ᠤᠷᠴᠢᠨ ᠲᠤᠭᠤᠷᠢᠨ ᠤ ᠪᠤᠬᠢᠷᠳᠤᠯ ᠤᠨ ᠠᠳᠡᠯ ᠢ ᠬᠡᠷᠬᠢᠨ ᠦᠢᠯᠠᠭᠠᠬᠤ ᠪᠤᠢ
ᠨᠡᠶᠢᠲᠡᠯᠡᠭᠰᠡᠨ ᠴᠠᠭ᠄
2016/3/30
      ᠤᠷᠴᠢᠨ ᠲᠤᠭᠤᠷᠢᠨ ᠤ ᠪᠤᠬᠢᠷᠳᠤᠯ ᠤᠨ ᠠᠳᠡᠯ ᠢ ᠤᠰᠤᠨ ᠤ ᠪᠤᠬᠢᠷᠳᠤᠯ ᠤᠨ ᠠᠳᠡᠯ᠂ ᠠᠭᠠᠷ ᠮᠠᠨᠳᠤᠯ ᠤᠨ ᠪᠤᠬᠢᠷᠳᠤᠯ ᠤᠨ ᠠᠳᠡᠯ᠂ ᠬᠠᠳᠠᠭᠤ ᠪᠡᠶᠡᠳᠤ ᠬᠠᠶᠠᠭᠳᠠᠮᠠᠯ ᠡᠳ᠋ ᠤᠨ ᠪᠤᠬᠢᠷᠳᠤᠯ ᠤᠨ ᠠᠳᠡᠯ᠂ ᠰᠠᠴᠤᠷᠠᠭ ᠴᠢᠨᠠᠷ ᠤᠨ ᠪᠤᠬᠢᠷᠳᠤᠯ ᠤᠨ ᠠᠳᠡᠯ ᠭᠡᠬᠦ ᠵᠡᠷᠭᠡ ᠢᠯᠭᠠᠳᠠᠭ᠃       ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ       ● ᠲᠤᠬᠠᠢ ᠶᠢᠨ ᠲᠠᠯᠠᠪᠤᠷ ᠲᠤ ᠲᠡᠯᠪᠡᠷᠡᠭᠰᠡᠨ ᠭᠡᠢ ᠪᠡᠶᠡᠳᠤ ᠥᠭᠡᠢ ᠪᠠᠶᠢᠳᠠᠯ ᠲᠤᠤᠷ᠎ᠠ᠂ ᠲᠡᠷᠦ᠋ᠢᠬᠠᠨ 119᠂ 110 ᠪᠤᠶᠤ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠰᠠᠯᠠᠭ᠎ᠠ ᠮᠥᠴᠢᠷ ᠲᠤ ᠤᠳᠠᠰᠤᠳᠠᠵᠤ᠂ ᠭᠡᠷᠡᠭ ᠡᠬᠦᠰᠥᠭᠰᠡᠨ ᠲᠤᠳᠤᠷᠬᠠᠢ ᠭᠠᠵᠠᠷ ᠤᠷᠤᠨ᠂ ᠤᠷᠤᠨ ᠲᠤᠭᠤᠷᠢᠬ ᠪᠠ ᠪᠤᠬᠢᠷᠳᠤᠯ ᠤᠨ ᠥᠵᠡᠭᠳᠡᠯ᠂ ᠬᠠᠷᠢᠯᠴᠠᠬᠤ ᠬᠥᠮᠥᠨ ᠤ ᠤᠳᠠᠰᠤ ᠪᠠᠨ ᠲᠤᠳᠤᠷᠬᠠᠢ ᠭᠡᠯᠡᠵᠤ ᠥᠭᠬᠦ ᠪᠤᠯᠪᠠᠤ᠃       ● ᠪᠤᠬᠢᠷᠳᠤᠯ ᠤᠨ ᠠᠳᠡᠯ ᠤᠨ ᠲᠤᠬᠠᠢ ᠶᠢᠨ ᠲᠠᠯᠠᠪᠤᠷ ᠤᠨ ᠪᠠᠶᠢᠳᠠᠯ ᠢ ᠥᠨᠳᠥᠰᠥᠯᠡᠨ᠂ ᠪᠤᠬᠢᠷᠳᠤᠭᠰᠠᠨ ᠭᠠᠵᠠᠷ ᠤᠷᠤᠨ ᠤ ᠨᠠᠰᠤᠳᠠᠢ᠂ ᠪᠠᠭᠤᠷᠠᠢ᠂ ᠡᠪᠡᠳᠴᠢᠳᠡᠢ᠂ ᠵᠡᠮᠳᠡᠭ ᠬᠥᠮᠥᠰ ᠪᠠ ᠬᠤᠤᠷᠳᠠᠭᠳᠠᠭᠰᠠᠨ ᠬᠥᠮᠥᠰ ᠢ ᠲᠡᠷᠦ᠋ᠢᠬᠠᠨ ᠲᠤᠬᠢᠳᠠᠢ ᠰᠠᠶᠢᠨ ᠲᠥᠪᠬᠢᠨᠡᠬᠦᠯᠬᠦ ᠭᠡᠷᠡᠭᠳᠡᠢ᠃       ● ᠤᠪᠤᠭᠠᠷᠠᠨ ᠥᠵᠡᠬᠦ ᠪᠠ ᠴᠤᠤ ᠲᠠᠷᠬᠠᠭᠠᠵᠤ ᠪᠤᠯᠬᠤ ᠥᠭᠡᠢ᠃ ᠪᠤᠬᠢᠷᠳᠤᠯ ᠤᠨ ᠲᠥᠷᠥᠯ ᠵᠥᠢᠯ ᠢ ᠥᠨᠳᠥᠰᠥᠯᠡᠨ ᠲᠤᠰᠬᠠᠢ ᠠᠵᠢᠯᠳᠠᠨ ᠢᠶᠠᠷ ᠠᠪᠤᠷᠠᠨ ᠵᠠᠰᠠᠭᠤᠯᠤᠨ᠎ᠠ᠃       ᠲᠤᠰᠬᠠᠢ ᠮᠡᠷᠭᠡᠵᠢᠯᠳᠡᠨ ᠤ ᠰᠠᠨᠠᠭᠤᠯᠤᠮᠵᠢ       ◇ ᠤᠰᠤ ᠪᠤᠬᠢᠷᠳᠤᠭᠰᠠᠨ ᠢ ᠤᠯᠵᠤ ᠮᠡᠳᠡᠭᠰᠡᠨ ᠥᠶᠡᠰ᠂ ᠪᠤᠯᠭᠤᠮᠵᠢᠳᠠᠢ ᠭᠡᠷᠡᠭᠯᠡᠬᠦ ᠪᠠ ᠤᠤᠭᠤᠬᠤ ᠶᠢ ᠲᠠᠭ ᠬᠤᠷᠢᠭᠯᠠᠵᠤ᠂ ᠲᠡᠷᠦ᠋ᠢᠬᠠᠨ ᠲᠤᠬᠠᠢ ᠶᠢᠨ ᠭᠠᠵᠠᠷ ᠤᠨ ᠢᠶᠠᠨ ᠡᠷᠡᠬᠦᠯ ᠬᠠᠮᠠᠭᠠᠯᠠᠯ ᠪᠤᠶᠤ ᠤᠷᠴᠢᠨ ᠲᠤᠭᠤᠷᠢᠨ ᠤ ᠬᠠᠮᠠᠭᠠᠯᠠᠯᠳᠠ ᠶᠢᠨ ᠰᠠᠯᠠᠭ᠎ᠠ ᠮᠥᠴᠢᠷ ᠲᠤ ᠮᠡᠳᠡᠭᠦᠯᠦᠨ᠎ᠡ᠃       ◇ ᠬᠤᠤᠷ ᠲᠠᠢ ᠭᠡᠢ ᠪᠡᠶᠡᠳᠤ ᠶᠢ ᠤᠯᠵᠤ ᠮᠡᠳᠡᠭᠰᠡᠨ ᠥᠶᠡᠰ᠂ ᠰᠠᠭᠤᠭᠠᠯᠢ ᠠᠷᠠᠳ ᠰᠠᠯᠬᠢᠨ ᠤ ᠥᠭᠡᠳᠡ ᠰᠢᠯᠵᠢᠨ ᠵᠠᠶᠢᠯᠠᠵᠤ᠂ ᠬᠤᠤᠷᠳᠠᠭᠰᠠᠳ ᠢ ᠰᠢᠨ᠎ᠡ ᠰᠤᠷᠭᠤᠭ ᠠᠭᠠᠷ ᠲᠠᠢ ᠭᠠᠵᠠᠷ ᠲᠤ ᠰᠢᠯᠵᠢᠬᠦᠯᠵᠤ᠂ ᠲᠡᠷᠦ᠋ᠢᠬᠠᠨ ᠲᠤᠬᠠᠢ ᠶᠢᠨ ᠭᠠᠵᠠᠷ ᠤᠨ ᠡᠮ ᠡᠮᠨᠡᠯᠭᠡ ᠶᠢᠨ ᠲᠥᠷᠭᠡᠨ ᠠᠪᠤᠷᠠᠬᠤ ᠲᠥᠪ ᠪᠤᠯᠤᠨ ᠬᠠᠮᠢᠶ᠎ᠠ ᠪᠥᠬᠦᠢ ᠰᠠᠯᠠᠭ᠎ᠠ ᠮᠥᠴᠢᠷ ᠎ ᠲᠤ ᠮᠡᠳᠡᠭᠦᠯᠦᠨ᠎ᠡ᠃       ◇ ᠬᠤᠤᠷ ᠲᠠᠢ ᠬᠢᠮᠢ ᠶᠢᠨ ᠪᠤᠳᠠᠰ ᠢ ᠤᠯᠵᠤ ᠮᠡᠳᠡᠪᠡᠯ᠂ ᠬᠤᠤᠷᠳᠠᠭᠳᠠᠭᠰᠠᠳ ᠢ ᠲᠡᠷᠦ᠋ᠢᠬᠠᠨ ᠠᠮᠤᠷ ᠲᠥᠪᠰᠢᠨ ᠭᠠᠵᠠᠷ ᠰᠢᠯᠵᠢᠬᠦᠯᠬᠦ ᠪᠤᠶᠤ ᠡᠮᠨᠡᠯᠭᠡ ᠳᠤ ᠬᠥᠷᠭᠡᠵᠤ ᠠᠪᠤᠷᠠᠨ ᠲᠤᠰᠠᠯᠠᠭᠤᠯᠬᠤ ᠭᠡᠷᠡᠭᠳᠡᠢ᠃ ᠪᠧᠨ᠋ᠽᠧᠨ᠂ ᠮᠧᠲ᠋ᠢᠯᠳᠤ ᠪᠧᠨ᠋ᠽᠧᠨ ᠵᠡᠷᠭᠡ ᠰᠢᠩᠭᠡᠨ ᠪᠡᠶᠡᠳᠤ ᠶᠢᠨ ᠲᠥᠷᠥᠯ ᠤᠨ ᠬᠤᠤᠷ ᠲᠠᠢ ᠬᠢᠮᠢ ᠶᠢᠨ ᠪᠤᠳᠠᠰ ᠶᠡᠭᠡ ᠭᠡᠮᠵᠢᠶ᠎ᠡ ᠎ ᠪᠠᠷ ᠨᠠᠪᠴᠢᠨ ᠭᠤᠭᠤᠵᠢᠭᠰᠠᠨ ᠢ ᠤᠯᠵᠤ ᠮᠡᠳᠡᠪᠡᠯ᠂ ᠲᠥᠭᠡᠭᠡᠯ ᠤᠰᠤ ᠪᠠᠷ ᠰᠥᠷᠴᠢᠨ ᠤᠬᠢᠶᠠᠵᠤ ᠤᠭᠳᠤ ᠪᠤᠯᠬᠤ ᠥᠭᠡᠢ᠂ ᠬᠠᠷᠢᠨ ᠡᠯᠡᠰᠤ ᠰᠢᠷᠤᠢ᠂ ᠰᠢᠪᠠᠷ ᠢᠶᠠᠷ ᠲᠠᠷᠤᠬᠤ ᠪᠤᠶᠤ ᠲᠤᠬᠢᠳᠠᠢ ᠰᠤᠷᠤᠯᠳᠠ ᠡᠳ᠋ ᠢᠶᠠᠷ ᠰᠤᠷᠤᠭᠤᠯᠤᠨ ᠠᠪᠴᠤ᠂ ᠪᠤᠬᠢᠷᠳᠤᠯ ᠤᠨ ᠥᠷᠪᠢᠰᠴᠤ ᠲᠡᠯᠡᠬᠦ ᠶᠢ ᠰᠡᠷᠭᠡᠶᠢᠯᠡᠨ᠎ᠡ᠃       ◇ ᠢᠯᠵᠠᠷᠠᠬᠤ ᠴᠢᠨᠠᠷᠳᠠᠢ ᠪᠤᠬᠢᠷᠳᠤᠯ ᠪᠤᠳᠠᠰ ᠢ ᠤᠯᠵᠤ ᠮᠡᠳᠡᠪᠡᠯ᠂ ᠰᠠᠭᠠᠷᠮᠠᠭᠵᠢᠭᠤᠯᠬᠤ ᠠᠷᠭ᠎ᠠ ᠶᠢ ᠭᠡᠷᠡᠭᠯᠡᠨ᠂ ᠲᠤᠬᠠᠢᠢᠯᠠᠪᠠᠯ ᠲᠠᠪᠤᠰᠤᠨ ᠬᠥᠴᠢᠯ᠂ ᠬᠥᠬᠦᠷ ᠬᠥᠴᠢᠯ ᠢ ᠪᠤᠯ ᠴᠤᠬᠤᠢ ᠪᠠᠷ ᠰᠠᠭᠠᠷᠮᠠᠭᠵᠢᠭᠤᠯᠤᠨ ᠰᠢᠢᠳᠪᠥᠷᠢᠯᠡᠵᠤ᠂ ᠶᠡᠷᠥ ᠶᠢᠨ ᠬᠤᠵᠢᠷᠯᠢᠬ ᠢᠯᠵᠡᠷᠡᠮᠡᠯ ᠡᠳ᠋ ᠢ ᠡᠲ᠋ᠠ ᠬᠥᠴᠢᠯ ᠢᠶᠠᠷ ᠰᠢᠢᠳᠪᠥᠷᠢᠯᠡᠬᠦ ᠭᠡᠷᠡᠭᠳᠡᠢ᠃ ᠰᠢᠢᠳᠪᠥᠷᠢᠯᠡᠬᠦ ᠬᠥᠮᠥᠰ ᠡᠷᠭᠡᠪᠰᠢ ᠬᠠᠮᠠᠭᠠᠯᠠᠯᠳᠠ ᠶᠢᠨ ᠬᠤᠪᠴᠠᠰᠤ ᠬᠤᠨᠠᠷ ᠪᠠ ᠲᠤᠰᠬᠠᠢ ᠪᠠᠭᠠᠵᠢ ᠭᠡᠷᠡᠭᠰᠡᠯ ᠢ ᠭᠡᠷᠡᠭᠯᠡᠬᠦ ᠭᠡᠷᠡᠭᠳᠡᠢ᠃       ◇ ᠰᠠᠴᠤᠷᠠᠭ ᠤᠨ ᠴᠢᠨᠠᠷᠳᠠᠢ ᠪᠤᠬᠢᠷᠳᠤᠯ ᠢ ᠤᠯᠵᠤ ᠮᠡᠳᠡᠪᠡᠯ᠂ ᠲᠤᠬᠠᠢ ᠶᠢᠨ ᠲᠠᠯᠠᠪᠤᠷ ᠠᠴᠠ ᠲᠡᠷᠦ᠋ᠢᠬᠠᠨ ᠬᠤᠯᠠ ᠵᠠᠶᠢᠯᠠᠬᠤ ᠶᠢᠨ ᠲᠠᠭᠠᠤ ᠴᠠᠭᠳᠠᠭ᠎ᠠ ᠳᠤ ᠮᠡᠳᠡᠬᠦᠯᠬᠦ ᠭᠡᠷᠡᠭᠳᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号