭᠭᠦ ᠪᠤᠯ ᠪᠦᠷ ᠤᠯᠤᠰ ᠠᠴᠠ ᠲᠠᠨ ᠳᠤ ᠦᠭᠴᠤ ᠪᠠᠶᠢᠬᠤ ᠭᠡᠰᠡᠭ᠃ ᠡᠬᠦᠨ ᠠᠴᠠ ᠭᠠᠳᠠᠨ᠎ᠠ ᠲᠡᠨ ᠤ ᠬᠤᠪᠢ ᠬᠦᠮᠦᠨ ᠤ ᠲᠠᠩᠰᠠᠨ ᠡᠷᠦᠬᠡ ᠳᠠᠬᠢ ᠵᠤᠭᠤᠰ 25 ᠵᠢᠯ ᠤᠨ ᠲᠤᠳᠤᠷ᠎ᠠ ᠪᠠᠰᠠ ᠨᠡᠯᠢᠶᠡᠳ ᠠᠷᠪᠢᠨ ᠬᠠᠳᠠᠭᠠᠯᠠᠬᠳᠠᠬᠰᠠᠨ ᠨᠢ ᠮᠡᠳᠡᠬᠡᠵᠢ᠃ ᠡᠨᠡ ᠦᠶᠡᠰ ᠰᠦᠢᠳᠬᠡᠯ ᠲᠤᠰᠢᠶᠠᠬᠰᠠᠨ ᠰᠠᠭᠤᠷᠢ ᠮᠦᠩᠬᠦ ᠶᠢ ᠲᠡᠭᠰᠢᠳᠬᠡᠵᠤ ᠪᠤᠳᠤᠨ ᠎ᠠ᠂ ᠲᠠᠷᠤᠢ ︵3000 + 6000︶ ÷ 2 = 4500᠂ ᠲᠡᠬᠡᠪᠡᠯ ᠲᠡᠨ ᠤ 25 ᠵᠢᠯ ᠲᠤᠳᠤᠷ᠎ᠠ ᠬᠤᠪᠢ ᠬᠦᠮᠦᠨ ᠤ ᠲᠠᠩᠰᠠᠨ ᠡᠷᠦᠬᠡ ᠳᠤ ᠪᠠᠶᠢᠬᠤ ᠵᠤᠭᠤᠰ 4500 × 8% ︵ᠲᠠᠨ ᠤ ᠬᠤᠪᠢ ᠬᠦᠮᠦᠨ ᠤ ᠲᠤᠰᠢᠶᠠᠬᠰᠠᠨ ᠨᠠᠰᠤᠵᠢᠯ ᠤᠨ ᠲᠠᠭᠠᠳᠬᠠᠯ ᠤᠨ ᠬᠡᠰᠡᠭ︶ × 25 ᠵᠢᠯ × 12 ᠰᠠᠷ᠎ᠠ = 108000 ᠲᠦᠬᠦᠷᠢᠭ᠃ 1200 ᠲᠦᠬᠦᠷᠢᠭ ᠤᠨ ᠦᠨᠳᠦᠰᠦᠨ ᠠᠰᠠᠷᠠᠮᠵᠢ ᠶᠢᠨ ᠮᠦᠩᠬᠦ ᠶᠢᠨ ᠲᠡᠭᠡᠷ᠎ᠡ ᠪᠠᠰᠠ 108000 ÷ 120 = 900 ᠲᠦᠬᠦᠷᠢᠭ ᠢ ᠨᠡᠮᠡᠨ᠎ᠠ᠂ ᠡᠶᠢᠨᠬᠦ 55 ᠨᠠᠰᠤᠨ ᠠᠴᠠ ᠪᠠᠨ ᠡᠬᠢᠯᠡᠨ ᠰᠠᠷ᠎ᠠ ᠪᠦᠷᠢ ᠨᠠᠭᠠᠨᠳᠤ ᠵᠠᠬ᠎ᠠ ᠳᠠᠭᠠᠨ 1200 + 900 = 2100 ᠲᠦᠬᠦᠷᠢᠭ ᠤᠨ ᠠᠰᠠᠷᠠᠮᠵᠢ ᠶᠢᠨ ᠮᠦᠩᠬᠦ ᠤᠯᠤᠨ᠎ᠠ᠃ ᠶᠠᠷᠢᠶᠠᠨ ᠦᠬᠡᠢ᠂ ᠵᠢᠯ ᠪᠦᠷᠢ ᠤᠯᠤᠰ ᠤᠨ ᠨᠠᠰᠤᠵᠢᠯ ᠤᠨ ᠲᠠᠭᠠᠳᠬᠠᠯ ᠤᠨ ᠰᠠᠭᠤᠷᠢ ᠲᠤᠭ᠎ᠠ ᠦᠰᠴᠦ ᠯᠠ ᠪᠠᠶᠢᠨ᠎ᠠ᠂ ᠡᠶᠢᠨᠬᠦ ᠵᠢᠯ ᠪᠦᠷᠢ 900 ᠲᠦᠬᠦᠷᠢᠭ ᠠᠴᠠ ᠭᠠᠳᠠᠨ᠎ᠠ᠂ ᠰᠠᠷ᠎ᠠ ᠪᠦᠷᠢ 1200 ᠲᠦᠬᠦᠷᠢᠭ ᠠᠴᠠ ᠬᠤᠯᠠ ᠢᠯᠡᠬᠦᠦ ᠠᠰᠠᠷᠠᠮᠵᠢ ᠶᠢᠨ ᠮᠦᠩᠬᠦ ᠤᠯᠬᠤ ᠪᠤᠯᠤᠮᠵᠢ ᠲᠠᠢ᠂ ᠡᠶᠢᠮᠦ ᠠᠴᠠ ᠨᠠᠰᠤᠵᠢᠯ ᠤᠨ ᠲᠠᠭᠠᠳᠬᠠᠯ ᠢ ᠬᠡᠳᠦᠢ ᠠᠷᠪᠢᠨ ᠲᠤᠰᠢᠶᠠᠪᠠᠯ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠲᠡᠳᠦᠢ ᠠᠷᠪᠢᠨ ᠴᠠᠯᠢᠩ ᠤᠯᠤᠨ᠎ᠠ ᠬᠡᠰᠡᠨ ᠦᠬᠡ᠃      ᠰᠠᠨᠠᠭᠤᠯᠭ᠎ᠠ᠄ ᠦᠳᠡᠯᠦᠬᠡ ᠨᠠᠰᠤᠨ ᠤ ᠠᠰᠠᠷᠠᠮᠵᠢ ᠨᠢ ᠨᠠᠰᠤᠵᠢᠯ ᠤᠨ ᠲᠠᠭᠠᠳᠬᠠᠯ ᠳᠤ ᠯᠡ ᠲᠦᠰᠢᠭᠯᠡᠭᠡᠳ ᠬᠦᠷᠬᠦ ᠦᠬᠡᠢ︕ ᠤᠳᠤᠬᠠᠨ ᠳᠤ ᠮᠠᠨ ᠤ ᠤᠯᠤᠰ ᠤᠨ ᠨᠠᠰᠤᠵᠢᠯ ᠤᠨ ᠲᠠᠭᠠᠳᠬᠠᠯ ᠤᠨ ᠲᠦᠷᠢᠮ ᠨᠢ ︽ᠬᠤᠳᠠ ᠪᠠᠯᠭᠠᠰᠤᠨ ᠤ ᠠᠵᠢᠯᠳᠠᠨ ᠤ ᠦᠨᠳᠦᠰᠦᠨ ᠲᠠᠭᠠᠳᠬᠠᠯ︾᠎ ᠢᠶᠠᠷ ᠭᠤᠤᠯ ᠪᠤᠯᠭᠠᠵᠤ ᠪᠤᠢ᠃ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠨᠡᠶᠢᠬᠡᠮ ᠤᠨ ᠲᠠᠭᠠᠳᠬᠠᠯ ᠤᠨ ᠰᠢᠰᠲ᠋ᠧᠮ ᠠᠴᠠ ᠠᠰᠠᠷᠠᠮᠵᠢ ᠶᠢᠨ ᠮᠦᠩᠬᠦ ᠠᠪᠴᠤ ᠪᠤᠯᠤᠨ᠎ᠠ᠃ ᠬᠡᠬᠦ ᠳᠡᠭᠡᠨ ᠨᠡᠶᠢᠬᠡᠮ ᠤᠨ ᠲᠠᠭᠠᠤᠨᠬᠠᠯ ᠨᠢ ᠵᠦᠪᠬᠡᠨ ᠦᠨᠳᠦᠰᠦᠨ ᠠᠮᠢᠳᠦᠷᠠᠯ ᠢ ᠴᠢᠨᠢ ᠪᠠᠳᠤᠯᠠᠨ᠎ᠠ᠂ ᠡᠶᠢᠨᠬᠦ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠲᠡᠨ ᠤ ᠬᠡᠷᠡᠭᠯᠡᠬᠡᠨ ᠤ ᠲᠦᠪᠰᠢᠨ ᠴᠤ ᠪᠠᠭᠤᠷᠠᠬᠤ ᠦᠬᠡᠢ ᠪᠠᠶᠢᠬᠤ ᠶᠢᠨ ᠠᠷᠭ᠎ᠠ ᠦᠬᠡᠢ ᠰᠢᠦ᠃            ᠡᠮ ᠡᠮᠨᠡᠯᠬᠡ ᠶᠢᠨ ᠲᠠᠭᠠᠳᠬᠠᠯ᠄        ᠡᠮ ᠡᠮᠨᠡᠯᠬᠡ ᠶᠢᠨ ᠲᠠᠭᠠᠳᠬᠠᠯ ᠲᠤᠰᠢᠶᠠᠵᠤ ᠬᠠᠭᠠᠰ ᠵᠢᠯ ᠪᠤᠯᠤᠬᠰᠠᠨ ᠤ ᠲᠠᠷᠠᠭ᠎ᠠ᠂ ᠡᠮᠨᠡᠯᠬᠡ ᠳᠤ ᠰᠠᠭᠤᠬᠰᠠᠨ ᠵᠠᠷᠤᠳᠠᠯ ᠢ ᠲᠠᠩᠰᠠ ᠴᠠᠶᠢᠷᠠᠭᠤᠯᠵᠤ ᠪᠤᠯᠤᠨ᠎ᠠ᠃ ᠡᠮ ᠡᠮᠨᠡᠯᠭᠡ ᠶᠢᠨ ᠲᠠᠭᠠᠤᠨᠬᠠᠯ ᠳᠤ ᠬᠤᠪᠢ ᠬᠦᠮᠦᠨ ᠰᠠᠷ᠎ᠠ ᠪᠦᠷᠢ ᠦᠨᠳᠤᠰᠤᠨ ᠴᠠᠯᠢᠩ ᠤᠨ ᠢᠶᠠᠨ 2%᠎ ᠢᠶᠠᠷ ᠲᠤᠰᠢᠶᠠᠵᠤ᠂ ᠪᠠᠶᠢᠭᠤᠯᠤᠯᠭ᠎ᠠ ᠨᠢᠬᠡᠴᠡ ᠠᠴᠠ ᠰᠠᠷ᠎ᠠ ᠪᠦᠷᠢ ᠬᠤᠪᠢ ᠭᠦᠮᠤᠨ ᠤ ᠦᠨᠳᠤᠰᠤᠨ ᠴᠠᠯᠢᠩ ᠤᠨ ᠭᠢᠨᠢ 9%᠎ ᠢᠶᠠᠷ ᠲᠤᠰᠢᠶᠠᠡ ᠦᠭᠴᠤ᠂ ᠲᠡᠭᠡᠷ᠎ᠡ ᠨᠢ 10 ᠲᠦᠬᠦᠷᠢᠭ ᠤᠨ ᠬᠦᠨᠳᠤ ᠡᠪᠡᠳᠴᠢᠨ ᠤ ᠡᠮᠨᠡᠯᠬᠡ ᠶᠢᠨ ᠲᠠᠭᠠᠳᠬᠠᠯ ᠪᠤᠢ᠃ ᠬᠦᠨᠳᠤ ᠡᠪᠡᠳᠴᠢᠨ ᠤ ᠨᠢᠬᠡᠳᠦᠯᠳᠡᠢ ᠲᠦᠯᠦᠪᠯᠡᠬᠦ ᠡᠮᠨᠡᠯᠬᠡ ᠶᠢᠨ ᠲᠠᠭᠠᠳᠬᠠᠯ ᠨᠢ ᠵᠦᠪᠬᠡᠨ ᠡᠮᠨᠡᠯᠬᠡ ᠳᠤ ᠰᠠᠭᠤᠬᠤ ᠶᠢ ᠬᠠᠮᠢᠶᠠᠷᠤᠨ᠎ᠠ᠃ ᠤᠯᠤᠰ ᠠᠴᠠ ᠰᠠᠷ᠎ᠠ ᠪᠦᠷᠢ 11%᠎ ᠶᠢᠨ ᠲᠤᠳᠤᠷ᠎ᠠ ᠠᠴᠠ ᠲᠡᠨ ᠤ ᠡᠮ ᠡᠮᠨᠡᠯᠬᠡ ᠶᠢᠨ ᠺᠠᠷᠲ ᠤᠨ ᠲᠠᠩᠰᠠᠨ ᠳᠤ ᠦᠪᠡᠷ ᠲᠤ ᠴᠢᠨᠢ ᠬᠠᠷᠢᠶᠠᠯᠠᠬᠳᠠᠬᠤ 2%᠎ ᠢ ᠪᠤᠴᠠᠭᠠᠵᠤ ᠦᠭᠬᠦᠨ᠎ᠠ᠃      ᠬᠡᠷᠪᠡ ᠲᠠ 2015 ᠤᠨ ᠤ 1 ᠰᠠᠷ᠎ᠠ ᠠᠴᠠ ᠡᠬᠢᠯᠡᠨ ᠡᠮ ᠡᠮᠨᠡᠯᠬᠡ ᠶᠢᠨ ᠲᠠᠭᠠᠳᠬᠠᠯ ᠲᠤᠰᠢᠶᠠᠬᠰᠠᠨ ᠪᠤᠯ 2015 ᠤᠨ ᠤ 2 ᠰᠠᠷ᠎ᠠ ᠠᠴᠠ ᠡᠬᠢᠯᠡᠨ ᠡᠮᠨᠡᠯᠬᠡ ᠶᠢᠨ ᠺᠠᠷᠲ ᠵᠢᠷᠤᠵᠤ ᠡᠮ ᠬᠤᠳᠠᠯᠳᠤᠨ ᠠᠪᠬᠤ ᠪᠤᠶᠦ ᠡᠮᠨᠡᠯᠬᠡ ᠶᠢᠨ ᠬᠤᠷᠢᠶᠠᠨ ᠳᠤ ᠡᠮᠨᠡᠬᠦᠯᠵᠤ ᠪᠤᠯᠤᠨ᠎ᠠ᠃ 2015 ᠤᠨ ᠤ 7 ᠰᠠᠷ᠎ᠠ ᠠᠴᠠ ᠡᠬᠢᠯᠡᠨ ᠡᠮᠨᠡᠯᠬᠡ ᠳᠤ ᠰᠠᠭᠤᠬᠤ ᠳᠤ ᠬᠦᠷᠪᠡᠯ ᠲᠠᠩᠰᠠᠨ ᠠᠴᠠ ᠴᠠᠶᠢᠷᠠᠭᠤᠯᠵᠤ ᠪᠤᠯᠤᠨ᠎ᠠ᠃ ᠬᠡᠷᠪᠡ ᠰᠠᠷ᠎ᠠ ᠪᠦᠷᠢ 1369 ᠲᠦᠬᠦᠷᠢᠭ ᠤᠨ ᠬᠠᠮᠤᠭ ᠲᠤᠤᠷ᠎ᠠ ᠴᠠᠯᠢᠩ ᠤᠨ ᠰᠠᠭᠤᠷᠢ ᠲᠤᠭ᠎ᠠ ᠪᠠᠷ ᠡᠮ ᠡᠮᠨᠡᠯᠭᠡ ᠶᠢᠨ ᠲᠠᠭᠠᠳᠬᠠᠯ ᠲᠤᠰᠢᠶᠠᠬᠤ ᠪᠠᠷ ᠵᠢᠱᠢᠶᠠᠯᠠᠪᠡᠯ᠂ ᠲᠠᠷᠤᠢ 1369 × 2%= 27.38 ᠲᠦᠬᠦᠷᠢᠭ᠂ ᠡᠨᠡ ᠪᠤᠯ ᠰᠠᠷ᠎ᠠ ᠪᠦᠷᠢ ᠤᠯᠤᠰ ᠠᠴᠠ ᠲᠠᠨ ᠤ ᠡᠮ ᠡᠮᠨᠡᠯᠬᠡ ᠶᠢᠨ ᠺᠠᠷᠲ ᠤᠨ ᠲᠠᠩᠰᠠᠨ ᠳᠤ ᠤᠷᠤᠭᠤᠯᠤᠨ ᠦᠭᠴᠤ ᠪᠠᠶᠢᠭ᠎ᠠ ᠵᠤᠭᠤᠰ᠂ ᠡᠨᠡ ᠬᠡᠰᠡᠭ ᠵᠤᠭᠤᠰ ᠢ ᠡᠮ ᠬᠤᠳᠠᠯᠳᠤᠨ ᠠᠪᠬᠤ ᠪᠤᠶᠤ ᠡᠮᠨᠡᠯᠬᠡ ᠶᠢᠨ ᠬᠤᠷᠢᠶᠠᠨ ᠳᠤ ᠬᠦᠷᠴᠤ ᠡᠪᠡᠳᠴᠢᠨ ᠦᠵᠡᠬᠦᠯᠬᠦ ᠳᠤ ᠬᠡᠷᠡᠭᠯᠡᠵᠤ ᠪᠤᠯᠤᠨ᠎ᠠ᠃      ᠬᠡᠷᠪᠡ ᠲᠡ ᠡᠮᠨᠡᠯᠬᠡ ᠳᠤ ᠰᠠᠭᠤᠬᠰᠠᠨ ᠪᠦᠭᠡᠤᠨ ᠬᠡᠷᠡᠭᠯᠡᠭᠰᠡᠨ ᠡᠮ ᠡᠮᠨᠡᠯᠬᠡ ᠶᠢᠨ ᠲᠠᠭᠠᠳᠬᠠᠯ ᠤᠨ ᠬᠦᠷᠢᠶ᠎ᠠ ᠬᠡᠪᠴᠢᠶᠠᠨ ᠳᠠᠬᠢ ᠡᠮ ᠤᠨ ᠵᠦᠢᠯᠡᠰ ᠤᠨ ᠵᠤᠭᠤᠰ᠂ ᠮᠠᠰᠠ ᠵᠠᠰᠠᠯ ᠬᠢᠭᠰᠡᠨ᠂ ᠡᠮᠨᠡᠯᠬᠡ ᠳᠤ ᠰᠠᠭᠤᠬᠰᠠᠨ ᠵᠠᠷᠤᠳᠠᠯ ᠵᠡᠷᠬᠡ ᠨᠡᠶᠢᠳᠡ 5000 ᠲᠦᠬᠦᠷᠢᠭ ᠵᠠᠷᠤᠴᠠᠭᠤᠯᠤᠬᠰᠠᠨ ᠢᠶᠠᠷ ᠵᠢᠱᠢᠶᠡᠯᠡᠪᠡᠯ᠂ ᠲᠠᠩᠰᠠ ᠴᠠᠶᠢᠷᠠᠭᠤᠯᠬᠤ ᠦᠶ᠎ᠠ ᠳᠤ᠂ 4000 × 86%= 3440 ᠲᠦᠬᠦᠷᠢᠭ᠂ ᠬᠤᠪᠢ ᠬᠦᠮᠦᠨ ᠤ ᠡᠬᠦᠷᠬᠡᠯᠡᠬᠦ ᠬᠡᠰᠡᠭ 4000 × 14 %= 560᠂ ᠲᠡᠭᠡᠷ᠎ᠡ ᠨᠢ ᠡᠬᠢᠯᠡᠯᠳᠡ ᠶᠢᠨ ᠦᠨ᠎ᠠ 1000 ᠲᠦᠬᠦᠷᠢᠭ ᠢ ᠨᠡᠮᠡᠪᠡᠯ ᠨᠠᠶᠢᠳᠠ 5000 ᠲᠦᠬᠦᠷᠢᠭ ᠵᠠᠷᠤᠴᠠᠭᠤᠯᠤᠭᠠᠳ ᠬᠤᠪᠢ ᠬᠦᠮᠦᠨ ᠵᠦᠪᠬᠡᠨ 1560 ᠲᠦᠬᠦᠷᠢᠭ ᠢ ᠨᠢ ᠡᠬᠦᠷᠬᠡᠯᠡᠪᠡᠯ ᠪᠤᠯᠴᠢᠬᠠᠨ᠎ᠠ᠃ ᠡᠶᠢᠮᠦ ᠠᠴᠠ ᠡᠮ ᠡᠮᠨᠡᠯᠬᠡ ᠶᠢᠨ ᠲᠠᠭᠠᠳᠬᠠᠯ ᠨᠢ ᠬᠦᠮᠦᠰ ᠲᠤ ᠠᠪᠴᠤ ᠬᠡᠯᠡᠪᠡᠯ ᠨᠠᠰᠤᠵᠢᠯ ᠤᠨ ᠲᠠᠭᠠᠳᠬᠠᠯ ᠠᠴᠠ ᠴᠤ ᠴᠢᠬᠤᠯᠠ᠂ ᠤᠴᠢᠷ ᠨᠢ ᠤᠳᠤᠬᠠᠨ ᠳᠤ ᠡᠪᠡᠳᠴᠢᠨ ᠦᠵᠡᠬᠦᠯᠵᠤ ᠡᠮᠨᠡᠯᠬᠡ ᠳᠤ ᠰᠠᠭᠤᠬᠤ ᠨᠢ ᠶᠡᠭᠡ ᠬᠡᠮᠵᠢᠶᠠᠨ ᠤ ᠵᠤᠭᠤᠰ ᠵᠠᠷᠤᠴᠠᠭᠤᠯᠬᠤ ᠶᠤᠮ᠃      ᠰᠠᠨᠠᠭᠤᠯᠭ᠎ᠠ᠄ ᠡᠮ ᠡᠮᠨᠡᠯᠬᠡ ᠶᠢᠨ ᠲᠠᠭᠠᠳᠬᠠᠯ ᠨᠢ ᠪᠤᠢ ᠪᠦᠬᠦᠢ ᠡᠪᠡᠳᠴᠢᠨ ᠢ ᠡᠮᠨᠡᠬᠦᠯᠬᠦ ᠳᠤ ᠴᠦᠮ ᠬᠡᠷᠡᠭᠯᠡᠵᠤ ᠪᠤᠯᠬᠤ ᠪᠢᠰᠢ᠂ ᠨᠡᠶᠢᠬᠡᠮ ᠤᠨ ᠲᠠᠭᠠᠳᠬᠠᠯ ᠨᠢ ᠪᠢᠳᠠᠨ ᠤ ᠬᠠᠮᠤᠭ ᠤᠨ ᠦᠨᠳᠦᠰᠦᠨ ᠠᠰᠢᠭ ᠲᠤᠰᠠ ᠶᠢ ᠪᠠᠳᠤᠯᠠᠬᠤ ᠶᠢᠨ ᠬᠤᠶᠢᠨ᠎ᠠ᠂ ᠵᠢᠰᠤ ᠭᠤᠶᠤᠯᠠᠬᠤ ᠮᠠᠰᠠ ᠵᠠᠰᠠᠯ᠂ ᠮᠠᠳᠡᠷᠡᠯ ᠤᠨ ᠡᠪᠡᠳᠴᠢᠨ᠂ ᠮᠠᠷᠢᠶ᠎ᠠ ᠰᠢᠭᠤᠷᠠᠭᠤᠯᠬᠤ ᠵᠡᠷᠬᠡ ᠳᠤ ᠬᠡᠷᠡᠭᠯᠡᠭᠰᠡᠨ ᠡᠮ ᠡᠮᠨᠡᠯᠬᠡ ᠶᠢᠨ ᠵᠠᠷᠤᠳᠠᠯ ᠢ ᠲᠠᠩᠰᠠ ᠠᠴᠠ ᠴᠠᠶᠢᠷᠠᠭᠤᠯᠵᠤ ᠪᠤᠯᠬᠤ ᠦᠬᠡᠢ᠃ ᠡᠬᠦᠨ ᠠᠴᠠ ᠭᠠᠳᠠᠨ᠎ᠠ᠂ ᠬᠡᠷᠪᠡ ᠰᠠᠨᠠᠮᠰᠠᠷ ᠦᠬᠡᠢ ᠪᠠᠷ ᠵᠠᠮ ᠬᠠᠷᠢᠯᠴᠠᠭᠠᠨ ᠤ ᠠᠳᠡᠯ ᠭᠠᠷᠬᠤ ᠡᠰᠡᠬᠦᠯ᠎ᠠ ᠶᠠᠷᠭᠠᠴᠢᠨ ᠳᠤ ᠬᠤᠤᠷᠯᠠᠬᠳᠠᠬᠤ ᠵᠡᠷᠬᠡ ᠨᠢ ᠴᠦᠮ ᠡᠮ ᠡᠮᠨᠡᠯᠬᠡ ᠶᠢᠨ ᠲᠠᠭᠠᠳᠬᠠᠯ ᠤᠨ ᠲᠠᠩᠰᠠᠨ ᠠᠴᠠ ᠴᠠᠶᠢᠷᠠᠭᠤᠯᠬᠤ ᠬᠦᠷᠢᠶ᠎ᠠ ᠬᠡᠪᠴᠢᠶᠠᠨ ᠳᠤ ᠪᠠᠭᠳᠠᠬᠤ ᠦᠬᠡᠢ᠂ ᠵᠦᠪᠬᠡᠨ ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠠᠴᠠ ᠬᠡᠷᠡᠭ ᠤᠨ ᠰᠡᠵᠢᠭᠳᠡᠨ ᠢ ᠦᠨᠡᠨᠬᠦ ᠡᠷᠢᠵᠤ ᠤᠯᠬᠤ ᠦᠬᠡᠢ ᠪᠠᠶᠢᠬᠤ ᠶᠢ ᠬᠡᠷᠡᠴᠢᠯᠡᠭᠰᠡᠨ ᠪᠠᠶᠢᠳᠠᠯ ᠲᠤᠤᠷ᠎ᠠ ᠰᠠᠶᠢ ᠡᠮ ᠡᠮᠨᠡᠯᠬᠡ ᠶᠢᠨ ᠲᠠᠭᠠᠳᠬᠠᠯ ᠠᠴᠠ ᠲᠦᠷ ᠴᠠᠭ ᠬᠠᠷᠭᠤᠭᠤᠯᠤᠨ ᠲᠠᠩᠰᠠᠨ ᠠᠴᠠ ᠴᠠᠶᠢᠷᠠᠭᠤᠯᠵᠤ ᠦᠭᠬᠦᠨ᠎ᠠ᠃ ᠲᠡᠬᠢᠪᠡᠯ᠂ ᠡᠮ ᠡᠮᠨᠡᠯᠬᠡ ᠶᠢᠨ ᠲᠠᠭᠠᠳᠬᠠᠯ ᠨᠢ ᠭᠠᠳᠠᠨ᠎ᠠ ᠭᠠᠵᠠᠷ ᠬᠡᠷᠡᠭᠯᠡᠬᠦ ᠳᠤ ᠤᠯᠠᠨ ᠵᠦᠢᠯ ᠤᠨ ᠬᠢᠵᠠᠭᠠᠷ ᠨᠦᠬᠦᠴᠡᠯ ᠲᠠᠢ ᠪᠠᠶᠢᠳᠠᠭ ᠃ ᠬᠡᠷᠪᠡ ᠤᠯᠤᠰ ᠤᠨ ᠲᠤᠳᠤᠭᠠᠳᠤ ᠳᠤ ᠦᠪᠡᠷ ᠤᠨ ᠰᠠᠭᠤᠭ᠎ᠠ ᠪᠤᠰᠤ ᠭᠠᠵᠠᠷ ᠲᠠᠭᠠᠨ ᠡᠪᠡᠳᠴᠢᠯᠠᠵᠤ ᠲᠦᠷᠬᠡᠨ ᠠᠪᠤᠷᠠᠬᠤ ᠴᠢᠬᠤᠯᠠ ᠲᠠᠢ ᠪᠤᠯ ᠤᠷᠢᠳᠡᠪᠡᠷ ᠤᠢᠢᠷᠠᠯᠴᠠᠭᠠᠬᠢ ᠡᠮᠨᠡᠯᠬᠡ ᠶᠢᠨ ᠬᠤᠷᠢᠶᠠᠨ ᠳᠤ ᠰᠠᠭᠤᠵᠤ ᠡᠮᠨᠡᠬᠦᠯᠵᠤ ᠪᠤᠯᠤᠨ᠎ᠠ᠂ ᠬᠡᠬᠦ ᠳᠡᠭᠡᠨ 3 ᠠᠵᠢᠯᠯᠠᠬᠤ ᠡᠳᠦᠷ ᠤᠨ ᠲᠤᠳᠤᠷ᠎ᠠ ᠡᠮᠨᠡᠯᠬᠡ ᠳᠤ ᠰᠠᠭᠤᠬᠰᠠᠨ ᠡᠳᠦᠷ᠂ ᠡᠮᠨᠡᠯᠬᠡ ᠶᠢᠨ ᠬᠤᠷᠢᠶ᠎ᠡ ᠶᠢᠨ ᠨᠡᠷ᠎ᠡ ᠵᠡᠷᠬᠡ ᠮᠡᠳᠡᠭᠡ ᠵᠠᠩᠬᠢ ᠶᠢ ᠡᠮ ᠡᠮᠨᠡᠯᠬᠡ ᠶᠢᠨ ᠲᠠᠭᠠᠳᠬᠠᠯ ᠳᠤ ᠤᠷᠤᠬᠰᠠᠨ ᠭᠠᠵᠠᠷ ᠤᠨ ᠡᠮ ᠡᠮᠨᠡᠯᠬᠡ ᠶᠢᠨ ᠲᠠᠭᠠᠳᠬᠠᠯ ᠢ ᠬᠦᠢᠴᠡᠳᠭᠡᠭᠰᠡᠨ ᠪᠠᠶᠢᠭᠤᠯᠤᠮᠵᠢ ᠳᠤ ᠲᠠᠩᠰᠠᠯᠠᠭᠤᠯᠬᠤ ᠬᠡᠷᠡᠭᠳᠡᠢ᠂ ᠡᠪᠡᠳᠴᠢᠨ ᠤ ᠪᠠᠶᠢᠳᠠᠯ ᠨᠢ ᠲᠤᠬᠳᠠᠪᠤᠷᠢᠵᠢᠬᠰᠠᠨ ᠤ ᠲᠠᠷᠠᠭ᠎ᠠ ᠦᠷᠬᠦᠯᠵᠢᠯᠡᠨ ᠡᠮᠨᠡᠬᠦᠯᠬᠦ ᠴᠢᠬᠤᠯᠠᠳᠠᠢ ᠪᠤᠯ ᠴᠠᠬ ᠲᠤᠬᠠᠢ ᠳᠤᠨᠢ ᠡᠮ ᠡᠮᠨᠡᠯᠬᠡ ᠶᠢᠨ ᠲᠠᠭᠠᠳᠬᠠᠯ ᠤᠨ ᠲᠤᠬᠳᠠᠬᠰᠠᠨ ᠡᠮᠨᠡᠯᠬᠡ ᠶᠢᠨ ᠬᠤᠷᠢᠶᠠᠨ ᠳᠤ ᠬᠦᠷᠴᠤ ᠡᠮᠨᠡᠬᠦᠯᠬᠦ ᠬᠡᠷᠡᠭᠳᠡᠢ᠃            ᠠᠵᠢᠯ ᠠᠴᠠ ᠪᠤᠯᠤᠬᠰᠠᠨ ᠬᠡᠮᠳᠤᠯ ᠤᠨ ᠲᠠᠭᠠᠳᠬᠠᠯ᠄        ᠠᠵᠢᠯ ᠠᠴᠠ ᠪᠤᠯᠤᠬᠰᠠᠨ ᠬᠡᠮᠳᠤᠯ ᠤᠨ ᠲᠠᠭᠠᠳᠬᠠᠯ ᠬᠡᠵᠤ ᠠᠳᠡᠯ ᠤᠨ ᠬᠡᠷᠡᠴᠢ ᠶᠢ ᠬᠠᠳᠠᠭᠠᠯᠠᠮᠠᠨᠵᠨ ᠰᠠᠶᠢ ᠠᠵᠢᠯ ᠠᠴᠠ ᠪᠤᠯᠤᠬᠰᠠᠨ ᠬᠡᠮᠳᠤᠯ ᠤᠨ ᠲᠠᠭᠠᠳᠬᠠᠯ ᠢᠶᠠᠷ ᠰᠢᠢᠳᠪᠦᠷᠢᠯᠡᠵᠤ ᠪᠤᠯᠤᠨ᠎ᠠ᠃ ᠤᠯᠠᠩᠬᠢ ᠬᠦᠮᠦᠰ ᠠᠳᠡᠯ ᠭᠠᠷᠤᠬᠰᠠᠨ ᠤ ᠲᠠᠷᠠᠭ᠎ᠠ ᠬᠡᠷᠡᠴᠢ ᠪᠠᠨ ᠬᠠᠳᠠᠭᠠᠯᠠᠬᠤ ᠦᠬᠡᠢ ᠠᠴᠠ ᠪᠤᠯᠵᠤ ᠠᠵᠢᠯ ᠤᠨ ᠠᠳᠡᠯ ᠠᠴᠠ ᠪᠤᠯᠤᠬᠰᠨᠨ ᠲᠠᠭᠠᠳᠬᠠᠯ ᠢ ᠤᠯᠵᠤ ᠡᠳ᠋ᠯᠡᠬᠦ ᠦᠬᠡᠢ ᠨᠢ ᠶᠡᠭᠡ ᠬᠠᠷᠠᠮᠰᠠᠯᠳᠠᠢ᠃ ᠬᠡᠷᠪᠡ ᠠᠳᠡᠯ ᠭᠠᠷᠴᠤ᠂ ᠬᠡᠷᠡᠭ ᠲᠤ ᠬᠤᠯᠪᠤᠬᠳᠠᠬᠰᠠᠨ ᠬᠦᠮᠦᠨ ᠲᠤᠳᠠᠭᠠᠬᠰᠠᠨ ᠮᠦᠷᠳᠡᠬᠡᠨ ᠬᠡᠷᠡᠴᠢᠯᠡᠬᠦ ᠬᠦᠮᠦᠨ ᠡᠷᠢᠵᠤ ᠤᠯᠬᠤ ᠦᠬᠡᠢ᠂ ᠴᠠᠬᠳᠠᠭ᠎ᠠ ᠳᠤ ᠮᠡᠳᠡᠬᠦᠯᠦᠭᠰᠡᠨ ᠦᠬᠡᠢ ᠪᠠᠶᠢᠪᠠᠯ ᠠᠵᠢᠯ ᠠᠴᠠ ᠪᠤᠯᠤᠬᠰᠠᠨ ᠠᠳᠡᠯ ᠢᠶᠠᠷ ᠪᠤᠳᠤᠬᠤ ᠦᠬᠡᠢ᠃ ᠲᠡᠶᠢᠮᠦ ᠮᠦᠷᠳᠡᠬᠡᠨ ᠠᠵᠢᠯ ᠠᠴᠠ ᠪᠤᠯᠤᠬᠰᠨᠨ ᠠᠳᠡᠯ ᠨᠢ ᠪᠠᠰᠠ ᠴᠠᠭ ᠤᠨ ᠬᠢᠵᠠᠭᠠᠷ ᠤᠨ ᠠᠰᠠᠭᠤᠳᠠᠯ ᠪᠤᠢ᠂ ᠬᠡᠷᠪᠡ ᠲᠡᠨ ᠤ ᠠᠳᠡᠯ ᠭᠠᠷᠤᠬᠰᠠᠨ ᠡᠳᠦᠷ ᠠᠴᠠ ᠪᠤᠳᠤᠵᠤ ᠨᠢᠬᠡ ᠰᠠᠷ᠎ᠠ ᠶᠢᠨ ᠬᠤᠭᠤᠴᠠᠭ᠎ᠠ ᠦᠩᠬᠡᠷᠡᠭᠰᠡᠨ ᠪᠠᠶᠢᠪᠠᠯ ᠠᠵᠢᠯ ᠠᠴᠠ ᠪᠤᠯᠤᠬᠰᠠᠨ ᠠᠳᠡᠯ ᠤᠨ ᠬᠢᠨᠠᠨ ᠲᠤᠭᠳᠠᠭᠠᠯᠳᠠ ᠬᠢᠵᠤ ᠲᠡᠶᠢᠯᠬᠦ ᠦᠬᠡᠢ᠃ ᠬᠡᠷᠪᠡ ᠪᠠᠶᠢᠭᠤᠯᠤᠯᠭ᠎ᠠ ᠨᠢᠬᠡᠴᠡ ᠬᠤᠪᠢ ᠭᠦᠮᠤᠨ ᠤ ᠡᠮᠦᠨ᠎ᠠ ᠠᠴᠠ ᠤᠴᠢᠵᠤ ᠬᠢᠨᠠᠨ ᠲᠤᠬᠳᠠᠭᠠᠯᠳᠠ ᠬᠢᠵᠤ ᠦᠭᠬᠦ ᠦᠬᠡᠢ ᠪᠤᠯ ᠦᠪᠡᠷ ᠲᠡᠭᠡᠨ ᠬᠠᠮᠢᠶ᠎ᠠ ᠪᠦᠬᠦᠢ ᠮᠠᠲ᠋ᠧᠷᠢᠶᠠᠯ ᠢᠶᠠᠨ ᠠᠪᠴᠤ ᠬᠢᠨᠠᠨ ᠲᠤᠬᠳᠠᠭᠠᠬᠤ ᠲᠦᠪ ᠲᠤ ᠬᠦᠷᠴᠤ ᠬᠢᠨᠠᠨ ᠲᠤᠭᠳᠠᠭᠠᠯᠳᠠ ᠬᠢᠯᠬᠡᠵᠤ ᠪᠤᠯᠤᠨ᠎ᠠ᠃ ᠠᠯᠢ ᠴᠢᠳᠡᠬᠤ ᠪᠠᠷ ᠨᠢᠬᠡ ᠰᠠᠷ᠎ᠠ ᠶᠢᠨ ᠬᠤᠭᠤᠴᠠᠭ᠎ᠠ ᠶᠢ ᠦᠩᠬᠡᠷᠡᠵᠤ ᠪᠤᠯᠬᠤ ᠦᠬᠡᠢ᠂ ᠦᠬᠡᠢ ᠪᠤᠯ ᠲᠤᠩ ᠶᠡᠭᠡ ᠶᠠᠷᠰᠢᠭ ᠪᠤᠯᠬᠤ ᠶᠤᠮ᠃ ᠰᠠᠨᠠᠭᠤᠯᠭ᠎ᠠ᠄ 48 ᠴᠠᠭ ᠢ ᠬᠡᠳᠦᠷᠡᠪᠡᠯ ᠲᠦᠯᠦᠪᠦᠷᠢ ᠦᠭᠬᠦ ᠦᠬᠡᠢ᠃ ᠰᠦᠯᠵᠢᠶᠠᠨ ᠲᠡᠭᠡᠷ᠎ᠡ ︽ᠨᠠᠰᠤᠨ ᠳᠤ ᠦᠯᠦ ᠬᠦᠷᠦᠭᠰᠡᠨ ᠬᠦᠯᠦᠰᠦᠨ ᠲᠠᠷᠢᠶᠠᠴᠢᠨ 1 ᠴᠠᠭ ᠤᠷᠦ᠋ᠢᠳᠠᠵᠤ ᠦᠭᠦᠭᠰᠡᠨ ᠠᠴᠠ ᠪᠤᠯᠵᠤ ᠠᠵᠢᠯ ᠠᠴᠠ ᠪᠤᠯᠤᠬᠰᠠᠨ ᠠᠳᠡᠯ ᠤᠨ ᠲᠠᠭᠠᠳᠬᠠᠯ ᠤᠨ ᠲᠦᠯᠦᠪᠦᠷᠢ ᠤᠯᠬᠤ ᠦᠬᠡᠢᠨᠢ ᠶᠠᠭᠤᠨ︖︾ ᠬᠡᠬᠦ ᠮᠡᠳᠡᠭᠡ ᠤᠯᠠᠨ ᠰᠦᠯᠵᠢᠶᠠᠨ ᠠᠨᠳᠠ ᠶᠢᠨ ᠠᠩᠬᠠᠷᠤᠯ ᠢ ᠲᠡᠳᠡᠬᠰᠡᠨ ᠶᠤᠮ᠃ ᠲᠤᠰ ᠮᠡᠳᠡᠭᠡ ᠳᠤ᠂ ᠬᠤᠨᠠᠨ ᠮᠤᠵᠢ ᠶᠢᠨ ᠨᠢᠬᠡᠨ 17 ᠨᠠᠰᠤᠳᠠᠢ ᠬᠦᠯᠦᠰᠦᠨ ᠲᠠᠷᠢᠶᠠᠴᠢᠨ ᠴᠧᠨ ᠬᠦᠸᠧ᠂ ᠳ᠋ᠦᠩ ᠭᠤᠸᠠᠠ ᠬᠤᠳᠠ ᠳᠤ ᠬᠦᠯᠦᠰᠦᠨ ᠠᠵᠢᠯ ᠬᠢᠵᠤ ᠪᠠᠶᠢᠬᠤ ᠬᠤᠭᠤᠴᠠᠭᠠᠨ ᠳᠠᠭᠠᠨ ᠬᠦᠨᠳᠤ ᠨᠠᠷᠠᠰᠢᠵᠤ ᠡᠪᠡᠳᠴᠢᠯᠡᠭᠡᠳ ᠦᠬᠦᠭᠰᠡᠨ ᠪᠠᠶᠢᠨ᠎ᠠ᠂ ᠬᠡᠬᠦ ᠳᠡᠭᠡᠨ ᠲᠡᠷᠡ ᠨᠠᠷᠠᠰᠢᠵᠤ ᠡᠪᠡᠳᠴᠢᠯᠡᠭᠰᠡᠨ 49 ᠴᠠᠭ ᠤᠨ ᠲᠠᠷᠠᠭ᠎ᠠ ᠦᠭᠭᠦᠭᠰᠡᠨ ᠠᠴᠠ ᠪᠤᠯᠵᠤ ᠭᠡᠷ ᠤᠨ ᠠᠬᠠᠮᠠᠳ ᠨᠢ ᠲᠦᠯᠦᠪᠦᠷᠢ ᠤᠯᠤᠬᠰᠠᠨ ᠦᠬᠡᠢ ᠬᠡᠵᠡᠢ᠃      ᠡᠨᠡᠬᠦ ᠬᠡᠷᠡᠭ ᠤᠨ ᠦᠨᠳᠦᠰᠦᠯᠡᠯ ᠨᠢ ᠮᠠᠨ ᠤ ᠤᠯᠤᠰ ᠤᠨ ︽ᠠᠵᠢᠯ ᠠᠴᠠ ᠪᠤᠯᠤᠬᠰᠠᠨ ᠠᠳᠡᠯ ᠤᠨ ᠲᠠᠭᠠᠳᠬᠠᠯ ᠤᠨ ᠲᠦᠷᠢᠮ︾᠎ ᠤᠨ 15 ᠳ᠋ᠤᠭᠠᠷ ᠵᠦᠢᠯ ᠳᠤ᠂ ᠠᠵᠢᠯᠯᠠᠵᠤ ᠪᠠᠶᠢᠭ᠎ᠠ ᠬᠤᠭᠤᠴᠠᠭ᠎ᠠ ᠪᠤᠯᠤᠨ ᠠᠵᠢᠯᠯᠠᠵᠤ ᠪᠠᠶᠢᠬᠤ ᠠᠵᠢᠯ ᠤᠨ ᠪᠠᠶᠢᠷᠢ ᠳᠤ ᠬᠡᠨᠡᠳᠳᠠ ᠪᠠᠷ ᠡᠪᠡᠳᠴᠢᠯᠡᠵᠤ ᠦᠬᠦᠭᠰᠡᠨ ᠡᠰᠡᠬᠦᠯ᠎ᠠ 48 ᠴᠠᠭ ᠤᠨ ᠲᠤᠳᠤᠷ᠎ᠠ ᠪᠠᠴᠢᠮ ᠠᠪᠤᠷᠠᠯᠳᠠ ᠬᠢᠵᠤ ᠠᠪᠤᠷᠠᠵᠤ ᠲᠠᠶᠢᠯᠦᠭᠰᠡᠨ ᠦᠬᠡᠢ ᠦᠭᠦᠭᠰᠡᠨ ᠪᠠᠶᠢᠪᠠᠯ ᠠᠵᠢᠯ ᠠᠴᠠ ᠪᠤᠯᠤᠬᠰᠠᠨ ᠰᠢᠷᠬᠠᠳᠤᠯ ᠬᠡᠮᠳᠤᠯ ᠢᠶᠠᠷ ᠪᠤᠳᠤᠨ᠎ᠠ ᠬᠡᠵᠤ ᠲᠤᠭᠳᠠᠭᠠᠬᠰᠠᠨ ᠪᠠᠶᠢᠨ᠎ᠠ᠃ ᠴᠧᠨ ᠬᠦᠸᠧ ᠬᠦᠨᠳᠤ ᠨᠠᠷᠠᠰᠢᠵᠤ ᠡᠪᠡᠳᠴᠢᠯᠡᠭᠡᠳ 49 ᠴᠠᠭ ᠤᠨ ᠲᠠᠷᠠᠭ᠎ᠠ ᠰᠠᠶᠢ ᠦᠬᠦᠭᠰᠡᠨ ᠲᠤᠯᠠ ᠠᠵᠢᠯ ᠠᠴᠠ ᠪᠤᠯᠤᠬᠰᠠᠨ ᠰᠢᠷᠬᠠᠳᠤᠯ ᠬᠡᠮᠳᠦᠯ ᠳᠤ ᠲᠤᠭᠠᠴᠠᠬᠳᠠᠬᠤ ᠦᠬᠡᠢ︕ ᠦᠨᠡᠨ ᠳᠡᠭᠡᠨ ᠤᠯᠠᠨ ᠵᠢᠯ ᠤᠨ ᠲᠤᠷᠰᠢ ᠠᠵᠢᠯ ᠠᠴᠠ ᠪᠤᠯᠤᠭᠰᠠᠨ ᠬᠡᠮᠳᠦᠯ ᠰᠢᠷᠬᠠᠳᠤᠯ ᠢ ᠬᠢᠨᠡᠨ ᠲᠤᠭᠳᠠᠭᠠᠬᠤ ᠲᠤᠬᠠᠢ ᠵᠢᠭᠤᠷᠠᠯᠳᠤᠭᠠᠨ ᠪᠠ ᠵᠠᠭᠠᠯᠳᠤᠯᠭ᠎ᠠ ᠦᠷᠬᠦᠯᠵᠢᠯᠡᠭᠰᠡᠬᠡᠷ᠃ ᠤᠴᠢᠷ ᠨᠢ ᠠᠵᠢᠯ ᠠᠴᠠ ᠪᠤᠯᠤᠬᠰᠠᠨ ᠬᠡᠮᠳᠦᠯ ᠰᠢᠷᠬᠠᠳᠤᠯ ᠳᠤ ᠬᠢᠨᠠᠨ ᠲᠤᠭᠳᠠᠭᠠᠯᠳᠠ ᠬᠢᠬᠦ ᠬᠡᠵᠤ ᠲᠡᠶᠢᠮᠦ ᠬᠢᠯᠪᠠᠷᠬᠠᠨ ᠶᠠᠪᠤᠳᠠᠯ ᠪᠢᠰᠢ᠃            ᠦᠷᠡᠵᠢᠯ ᠤᠨ ᠲᠠᠭᠠᠳᠬᠠᠯ᠄              ᠦᠷᠡᠵᠢᠯ ᠤᠨ ᠲᠠᠭᠠᠳᠬᠠᠯ ᠪᠤᠯᠤᠨ ᠦᠷᠡᠵᠢᠯ ᠤᠨ ᠨᠦᠬᠦᠪᠦᠷᠢ ᠮᠦᠩᠬᠦ ᠶᠢᠨ ᠲᠤᠬᠠᠢ ᠡᠯ᠎ᠠ ᠭᠠᠵᠠᠷ ᠤᠷᠤᠨ ᠤ ᠲᠦᠷᠦ ᠶᠢᠨ ᠪᠤᠳᠤᠯᠭ᠎ᠠ ᠠᠳᠠᠯᠢ ᠦᠬᠡᠢ ᠪᠠᠶᠢᠳᠠᠭ ᠠᠴᠠ ᠬᠦᠳᠡᠯᠮᠦᠷᠢ ᠶᠢᠨ ᠲᠠᠭᠠᠳᠬᠠᠯ ᠤᠨ ᠰᠠᠯᠠᠭ᠎ᠠ ᠮᠦᠴᠢᠷ ᠠᠴᠠ ᠪᠤᠳᠠᠳᠠᠢ ᠯᠠᠪᠯᠠᠭ᠎ᠠ ᠠᠪᠴᠤ ᠪᠤᠯᠤᠨ᠎ᠠ᠃ ᠬᠡᠪᠡᠴᠤ ᠡᠮᠡᠭᠳᠡᠶᠢᠴᠤᠳ ᠪᠤᠯᠤᠨ ᠡᠷᠡᠭᠳᠡᠶᠢᠴᠤᠳ ᠤᠨ ᠲᠠᠩᠰᠠ ᠴᠠᠶᠢᠷᠠᠭᠤᠯᠬᠤ ᠨᠢ ᠲᠤᠩ ᠶᠡᠭᠡ ᠵᠦᠷᠢᠶ᠎ᠠ ᠲᠠᠢ ᠪᠠᠶᠢᠳᠠᠬ᠃ ᠡᠮᠡᠭᠳᠡᠢ ᠬᠦᠮᠦᠨ ᠡᠮᠨᠡᠯᠬᠡ ᠠᠴᠠ ᠭᠠᠷᠤᠬᠰᠠᠨ ᠤ ᠲᠠᠷᠠᠭ᠎ᠠ ᠲᠠᠷᠦ᠋ᠢᠬᠠᠨ ᠤᠷᠤᠭ ᠤᠨ ᠪᠠᠳᠤᠯᠠᠪᠦᠷᠢ᠂ ᠭᠠᠭᠴᠠ ᠬᠡᠦᠬᠡᠳ ᠤᠨ ᠦᠨᠡᠮᠯᠡᠯ᠂ ᠡᠪᠡᠳᠴᠢᠨ ᠤ ᠲᠡᠦᠬᠡ᠂ ᠶᠡᠭᠡ ᠪᠠᠭ᠎ᠠ ᠪᠠᠶᠢᠴᠠᠭᠠᠯᠳᠠ ᠬᠢᠯᠭᠡᠭᠰᠡᠨ ᠪᠠ ᠡᠮᠨᠡᠯᠬᠡ ᠳᠤ ᠰᠠᠭᠤᠵᠤ ᠮᠠᠰᠠ ᠵᠠᠰᠠᠯ ᠬᠢᠯᠭᠡᠭᠰᠡᠨ ᠰᠦᠢᠳᠭᠡᠯ ᠤᠨ ᠪᠤᠢ ᠪᠦᠬᠦᠢ ᠪᠢᠴᠢᠭ ᠪᠠᠷᠢᠮᠳᠠ ᠪᠠᠨ ᠪᠠᠶᠢᠭᠤᠯᠤᠯᠭ᠎ᠠ ᠨᠢᠬᠡᠴᠡ ᠳᠡᠭᠡᠨ ᠲᠤᠰᠢᠶᠠᠬᠤ ᠬᠡᠷᠡᠭᠳᠡᠢ᠃ ᠬᠡᠷᠬᠡᠢ ᠨᠢ ᠠᠵᠢᠯ ᠦᠬᠡᠢ ᠪᠤᠶᠤ ᠠᠵᠢᠯᠯᠠᠵᠤ ᠪᠠᠶᠢᠭ᠎ᠠ ᠨᠢᠬᠡᠴᠡ ᠠᠴᠠ ᠨᠢ ᠲᠠᠭᠠᠳᠬᠠᠯ ᠲᠤᠰᠢᠶᠠᠵᠤ ᠦᠭᠬᠦᠭᠰᠡᠨ ᠦᠬᠡᠢ ᠪᠠᠶᠢᠪᠠᠯ ᠨᠦᠬᠦᠷ ᠤᠨ ᠬᠢᠨ ᠪᠠᠶᠢᠭᠤᠯᠤᠯᠭ᠎ᠠ ᠶᠢᠨ ᠬᠢᠨ ᠲᠤᠰᠢᠶᠠᠵᠤ ᠦᠭᠴᠤ ᠪᠠᠶᠢᠬᠤ ᠦᠷᠠᠵᠢᠯ ᠤᠨ ᠲᠠᠭᠠᠳᠬᠠᠯ ᠨᠢ ᠨᠢᠬᠡᠨᠳᠡ ᠨᠢᠬᠡ ᠵᠢᠯ ᠬᠦᠢᠴᠡᠭᠰᠡᠨ ᠪᠠᠶᠢᠪᠠᠯ ᠡᠷᠡᠭᠳᠡᠢ ᠶᠢᠨ ᠲᠠᠯ᠎ᠠ ᠠᠴᠠ ᠴᠤ ᠦᠷᠠᠵᠢᠯ ᠤᠨ ᠲᠠᠭᠠᠳᠬᠠᠯ ᠢᠶᠠᠷ ᠡᠮᠨᠡᠯᠬᠡ ᠳᠤ ᠰᠠᠭᠤᠬᠰᠠᠨ ᠰᠦᠢᠳᠬᠡᠯ ᠤᠨ ᠲᠠᠩᠰᠠ ᠴᠠᠶᠢᠷᠠᠭᠤᠯᠵᠤ ᠪᠤᠯᠤᠨ᠎ᠠ᠃ ᠬᠡᠬᠦ ᠳᠡᠭᠡᠨ ᠡᠨᠡ ᠪᠠᠶᠢᠳᠠᠯ ᠲᠤᠤᠷ᠎ᠠ ᠵᠦᠪᠬᠡᠨ ᠡᠮᠨᠡᠯᠬᠡ ᠶᠢᠨ ᠰᠦᠢᠳᠬᠡᠯ ᠤᠨ ᠬᠠᠭᠠᠰ ᠢ ᠨᠢ ᠲᠠᠩᠰᠠ ᠴᠠᠶᠢᠷᠠᠭᠤᠯᠵᠤ ᠪᠤᠯᠤᠨ᠎ᠠ᠃ ᠵᠢᠱᠢᠶᠡᠯᠡᠪᠡᠯ᠂ 500 ᠲᠦᠬᠦᠷᠢᠭ ᠤᠨ ᠪᠠᠶᠢᠴᠠᠭᠠᠯᠳᠠ ᠶᠢᠨ ᠰᠦᠢᠳᠬᠡᠯ + 2000 ᠲᠦᠬᠦᠷᠢᠭ ᠤᠨ ᠡᠮᠨᠡᠯᠬᠡ ᠳᠤ ᠰᠠᠭᠤᠵᠤ ᠮᠠᠰᠠ ᠵᠠᠰᠠᠯ ᠬᠢᠭᠰᠡᠨ ᠰᠦᠢᠳᠬᠡᠯ ᠤᠨ ᠬᠠᠭᠠᠰ ᠲᠠᠷᠤᠢ 1250 ᠲᠦᠬᠦᠷᠢᠭ ᠢ ᠲᠠᠩᠰᠠ ᠴᠠᠶᠢᠷᠠᠭᠤᠯᠵᠤ ᠪᠤᠯᠤᠨ᠎ᠠ᠃ ᠬᠠᠷᠢᠨ ᠡᠮᠡᠭᠳᠡᠢ ᠶᠢᠨ ᠲᠠᠯ᠎ᠠ ᠠᠴᠠ ᠦᠷᠠᠵᠢᠯ ᠤᠨ ᠲᠠᠭᠠᠳᠬᠠᠯ ᠲᠤᠰᠢᠶᠠᠵᠤ ᠪᠠᠶᠢᠬᠤ ᠠᠴᠠ ᠪᠤᠯᠵᠤ ᠲᠠᠩᠰᠠ ᠴᠠᠶᠢᠷᠠᠭᠤᠯᠬᠤ ᠳᠤ ᠬᠦᠷᠪᠡᠯ ᠲᠡᠭᠡᠷ᠎ᠡ ᠨᠢ ᠪᠠᠰᠠ 4 ᠰᠠᠷ᠎ᠠ ᠶᠢᠨ ᠴᠠᠯᠢᠩ ᠤᠨ ᠨᠦᠬᠦᠪᠦᠷᠢ ᠬᠦᠷᠳᠡᠨ᠎ᠡ᠃ ᠲᠠᠷᠤᠢ 1369 × 4 = 5476 ᠲᠦᠬᠦᠷᠢᠭ ᠤᠨ ᠨᠦᠬᠦᠪᠦᠷᠢ ᠬᠦᠷᠳᠡᠨ᠎ᠡ᠃      ᠰᠠᠨᠠᠭᠤᠯᠭ᠎ᠠ᠄ ᠪᠠᠶᠢᠭᠤᠯᠤᠯᠭ᠎ᠠ ᠨᠢᠬᠡᠴᠡ ᠦᠬᠡᠢ ᠬᠦᠮᠦᠨ ᠦᠷᠡᠵᠢᠯ ᠤᠨ ᠲᠠᠭᠠᠳᠬᠠᠯ ᠤᠨ ᠬᠠᠷᠠᠭᠠᠯᠵᠠᠯ ᠤᠯᠵᠤ ᠬᠦᠷᠳᠡᠬᠦ ᠦᠬᠡᠢ᠃ ᠤᠴᠢᠷ ᠨᠢ ᠦᠷᠠᠵᠢᠯ ᠤᠨ ᠲᠠᠭᠠᠳᠬᠠᠯ ᠢ ᠡᠷᠬᠡᠪᠰᠢ ᠪᠠᠶᠢᠭᠤᠯᠤᠯᠭ᠎ᠠ ᠨᠢᠬᠡᠴᠡ ᠠᠴᠠ ᠨᠢᠬᠡᠳᠦᠯᠳᠡᠢ ᠲᠤᠰᠢᠶᠠᠨ᠎ᠠ᠂ ᠬᠠᠷᠢᠨ ᠬᠤᠪᠢ ᠬᠦᠮᠦᠨ ᠢᠶᠠᠷ ᠲᠤᠰᠢᠶᠠᠵᠤ ᠲᠡᠶᠢᠯᠬᠦ ᠦᠬᠡᠢ ᠮᠦᠷᠳᠡᠬᠡᠨ ᠲᠤᠰᠢᠶᠠᠬᠤ ᠬᠡᠷᠡᠭ ᠦᠬᠡᠢ᠂ ᠡᠬᠦᠨ ᠤ ᠬᠠᠮᠳᠤ ᠡᠷᠬᠡᠪᠰᠢ ᠪᠦᠬᠦᠯᠢ ᠨᠢᠬᠡ ᠵᠢᠯ ᠲᠤᠰᠢᠶᠠᠬᠰᠠᠨ ᠤ ᠲᠠᠷᠠᠭ᠎ᠠ ᠰᠠᠶᠢ ᠲᠠᠭᠠᠳᠬᠠᠯ ᠤᠨ ᠬᠠᠷᠠᠭᠠᠯᠵᠠᠯ ᠢ ᠬᠦᠷᠳᠡᠵᠤ ᠪᠤᠯᠤᠨ ᠎ᠠ᠃ ᠡᠬᠦᠨ ᠠᠴᠠ ᠭᠠᠳᠠᠨ᠎ᠠ ᠬᠦᠩᠬᠡᠵᠢᠭᠰᠡᠨ ᠤ ᠲᠠᠷᠠᠭ᠎ᠠ ᠴᠤ ᠦᠷᠬᠦᠯᠵᠢᠯᠡᠨ ᠲᠤᠰᠢᠶᠠᠬᠤ ᠬᠡᠷᠡᠭᠳᠡᠢ᠂ ᠲᠤᠰᠢᠶᠠᠬᠤ ᠦᠬᠡᠢ ᠪᠤᠯ ᠬᠦᠩᠬᠡᠵᠢᠭᠰᠡᠨ ᠠᠴᠠ ᠲᠠᠷᠠᠭᠠᠬᠢ ᠲᠦᠯᠦᠪᠯᠡᠭᠡᠳᠦ ᠦᠷᠡᠵᠢᠯ ᠤᠨ ᠲᠠᠯ᠎ᠠ ᠪᠠᠷ ᠬᠢ ᠡᠯ᠎ᠠ ᠵᠦᠢᠯ ᠤᠨ ᠠᠰᠠᠷᠠᠮᠵᠢ ᠶᠢ ᠤᠯᠵᠤ ᠬᠦᠷᠳᠡᠬᠦ ᠦᠬᠡᠢ᠃            ᠠᠵᠢᠯ ᠠᠯᠳᠠᠬᠰᠠᠨ ᠲᠠᠭᠠᠳᠬᠠᠯ᠄        ᠪᠦᠬᠦᠯᠢ ᠨᠢᠬᠡ ᠵᠢᠯ ᠲᠤᠰᠢᠶᠠᠬᠰᠠᠨ ᠤ ᠲᠠᠷᠠᠭ᠎ᠠ ᠰᠠᠶᠢ ᠬᠦᠴᠦᠨ ᠲᠠᠢ ᠪᠤᠯᠤᠨ᠎ᠠ᠃ ᠶᠡᠷᠦᠳᠡᠬᠡᠨ ᠨᠢᠬᠡ ᠵᠢᠯ ᠲᠤᠰᠢᠶᠠᠪᠠᠯ 2 ᠰᠠᠷ᠎ᠠ ᠶᠢᠨ ᠠᠵᠢᠯ ᠠᠯᠳᠠᠬᠰᠠᠨ ᠮᠦᠩᠬᠦ ᠠᠪᠴᠤ ᠪᠤᠯᠤᠨ᠎ᠠ᠂ 2 ᠵᠢᠯ ᠲᠤᠰᠢᠶᠠᠬᠰᠠᠨ ᠪᠤᠯ 4᠎ ᠶᠢᠨ ᠰᠠᠷ᠎ᠠ ᠡᠵᠢᠯ ᠠᠯᠳᠠᠬᠰᠠᠨ ᠮᠦᠩᠬᠦ ᠠᠪᠴᠤ ᠪᠤᠯᠤᠨ᠎ᠠ᠂ ᠬᠡᠬᠦ ᠳᠡᠭᠡᠨ ᠬᠠᠮᠤᠭ ᠠᠷᠪᠢᠨ ᠳᠠᠭᠠᠨ 24 ᠰᠠᠷ᠎ᠠ ᠶᠢᠨ ᠠᠵᠢᠯ ᠠᠯᠳᠠᠬᠰᠠᠨ ᠮᠦᠩᠬᠦ ᠠᠪᠴᠤ ᠪᠤᠯᠤᠨ᠎ᠠ᠃ ᠲᠠᠷᠤᠢ ᠬᠦᠳᠡᠯᠮᠦᠷᠢ ᠶᠢᠨ ᠬᠡᠷ᠎ᠠ ᠶᠢᠨ ᠬᠤᠭᠤᠴᠠᠭ᠎ᠠ ᠨᠢ ᠲᠤᠯᠤᠬᠰᠨᠨ ᠡᠰᠡᠬᠦᠯ᠎ᠠ ᠺᠤᠮᠫᠠᠨᠢ ᠠᠴᠠ ᠠᠵᠢᠯᠯᠠᠭᠤᠯᠬᠤ ᠦᠬᠡᠢ ᠪᠤᠯᠤᠬᠰᠠᠨ ᠪᠠᠶᠢᠳᠠᠯ ᠲᠤᠤᠷ᠎ᠠ ᠲᠡᠭᠡᠷ᠎ᠡ ᠶᠠᠷᠢᠬᠰᠡᠨ ᠪᠠᠷᠢᠮᠵᠢᠶ᠎ᠠ ᠪᠠᠷ ᠠᠵᠢᠯ ᠠᠯᠳᠠᠬᠰᠨᠨ ᠮᠦᠩᠬᠦ ᠠᠪᠴᠤ ᠪᠤᠯᠤᠨ᠎ᠠ᠃ ᠬᠡᠷᠪᠡ ᠬᠦᠳᠡᠯᠮᠦᠷᠢ ᠶᠢᠨ ᠬᠡᠷ᠎ᠡ ᠶᠢᠨ ᠬᠤᠭᠤᠴᠠᠭ᠎ᠠ ᠲᠠᠭᠤᠰᠬᠤ ᠠᠴᠠ ᠡᠮᠦᠨ᠎ᠠ ᠦᠪᠡᠷ ᠲᠡᠭᠡᠨ ᠠᠵᠢᠯ ᠢᠶᠠᠨ ᠠᠪᠬᠤ ᠦᠬᠡᠢ ᠶᠠᠪᠤᠬᠰᠠᠨ ᠪᠠᠶᠢᠪᠠᠯ ᠠᠵᠢᠯ ᠠᠯᠳᠠᠬᠰᠠᠨ ᠲᠠᠭᠠᠳᠬᠠᠯ ᠤᠨ ᠬᠠᠷᠠᠭᠠᠯᠵᠠᠯ ᠢ ᠬᠦᠷᠳᠡᠵᠤ ᠲᠡᠶᠢᠯᠬᠦ ᠦᠬᠡᠢ᠂ ᠴᠢᠨᠠᠬᠰᠢᠯᠠᠨ 10 ᠵᠢᠯ ᠲᠤᠰᠢᠶᠠᠬᠰᠠᠨ ᠪᠤᠯᠪᠠᠴᠤ ᠨᠢᠬᠡ ᠮᠦᠩᠬᠦ ᠴᠤ ᠤᠯᠵᠤ ᠠᠪᠬᠤ ᠦᠬᠡᠢ᠃      ᠰᠠᠨᠠᠭᠤᠯᠭ᠎ᠠ᠄ ᠠᠵᠢᠯ ᠠᠯᠳᠠᠭᠰᠠᠨ ᠲᠠᠭᠠᠳᠬᠠᠯ ᠤᠨ ᠮᠦᠩᠬᠦ ᠶᠢ ᠤᠯᠵᠤ ᠠᠪᠬᠤ ᠳᠤ ᠤᠯᠠᠨ ᠵᠦᠢᠯ ᠤᠨ ᠭᠠᠷᠳᠠᠮ ᠬᠦᠢᠴᠡᠳᠭᠡᠯ ᠱᠠᠭᠠᠷᠳᠠᠨ᠎ᠠ᠃ ᠵᠢᠱᠢᠶᠡᠯᠡᠪᠡᠯ᠂ ᠠᠵᠢᠯ ᠠᠴᠠ ᠪᠠᠨ ᠪᠠᠭᠤᠬᠰᠠᠨ ᠡᠳᠦᠷ ᠠᠴᠠ 60 ᠡᠳᠦᠷ ᠤᠨ ᠲᠤᠳᠤᠷ᠎ᠠ ᠡᠷᠦᠬᠡ ᠠᠮᠡ ᠶᠢᠨ ᠲᠠᠩᠰᠠ ᠶᠢᠨ ᠲᠡᠪᠳᠡᠷ᠂ ᠪᠡᠶ᠎ᠠ ᠶᠢᠨ ᠦᠨᠡᠮᠯᠡᠯ᠂ ᠬᠦᠳᠡᠯᠮᠦᠷᠢ ᠶᠢᠨ ᠬᠡᠷ᠎ᠠ ᠪᠤᠶᠤ ᠠᠵᠢᠯ ᠤᠨ ᠬᠠᠷᠢᠴᠠᠭ᠎ᠠ ᠶᠢ ᠬᠦᠴᠦᠨ ᠦᠬᠡᠢ ᠪᠤᠯᠭᠠᠬᠰᠠᠨ ᠬᠡᠷᠡᠴᠢ ᠪᠤᠯᠤᠨ ᠰᠡᠬᠦᠳᠡᠷ ᠢᠶᠠᠨ ᠠᠪᠴᠤ ᠠᠵᠢᠯ ᠠᠯᠳᠠᠬᠰᠠᠨ ᠢᠶᠠᠷ ᠲᠠᠩᠰᠠᠯᠠᠭᠤᠯᠵᠤ ᠲᠠᠬᠢᠨ ᠠᠵᠢᠯ ᠠᠯᠳᠠᠬᠰᠠᠨ ᠮᠦᠩᠬᠦ ᠠᠪᠬᠤ ᠪᠠᠷ ᠭᠤᠶᠤᠴᠢᠯᠠᠵᠤ ᠪᠤᠯᠤᠨ᠎ᠠ᠃ ᠲᠡᠶᠢᠮᠦ ᠮᠦᠷᠳᠡᠬᠡᠨ ᠡᠷᠬᠡᠪᠰᠢ ᠡᠷᠦᠬᠡ ᠠᠮᠠ ᠶᠢᠨ ᠲᠠᠩᠰᠠ ᠪᠠᠶᠢᠭ᠎ᠠ ᠭᠠᠵᠠᠷ ᠲᠠᠭᠠᠨ ᠬᠦᠷᠴᠤ ᠬᠦᠢᠴᠡᠳᠭᠡᠨ᠎ᠠ᠂ ᠲᠠᠷᠤᠢ ᠡᠷᠦᠬᠡ ᠠᠮᠠ ᠶᠢᠨ ᠲᠠᠩᠰᠠ ᠴᠢᠨᠢ ᠰᠢᠨᠵᠢᠶᠠᠩ ᠳᠤ ᠪᠠᠶᠢᠭᠠᠳ ᠪᠡᠬᠡᠵᠢᠩ ᠳᠤ ᠠᠵᠢᠯᠯᠠᠵᠤ ᠪᠠᠶᠢᠬᠰᠠᠨ ᠪᠤᠯ ᠶᠡᠭᠡ ᠬᠡᠮᠵᠢᠶᠠᠨ ᠤ ᠵᠠᠮ ᠬᠠᠷᠢᠯᠴᠠᠭᠠᠨ ᠤ ᠰᠦᠢᠳᠬᠡᠯ ᠢᠶᠠᠨ ᠪᠠᠷᠠᠵᠤ ᠰᠢᠨᠵᠢᠶᠠᠩ ᠳᠤ ᠤᠴᠢᠵᠤ ᠬᠦᠢᠴᠡᠳᠬᠡᠬᠦ ᠴᠢᠬᠤᠯᠠᠳᠠᠢ ᠬᠡᠰᠡᠨ ᠦᠬᠡ᠃            ᠤᠷᠤᠨ ᠰᠠᠭᠤᠴᠠ ᠶᠢᠨ ᠨᠠᠶᠢᠳᠠ ᠶᠢᠨ ᠬᠤᠷᠠᠮᠳᠤᠭᠤᠯᠭ᠎ᠠ ᠶᠢᠨ ᠮᠦᠩᠬᠦ᠄        ᠤᠷᠤᠨ ᠰᠠᠭᠤᠴᠠ ᠶᠢᠨ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠶᠢᠨ ᠬᠠᠮᠤᠭ ᠶᠡᠭᠡ ᠦᠢᠯᠡᠳᠦᠯ ᠪᠤᠯ ᠤᠷᠤᠨ ᠰᠠᠭᠤᠴᠠ ᠬᠤᠳᠠᠯᠳᠤᠨ ᠠᠪᠬᠤ ᠪᠤᠯᠤᠨ᠎ᠠ᠃ ᠬᠡᠷᠪᠡ ᠬᠤᠪᠢ ᠭᠦᠮᠤᠨ ᠰᠠᠷ᠎ᠠ ᠪᠦᠷᠢ 300 ᠲᠦᠬᠦᠷᠢᠭ ᠤᠨ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠪᠠᠯ ᠪᠠᠶᠢᠭᠤᠯᠤᠯᠭ᠎ᠠ ᠠᠴᠠ ᠴᠢᠨᠢ ᠪᠠᠰᠠ ᠰᠠᠷ᠎ᠠ ᠪᠦᠷᠢ ᠲᠠᠨ ᠤ ᠲᠠᠩᠰᠠᠨ ᠡᠷᠦᠬᠡ ᠳᠤ 300 ᠲᠦᠬᠦᠷᠢᠭ ᠬᠠᠳᠠᠭᠠᠯᠠᠵᠤ ᠦᠭᠴᠤ ᠪᠠᠶᠢᠨ᠎ᠠ᠂ ᠲᠠᠷᠤᠢ ᠰᠠᠷ᠎ᠠ ᠳᠤ 600 ᠲᠦᠬᠦᠷᠢᠭ ᠬᠠᠳᠠᠭᠠᠯᠠᠵᠤ ᠪᠠᠶᠢᠨ᠎ᠠ ᠬᠡᠰᠡᠨ ᠦᠬᠡ᠂ ᠬᠡᠷᠪᠡ ᠨᠢᠬᠡ ᠨᠠᠰᠤᠨ ᠳᠠᠭᠠᠨ 5 ᠲᠦᠮᠡᠨ ᠲᠦᠬᠦᠷᠢᠭ ᠲᠤᠰᠢᠶᠠᠬᠰᠠᠨ ᠪᠠᠶᠢᠪᠠᠯ ᠲᠠᠨ ᠤ ᠲᠠᠩᠰᠠᠨ ᠡᠷᠦᠬᠡ ᠳᠤ ᠬᠠᠳᠠᠭᠠᠯᠠᠬᠳᠠᠬᠤ ᠨᠠᠶᠢᠳᠠ ᠶᠢᠨ ᠬᠤᠷᠠᠮᠳᠤᠭᠤᠯᠭ᠎ᠠ ᠶᠢᠨ ᠮᠦᠩᠬᠦ 10 ᠲᠦᠮᠡᠨ ᠲᠦᠬᠦᠷᠢᠭ ᠪᠤᠯᠤᠨ᠎ᠠ᠃ ᠤᠷᠤᠨ ᠰᠠᠭᠤᠴᠠ ᠶᠢᠨ ᠨᠠᠶᠢᠳᠠ ᠶᠢᠨ ᠬᠤᠷᠠᠮᠳᠤᠭᠤᠯᠭ᠎ᠠ ᠶᠢᠨ ᠮᠦᠩᠬᠦ ᠪᠠᠷ ᠤᠷᠤᠨ ᠰᠠᠭᠤᠴᠠ ᠬᠤᠳᠠᠯᠳᠤᠨ ᠠᠪᠴᠤ ᠪᠤᠯᠤᠨ᠎ᠠ᠂ ᠤᠷᠤᠨ ᠰᠠᠭᠤᠴᠠ ᠶᠢᠨ ᠵᠢᠬᠡᠯᠡᠯᠬᠡ ᠪᠠᠨ ᠪᠤᠴᠠᠭᠠᠵᠤ ᠪᠤᠯᠤᠨ᠎ᠠ᠃ ᠬᠡᠷᠪᠡ ᠤᠷᠤᠨ ᠰᠠᠭᠤᠴᠠ ᠬᠤᠳᠠᠯᠳᠤᠨ ᠠᠪᠬᠤ ᠳᠠᠭᠠᠨ ᠬᠡᠷᠡᠭᠯᠡᠵᠤ ᠦᠩᠬᠡᠷᠡᠭᠰᠡᠨ ᠦᠬᠡᠢ ᠪᠤᠯ ᠠᠵᠢᠯ ᠠᠴᠠ ᠪᠠᠨ ᠠᠮᠠᠷᠠᠬᠤ ᠦᠶ᠎ᠠ ᠳᠤ ᠪᠦᠬᠦᠨ ᠢ ᠪᠡᠯᠡᠨ ᠵᠤᠭᠤᠰ ᠢᠶᠠᠷ ᠭᠠᠷᠭᠠᠨ ᠠᠪᠴᠤ ᠪᠤᠯᠤᠨ᠎ᠠ᠃      ᠰᠠᠨᠠᠭᠤᠯᠭ᠎ᠠ᠄ ᠰᠠᠷ᠎ᠠ ᠪᠦᠷᠢ ᠶᠢᠨ ᠲᠤᠰᠢᠶᠠᠬᠤ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠬᠡᠳᠦᠢ ᠠᠷᠪᠢᠨ ᠪᠤᠯ ᠲᠠᠳᠦᠢ ᠰᠠᠶᠢᠨ᠃ ᠬᠡᠬᠦ ᠳᠡᠭᠡᠨ ᠤᠷᠤᠨ ᠰᠠᠭᠤᠴᠠ ᠬᠤᠳᠠᠯᠳᠤᠨ ᠠᠪᠬᠤ ᠦᠬᠡᠢ ᠡᠰᠡᠬᠦᠯ᠎ᠠ ᠤᠬᠤᠷᠬᠠᠨ ᠬᠤᠭᠤᠴᠠᠭᠠᠨ ᠳᠤ ᠤᠷᠤᠨ ᠰᠠᠭᠤᠴᠠ ᠬᠤᠳᠠᠯᠳᠤᠨ ᠠᠪᠬᠤ ᠰᠠᠨᠠᠭ᠎ᠠ ᠦᠬᠡᠢ ᠬᠦᠮᠦᠰ ᠲᠤ ᠠᠪᠴᠤ ᠬᠡᠯᠡᠪᠡᠯ ᠤᠷᠳᠤ ᠬᠤᠭᠤᠴᠠᠭ᠎ᠠ ᠪᠠᠷ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠪᠠᠨ ᠰᠤᠯᠠ ᠲᠠᠯᠪᠢᠬᠤ ᠨᠢ ᠠᠰᠢᠭ ᠦᠬᠡᠢ᠃ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠳᠤ ᠲᠤᠬᠠᠢ ᠶᠢᠨ ᠵᠢᠯ ᠳᠤ ᠲᠤᠰᠢᠶᠠᠬᠰᠠᠨ ᠬᠡᠰᠡᠭ ᠲᠤ ᠬᠤᠭᠤᠴᠠᠭ᠎ᠠ ᠦᠬᠡᠢ ᠬᠠᠳᠠᠭᠠᠯᠠᠮᠵᠢ ᠶᠢᠨ ᠬᠦᠦ ᠮᠦᠩᠬᠦ ᠪᠤᠳᠤᠵᠤ ᠦᠭᠴᠤ᠂ ᠦᠩᠬᠡᠷᠡᠭᠰᠡᠨ ᠵᠢᠯ ᠳᠤ ᠲᠤᠰᠢᠶᠠᠬᠰᠠᠨ ᠬᠡᠰᠡᠭ ᠲᠤ ᠵᠦᠪᠬᠡᠨ ᠭᠤᠷᠪᠠᠨ ᠰᠠᠷ᠎ᠠ ᠶᠢᠨ ᠲᠤᠬᠳᠠᠭᠰᠠᠨ ᠬᠤᠭᠤᠴᠠᠭ᠎ᠠ ᠲᠠᠢ ᠬᠠᠳᠠᠭᠠᠯᠠᠮᠵᠢ ᠶᠢᠨ ᠬᠦᠦ ᠮᠦᠩᠬᠦ ᠪᠤᠳᠤᠵᠤ ᠦᠭᠬᠦᠨ᠎ᠠ᠃ ᠬᠡᠷᠪᠡ ᠭᠠᠷᠭᠠᠨ ᠠᠪᠴᠤ ᠪᠤᠯᠪᠠᠯ ᠠᠯᠢ ᠴᠢᠳᠡᠬᠤ ᠪᠠᠷ ᠭᠠᠷᠭᠠᠨ ᠠᠪᠴᠤ ᠡᠳ᠋ ᠠᠬᠤᠢᠢᠯᠠᠬᠤ ᠳᠤ ᠪᠡᠯᠡ ᠤᠷᠤᠭᠤᠯᠪᠠᠯ ᠨᠡᠩ ᠶᠡᠭᠡ ᠠᠰᠢᠭ ᠤᠷᠤᠯᠭ᠎ᠠ ᠤᠯᠵᠤ ᠪᠤᠯᠤᠨ᠎ᠠ᠃            ᠬᠦᠬᠡᠬᠤᠳᠠ ᠶᠢᠨ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ           ᠎ ᠶᠢᠨ  ᠵᠢᠬᠡᠯᠡᠯᠬᠡ  ᠶᠢᠨ  ᠰᠢᠨ᠎ᠠ  ᠲᠦᠷᠦ  ᠶᠢᠨ  ᠪᠤᠳᠤᠯᠭ᠎ᠠ        ᠵᠢᠬᠡᠯᠡᠯᠬᠡ ᠠᠪᠬᠤ ᠬᠦᠮᠦᠨ ᠡᠷ᠎ᠠ ᠡᠮ᠎ᠠ ᠬᠤᠶᠠᠭᠤᠯᠠ ᠪᠠᠨ ᠪᠦᠷ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠪᠠᠯ ᠬᠠᠮᠤᠭ ᠠᠷᠪᠢᠠ ᠳᠠᠭᠠᠨ 50 ᠲᠦᠮᠡᠨ ᠲᠦᠬᠦᠷᠢᠭ ᠤᠨ ᠵᠢᠬᠡᠯᠡᠯᠬᠡ ᠠᠪᠴᠤ ᠪᠤᠯᠬᠤ ᠶᠢ ᠬᠠᠮᠤᠭ ᠠᠷᠪᠢᠨ ᠳᠠᠭᠠᠨ 80 ᠲᠦᠮᠡᠨ ᠲᠦᠬᠦᠷᠢᠭ ᠤᠨ ᠵᠢᠬᠡᠯᠡᠯᠬᠡ ᠠᠪᠴᠤ ᠪᠤᠯᠬᠤ ᠪᠤᠯᠭᠠᠵᠠᠢ᠃ ᠬᠡᠷᠪᠡ ᠡᠷ᠎ᠠ ᠡᠮ᠎ᠠ ᠬᠤᠶᠠᠭᠤᠯᠠ ᠶᠢᠨ ᠭᠠᠭᠴᠠ ᠲᠠᠯ᠎ᠠ ᠶᠢᠨ ᠬᠢ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠪᠠᠯ ᠬᠠᠮᠤᠭ ᠠᠷᠪᠢᠨ ᠳᠠᠭᠠᠨ 35 ᠲᠦᠮᠡᠨ ᠲᠦᠬᠦᠷᠢᠭ ᠤᠨ ᠵᠢᠬᠡᠯᠡᠯᠬᠡ ᠠᠪᠴᠤ ᠪᠤᠯᠬᠤ ᠶᠢ ᠬᠠᠮᠤᠭ ᠠᠷᠪᠢᠨ ᠳᠠᠭᠠᠨ 50 ᠲᠦᠮᠡᠨ ᠲᠦᠬᠦᠷᠢᠭ ᠤᠨ ᠵᠢᠬᠡᠯᠡᠯᠬᠡ ᠠᠪᠴᠤ ᠪᠤᠯᠬᠤ ᠪᠤᠯᠭᠠᠵᠠᠢ᠃      ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠬᠤ ᠬᠡᠷ ᠪᠦᠯᠢ ᠶᠢᠨ ᠬᠢ ᠠᠩᠬᠠᠨ ᠤ ᠲᠦᠬᠦᠷ ᠡᠩ ᠤᠨ ᠤᠷᠤᠨ ᠰᠠᠭᠤᠴᠠ ᠬᠤᠳᠠᠯᠳᠤᠨ ᠠᠪᠬᠤ ᠳᠠᠭᠠᠨ ᠨᠠᠶᠢᠳᠠ ᠶᠢᠨ ᠬᠤᠷᠠᠮᠳᠤᠭᠤᠯᠭ᠎ᠠ ᠶᠢᠨ ᠮᠦᠩᠬᠦ ᠶᠢᠨ ᠵᠢᠬᠡᠯᠡᠯᠬᠡ ᠭᠤᠶᠤᠴᠢᠯᠠᠵᠤ ᠪᠠᠶᠢᠬᠤ ᠳᠤ ᠬᠦᠷᠪᠡᠯ ᠤᠷᠢᠳᠡᠪᠡᠷ ᠦᠭᠬᠦ ᠬᠠᠮᠤᠭ ᠲᠤᠤᠷ᠎ᠠ ᠬᠠᠷᠢᠴᠠᠯ ᠢ 20% ᠪᠤᠯᠭᠠᠵᠤ ᠂ ᠵᠢᠬᠡᠯᠡᠯᠬᠡ ᠶᠢᠨ ᠬᠤᠭᠤᠴᠠᠭ᠎ᠠ ᠶᠢ 1 — 30 ᠵᠢᠯ ᠤᠨ ᠲᠤᠳᠤᠷ᠎ᠠ᠂ ᠵᠢᠬᠡᠯᠡᠯᠬᠡ ᠠᠪᠤᠬᠰᠠᠨ ᠬᠦᠮᠦᠨ ᠤ ᠬᠠᠦᠯᠢ ᠶᠤᠰᠤᠭᠠᠷ ᠠᠵᠢᠯ ᠠᠴᠠ ᠪᠠᠨ ᠠᠮᠠᠷᠠᠬᠤ ᠨᠠᠰᠤᠨ ᠠᠴᠠ ᠬᠤᠶᠢᠰᠢ ᠪᠠᠨ ᠲᠠᠪᠤᠨ ᠵᠢᠯ ᠢ ᠬᠡᠳᠦᠷᠡᠵᠤ ᠪᠤᠯᠬᠤ ᠦᠬᠡᠢ᠂ ᠪᠤᠳᠠᠳᠠᠢ ᠵᠢᠬᠡᠯᠡᠯᠬᠡ ᠶᠢᠨ ᠬᠤᠭᠤᠴᠠᠭ᠎ᠠ ᠶᠢ ᠵᠢᠬᠡᠯᠡᠯᠬᠡ ᠶᠢᠨ ᠮᠦᠩᠬᠦ ᠶᠢᠨ ᠬᠡᠮᠵᠢᠶ᠎ᠠ᠂ ᠵᠢᠬᠡᠯᠡᠯᠬᠡ ᠶᠢ ᠲᠦᠯᠦᠬᠦ ᠴᠢᠳᠡᠪᠦᠷᠢ᠂ ᠠᠵᠢᠯ ᠠᠴᠠ ᠪᠠᠨ ᠠᠮᠠᠷᠠᠬᠤ ᠴᠠᠭ ᠪᠤᠯᠳᠠᠯᠡᠬᠢ ᠤᠨ ᠵᠢᠯ ᠢ ᠦᠵᠡᠵᠤ ᠲᠤᠭᠳᠠᠭᠠᠨ᠎ᠠ᠃ ᠵᠢᠬᠡᠯᠡᠯᠬᠡ ᠠᠪᠬᠤ ᠬᠦᠮᠦᠨ ᠤ ᠵᠢᠬᠡᠯᠡᠯᠬᠡ ᠲᠦᠯᠦᠬᠦ ᠴᠢᠳᠡᠪᠦᠷᠢ ᠶᠢ ᠬᠢᠨᠠᠨ ᠲᠤᠭᠳᠠᠭᠠᠬᠤ ᠪᠠᠷᠢᠮᠵᠢᠶ᠎ᠠ ᠶᠢ ᠲᠤᠷᠤᠬᠰᠢᠯᠠᠭᠤᠯᠵᠤ᠂ ᠰᠠᠷ᠎ᠠ ᠶᠢᠨ ᠵᠢᠬᠡᠯᠡᠯᠬᠡ ᠲᠦᠯᠦᠬᠦ ᠴᠢᠳᠡᠪᠦᠷᠢ ᠶᠢ ᠬᠡᠷ ᠪᠦᠯᠢ ᠶᠢᠨ ᠰᠡᠷ᠎ᠠ ᠶᠢᠨ ᠤᠷᠤᠯᠭ᠎ᠠ ᠶᠢᠨ 50%᠎ ᠠᠴᠠ ᠲᠠᠪᠠᠭᠤᠯᠵᠤ ᠪᠤᠯᠬᠤ ᠦᠬᠡᠢ ᠪᠠᠶᠢᠬᠰᠠᠨ ᠢ ᠬᠡᠷ ᠪᠦᠯᠢ ᠶᠢᠨ ᠴᠡᠯᠢᠩ ᠤᠨ ᠶᠠᠷᠦᠩᠬᠡᠢ ᠤᠷᠤᠯᠭ᠎ᠠ ᠶᠢᠨ 60 %᠎ ᠢ ᠲᠠᠪᠠᠵᠤ ᠪᠤᠯᠬᠤ ᠦᠬᠡᠢ ᠪᠤᠯᠭᠠᠨ ᠲᠤᠬᠢᠷᠠᠭᠤᠯᠵᠠᠢ᠃      ᠭᠠᠳᠠᠨ᠎ᠠ ᠤᠷᠤᠨ ᠳᠤ ᠤᠷᠤᠨ ᠰᠠᠭᠤᠴᠠ ᠬᠤᠳᠠᠯᠳᠤᠨ ᠠᠪᠴᠤ ᠨᠠᠶᠢᠳᠠ ᠶᠢᠨ ᠬᠤᠷᠠᠮᠳᠤᠭᠤᠯᠭ᠎ᠠ ᠶᠢᠨ ᠮᠦᠩᠬᠦ ᠶᠢᠨ ᠵᠢᠬᠡᠯᠡᠯᠬᠡ ᠠᠪᠴᠤ ᠪᠤᠯᠬᠤ ᠶᠢ ᠬᠡᠷᠡᠭᠵᠢᠬᠦᠯᠵᠡᠢ᠃ ᠦᠪᠡᠷᠳᠡᠬᠡᠨ ᠵᠠᠰᠠᠬᠤ ᠤᠷᠤᠨ ᠤ ᠪᠤᠰᠤᠳ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠶᠢᠨ ᠲᠦᠪ ᠲᠤ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠬᠤ ᠠᠵᠢᠯᠳᠠᠨ ᠬᠡᠷᠪᠡ ᠬᠦᠬᠡᠬᠤᠳᠠ ᠳᠤ ᠦᠪᠡᠷ ᠲᠡᠭᠡᠨ ᠰᠠᠭᠤᠬᠤ ᠤᠷᠤᠨ ᠰᠠᠭᠤᠴᠠ ᠬᠤᠳᠠᠯᠳᠤᠨ ᠠᠪᠬᠤ ᠳᠤ ᠬᠦᠷᠪᠡᠯ᠂ ᠤᠷᠤᠨ ᠰᠠᠭᠤᠴᠠ ᠬᠤᠳᠠᠯᠳᠤᠨ ᠠᠪᠤᠬᠰᠠᠨ ᠬᠦᠴᠦᠨ ᠪᠦᠬᠦᠢ ᠭᠠᠷᠳᠠᠮ ᠬᠦᠢᠴᠡᠳᠬᠡᠯ᠂ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠬᠤ ᠬᠡᠷᠡᠴᠢ ᠵᠢᠴᠢ ᠤᠢᠢᠷ᠎ᠠ ᠶᠢᠨ 6 ᠰᠠᠷ᠎ᠠ ᠠᠴᠠ ᠲᠡᠭᠡᠭᠰᠢ ᠲᠤᠰᠢᠶᠠᠬᠰᠠᠨ ᠨᠠᠷᠢᠨ ᠲᠠᠩᠰᠠ ᠪᠠᠨ ᠠᠪᠴᠤ᠂ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠲᠤᠰᠢᠶᠠᠵᠤ ᠪᠠᠶᠢᠬᠤ ᠭᠠᠵᠠᠷ᠂ ᠤᠷᠤᠨ ᠰᠠᠭᠤᠴᠠ ᠬᠤᠳᠠᠯᠳᠤᠨ ᠠᠪᠤᠬᠰᠠᠨ ᠭᠠᠵᠠᠷ ᠤᠨ ᠬᠠᠮᠢᠶᠠᠷᠤᠯᠳᠠ ᠶᠢᠨ ᠲᠦᠪ ᠠᠴᠠ ᠬᠢᠨᠠᠨ ᠬᠠᠷᠭᠤᠭᠤᠯᠵᠤ ᠠᠰᠠᠭᠤᠳᠠᠯ ᠦᠬᠡᠢ ᠪᠠᠶᠢᠳᠠᠯ ᠲᠤᠤᠷ᠎ᠠ᠂ ᠬᠦᠬᠡᠬᠤᠳᠠ ᠶᠢᠨ ᠤᠷᠤᠨ ᠰᠠᠭᠤᠴᠠ ᠶᠢᠨ ᠪᠡᠯᠡ ᠮᠦᠩᠬᠦ ᠶᠢᠨ ᠬᠠᠮᠢᠶᠠᠷᠤᠯᠳᠠ ᠶᠢᠨ ᠲᠦᠪ ᠠᠴᠠ ᠤᠷᠤᠨ ᠰᠠᠭᠤᠴᠠ ᠶᠢᠨ ᠨᠡᠶᠢᠳᠡ ᠶᠢᠨ ᠬᠤᠷᠠᠮᠳᠤᠭᠤᠯᠭ᠎ᠠ ᠶᠢᠨ ᠪᠡᠯᠡ ᠮᠦᠩᠬᠦ ᠶᠢᠨ ᠵᠢᠬᠡᠯᠡᠯᠬᠡ ᠭᠤᠶᠤᠴᠢᠯᠠᠵᠤ ᠪᠤᠯᠬᠤ ᠪᠠᠷ ᠪᠠᠷᠠᠬᠤ ᠦᠬᠡᠢ ᠤᠷᠤᠨ ᠰᠠᠭᠤᠴᠠ ᠶᠢᠨ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠬᠦ ᠶᠢᠨ ᠵᠢᠬᠡᠯᠡᠯᠬᠡ ᠬᠦᠢᠴᠡᠳᠬᠡᠬᠦ ᠳᠤ ᠶᠠᠮᠠᠷ ᠴᠤ ᠵᠠᠷᠤᠳᠠᠯ ᠰᠦᠢᠳᠬᠡᠯ ᠬᠤᠷᠢᠶᠠᠬᠤ ᠦᠬᠡᠢ︕
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号